ᠣᠳᠣ ᠲᠣᠭᠠᠯᠠᠶᠠ᠂ ᠳᠡᠭᠦᠦ ᠮᠢᠨᠢ 《 ᠬᠡᠦᠬᠡᠳ ᠦ᠋ᠨ ᠰᠢᠯᠦᠭ》 — ᠭᠣ᠊᠂ ᡀᠮᠤᠵᠠᠪОд тоолъё, дүү минь“ Хүүхдийн шүлэг”— Гу,Лхмжав
ᠣᠳᠣ ᠲᠣᠭᠠᠯᠠᠶᠠ᠂ ᠳᠡᠭᠦᠦ ᠮᠢᠨᠢ 《 ᠬᠡᠦᠬᠡᠳ ᠦ᠋ᠨ ᠰᠢᠯᠦᠭ》
《 ᠬᠡᠦᠬᠡᠳ ᠦ᠋ᠨ ᠰᠢᠯᠦᠭ》
— ᠭᠣ᠊᠂ ᡀᠮᠤᠵᠠᠪ
ᠠᠷᠠᠪ ᠲᠣᠭ᠎ᠠ ᠲᠣᠭᠠᠯᠠᠳᠠᠭ ᠰᠢᠭ᠋
ᠣᠳᠣ ᠲᠣᠭᠠᠯᠠᠶᠠ᠂ ᠳᠡᠭᠦᠦ ᠮᠢᠨᠢ
ᠪᠥᠮᠪᠥᠷᠴᠡᠭ ᠳᠡᠯᠡᠬᠡᠢ ᠶ᠋ᠢᠨ ᠣᠳᠣ ᠶ᠋ᠢ
ᠪᠦᠭᠦᠳᠡ ᠶ᠋ᠢ ᠲᠣᠭᠠᠯᠠᠵᠤ ᠦᠵᠡᠶ᠎ᠡ!
ᠲᠩᠷᠢ ᠶ᠋ᠢᠨ ᠣᠶᠣᠳᠠᠯ ᠠ᠋ᠴᠠ ᠳᠣᠷᠣᠨᠠᠬᠢ ᠶ᠋ᠢ
ᠳᠡᠭᠦᠦ ᠮᠢᠨᠢ ᠴᠢ ᠲᠣᠭᠠᠯᠠ!
ᠲᠡᠭᠦᠨ ᠡᠴᠡ ᠬᠣᠯᠠ ᠥᠷᠥᠨᠡᠬᠢ ᠶ᠋ᠢ
ᠠᠬ᠎ᠠ ᠨᠢ ᠪᠢ ᠲᠣᠭᠠᠯᠠᠶᠠ!
ᠲᠣᠭᠠᠯᠠᠭᠰᠠᠨ ᠣᠳᠣ ᠪᠠᠨ ᠬᠣᠶᠠᠭᠤᠯᠠ ᠪᠠᠨ
ᠲᠣᠭ᠎ᠠ ᠶ᠋ᠢ ᠰᠡᠭᠦᠯ ᠳ᠋ᠦ᠍ᠨᠢ ᠮᠥᠷᠭᠥᠯᠡᠶᠡ
ᠲᠡᠭᠡᠭᠡᠳ ᠵᠥᠷᠢᠶ᠎ᠡ ᠭᠠᠷᠪᠠᠯ
ᠳᠠᠬᠢᠭᠠᠳ ᠬᠣᠶᠠᠭᠤᠯᠠ ᠲᠣᠭᠠᠯᠠᠶᠠ
ᠨᠢᠭᠡ ᠬᠣᠶᠠᠷ ᠢ᠋ᠶ᠋ᠠᠷ ᠵᠣᠷᠢᠪᠠᠯ
ᠲᠡᠷᠡ ᠭᠠᠢᠭᠤᠢ ᠳᠡᠭᠦᠦ ᠮᠢᠨᠢ
ᠨᠢᠭᠡᠴᠢ ᠶ᠋ᠢᠨ ᠣᠷᠣᠨ ᠢ᠋ᠶ᠋ᠠᠷ ᠵᠥᠷᠢᠪᠡᠯ
ᠬᠡᠨ ᠬᠡᠨ ᠢ᠋ᠶ᠋ᠡᠨ ᠬᠡᠯᠡᠯᠭᠡᠨ ᠦᠭᠡᠢ
ᠪᠢᠳᠡ ᠬᠣᠶᠠᠷ ᠤ᠋ᠨ ᠣᠰᠣᠯ ᠰᠢᠦ
ᠲᠩᠷᠢ ᠳᠦᠭᠦᠷᠡᠩ ᠣᠳᠣ ᠶ᠋ᠢ
ᠳᠠᠬᠢᠵᠤ ᠬᠣᠶᠠᠭᠤᠯᠠ ᠲᠣᠭᠠᠯᠠᠶᠠ
ᠵᠢᠩᠬᠢᠨᠢ ᠣᠨᠣᠪᠴᠢᠲᠠᠢ ᠳ᠋ᠦᠩ ᠢ᠋
ᠵᠠᠪᠠᠯ ᠬᠣᠶᠠᠭᠤᠯᠠ ᠣᠯᠬᠤ ᠪᠠᠷ
ᠠᠷᠠᠪ ᠲᠣᠭ᠎ᠠ ᠲᠣᠭᠠᠯᠠᠳᠠᠭ ᠰᠢᠭ᠋
ᠣᠳᠣ ᠲᠣᠭᠠᠯᠠᠶᠠ᠂ ᠳᠡᠭᠦᠦ ᠮᠢᠨᠢ
ᠪᠥᠮᠪᠥᠷᠴᠡᠭ ᠳᠡᠯᠡᠬᠡᠢ ᠶ᠋ᠢᠨ ᠣᠳᠣ ᠶ᠋ᠢ
ᠪᠦᠭᠦᠳᠡ ᠶ᠋ᠢ ᠲᠣᠭᠠᠯᠠᠵᠤ ᠳᠠᠭᠤᠰᠬᠠᠶ᠎ᠠ
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠣᠳᠬᠠᠨᠰᠣ᠎ᠡ
