ᠠᠮᠠᠨ ᠬᠦᠵᠦᠬᠦᠨ ᠦ ᠢᠷᠥᠭᠡᠯ Аман хүзүүний ерөөл
ᠣᠶᠤᠨ ᠡᠷᠳᠡᠨᠢ ᠶ᠋ᠢᠨ ᠣᠨᠢ ᠲᠠᠢ
ᠰᠦᠯᠵᠢᠮᠡᠯ ᠡᠷᠳᠡᠨᠢ ᠶ᠋ᠢᠨ ᠬᠠᠨ᠎ᠠ ᠲᠠᠢ
ᠲᠥᠭᠥᠷᠢᠭ ᠡᠷᠳᠡᠨᠢ ᠶ᠋ᠢᠨ ᠲᠣᠭᠣᠨᠣ ᠲᠠᠢ
ᠲᠡᠮᠦᠷ ᠡᠷᠳᠡᠨᠢ ᠶ᠋ᠢᠨ ᠲᠤᠯᠭ᠎ᠠ ᠲᠠᠢ
ᠲᠦᠮᠡᠨ ᠦ᠌ ᠳᠤᠮᠳᠠ ᠨᠢ
ᠠᠮᠠᠨ ᠬᠦᠵᠦᠭᠦᠦ ᠡᠷᠳᠡᠨᠢ ᠠ᠋᠃
ᠠᠷᠤ ᠠ᠋ᠴᠠ ᠢᠷᠡᠭᠰᠡᠨ ᠠᠮᠠᠨ ᠬᠦᠵᠦᠭᠦᠦ
ᠠᠯᠲᠠ ᠮᠥᠩᠭᠥ ᠪᠡᠷ ᠴᠢᠮᠡᠭᠯᠡᠭᠰᠡᠨ ᠠᠮᠠᠨ ᠬᠦᠵᠦᠭᠦᠦ
ᠥᠪᠥᠷ ᠡᠴᠡ ᠢᠷᠡᠭᠰᠡᠨ ᠠᠮᠠᠨ ᠬᠦᠵᠦᠭᠦᠦ
ᠥᠭᠡᠬᠦ ᠲᠣᠰᠣ ᠪᠠᠷ ᠴᠢᠮᠡᠭᠯᠡᠭᠰᠡᠨ ᠠᠮᠠᠨ ᠬᠦᠵᠦᠭᠦᠦ
ᠡᠷᠲᠡ ᠤᠷᠢᠳᠤ ᠠ᠋ᠴᠠ ᠠᠴᠢᠯᠠᠯ ᠲᠠᠢ ᠠᠮᠠᠨ ᠬᠦᠵᠦᠭᠦᠦ
ᠡᠪᠦᠭᠡ ᠳᠡᠭᠡᠳᠦᠰ ᠡᠴᠡ ᠢᠷᠦᠭᠡᠯ ᠲᠡᠢ ᠠᠮᠠᠨ ᠬᠦᠵᠦᠭᠦᠦ
ᠰᠢᠷᠠᠯᠵᠢᠨ ᠤ᠋ ᠨᠠᠮᠠᠭ᠎ᠠ ᠶ᠋ᠢ ᠳᠤᠰᠤᠯᠠᠭᠰᠠᠭᠠᠷ ᠠᠮᠠᠨ ᠬᠦᠵᠦᠭᠦᠦ
ᠰᠢᠷ᠎ᠠ ᠤᠯᠠᠭᠠᠨ ᠢ᠋ ᠡᠮᠦᠰᠦᠭᠦᠯᠦᠭᠰᠡᠭᠡᠷ ᠠᠮᠠᠨ ᠬᠦᠵᠦᠭᠦᠦ
ᠪᠣᠷᠣᠯᠵᠢᠭᠠᠨᠠ ᠶ᠋ᠢᠨ ᠨᠠᠮᠠᠭ᠎ᠠ ᠶ᠋ᠢ ᠳᠤᠰᠤᠯᠠᠭᠰᠠᠭᠠᠷ ᠠᠮᠠᠨ ᠬᠦᠵᠦᠭᠦᠦ
ᠪᠣᠷᠣ ᠤᠯᠠᠭᠠᠨ ᠢ᠋ ᠡᠳ᠋ᠯᠡᠭᠦᠯᠦᠭᠰᠡᠭᠡᠷ ᠠᠮᠠᠨ ᠬᠦᠵᠦᠭᠦᠦ
ᠲᠤᠭᠤᠯ ᠳᠡᠭᠡᠷ᠎ᠡ ᠪᠡᠨ
ᠲᠤᠰ ᠬᠤᠷ ᠤ᠋ᠳ ᠢ᠋ ᠢᠳᠡᠭᠦᠯᠦᠭᠰᠡᠨ
ᠲᠤᠰ ᠶᠡᠬᠡ ᠲᠡᠢ ᠠᠮᠠᠨ ᠬᠦᠵᠦᠭᠦᠦ
ᠪᠢᠷᠠᠭᠤ ᠳᠡᠭᠡᠷ᠎ᠡ ᠪᠡᠨ
ᠪᠤᠯᠠᠭ᠎ᠠ ᠲᠣᠷᠭ᠎ᠠ ᠶ᠋ᠢ ᠡᠮᠦᠰᠦᠭᠦᠯᠦᠭᠰᠡᠨ
ᠪᠤᠶᠠᠨ ᠶᠡᠬᠡ ᠲᠡᠢ ᠠᠮᠠᠨ ᠬᠦᠵᠦᠭᠦᠦ
ᠰᠢᠳᠦᠯᠡᠩ ᠳᠡᠭᠡᠷ᠎ᠡ ᠪᠡᠨ
ᠱ᠌ᠢᠷᠦ ᠰᠤᠪᠤᠳ ᠢ᠋ ᠡᠳ᠋ᠯᠡᠭᠦᠯᠦᠭᠰᠡᠨ
ᠰᠢᠮ᠎ᠡ ᠪᠡᠨ ᠡᠷᠭᠦᠭᠰᠡᠨ ᠠᠮᠠᠨ ᠬᠦᠵᠦᠭᠦᠦ
ᠠᠷᠪᠠᠨ ᠨᠠᠰᠤᠨ ᠳᠡᠭᠡᠷ᠎ᠡ ᠪᠡᠨ
ᠠᠭᠤᠳᠠᠮ ᠪᠡᠯᠴᠢᠭᠡᠷ ᠲᠦ᠍ ᠪᠡᠯᠴᠢᠭᠡᠳ
ᠠᠷᠳᠠᠭ ᠬᠣᠷᠣᠯᠠᠭᠰᠠᠨ ᠠᠮᠠᠨ ᠬᠦᠵᠦᠭᠦᠦ
ᠠᠷᠪᠠᠨ ᠨᠢᠭᠡᠨ ᠨᠠᠰᠤᠨ ᠳᠡᠭᠡᠷ᠎ᠡ ᠪᠡᠨ᠃
ᠠᠷᠠᠭᠠᠨ ᠤ᠋ ᠰᠢᠳᠦ ᠨᠢ ᠰᠡᠢᠬᠦ ᠳ᠋ᠦ᠍
ᠠᠯᠠᠵᠤ ᠢᠳᠡᠭᠰᠡᠨ ᠠᠮᠠᠨ ᠬᠦᠵᠦᠭᠦᠦ
ᠲᠦᠮᠡᠨ ᠰᠦᠷᠦᠭ ᠦ᠋ᠨ ᠳᠤᠮᠳᠠ ᠠ᠋ᠴᠠ
ᠲᠦᠨᠲᠦᠢᠵᠦ ᠭᠠᠷᠤᠭᠰᠠᠨ ᠦᠬᠡᠷ ᠮᠢᠨᠢ
ᠲᠦᠮᠡᠨ ᠭᠠᠵᠠᠷ ᠤ᠋ᠨ ᠦᠵᠦᠭᠦᠷ
ᠲᠥᠷᠥᠯ ᠦᠭᠡᠢ ᠵᠢᠳᠬᠦᠳᠡᠭ ᠠᠮᠠᠨ ᠬᠦᠵᠦᠭᠦᠦ ᠮᠢᠨᠢ
ᠮᠢᠩᠭᠠᠨ ᠰᠦᠷᠦᠭ ᠦ᠋ᠨ ᠳᠤᠮᠳᠠ ᠠ᠋ᠴᠠ
ᠮᠠᠩᠯᠠᠢᠯᠠᠵᠤ ᠭᠠᠷᠤᠭᠰᠠᠨ ᠦᠬᠡᠷ ᠮᠢᠨᠢ
ᠮᠢᠩᠭᠠᠨ ᠭᠠᠵᠠᠷ ᠤ᠋ᠨ ᠦᠵᠦᠭᠦᠷ
ᠮᠢᠲᠠᠷᠠᠯ ᠦᠭᠡᠢ ᠠᠶᠠᠯᠠᠭᠰᠠᠨ ᠠᠮᠠᠨ ᠬᠦᠵᠦᠭᠦᠦ ᠮᠢᠨᠢ
ᠪᠣᠭᠣᠭᠰᠠᠨ ᠭᠠᠵᠠᠷ ᠨᠢ ᠪᠣᠷᠣᠯᠠᠭ ᠲᠤᠭᠤᠯ᠂
ᠪᠣᠷᠣᠯᠠᠭ ᠲᠤᠭᠤᠯ ᠨᠢ ᠥᠰᠦᠭᠡᠳ
ᠪᠤᠮ ᠲᠦᠮᠡ ᠪᠣᠯᠤᠭᠠᠷᠠᠢ᠃
ᠤᠨᠠᠭᠰᠠᠨ ᠭᠠᠵᠠᠷ ᠨᠢ ᠤᠯᠠᠭᠠᠨ ᠲᠤᠭᠤᠯ᠃
ᠤᠯᠠᠭᠠᠨ ᠲᠤᠭᠤᠯ ᠨᠢ ᠥᠰᠦᠭᠡᠳ
ᠣᠯᠠᠨ ᠤ᠋ ᠲᠣᠭᠠᠨ ᠳ᠋ᠤ᠌ ᠬᠦᠷᠦᠭᠡᠳᠦᠢ᠃
ᠴᠣᠬᠢᠭᠰᠠᠨ ᠭᠠᠵᠠᠷ ᠨᠢ ᠴᠣᠬᠣᠷ ᠲᠤᠭᠤᠯ
ᠴᠣᠬᠣᠷ ᠲᠤᠭᠤᠯ ᠨᠢ ᠥᠰᠦᠭᠡᠳ
ᠮᠢᠩᠭ᠎ᠠ ᠶ᠋ᠢᠨ ᠲᠣᠭᠠᠨ ᠳ᠋ᠤ᠌ ᠬᠦᠷᠦᠭᠡᠳᠦᠢ᠃
ᠠᠯᠠᠭᠰᠠᠨ ᠭᠠᠵᠠᠷ ᠨᠢ ᠠᠯᠠᠭ ᠲᠤᠭᠤᠯ
ᠠᠯᠠᠭ ᠲᠤᠭᠤᠯ ᠨᠢ ᠥᠰᠦᠭᠡᠳ
ᠠᠷᠪᠠᠨ ᠲᠦᠮᠡ ᠪᠣᠯᠲᠤᠭᠠᠢ᠃
ᠬᠦᠷᠡᠩ ᠵᠢᠰᠦ ᠲᠡᠢ ᠨᠢ
ᠬᠥᠨᠳᠡᠢ ᠳᠦᠭᠦᠷᠡᠩ ᠪᠡᠯᠴᠢᠭᠡᠷᠯᠡᠭᠡᠳ
ᠠᠯᠠᠭ ᠵᠢᠰᠦᠲᠡᠢ ᠨᠢ
ᠠᠷᠠᠯ ᠳᠦᠭᠦᠷᠡᠩ ᠰᠢᠷ᠎ᠠ ᠪᠣᠯᠤᠭᠠᠳ
ᠠᠯᠲᠠ ᠠᠯᠲᠠ ᠡᠪᠡᠷ ᠲᠡᠢ ᠨᠢ
ᠠᠯᠲᠠᠢ ᠶ᠋ᠢᠨ ᠭᠣᠪᠢ ᠳᠦᠭᠦᠷᠦᠭᠡᠳ
ᠳᠡᠯᠢᠮ ᠳᠡᠯᠢᠮ ᠡᠪᠡᠷ ᠲᠡᠢ ᠨᠢ
ᠳᠡᠯᠡᠬᠡᠢ ᠳᠦᠭᠦᠷᠡᠩ ᠥᠰᠦᠭᠡᠳ
ᠨᠠᠭᠤᠷ ᠲᠤ᠌ ᠤᠰᠤᠯᠠᠪᠠᠯ ᠰᠢᠷᠭᠢᠭᠡᠭᠡᠳ
ᠨᠤᠭᠤ ᠳ᠋ᠤ᠌ ᠪᠡᠯᠴᠢᠭᠡᠪᠡᠯ ᠳᠦᠭᠦᠷᠭᠡᠭᠡᠳ
ᠬᠠᠷᠠᠵᠠ ᠳ᠋ᠤ᠌ ᠤᠰᠤᠯᠠᠪᠠᠯ ᠰᠢᠷᠭᠢᠭᠡᠭᠡᠳ
ᠬᠠᠩᠭᠠᠢ ᠭᠣᠪᠢ ᠶ᠋ᠢ ᠳᠦᠭᠦᠷᠭᠡᠭᠡᠳ
ᠲᠣᠭᠠᠯᠠᠭᠠᠳ ᠪᠠᠷᠠᠬᠤ ᠦᠭᠡᠢ
ᠲᠠᠭᠤᠭᠠᠳ ᠭᠦᠢᠴᠡᠬᠦ ᠦᠭᠡᠢ
ᠲᠣᠭ᠎ᠠ ᠲᠣᠮᠰᠢ ᠦᠭᠡᠢ ᠪᠣᠯᠤᠭᠠᠳ
ᠬᠡᠨ ᠦ᠌ ᠬᠢ ᠪᠣᠢ? ᠭᠡᠪᠡᠯ
ᠲᠡᠭᠦᠨ ᠦ᠌ ᠬᠢ ᠭᠡᠵᠦ
ᠠᠯᠳᠠᠷᠰᠢᠬᠤ ᠪᠣᠯᠲᠤᠭᠠᠢ᠃
