ᠪᠦᠭᠦᠳᠡ ᠶ᠋ᠢᠨ ᠡᠮᠦᠨ᠎ᠡ ᠪᠥᠬᠡ ᠲᠠᠯᠪᠢᠬᠤ ᠢᠷᠥᠭᠡᠯ -ᠬᠡᠷᠡᠢᠳ ᠪᠠ᠊ ᠬᠡᠢᠷᠦᠪБүгдийн өмнө бөх тавих ерөөл-Хэрэйд Б·Хийрүб
ᠪᠦᠭᠦᠳᠡ ᠶ᠋ᠢᠨ ᠡᠮᠦᠨ᠎ᠡ ᠪᠥᠬᠡ ᠲᠠᠯᠪᠢᠬᠤ ᠢᠷᠥᠭᠡᠯ
ᠢᠷᠦᠭᠡᠯᠴᠢ ᠬᠡᠷᠡᠢᠳ ᠦ᠋ᠨ ᠂ ᠬᠡᠢᠷᠦᠪ
ᠤᠸᠮ ᠰᠠᠢᠨ ᠠᠮᠤᠭᠤᠯᠠᠩ ᠲᠠᠨ ᠪᠣᠯᠲᠤᠭᠠᠢ!
ᠡᠩᠬᠡ ᠰᠠᠢᠨ ᠵᠢᠷᠭᠠᠯᠠᠩ ᠲᠠᠨ ᠪᠣᠯᠲᠤᠭᠠᠢ!
ᠡᠷᠲᠡ ᠢᠵᠠᠭᠤᠷ ᠠ᠋ᠴᠠ ᠤᠯᠠᠮᠵᠢᠯᠠᠵᠤ ᠢᠷᠡᠭᠰᠡᠨ
ᠡᠷ᠎ᠡ ᠶ᠋ᠢᠨ ᠭᠤᠷᠪᠠᠨ ᠨᠠᠭᠠᠳᠤᠮ ᠤ᠋ᠨ
ᠨᠢᠭᠡ ᠨᠢ ᠪᠣᠯᠬᠤ
ᠤᠯᠤᠰ ᠣᠷᠣᠨ ᠳ᠋ᠤ᠌ ᠪᠠᠨ
ᠠᠯᠳᠠᠷ ᠨᠡᠷ᠎ᠡ ᠲᠡᠢ
ᠣᠷᠳᠣᠰ ᠮᠣᠩᠭᠣᠯ ᠤ᠋ᠨ
ᠠᠪᠤᠷᠭᠤ ᠪᠥᠬᠡ ᠭᠡᠭᠴᠢ ᠪᠣᠯ
ᠠᠭᠤᠯᠠ ᠶ᠋ᠢ ᠡᠷᠭᠦᠭᠴᠢ
ᠤᠷᠭᠤᠭ᠎ᠠ ᠮᠣᠳᠣ ᠶ᠋ᠢ ᠰᠤᠭᠤᠯᠴᠢᠬᠠᠳᠠᠭ
ᠪᠠᠷᠰ ᠢ᠋ ᠪᠠᠷᠢᠭᠴᠢ
ᠪᠠᠷᠢᠴᠠᠨ ᠭᠤᠶᠠᠳᠠᠭᠴᠢ
ᠭᠠᠷᠮᠠᠭᠠᠢ ᠡᠨᠡ ᠪᠥᠬᠡ ᠶ᠋ᠢᠨ
ᠬᠠᠪᠰᠤᠷᠴᠤ ᠲᠠᠰᠢᠬᠤ
ᠭᠠᠪᠰᠢᠭᠠᠢ ᠭᠡᠳᠡᠭ ᠢ᠋ ᠪᠢᠰᠢᠷᠡᠮᠡᠷ
ᠭᠠᠷ ᠬᠥᠯ ᠦ᠋ᠨ ᠬᠢᠨᠢ
ᠬᠤᠷᠳᠤᠨ ᠭᠡᠭᠴᠢ ᠭᠠᠢᠬᠠᠮᠠᠷ
ᠡᠭᠦᠷᠬᠦ ᠮᠤᠰᠬᠢᠬᠤ
ᠡᠷᠭᠦᠬᠦ ᠳᠡᠭᠡᠭᠡᠯᠡᠬᠦ
ᠳᠠᠯᠤ ᠮᠥᠷᠦᠨ ᠡᠴᠡ ᠪᠡᠨ
ᠳᠠᠪ ᠭᠡᠲᠡᠯ᠎ᠡ ᠠᠪᠴᠤ
ᠳᠠᠷᠤᠢ ᠲᠦᠷᠭᠡᠨ
ᠰᠦᠷ ᠭᠡᠲᠡᠯ᠎ᠡ ᠴᠣᠬᠢᠳᠠᠭ
ᠠᠷᠰᠯᠠᠨ ᠪᠠᠷᠰ ᠢ᠋ ᠠᠶᠤᠯᠭᠠᠴᠢᠬᠮᠠᠷ
ᠠᠪᠤᠷᠭᠤ ᠬᠦᠴᠦᠲᠦ
ᠣᠷᠳᠣᠰ ᠪᠥᠬᠡ ᠪᠡᠨ
ᠣᠳᠣ ᠲᠠᠯᠪᠢᠮᠤᠢ!
ᠮᠠᠭᠲᠠᠮᠤᠢ! ᠢᠷᠥᠭᠡᠮᠦᠢ!
2009 ᠣᠨ8 ᠰᠠᠷ᠎ᠠ ᠶ᠋ᠢᠨ8 ᠤ᠋ ᠡᠳᠦᠷ ᠬᠡᠷᠡᠢᠳ ᠦ᠋ᠨ ᠬᠡᠢᠷᠦᠪ ᠡᠮᠬᠢᠳᠬᠡᠨ ᠨᠠᠢᠷᠠᠭᠤᠯᠪᠠ᠂(2010 ᠣᠨ ᠤ᠋《 ᠣᠯᠠᠨ ᠬᠤᠷᠠᠬᠤ ᠰᠡᠳᠬᠦᠯ ᠳ᠋ᠦ᠍ ᠨᠡᠢᠲᠡᠯᠡᠭᠳᠡᠪᠡ᠃)
ᠦᠰᠦᠭ ᠠᠮᠢᠯᠠᠭᠤᠯᠤᠭᠴᠢ ᠬᠠᠲᠠᠭᠴᠢ᠄ ᠬᠡᠷᠡᠢᠳ ᠨᠠᠷᠠᠰᠤ
ᠬᠢᠨᠠᠭᠴᠢ᠄ ᠠ᠊ ᠰᠠᠷᠠᠨᠭᠡᠷᠡᠯ
