ᠠᠮᠲᠠᠲᠤ ᠵᠤᠲᠠᠩAмтат Зутан in Mongolian _ Sweet Porridge in Mangolian _ Mangolian Fairy Tales ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠲᠠᠲᠤ ᠵᠤᠲᠠᠩAмтат Зутан in Mongolian _ Sweet Porridge in Mangolian _ Mangolian Fairy Tales

ᠠᠮᠲᠠᠲᠤ ᠵᠤᠲᠠᠩAмтат Зутан in Mongolian _ Sweet Porridge in Mangolian _ Mangolian Fairy Tales

2024-04-20

444

ᠠᠮᠲᠠᠲᠤ ᠵᠤᠲᠠᠩ

    ᠡᠷᠲᠡ ᠤᠷᠢᠳᠤ ᠶ᠋ᠢᠨ ᠴᠠᠭ ᠲᠤ᠌᠂ ᠨᠢᠭᠡᠨ ᠵᠢᠵᠢᠭ ᠲᠣᠰᠬᠣᠨ ᠳ᠋ᠤ᠌ ᠡᠭᠡᠴᠢ ᠳᠡᠭᠦᠦ ᠬᠣᠶᠠᠭᠤᠯᠠ ᠠᠮᠢᠳᠤᠷᠠᠨ ᠰᠠᠭᠤᠳᠠᠭ ᠪᠠᠢᠵᠠᠢ ᠃ᠲᠡᠷᠡ ᠬᠣᠶᠠᠭᠤᠯᠠ ᠶ᠋ᠢ ᠵᠸᠨ ᠠᠢᠯᠠ ᠭᠡᠳᠡᠭ ᠪᠠᠢᠯ᠎ᠠ᠃ ᠡᠭᠡᠴᠢ ᠵᠸᠨ ᠨᠢ ᠶᠡᠬᠡ ᠤᠬᠠᠭᠠᠨ ᠲᠠᠢ ᠬᠡᠦᠬᠡᠳ ᠪᠠᠢᠯ᠎ᠠ᠃ ᠭᠡᠪᠡᠴᠦ ᠤᠬᠠᠭᠠᠨ ᠲᠠᠢ ᠭᠡᠳᠡᠭ ᠲᠦ᠍ ᠪᠡᠨ ᠡᠷᠳᠦᠵᠦ᠂ ᠶᠡᠬᠡ ᠪᠠᠷᠳᠠᠮ ᠵᠠᠩ ᠲᠠᠢ ᠪᠣᠯᠵᠠᠢ᠃ ᠥᠪᠡᠷ ᠢ᠋ ᠪᠡᠨ ᠬᠡᠳᠦ ᠤᠬᠠᠭᠠᠨ ᠲᠠᠢ ᠭᠡᠵᠦ ᠪᠣᠳᠣᠭᠰᠠᠨ ᠵᠸᠨ ᠲᠣᠰᠬᠣᠨ ᠤ᠋ ᠬᠥᠮᠦᠰ ᠲᠡᠢ ᠲᠠᠭᠠᠷᠠᠬᠤ ᠪᠣᠯᠭᠠᠨ ᠳ᠋ᠤ᠌ ᠪᠠᠨ ᠲᠣᠭᠣᠬᠤ ᠦᠭᠡᠢ ᠥᠩᠭᠡᠷᠡᠳᠡᠭ ᠪᠠᠢᠯ᠎ᠠ᠃ ᠬᠠᠷᠢᠨ ᠳᠡᠭᠦᠦ ᠠᠢᠯᠠ ᠨᠢ ᠰᠠᠢᠬᠠᠨ ᠰᠡᠳᠬᠢᠯ ᠲᠡᠢ᠂ ᠬᠥᠮᠦᠨ ᠪᠣᠯᠭᠠᠨ ᠲᠠᠢ ᠢᠨᠢᠶᠡᠮᠰᠦᠭᠯᠡᠨ ᠮᠡᠨᠳᠦᠯᠡᠳᠡᠭ ᠪᠠᠢᠯ᠎ᠠ᠃ ᠭᠡᠪᠡᠴᠦ ᠪᠦᠬᠦᠨ ᠦ᠌ ᠬᠠᠢᠷ᠎ᠠ ᠶ᠋ᠢ ᠪᠤᠯᠢᠶᠠᠭᠰᠠᠨ ᠳᠡᠭᠦᠦ ᠨᠢ ᠮᠠᠷᠲᠠᠮᠲᠠᠭᠠᠢ ᠭᠡᠭᠴᠢ ᠵᠢᠭᠲᠡᠢᠬᠡᠨ᠂ ᠡᠭᠡᠴᠢ ᠳᠡᠭᠦᠦ ᠬᠣᠶᠠᠭᠤᠯᠠ ᠥᠪᠡᠷᠰᠡᠳ ᠦ᠋ᠨ ᠢ᠋ᠶ᠋ᠡᠨ ᠪᠠᠭᠤᠷᠠᠢ ᠲᠠᠯ᠎ᠠ ᠶ᠋ᠢ ᠵᠠᠰᠠᠬᠤ ᠶ᠋ᠢᠨ ᠣᠷᠣᠨ ᠳ᠋ᠤ᠌ ᠬᠣᠭᠣᠷᠣᠨᠳᠣ ᠪᠠᠨ ᠪᠠᠢᠩᠭᠤ ᠮᠠᠷᠭᠤᠳᠠᠭ ᠪᠣᠯᠵᠠᠢ᠃
    ᠵᠸᠨ ᠠᠢᠯᠠ ᠬᠣᠶᠠᠭᠤᠯᠠ ᠵᠦᠳᠡᠭᠦᠦ ᠶᠠᠳᠠᠭᠤ ᠠᠮᠢᠳᠤᠷᠠᠳᠠᠭ ᠪᠠᠢᠪᠠ᠃ ᠣᠷᠣᠢ ᠪᠣᠯᠭᠠᠨ ᠬᠣᠭᠣᠯᠠ ᠦᠭᠡᠢ ᠬᠣᠨᠣᠵᠤ᠂ ᠠᠵᠠ ᠳᠠᠭᠠᠷᠢᠪᠠᠯ ᠲᠠᠯᠬᠠᠨ ᠤ᠋ ᠪᠤᠯᠤᠩ ᠣᠯᠵᠤ ᠭᠣᠣᠯ ᠢ᠋ᠶ᠋ᠠᠨ ᠵᠣᠭᠣᠳᠠᠭ ᠪᠠᠢᠭᠰᠠᠨ ᠶᠤᠮ ᠠ᠋᠃ ᠨᠢᠭᠡᠨ ᠡᠳᠦᠷ ᠠᠢᠯᠠ ᠰᠢᠷᠡᠭᠡᠨ ᠳᠡᠭᠡᠷ᠎ᠡ ᠰᠠᠭᠤᠭᠠᠳ᠂ ᠲᠩᠷᠢ ᠥᠭᠡᠳᠡ ᠬᠠᠷᠠᠵᠤ ᠪᠠᠢᠯ᠎ᠠ᠃ ᠭᠡᠲᠡᠯ᠎ᠡ ᠭᠡᠨᠡᠳᠲᠡ ᠭᠡᠳᠡᠰᠦ ᠨᠢ ᠬᠤᠷᠴᠢᠭᠢᠨᠠᠨ ᠳᠤᠤᠭᠠᠷᠴᠤ ᠡᠬᠢᠯᠡᠯ᠎ᠡ᠃
ᠠᠢᠯᠠ᠄ ᠦ᠂ ᠥᠯᠥᠰᠦᠭᠡᠳ ᠪᠠᠢᠬᠤ ᠴᠢᠨᠢ᠂ ᠬᠡᠳᠦ ᠬᠣᠨᠣᠭ ᠬᠡᠯᠡᠨ ᠳᠡᠭᠡᠷ᠎ᠡ ᠪᠡᠨ ᠶᠠᠭᠤᠮ᠎ᠠ ᠲᠠᠯᠪᠢᠭᠰᠠᠨ ᠦᠭᠡᠢ ᠂ᠥᠨᠥᠳᠥᠷ ᠴᠦ᠍ ᠭᠡᠰᠡᠨ ᠢᠳᠡᠬᠦ ᠶᠠᠭᠤᠮ᠎ᠠ ᠠᠯᠠᠭ᠎ᠠ᠂ ᠭᠠᠳᠠᠭᠤᠷ ᠶᠠᠪᠤᠪᠠᠯ ᠥᠯᠥᠰᠬᠦ ᠪᠡᠨ ᠮᠠᠷᠲᠠᠬᠤ ᠪᠣᠯᠪᠠ ᠤᠤ?
ᠢᠩᠭᠢᠭᠡᠳ ᠠᠢᠯᠠ ᠣᠢ ᠳ᠋ᠤ᠌ ᠵᠤᠭᠠᠯᠠᠬᠤ ᠪᠠᠷ ᠶᠠᠪᠤᠯ᠎ᠠ᠃ ᠢᠳᠡᠬᠦ ᠶᠠᠭᠤᠮ᠎ᠠ ᠪᠠᠢᠬᠤ ᠦᠭᠡᠢ ᠲᠤᠯᠠ ᠰᠠᠪᠠ ᠲᠠᠢ ᠤᠰᠤ ᠠᠪᠤᠭᠠᠳ ᠶᠠᠪᠤᠵᠠᠢ᠃ ᠵᠣᠭᠰᠣᠯᠲᠠ ᠦᠭᠡᠢ ᠠᠯᠬᠤᠭᠰᠠᠨ ᠠᠢᠯᠠ ᠡᠴᠦᠰ ᠲᠦ᠍ ᠨᠢ ᠪᠦᠷ ᠶᠠᠳᠠᠷᠠᠵᠤ ᠰᠤᠯᠠᠳᠠᠭᠠᠳ ᠠᠮᠠᠷᠠᠬᠤ ᠪᠠᠷ ᠵᠣᠭᠰᠣᠯ᠎ᠠ᠃
ᠠᠢᠯᠠ᠄ ᠠ!ᠶᠠᠮᠠᠷ ᠶᠡᠬᠡ ᠶᠠᠳᠠᠷᠠᠵᠤ ᠪᠠᠢᠨ᠎ᠠ᠂ ᠰᠠᠷᠬᠢᠨᠠᠭ ᠬᠠᠲᠠᠬᠤ ᠨᠢ ᠪᠠᠢᠨ᠎ᠠ᠂ ᠤᠰᠤ ᠤᠤᠭᠤᠬᠤ ᠠ᠋ᠴᠠ᠃
ᠭᠡᠲᠡᠯ᠎ᠡ ᠠᠢᠯᠠ ᠶ᠋ᠢ ᠤᠰᠤ ᠤᠤᠭᠤᠬᠤ ᠪᠠᠷ ᠰᠠᠪᠠ ᠪᠠᠨ ᠣᠩᠭᠣᠢᠯᠭᠠᠲᠠᠯ᠎ᠠ ᠨᠢᠭᠡ ᠡᠮᠡᠭᠡᠨ ᠭᠡᠨᠡᠳᠲᠡ ᠭᠠᠷᠴᠤ ᠢᠷᠡᠯ᠎ᠡ᠃ ᠪᠠᠷᠠᠭᠠᠨ ᠬᠤᠪᠴᠠᠰᠤ ᠶ᠋ᠢ ᠨᠢ ᠬᠠᠷᠠᠭᠠᠳ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠭᠰᠠᠨ ᠠᠢᠯᠠ ᠵᠣᠯ ᠲᠠᠢ ᠯᠠ ᠵᠢᠭᠤᠲᠠᠭᠠᠳ ᠶᠠᠪᠤᠴᠢᠬᠠᠭᠰᠠᠨ ᠦᠭᠡᠢ᠃
ᠡᠮᠡᠭᠡᠨ᠄ ᠥᠬᠢᠨ ᠮᠢᠨᠢ᠂ ᠠᠭᠤᠴᠢᠯᠠᠭᠠᠷᠠᠢ! ᠤᠰᠤᠨ ᠠ᠋ᠴᠠ ᠪᠠᠨ ᠥᠭᠬᠦ ᠦᠭᠡᠢ ᠤᠤ? ᠠᠮᠠ ᠮᠠᠰᠢ ᠶᠡᠬᠡ ᠴᠠᠩᠭᠠᠵᠤ ᠪᠠᠢᠨ᠎ᠠ᠂ ᠪᠦᠲᠦᠨ ᠬᠣᠶᠠᠷ ᠬᠣᠨᠣᠭ ᠤᠰᠤ ᠤᠤᠭᠤᠵᠤ ᠴᠢᠳᠠᠭᠰᠠᠨ ᠦᠭᠡᠢ᠃
ᠶᠡᠬᠡ ᠬᠠᠨᠢᠶᠠᠯᠭᠠᠵᠤ ᠪᠠᠢᠭ᠎ᠠ ᠡᠮᠡᠭᠡ ᠶ᠋ᠢ ᠬᠠᠷᠠᠭᠠᠳ ᠠᠢᠯᠠ ᠡᠬᠢᠨ ᠳ᠋ᠦ᠍ ᠪᠡᠨ ᠠᠶᠤᠭᠰᠠᠨ ᠪᠣᠯᠪᠠᠴᠤ᠂ ᠥᠷᠥᠪᠳᠦᠬᠦ ᠰᠡᠳᠬᠢᠯ ᠳ᠋ᠦ᠍ ᠪᠡᠨ ᠳᠡᠢᠯᠦᠭᠳᠡᠭᠡᠳ ᠠᠶᠤᠬᠤ ᠪᠠᠨ ᠪᠣᠯᠢᠭᠰᠠᠨ ᠪᠠᠢᠨ᠎ᠠ᠃
ᠠᠢᠯᠠ᠄ᠥᠭᠭᠦᠯ ᠦᠭᠡᠢ ᠶᠠᠭᠠᠬᠢᠬᠤᠪ ᠳᠠ᠂ ᠮᠠᠢ ᠠᠮᠠᠨ ᠤ᠋ ᠪᠠᠨ ᠴᠠᠩᠭᠠᠭ᠎ᠠ ᠶ᠋ᠢ ᠭᠠᠷᠲᠠᠯ᠎ᠠ ᠤᠤᠭᠤ᠂ ᠠᠮᠠᠨ ᠤ᠋ ᠴᠢᠨᠢ ᠴᠠᠩᠭᠠᠭ᠎ᠠ ᠶ᠋ᠢ ᠲᠠᠢᠯᠵᠤ ᠴᠢᠳᠠᠬᠤ ᠪᠠᠢᠬᠤ ᠠ᠋᠃
ᠡᠮᠡᠭᠡᠨ᠄ ᠶᠠᠮᠠᠷ ᠰᠠᠢᠬᠠᠨ ᠰᠡᠳᠬᠢᠯ ᠲᠡᠢ ᠥᠬᠢᠨ ᠪᠣᠢ!ᠦᠨᠡᠬᠡᠷ ᠶᠡᠬᠡ ᠪᠠᠶᠠᠷᠯᠠᠯ᠎ᠠ᠃ ᠠᠴᠢ ᠶ᠋ᠢ ᠴᠢᠨᠢ ᠪᠢ ᠵᠠᠪᠠᠯ ᠬᠠᠷᠢᠭᠤᠯᠤᠨ᠎ᠠ᠃
ᠭᠡᠲᠡᠯ᠎ᠡ ᠭᠡᠷᠡᠯ ᠰᠠᠴᠤᠷᠠᠭᠠᠳ ᠡᠮᠡᠭᠡᠨ ᠦᠵᠡᠰᠬᠦᠯᠡᠩᠲᠡᠢ ᠪᠦᠰᠡᠭᠦᠢ ᠪᠣᠯᠤᠨ ᠬᠤᠪᠢᠷᠠᠵᠠᠢ᠃ ᠦᠵᠡᠰᠬᠦᠯᠡᠩᠲᠡᠢ ᠪᠦᠰᠡᠭᠦᠢ ᠶ᠋ᠢ ᠬᠠᠷᠠᠭᠠᠳ᠂ ᠠᠢᠯᠠ ᠮᠠᠯ ᠭᠠᠢᠬᠠᠵᠤ ᠬᠣᠴᠣᠷᠪᠠ᠃
ᠠᠢᠯᠠ᠄ ᠬᠥᠥᠭ!
ᠰᠢᠳᠢᠲᠡᠨ᠄ ᠵᠠ! ᠬᠦᠰᠡᠯ ᠢ᠋ᠶ᠋ᠡᠨ ᠬᠡᠯᠡᠭᠡᠷᠡᠢ᠂ᠬᠦᠰᠡᠭᠰᠡᠨ ᠪᠣᠯᠭᠠᠨ ᠢ᠋ ᠴᠢᠨᠢ ᠪᠢ ᠪᠡᠶᠡᠯᠡᠭᠦᠯᠵᠦ ᠥᠭᠭᠦᠨ᠎ᠡ ᠃
ᠢᠩᠭᠢᠭᠡᠳ ᠠᠢᠯᠠ ᠰᠢᠳᠢᠲᠡᠨ ᠳ᠋ᠦ᠍ ᠶᠠᠮᠠᠷ ᠶᠠᠳᠠᠭᠤ ᠠᠮᠢᠳᠤᠷᠠᠳᠠᠭ ᠢ᠋ᠶ᠋ᠠᠨ ᠬᠡᠯᠡᠵᠡᠢ᠂ ᠬᠡᠳᠦ ᠬᠣᠨᠣᠭ ᠥᠯᠥᠰᠦᠭᠰᠡᠨ ᠢ᠋ᠶ᠋ᠡᠨ ᠴᠦ᠍ ᠭᠡᠰᠡᠨ ᠬᠡᠯᠡᠯ᠎ᠡ᠃
ᠰᠢᠳᠢᠲᠡᠨ᠄ ᠲᠡᠢᠮᠦ ᠤᠤ? ᠰᠠᠢᠨ ᠣᠢᠯᠠᠭᠠᠯ᠎ᠠ᠂ ᠭᠡᠷ ᠲᠦ᠍ ᠪᠡᠨ ᠬᠠᠷᠢᠬᠤ ᠳ᠋ᠤ᠌ ᠴᠢᠨᠢ ᠰᠢᠷᠡᠭᠡᠨ ᠳᠡᠭᠡᠷ᠎ᠡ ᠴᠢᠨᠢ ᠨᠢᠭᠡ ᠰᠠᠪᠠ ᠬᠠᠷᠠᠭᠳᠠᠨ᠎ᠠ᠂ ᠲᠡᠷᠡ ᠰᠢᠳᠢᠲᠦ ᠰᠠᠪᠠ ᠪᠠᠢᠭ᠎ᠠ ᠶᠤᠮ ᠰᠢᠦ᠃
ᠠᠢᠯᠠ᠄ ᠰᠢᠳᠢᠲᠦ ᠭᠡᠨ᠎ᠡ?
ᠰᠢᠳᠢᠲᠡᠨ᠄ ᠲᠡᠢᠮᠦ ᠠ᠋᠂ ᠰᠢᠳᠢᠲᠦ ᠰᠠᠪᠠ᠂ ᠰᠢᠳᠢᠲᠦ ᠰᠠᠪᠠᠨ ᠳ᠋ᠤ᠌ ᠴᠢ ᠢᠩᠭᠢᠵᠦ ᠬᠡᠯᠡᠭᠡᠷᠡᠢ᠂《ᠬᠣᠭᠣᠯᠠ ᠬᠢᠵᠦ ᠥᠭᠭᠦᠭᠡᠷᠡᠢ ᠰᠢᠳᠢᠲᠦ ᠰᠠᠪᠠ ᠮᠢᠨᠢ》 ᠲᠡᠭᠡᠪᠡᠯ ᠴᠢᠨᠦ ᠳᠤᠷᠠᠲᠠᠢ ᠠᠮᠲᠠᠲᠠᠢ ᠵᠤᠲᠠᠩ ᠢ᠋ ᠬᠢᠵᠦ ᠥᠭᠭᠦᠨ᠎ᠡ ᠃ ᠢᠩᠭᠢᠭᠡᠳ ᠲᠠ ᠬᠣᠶᠠᠭᠤᠯᠠ ᠬᠡᠵᠢᠶ᠎ᠡ ᠴᠦ᠍ ᠥᠯᠥᠰᠬᠦ ᠪᠡᠨ ᠪᠣᠯᠢᠨ᠎ᠠ᠃ ᠢᠳᠡᠵᠦ ᠳᠠᠭᠤᠰᠤᠭᠰᠠᠨ ᠤ᠋ ᠪᠠᠨ ᠳᠠᠷᠠᠭ᠎ᠠ ᠢᠩᠭᠢᠵᠦ ᠬᠡᠯᠡᠭᠡᠷᠡᠢ《ᠣᠳᠣ ᠪᠣᠯᠤᠨ᠎ᠠ ᠰᠠᠪᠠ ᠮᠢᠨᠢ》ᠭᠡᠵᠦ ᠬᠡᠯᠡᠩᠭᠦᠲᠡ ᠳᠠᠬᠢᠵᠦ ᠬᠣᠭᠣᠯᠠ ᠬᠢᠬᠦ ᠪᠡᠨ ᠪᠣᠯᠢᠨ᠎ᠠ᠃_
ᠠᠢᠯᠠ᠄ ᠶᠠᠮᠠᠷ ᠭᠣᠶᠣ ᠶᠤᠮ ᠪᠣᠢ!ᠪᠢ ᠣᠳᠣ ᠰᠢᠭᠤᠳ ᠬᠠᠷᠢᠯ᠎ᠠ᠃
ᠰᠢᠳᠢᠲᠡᠨ᠄ ᠪᠠᠢᠵᠤ ᠪᠠᠢᠭᠠᠷᠠᠢ!ᠶᠠᠪᠤᠬᠤ ᠠ᠋ᠴᠠ ᠴᠢᠨᠢ ᠡᠮᠦᠨ᠎ᠡ ᠨᠢᠭᠡ ᠶᠠᠭᠤᠮ᠎ᠠ ᠬᠡᠯᠡᠬᠦ ᠬᠡᠷᠡᠭᠲᠡᠢ ᠃ ᠰᠢᠳᠢᠲᠦ ᠰᠠᠪᠠ ᠶ᠋ᠢ ᠨᠠᠰᠤᠨ ᠲᠤᠷᠰᠢᠳᠠ ᠪᠠᠨ ᠬᠡᠷᠡᠭᠯᠡᠬᠦ ᠶ᠋ᠢᠨ ᠲᠤᠰᠠᠳᠠ ᠠᠩᠬᠠᠷᠬᠤ ᠶᠠᠭᠤᠮ᠎ᠠ ᠪᠠᠢᠭ᠎ᠠ᠂《ᠣᠳᠣ ᠲᠠᠬᠢᠵᠦ ᠬᠡᠷᠡᠭ ᠦᠭᠡᠢ ᠪᠣᠯᠤᠯ᠎ᠠ ᠭᠡᠪᠡᠯ ᠠᠯᠠᠭ᠎ᠠ ᠪᠣᠯᠤᠨ᠎ᠠ》᠂ ᠲᠡᠷᠡ ᠴᠠᠭ ᠲᠤ᠌ ᠴᠢ ᠳᠠᠬᠢᠭᠠᠳ ᠯᠠ ᠥᠯᠥᠰᠬᠦ ᠪᠠᠢᠬᠤ᠃ ᠮᠢᠨᠦ ᠬᠡᠯᠡᠭᠰᠡᠨ ᠢ᠋ ᠮᠠᠷᠲᠠᠵᠤ ᠪᠣᠯᠬᠤ ᠦᠭᠡᠢ ᠰᠢᠦ᠂ ᠲᠡᠭᠡᠬᠦ ᠦᠭᠡᠢ ᠪᠣᠯ ᠠᠰᠠᠭᠤᠳᠠᠯ ᠡᠭᠦᠰᠴᠦ ᠮᠠᠭᠠᠳ ᠦᠭᠡᠢ᠃
ᠠᠢᠯᠠ᠄ ᠲᠡᠭᠡᠨ᠎ᠡ᠂ ᠦᠨᠡᠬᠡᠷ ᠶᠡᠬᠡ ᠪᠠᠶᠠᠷᠯᠠᠯ᠎ᠠ ᠰᠢᠳᠢᠲᠡᠨ ᠠ᠋᠃ ᠪᠢ ᠣᠳᠣ ᠬᠠᠷᠢᠯ᠎ᠠ᠃
ᠰᠢᠳᠢᠲᠡᠨ᠄ ᠰᠠᠢᠬᠠᠨ ᠬᠣᠭᠣᠯᠠᠯᠠᠭᠠᠷᠠᠢ ᠠᠢᠯᠠ᠂ ᠬᠠ ᠬᠠ ᠬᠠ!
ᠠᠢᠯᠠ᠄ ᠪᠠᠢᠵᠤ ᠪᠠᠢᠭᠠᠷᠠᠢ!ᠮᠢᠨᠦ ᠨᠡᠷ᠎ᠡ ᠶ᠋ᠢ ᠶᠠᠭᠠᠬᠢᠵᠤ ᠮᠡᠳᠡᠳᠡᠭ ᠶᠦᠮ?
ᠠᠢᠯᠠ ᠶ᠋ᠢ ᠡᠷᠭᠢᠭᠡᠳ ᠬᠠᠷᠠᠲᠠᠯ᠎ᠠ ᠰᠢᠳᠢᠲᠡᠨ ᠠᠯᠠᠭ᠎ᠠ ᠪᠣᠯᠴᠢᠬᠠᠭᠰᠠᠨ ᠪᠠᠢᠯ᠎ᠠ᠃ ᠲᠡᠷᠡ ᠳᠣᠣᠷ᠎ᠠ ᠪᠠᠨ ᠭᠡᠷ ᠲᠦ᠍ ᠪᠡᠨ ᠡᠷᠭᠢᠵᠦ ᠢᠷᠡᠭᠡᠳ᠂ ᠰᠢᠳᠢᠲᠡᠨ ᠦ᠌ ᠬᠡᠯᠡᠭᠰᠡᠨ ᠰᠢᠳᠢᠲᠦ ᠰᠠᠪᠠ ᠰᠢᠷᠡᠭᠡᠨ ᠳᠡᠭᠡᠷ᠎ᠡ ᠨᠢ ᠪᠠᠢᠭ᠎ᠠ ᠶ᠋ᠢ ᠬᠠᠷᠠᠯ᠎ᠠ᠃ ᠡᠭᠡᠴᠢ ᠨᠢ ᠬᠠᠵᠠᠭᠤ ᠳ᠋ᠤ᠌ ᠨᠢ ᠵᠣᠭᠰᠣᠭᠠᠳ ᠭᠠᠢᠬᠠᠨ ᠬᠠᠷᠠᠵᠤ ᠪᠠᠢᠯ᠎ᠠ᠃
ᠵᠸᠨ᠄ ᠠᠢᠯᠠ ᠡᠭᠦᠨ ᠢ᠋ ᠴᠢ ᠠᠪᠴᠢᠷᠠᠭᠰᠠᠨ ᠶᠤᠮ ᠤᠤ?
ᠠᠢᠯᠠ᠄ ᠲᠡᠢᠮᠦ ᠠ᠋᠂ ᠪᠢ ᠮᠤᠨᠳᠠᠭ ᠪᠠᠢᠭ᠎ᠠ ᠪᠢᠵᠡ ᠳᠡ᠃
ᠵᠸᠨ᠄ ᠮᠤᠨᠳᠠᠭ ᠭᠡᠨ᠎ᠡ᠂ ᠬᠣᠭᠣᠯᠠ ᠬᠢᠵᠦ ᠴᠢᠳᠠᠳᠠᠭ ᠰᠠᠪᠠ ᠠᠪᠴᠢᠷᠠᠭᠰᠠᠨ ᠪᠣᠯ ᠮᠤᠨᠳᠠᠭ ᠭᠡᠵᠦ ᠬᠡᠯᠡᠵᠦ ᠪᠣᠯᠬᠤ ᠪᠠᠢᠬᠤ᠃
ᠠᠢᠯᠠ᠄ ᠡᠭᠡᠴᠢ ᠠ᠋᠂ ᠡᠨᠡ ᠰᠠᠪᠠᠨ ᠤ᠋ ᠷᠢᠳᠢ ᠰᠢᠳᠢ ᠶ᠋ᠢ ᠮᠡᠳᠡᠭᠰᠡᠨ ᠦ᠌ ᠪᠡᠨ ᠳᠠᠷᠠᠭ᠎ᠠ ᠲᠠ ᠪᠠᠶᠠᠷᠯᠠᠬᠤ ᠪᠠᠢᠬᠤ᠂ ᠣᠳᠣ ᠥᠯᠥᠰᠬᠦ ᠪᠡᠷ ᠦᠭᠡᠢ ᠪᠣᠯᠤᠭᠰᠠᠨ᠃
ᠵᠸᠨ᠄ ᠲᠡᠨᠡᠭ ᠪᠠᠢᠨ᠎ᠠ ᠳᠠ᠂ ᠬᠣᠭᠣᠯᠠ ᠦᠭᠡᠢ ᠪᠣᠯᠬᠣᠷ ᠬᠣᠳᠣᠭᠣᠳᠣ ᠴᠢᠨᠢ ᠠᠭᠰᠢᠵᠤ ᠪᠠᠢᠭ᠎ᠠ ᠶ᠋ᠢ ᠣᠢᠯᠠᠭᠠᠵᠤ ᠪᠠᠢᠨ᠎ᠠ ᠯᠠ ᠳᠠ᠂ ᠭᠡᠬᠦ ᠳ᠋ᠦ᠍ ᠪᠡᠨ ᠴᠢᠨᠦ ᠲᠠᠷᠢᠬᠢ ᠴᠤ᠌ ᠭᠡᠰᠡᠨ ᠠᠭᠰᠢᠭᠰᠠᠨ ᠪᠣᠯᠤᠯᠲᠠᠢ᠃
ᠠᠢᠯᠠ᠄ ᠬᠡᠩ! ᠪᠢ ᠣᠳᠣᠬᠠᠨ ᠬᠠᠷᠠᠭᠤᠯᠤᠭᠠᠳ ᠥᠭᠭᠦᠶ᠎ᠡ᠃
ᠠᠢᠯᠠ ᠰᠢᠳᠢᠲᠦ ᠰᠠᠪᠠ ᠤᠷᠤᠭᠤ ᠬᠠᠷᠠᠭᠠᠳ ᠢᠩᠭᠢᠵᠦ ᠬᠡᠯᠡᠯ᠎ᠡ᠃《ᠬᠣᠭᠣᠯᠠ ᠬᠢᠵᠦ ᠥᠭᠭᠦᠭᠡᠷᠡᠢ ᠰᠢᠳᠢᠲᠦ ᠰᠠᠪᠠ ᠠ᠋》
ᠠᠢᠯᠠ ᠶ᠋ᠢ ᠲᠡᠭᠡᠵᠦ ᠬᠡᠯᠡᠩᠭᠦᠲᠡ ᠰᠢᠳᠢᠲᠦ ᠰᠠᠪᠠᠨ ᠠ᠋ᠴᠠ ᠠᠭᠤᠷ ᠰᠠᠪᠰᠠᠨ ᠳᠦᠭᠦᠷᠡᠩ ᠵᠤᠲᠠᠩ ᠭᠠᠷᠴᠤ ᠢᠷᠡᠯ᠎ᠡ᠃ ᠵᠸᠨ ᠮᠠᠯ ᠭᠠᠢᠬᠠᠵᠤ ᠠᠢᠯᠠ ᠶ᠋ᠢ ᠬᠠᠷᠠᠨ ᠪᠠᠶᠠᠷᠯᠠᠵᠤ ᠪᠠᠢᠯ᠎ᠠ᠃ ᠨᠢᠳᠦ ᠢᠷᠮᠡᠬᠦ ᠵᠠᠭᠤᠷ᠎ᠠ ᠯᠠ ᠬᠣᠭᠣᠯᠠ ᠪᠡᠯᠡᠨ ᠪᠣᠯᠵᠤ᠂ ᠭᠡᠷ ᠢ᠋ᠶ᠋ᠡᠷ ᠳᠦᠭᠦᠷᠡᠩ ᠠᠮᠲᠠᠲᠤ ᠬᠣᠭᠣᠯᠠ ᠦᠨᠦᠷᠲᠡᠨ᠂ ᠡᠭᠡᠴᠢ ᠳᠡᠭᠦᠦ ᠬᠣᠶᠠᠭᠤᠯᠠ ᠪᠦᠷ ᠴᠦ᠍ ᠢᠯᠡᠭᠦᠦ ᠥᠯᠦᠰᠦᠯ᠎ᠡ᠃ ᠵᠤᠲᠠᠩ ᠢᠳᠡᠭᠡᠳ ᠠᠮᠢᠳᠤᠷᠠᠯ ᠳ᠋ᠤ᠌ ᠪᠠᠨ ᠡᠢᠮᠦ ᠰᠠᠢᠬᠠᠨ ᠵᠤᠲᠠᠩ ᠢᠳᠡᠵᠦ ᠦᠵᠡᠭᠡ ᠦᠭᠡᠢ ᠶᠦᠮ ᠪᠠᠢᠨ᠎ᠠ ᠭᠡᠵᠦ ᠠᠮᠠ ᠤᠷᠤᠯᠳᠤᠨ ᠬᠡᠯᠡᠵᠡᠭᠡᠯ᠎ᠡ᠃ ᠢᠩᠭᠢᠭᠡᠳ ᠡᠭᠡᠴᠢ ᠳᠡᠭᠦᠦ ᠬᠣᠶᠠᠭᠤᠯᠠ ᠡᠳᠦᠷ ᠪᠣᠯᠭᠠᠨ ᠴᠠᠳᠲᠠᠯ᠎ᠠ ᠪᠠᠨ ᠢᠳᠡᠵᠦ᠂ ᠳᠠᠬᠢᠵᠤ ᠥᠯᠥᠰᠬᠦ ᠪᠡᠨ ᠪᠣᠯᠢᠵᠠᠢ᠃ ᠦᠨᠡᠬᠡᠷ ᠠᠮᠲᠠᠲᠠᠢ ᠪᠣᠯᠬᠣᠷ ᠵᠤᠲᠠᠩ ᠠ᠋ᠴᠠ ᠤᠢᠳᠠᠭᠰᠠᠨ ᠦᠭᠡᠢ᠃ ᠭᠡᠲᠡᠯ᠎ᠡ ᠨᠢᠭᠡ ᠡᠳᠦᠷ ᠠᠢᠯᠠ ᠭᠠᠳᠠᠭᠰᠢ ᠶᠠᠪᠤᠬᠤ ᠪᠣᠯᠤᠯ᠎ᠠ᠃
ᠠᠢᠯᠠ᠄ ᠶᠠᠪᠤᠬᠤ ᠠ᠋ᠴᠠ ᠪᠠᠨ ᠡᠮᠦᠨ᠎ᠡ ᠬᠣᠭᠣᠯᠠ ᠬᠢᠬᠦ ᠶ᠋ᠢ ᠵᠣᠭᠰᠣᠭᠠᠳᠠᠭ ᠰᠢᠪᠰᠢᠯᠭᠡ ᠪᠡᠨ ᠬᠡᠯᠡᠬᠦ ᠬᠡᠷᠡᠭᠲᠡᠢ ᠶᠤᠮᠰᠠᠨ᠂ ᠶᠠᠭᠠᠬᠢᠳᠠᠭ ᠪᠢᠯᠡ? ᠶᠠᠭᠤ ᠭᠡᠳᠡᠭ ᠦᠭᠡ ᠪᠠᠢᠯ᠎ᠠ?
ᠵᠸᠨ᠄ ᠶᠠᠭᠤ ᠪᠣᠢ?ᠶᠠᠭᠠᠬᠢᠭᠠᠳ ᠢᠩᠭᠢᠲᠡᠯ᠎ᠡ ᠪᠡᠨ ᠰᠢᠷᠲᠡᠭᠡᠳ ᠪᠠᠢᠭ᠎ᠠ ᠶᠤᠮ ?
ᠠᠢᠯᠠ᠄ᠡᠭᠡᠴᠢ ᠠ᠋᠂ ᠲᠠᠨ ᠳ᠋ᠤ᠌ ᠨᠢᠭᠡ ᠦᠭᠡ ᠬᠡᠯᠡᠬᠦ ᠬᠡᠷᠡᠭᠲᠡᠢ ᠪᠠᠢᠭᠰᠠᠨ ᠶᠤᠮ᠂ ᠶᠡᠬᠡ ᠴᠢᠬᠤᠯᠠ ᠶᠤᠮ ᠯᠠ ᠳᠠ᠃
ᠵᠸᠨ᠄ ᠲᠡᠢᠮᠦ ᠴᠢᠬᠤᠯᠠ ᠶᠤᠮ ᠤᠤ?ᠬᠠ ᠬᠠ ᠬᠠ᠂ ᠲᠡᠭᠡᠭᠡᠳ ᠲᠡᠷᠡ ᠴᠢᠬᠤᠯᠠ ᠦᠭᠡ ᠴᠢᠨᠢ ᠶᠠᠭᠤ ᠶᠤᠮ ᠳᠠ᠃
ᠠᠢᠯᠠ᠄ ᠶᠠᠭᠤ ᠪᠣᠢ? ᠳᠤᠷ᠎ᠠ ᠦᠭᠡᠢ ᠶ᠋ᠢ ᠬᠦᠷᠭᠡᠴᠢᠬᠡᠯ᠎ᠡ᠂ ᠪᠣᠯᠢᠯ᠎ᠠ᠂ ᠲᠠᠨ ᠳ᠋ᠤ᠌ ᠬᠡᠯᠡᠬᠦ ᠦᠭᠡᠢ᠃
ᠵᠸᠨ᠄ ᠴᠢ ᠳᠠᠬᠢᠭᠠᠳ ᠬᠡᠯᠡᠬᠦ ᠦᠭᠡ ᠪᠡᠨ ᠮᠠᠷᠲᠠᠭᠰᠠᠨ ᠪᠠᠢᠯᠭᠦᠢ ᠳᠡ᠃
ᠠᠢᠯᠠ᠄ ᠦᠭᠡᠢ᠂ ᠮᠠᠷᠲᠠᠭ᠎ᠠ ᠦᠭᠡᠢ᠂ ᠪᠢ ᠶᠠᠪᠤᠯ᠎ᠠ᠃
ᠠᠢᠯᠠ ᠭᠡᠷ᠎ᠠ᠋ᠴᠠ ᠪᠠᠨ ᠭᠠᠷᠤᠭᠰᠠᠨ ᠬᠣᠢᠨ᠎ᠠ ᠨᠥᠭᠦᠭᠡ ᠰᠢᠪᠰᠢᠯᠭᠡ ᠪᠡᠨ ᠰᠠᠨᠠᠵᠠᠢ᠃
ᠠᠢᠯᠠ᠄ ᠦ ᠣᠳᠣ ᠰᠠᠨᠠᠴᠢᠬᠠᠯ᠎ᠠ᠂ ᠵᠠ ᠶᠠᠭᠠᠬᠢᠬᠠᠤᠪ ᠂ ᠤ᠌ᠭ ᠡᠴᠡ ᠪᠡᠨ ᠬᠣᠭᠣᠯᠠ ᠪᠠᠨ ᠢᠳᠡᠴᠢᠬᠡᠭᠰᠡᠨ ᠪᠣᠯᠬᠣᠷ ᠵᠦᠭᠡᠷ ᠠ᠋᠂ ᠳᠠᠬᠢᠭᠠᠳ ᠥᠯᠥᠰᠬᠦ ᠦᠭᠡᠢ ᠪᠠᠢᠯᠭᠦᠢ᠃
ᠲᠦᠳᠡ ᠤᠳᠠᠯ ᠦᠭᠡᠢ ᠡᠭᠡᠴᠢ ᠶ᠋ᠢᠨ ᠬᠢᠨᠢ ᠭᠡᠳᠡᠰᠦ ᠥᠯᠥᠰᠦᠭᠡᠳ ᠡᠬᠢᠯᠡᠵᠡᠢ᠃
ᠵᠸᠨ᠄ ᠥᠩ᠂ ᠠᠮᠲᠠᠲᠠᠢ ᠵᠤᠲᠠᠩ ᠢᠳᠡᠮᠡᠷ ᠰᠠᠨᠠᠭᠳᠠᠴᠢᠬᠠᠯ᠎ᠠ᠂ ᠠᠢᠯᠠ ᠪᠠᠢᠬᠤ ᠦᠭᠡᠢ ᠪᠣᠯᠬᠣᠷ ᠪᠢ ᠥᠪᠡᠷ ᠢ᠋ᠶ᠋ᠡᠨ ᠯᠡ ᠬᠢᠵᠦ ᠦᠵᠡᠬᠦ ᠬᠡᠷᠡᠭᠲᠡᠢ᠃
ᠰᠢᠳᠢᠲᠦ ᠰᠠᠪᠠᠨ ᠳ᠋ᠤ᠌ ᠳᠥᠭᠥᠵᠦ ᠣᠴᠢᠭᠠᠳ᠂ ᠵᠸᠨ ᠠᠯᠠᠭ᠎ᠠ ᠪᠠᠨ ᠲᠠᠰᠢᠭᠠᠳ᠂ ᠠᠵᠠ ᠵᠢᠷᠭᠠᠯ ᠲᠠᠢ ᠰᠢᠪᠰᠢᠯᠭᠡ ᠦᠭᠡ ᠬᠡᠯᠡᠯ᠎ᠡ᠃《ᠬᠣᠭᠣᠯᠠ ᠬᠢᠭᠡᠷᠡᠢ ᠰᠢᠳᠢᠲᠦ ᠰᠠᠪᠠ ᠮᠢᠨᠢ》 ᠤᠳᠠᠭᠰᠠᠨ ᠴᠤ᠌ ᠦᠭᠡᠢ ᠵᠸᠨ ᠦ᠌ ᠳᠤᠷᠠᠲᠠᠢ ᠠᠮᠲᠠᠲᠠᠢ ᠵᠤᠲᠠᠩ ᠪᠡᠯᠡᠨ ᠪᠣᠯᠵᠠᠢ ᠭᠡᠨ᠎ᠡ᠃ ᠦᠨᠦᠷ ᠠᠮᠲᠠᠨ ᠳ᠋ᠤᠨᠢ ᠮᠠᠩᠰᠢᠭᠤᠷᠠᠭᠰᠠᠨ ᠵᠸᠨ ᠴᠠᠳᠲᠠᠯ᠎ᠠ ᠪᠠᠨ ᠢᠳᠡᠴᠢᠬᠡᠪᠡ᠃
ᠵᠸᠨ᠄ ᠠ ᠦᠨᠡᠬᠡᠷ ᠠᠮᠲᠠᠲᠠᠢ ᠵᠤᠲᠠᠩ ᠪᠠᠢᠯ᠎ᠠ᠂ ᠪᠦᠷ ᠴᠠᠳᠴᠢᠬᠠᠯ᠎ᠠ᠂ ᠬᠥᠥᠭ ᠣᠳᠣ ᠪᠣᠯᠤᠨ᠎ᠠ ᠭᠡᠵᠦ ᠬᠡᠯᠡᠶ᠎ᠡ ᠳᠡ᠃ ᠥᠩ᠃ ᠶᠠᠮᠠᠷ ᠰᠢᠪᠰᠢᠯᠭᠡ ᠬᠡᠯᠡᠭᠡᠳ ᠪᠠᠢᠯ᠎ᠠ ᠳᠠ᠂ ᠠ ᠠ᠂ ᠣᠳᠣ ᠬᠣᠭᠣᠯᠠ ᠬᠢᠬᠦ ᠪᠡᠨ ᠪᠣᠯᠢᠭᠠᠷᠠᠢ!
ᠭᠡᠪᠡᠴᠦ ᠡᠨᠡ ᠵᠥᠪ ᠰᠢᠪᠰᠢᠯᠭᠡ ᠪᠢᠰᠢ ᠪᠠᠢᠯ᠎ᠠ᠂ ᠠᠢᠯᠠ ᠡᠭᠡᠴᠢ ᠳ᠋ᠦ᠍ ᠪᠡᠨ ᠬᠣᠭᠣᠯᠠ ᠵᠣᠭᠰᠣᠭᠠᠬᠤ ᠰᠢᠪᠰᠢᠯᠭᠡ ᠶ᠋ᠢ ᠵᠢᠭᠠᠵᠤ ᠥᠭᠭᠦᠭᠡ ᠦᠭᠡᠢ ᠶᠠᠪᠤᠴᠢᠬᠠᠵᠠᠢ᠃
ᠵᠸᠨ᠄ ᠦ ᠶᠠᠭᠠᠬᠢᠳᠠᠭ ᠪᠢᠯᠡ? ᠶᠠᠭᠠᠬᠢᠬᠤ ᠤᠤ? ᠪᠣᠯᠤᠨ᠎ᠠ ᠬᠣᠭᠣᠯᠠ ᠬᠢᠬᠦ ᠪᠡᠨ ᠪᠣᠯᠢ᠂ᠶᠠᠭᠠᠬᠢᠳᠠᠭ ᠲᠡᠨᠡᠭ ᠰᠠᠪᠠ ᠪᠣᠢ?
ᠶᠠᠭᠠᠬᠢᠵᠤ ᠰᠢᠪᠰᠢᠯᠭᠡ ᠬᠡᠯᠡᠭᠰᠡᠨ ᠴᠦ᠍ ᠵᠤᠲᠠᠩ ᠵᠣᠭᠰᠣᠯᠲᠠ ᠦᠭᠡᠢ ᠣᠷᠭᠢᠯᠤᠭᠰᠠᠭᠠᠷ ᠰᠡᠭᠦᠯ ᠳ᠋ᠦ᠍ ᠪᠡᠨ ᠰᠠᠪᠠᠨ ᠠ᠋ᠴᠠ ᠪᠠᠨ ᠬᠠᠯᠢᠵᠤ ᠡᠬᠢᠯᠡᠯ᠎ᠡ᠂ ᠵᠸᠨ ᠰᠢᠳᠢᠲᠦ ᠰᠠᠪᠠᠨ ᠳ᠋ᠤ᠌ ᠠᠭᠤᠷ ᠢ᠋ᠶ᠋ᠠᠨ ᠭᠠᠷᠭᠠᠭᠰᠠᠨ ᠴᠤ᠌ ᠶᠠᠮᠠᠷ ᠴᠤ᠌ ᠨᠡᠮᠡᠷᠢ ᠪᠣᠯᠤᠭᠰᠠᠨ ᠦᠭᠡᠢ᠃ ᠤᠳᠠᠯ ᠦᠭᠡᠢ ᠠᠢᠯᠠ ᠭᠡᠷ ᠲᠦ᠍ ᠪᠡᠨ ᠡᠷᠭᠢᠨ ᠢᠷᠡᠯ᠎ᠡ᠃
ᠠᠢᠯᠠ᠄ ᠮᠠᠭᠤ ᠶᠠᠭᠤᠮ᠎ᠠ ᠪᠣᠯᠤᠭ᠎ᠠ ᠦᠭᠡᠢ ᠪᠠᠢᠯᠭᠦᠢ ᠳᠡ᠂ ᠭᠠᠭᠴᠠᠬᠠᠨ ᠰᠢᠪᠰᠢᠯᠭᠡ ᠮᠠᠷᠲᠠᠯ᠎ᠠ ᠭᠡᠳ ᠰᠦᠷ ᠲᠡᠢ ᠶᠠᠭᠤᠮ᠎ᠠ ᠪᠣᠯᠬᠤ ᠦᠭᠡᠢ ᠪᠠᠢᠯᠭᠦᠢ ᠳᠡ᠃ ᠠ!ᠥᠩ᠂ ᠶᠠᠭᠤ ᠬᠠᠯᠢᠵᠤ ᠭᠠᠷᠤᠭᠠᠳ ᠪᠠᠢᠨ᠎ᠠ᠂ ᠡᠨᠡ ᠵᠤᠲᠠᠩ ᠰᠢᠭ᠋ ᠬᠠᠷᠠᠭᠳᠠᠭᠠᠳ ᠪᠠᠢᠬᠤ ᠴᠢᠨᠢ᠃
ᠠᠢᠯᠠ ᠴᠣᠩᠬᠣ ᠪᠠᠷ ᠬᠠᠷᠠᠭᠠᠳ ᠮᠠᠯ ᠭᠠᠢᠬᠠᠯ᠎ᠠ᠃ ᠠᠮᠲᠠᠲᠠᠢ ᠵᠤᠲᠠᠩ ᠭᠡᠷ ᠢ᠋ᠶ᠋ᠡᠷ ᠨᠢ ᠨᠢᠭᠡ ᠠᠰᠬᠠᠷᠠᠭᠰᠠᠨ ᠪᠠᠢᠯ᠎ᠠ᠃ ᠥᠳᠬᠡᠨ ᠵᠤᠲᠠᠩ ᠬᠠᠮᠢᠭ᠎ᠠ ᠰᠠᠢ ᠦᠭᠡᠢ ᠠᠰᠬᠠᠷᠠᠭᠰᠠᠨ ᠪᠠᠢᠯ᠎ᠠ᠃
ᠠᠢᠯᠠ᠄ ᠦ᠂ ᠵᠢᠩᠬᠢᠨᠢ ᠠᠶᠤᠮᠰᠢᠭ ᠪᠣᠯᠵᠠᠢ᠂ ᠡᠭᠡᠴᠢ ᠬᠠᠮᠢᠭ᠎ᠠ ᠪᠠᠢᠭ᠎ᠠ ᠶᠤᠮ ᠪᠣᠯ ᠠ᠋᠃
ᠶᠠᠭ ᠲᠡᠷᠡ ᠦᠶ᠎ᠡ ᠳ᠋ᠦ᠍ ᠠᠢᠯᠠ ᠰᠢᠷᠡᠭᠡᠨ ᠳᠡᠭᠡᠷ᠎ᠡ ᠰᠠᠭᠤᠵᠤ ᠪᠠᠢᠭ᠎ᠠ ᠡᠭᠡᠴᠢ ᠶ᠋ᠢ ᠪᠡᠨ ᠣᠯᠵᠤ ᠬᠠᠷᠠᠯ᠎ᠠ᠃ ᠭᠡᠷ ᠨᠢ ᠬᠠᠯᠠᠭᠤᠨ ᠵᠤᠲᠠᠩ ᠳ᠋ᠤ᠌ ᠪᠠᠷᠤᠭ ᠯᠠ ᠵᠢᠪᠴᠦ ᠪᠠᠢᠯ᠎ᠠ᠃
ᠵᠸᠨ᠄ ᠦ ᠶᠠᠭᠠᠬᠢᠨ᠎ᠠ᠂ ᠪᠣᠯᠬᠤ ᠦᠭᠡᠢ᠂ ᠶᠠᠭᠠᠬᠢᠬᠤ ᠪᠣᠢ?ᠠᠢᠯᠠ ᠶᠠᠭᠠᠬᠢᠭᠠᠳ ᠢᠷᠡᠬᠦ ᠦᠭᠡᠢ ᠪᠠᠢᠨ᠎ᠠ᠃
ᠠᠢᠯᠠ᠄ ᠡᠭᠡᠴᠢ ᠠ᠋ ᠡᠭᠡᠴᠢ ᠠ᠋ ᠪᠢ ᠢᠷᠡᠴᠢᠬᠡᠯ᠎ᠡ᠂ ᠶᠠᠭᠤ ᠪᠣᠯᠤᠭ᠎ᠠ ᠪᠣᠢ?
ᠵᠸᠨ᠄ ᠠᠢᠯᠠ ᠠ᠋᠂ᠮᠢᠨᠦ ᠰᠠᠢᠬᠠᠨ ᠰᠡᠳᠬᠢᠯ ᠲᠡᠢ ᠳᠡᠭᠦᠦ ᠮᠢᠨᠢ᠂ ᠬᠠᠯᠠᠭᠤᠨ ᠵᠤᠲᠠᠩ ᠭᠠᠷᠭᠠᠭᠠᠳ ᠪᠠᠢᠭ᠎ᠠ ᠡᠨᠡ ᠰᠢᠳᠢᠲᠦ ᠰᠠᠪᠠ ᠶ᠋ᠢ ᠵᠣᠭᠰᠣᠭᠠᠭᠠᠳ ᠥᠭᠭᠦᠭᠡᠴᠢ ᠳᠡ᠃
ᠠᠢᠯᠠ᠄ ᠵᠣᠭᠰᠣᠭᠠᠷᠠᠢ ᠰᠢᠳᠢᠲᠦ ᠰᠠᠪᠠ ᠠ᠋᠃
ᠠᠷᠠᠢ ᠭᠡᠵᠦ ᠰᠢᠳᠢᠲᠦ ᠰᠠᠪᠠ ᠵᠤᠲᠠᠩ ᠭᠠᠷᠭᠠᠬᠤ ᠪᠠᠨ ᠪᠣᠯᠢᠭᠰᠠᠨ ᠶᠤᠮ᠂ ᠰᠢᠳᠢᠲᠦ ᠰᠠᠪᠠ ᠵᠤᠲᠠᠩ ᠭᠠᠷᠭᠠᠬᠤ ᠪᠠᠨ ᠪᠣᠯᠢᠭᠰᠠᠨ ᠤ᠋ ᠳᠠᠷᠠᠭ᠎ᠠ ᠡᠭᠡᠴᠢ ᠳᠡᠭᠦᠦ ᠬᠣᠶᠠᠭᠤᠯᠠ ᠶ᠋ᠢᠨ ᠰᠠᠨᠠᠭ᠎ᠠ ᠪᠠᠭ᠎ᠠ ᠴᠤ᠌ ᠭᠡᠰᠡᠨ ᠠᠮᠠᠷᠠᠯ᠎ᠠ᠃
ᠠᠢᠯᠠ᠄ ᠪᠤᠷᠬᠠᠨ ᠮᠢᠨᠢ ᠪᠠᠶᠠᠷᠯᠠᠯ᠎ᠠ᠂ᠭᠡᠬᠦ ᠳ᠋ᠦ᠍ ᠪᠡᠨ ᠭᠡᠷ ᠣᠷᠣᠨ ᠮᠠᠨᠢ ᠨᠣᠬᠠᠢ ᠶ᠋ᠢᠨ ᠬᠣᠷᠣᠭ᠎ᠠ ᠰᠢᠭ᠋ ᠪᠣᠯᠴᠢᠬᠠᠵᠠᠢ᠂ ᠥᠷᠯᠥᠭᠡ ᠰᠢᠪᠰᠢᠯᠭᠡ ᠪᠡᠨ ᠮᠠᠷᠲᠠᠭᠰᠠᠨ ᠳ᠋ᠤ᠌ ᠠᠭᠤᠴᠢᠯᠠᠭᠠᠷᠠᠢ ᠡᠭᠡᠴᠢ ᠠ᠋᠂ ᠪᠦᠭᠦᠳᠡ ᠮᠢᠨᠦ ᠪᠤᠷᠤᠭᠤ᠃
ᠵᠸᠨ᠄ ᠦᠭᠡᠢ ᠳᠡ᠂ ᠮᠢᠨᠦ ᠴᠦ᠍ ᠭᠡᠰᠡᠨ ᠪᠤᠷᠤᠭᠤ᠂ ᠥᠷᠯᠥᠭᠡ ᠬᠡᠯᠡᠬᠦ ᠭᠡᠵᠦ ᠪᠠᠢᠭᠰᠠᠨ ᠦᠭᠡ ᠶ᠋ᠢ ᠴᠢᠨᠢ ᠰᠣᠨᠣᠰᠬᠤ ᠬᠡᠷᠡᠭᠲᠡᠢ ᠪᠠᠢᠵᠠᠢ᠃ ᠪᠢ ᠬᠡᠲᠦᠷᠬᠡᠢ ᠪᠠᠷᠳᠠᠮ ᠵᠠᠩ ᠲᠠᠢ ᠪᠣᠯᠬᠣᠷ ᠴᠢᠮ᠎ᠠ ᠲᠠᠢ ᠮᠠᠭᠤᠬᠠᠢ ᠬᠠᠷᠢᠴᠠᠵᠢᠬᠠᠵᠠᠢ᠃
ᠠᠢᠯᠠ᠄ ᠡᠭᠡᠴᠢ ᠠ᠋ ᠣᠳᠣ ᠶᠠᠭᠠᠬᠢᠬᠤ ᠤᠤ? ᠭᠡᠷ ᠢ᠋ᠶ᠋ᠡᠷ ᠳᠦᠭᠦᠷᠡᠩ ᠵᠤᠲᠠᠩ ᠪᠣᠯᠴᠢᠬᠠᠯ᠎ᠠ᠂ ᠴᠡᠪᠡᠷᠯᠡᠬᠦ ᠭᠡᠵᠦ ᠬᠡᠳᠦ ᠬᠣᠨᠣᠭ ᠪᠣᠯᠬᠤ ᠪᠠᠢᠬᠤ ᠳᠠ᠃
ᠪᠣᠳᠣᠯ ᠳ᠋ᠤ᠌ ᠳᠠᠷᠤᠭᠳᠠᠵᠤ ᠪᠠᠢᠭᠰᠠᠨ ᠡᠭᠡᠴᠢ ᠨᠢ ᠳᠡᠭᠦᠦ ᠳ᠋ᠦ᠍ ᠪᠡᠨ ᠬᠠᠨᠳᠤᠨ᠂《ᠮᠠᠨ ᠤ᠋ ᠲᠣᠰᠬᠣᠨ ᠳ᠋ᠤ᠌ ᠶᠠᠳᠠᠭᠤ ᠬᠥᠮᠦᠰ ᠵᠥᠩᠳᠡᠭᠡᠨ ᠪᠠᠢᠭ᠎ᠠ ᠰᠢᠦ ᠳᠡ᠂ ᠲᠡᠷᠡ ᠬᠥᠮᠦᠰ ᠲᠦ᠍ ᠡᠨᠡ ᠵᠤᠲᠠᠩ ᠠ᠋ᠴᠠ ᠪᠠᠨ ᠥᠭᠪᠡᠯ ᠶᠠᠮᠠᠷ ᠪᠣᠢ ?》᠃
ᠠᠢᠯᠠ᠄ ᠦ ᠲᠡᠭᠡᠶ᠎ᠡ!ᠣᠯᠠᠨ ᠬᠥᠮᠦᠨ ᠥᠯᠥᠰᠴᠦ ᠪᠠᠢᠭ᠎ᠠ ᠪᠠᠢᠬᠤ᠂ ᠬᠠᠯᠠᠭᠤᠨ ᠵᠤᠲᠠᠩ ᠲᠡᠳᠡ ᠨᠠᠷ ᠲᠤ᠌ ᠲᠠᠭᠠᠯᠠᠭᠳᠠᠨ᠎ᠠ᠃
ᠢᠩᠭᠢᠭᠡᠳ ᠠᠢᠯᠠ ᠥᠯᠥᠰᠴᠦ ᠴᠠᠩᠭᠠᠭᠰᠠᠨ ᠶᠠᠳᠠᠭᠤ ᠠᠢᠯ ᠤ᠋ᠳ ᠢ᠋ᠶ᠋ᠠᠷ ᠣᠷᠣᠵᠤ᠂ ᠬᠥᠮᠦᠰ ᠢ᠋ ᠲᠠᠭᠤᠲᠠᠯ᠎ᠠ᠃
ᠠᠢᠯᠠ᠄ ᠬᠥᠮᠦᠰ ᠠ᠋ ᠲᠠ ᠨᠠᠷ ᠲᠤ᠌ ᠠᠮᠲᠠᠲᠠᠢ ᠵᠤᠲᠠᠩ ᠥᠭᠭᠦᠶ᠎ᠡ᠂ ᠮᠡᠳᠡᠭᠡᠵᠢ ᠲᠠ ᠨᠠᠷ ᠲᠤ᠌ ᠲᠠᠭᠠᠯᠠᠭᠳᠠᠬᠤ ᠪᠣᠯᠤᠨ᠎ᠠ᠂ ᠬᠠᠯᠪᠠᠭ᠎ᠠ ᠠᠪᠴᠢᠷᠠᠭᠠᠳ ᠢᠷᠡᠵᠦ ᠵᠤᠲᠠᠩ ᠢᠳᠡᠭᠡᠷᠡᠢ!
ᠠᠢᠯᠠ ᠶ᠋ᠢᠨ ᠦᠭᠡ ᠶ᠋ᠢ ᠰᠣᠨᠣᠰᠤᠭᠠᠳ ᠨᠢᠳᠦ ᠨᠢ ᠰᠡᠷᠭᠦᠭᠰᠡᠨ ᠬᠥᠮᠦᠰ ᠬᠦᠷᠴᠦ ᠢᠷᠡᠯ᠎ᠡ᠃ ᠵᠸᠨ ᠠᠶᠠᠭ᠎ᠠ ᠲᠠᠪᠠᠭ ᠲᠤ᠌ ᠨᠢ ᠵᠤᠲᠠᠩ ᠬᠢᠵᠦ ᠥᠭᠭᠦᠭᠡᠳ᠂ ᠠᠢᠯᠠ ᠬᠥᠮᠦᠰ ᠲᠦ᠍ ᠵᠤᠲᠠᠩ ᠲᠠᠷᠬᠠᠵᠤ ᠥᠭᠭᠦᠭᠰᠡᠨ ᠶᠦᠮ᠂ ᠬᠥᠮᠦᠰ ᠵᠤᠲᠠᠩ ᠢ᠋ ᠠᠮᠠ ᠪᠠᠨ ᠣᠯᠬᠤ ᠦᠭᠡᠢ ᠢᠳᠡᠵᠦ ᠪᠠᠢᠯ᠎ᠠ᠃
ᠬᠥᠮᠦᠰ᠄ ᠠᠢᠯᠠ ᠵᠸᠨ ᠳ᠋ᠦ᠍ ᠦᠨᠡᠬᠡᠷ ᠶᠡᠬᠡ ᠪᠠᠶᠠᠷᠯᠠᠯ᠎ᠠ᠂ ᠲᠠᠪᠤᠨ ᠡᠳᠦᠷ ᠬᠣᠭᠣᠯᠠ ᠢᠳᠡᠭᠡ ᠦᠭᠡᠢ ᠶᠦᠮ ᠯᠡ ᠳᠡ᠃ᠦᠨᠡᠬᠡᠷ ᠶᠡᠬᠡ ᠪᠠᠶᠠᠷᠯᠠᠵᠤ ᠲᠠᠯᠠᠷᠬᠠᠭᠰᠠᠨ ᠢ᠋ᠶ᠋ᠠᠨ ᠢᠯᠡᠷᠬᠡᠢᠯᠡᠶ᠎ᠡ᠃
ᠤᠳᠠᠯ ᠦᠭᠡᠢ ᠭᠡᠷ ᠨᠢ ᠴᠠᠪ ᠴᠡᠪᠡᠷᠬᠡᠨ ᠪᠣᠯᠤᠯ᠎ᠠ᠃ ᠨᠢᠭᠡ ᠴᠦ᠍ ᠳᠤᠰᠤᠯ ᠵᠤᠲᠠᠩ ᠦᠯᠡᠳᠡᠭᠰᠡᠨ ᠦᠭᠡᠢ᠃ ᠵᠸᠨ ᠴᠣᠩᠬᠣᠨ ᠤ᠋ ᠲᠠᠪᠴᠠᠩ ᠠ᠋ᠴᠠ ᠪᠠᠭᠤᠵᠤ ᠳᠡᠭᠦᠦ ᠳᠡᠭᠡᠷ᠎ᠡ ᠪᠡᠨ ᠣᠴᠢᠪᠠ᠃ ᠬᠥᠮᠦᠰ ᠦ᠋ᠨ ᠪᠠᠶᠠᠷᠯᠠᠵᠤ ᠬᠥᠭᠡᠷᠦᠭᠰᠡᠨ ᠴᠢᠷᠠᠢ ᠶ᠋ᠢ ᠬᠠᠷᠠᠭᠰᠠᠨ ᠡᠭᠡᠴᠢ ᠳᠡᠭᠦᠦ ᠬᠣᠶᠠᠭᠤᠯᠠ ᠦᠨᠡᠬᠡᠷ ᠠᠵᠠ ᠵᠢᠷᠭᠠᠯ ᠲᠠᠢ ᠪᠠᠢᠯ᠎ᠠ᠃
ᠵᠸᠨ᠄ ᠠᠢᠯᠠ ᠬᠥᠮᠦᠰ ᠲᠦ᠍ ᠲᠤᠰᠠᠯᠠᠨ᠎ᠠ ᠭᠡᠳᠡᠭ ᠴᠢᠨᠢ ᠶᠠᠭᠠᠬᠢᠭᠰᠠᠨ ᠰᠠᠢᠬᠠᠨ ᠶᠤᠮ ᠪᠣᠢ ?
ᠠᠢᠯᠠ᠄ ᠬᠠᠷᠢᠨ ᠲᠡᠢᠮᠦ ᠠ᠋᠂ ᠬᠣᠶᠠᠭᠤᠯᠠ ᠪᠠᠨ ᠣᠯᠠᠨ ᠡᠳᠦᠷ ᠵᠤᠲᠠᠩ ᠢᠳᠡᠭᠰᠡᠨ ᠬᠢᠷᠢᠨ ᠢ᠋ᠶ᠋ᠡᠨ ᠬᠥᠮᠦᠰ ᠲᠦ᠍ ᠲᠠᠷᠠᠭᠠᠵᠤ ᠥᠭᠭᠦᠭᠡ ᠦᠭᠡᠢ ᠶᠦᠮ ᠪᠠᠢᠨ᠎ᠠ ᠰᠢᠦ ᠳᠡ᠃
ᠵᠸᠨ᠄ ᠣᠳᠣ ᠶᠠᠳᠠᠭᠤ ᠬᠥᠮᠦᠰ ᠲᠦ᠍ ᠵᠤᠲᠠᠩ ᠲᠠᠷᠠᠭᠠᠵᠤ ᠥᠭᠪᠡᠯ ᠶᠠᠮᠠᠷ ᠤᠤ? ᠡᠳᠦᠷ ᠪᠣᠯᠭᠠᠨ ᠵᠤᠲᠠᠩ ᠥᠭᠭᠦᠭᠡᠳ ᠪᠠᠢᠪᠠᠯ ᠪᠦᠭᠦᠳᠡ ᠥᠯᠥᠰᠬᠦ ᠪᠡᠨ ᠪᠣᠯᠢᠨ᠎ᠠ ᠰᠢᠦ ᠳᠡ᠃
ᠢᠩᠭᠢᠭᠡᠳ ᠡᠭᠡᠴᠢ ᠳᠡᠭᠦᠦ ᠬᠣᠶᠠᠭᠤᠯᠠ ᠡᠳᠦᠷ ᠪᠦᠷᠢ ᠭᠠᠳᠠᠭ᠎ᠠ ᠭᠠᠷᠴᠤ ᠶᠠᠳᠠᠭᠤ ᠬᠥᠮᠦᠰ ᠲᠦ᠍ ᠠᠮᠲᠠᠲᠠᠢ ᠰᠠᠢᠬᠠᠨ ᠵᠤᠲᠠᠩ ᠲᠠᠷᠠᠭᠠᠵᠤ ᠥᠭᠳᠡᠭ ᠪᠣᠯᠪᠠ᠃ ᠨᠡᠯᠢᠶᠡᠨ ᠣᠯᠠᠨ ᠵᠢᠯ ᠵᠤᠲᠠᠩ ᠲᠠᠷᠠᠭᠠᠵᠤ ᠥᠭᠭᠦᠭᠰᠡᠨ ᠭᠡᠳᠡᠭ᠃ ᠭᠡᠲᠡᠯ᠎ᠡ ᠨᠢᠭᠡ ᠡᠳᠦᠷ ᠨᠢᠭᠡ ᠡᠪᠦᠭᠡᠨ ᠬᠦᠷᠴᠦ ᠢᠷᠡᠯ᠎ᠡ᠃ ᠨᠣᠣᠷᠬᠠᠢ ᠬᠤᠪᠴᠠᠰᠤ ᠲᠠᠢ ᠡᠪᠦᠭᠡᠨ ᠡᠭᠡᠴᠢ ᠳᠡᠭᠦᠦ ᠬᠣᠶᠠᠭᠤᠯᠠ ᠳᠡᠭᠡᠷ᠎ᠡ ᠢᠷᠡᠭᠡᠳ ᠢᠩᠭᠢᠵᠦ ᠬᠡᠯᠡᠵᠡᠢ᠃ ᠬᠡᠦᠬᠡᠳ ᠦ᠋ᠳ ᠠ᠋᠂ ᠨᠠᠳᠠ ᠳ᠋ᠤ᠌ ᠡᠨᠡ ᠵᠤᠲᠠᠩ ᠬᠢᠳᠡᠭ ᠰᠢᠳᠢᠲᠦ ᠰᠠᠪᠠ ᠪᠠᠨ ᠥᠭᠬᠦ ᠦᠭᠡᠢ ᠤᠤ? ᠪᠢ ᠬᠣᠯᠠ ᠭᠠᠵᠠᠷ ᠠ᠋ᠴᠠ ᠢᠷᠡᠭᠰᠡᠨ᠂ ᠠᠵᠠ ᠪᠤᠰᠤ ᠶ᠋ᠢᠨ ᠭᠠᠷᠤᠮ᠎ᠠ ᠪᠠᠷ ᠥᠯᠥᠰᠴᠦ ᠪᠠᠢᠭ᠎ᠠ ᠬᠡᠦᠬᠡᠳ ᠦ᠋ᠳ ᠲᠦ᠍ ᠪᠡᠨ ᠥᠭᠬᠦ ᠶᠠᠭᠤᠮ᠎ᠠ ᠪᠠᠢᠳᠠᠭ ᠦᠭᠡᠢ᠂ ᠰᠢᠳᠢᠲᠦ ᠰᠠᠪᠠ ᠪᠠᠨ ᠥᠭᠴᠦ ᠶᠠᠪᠤᠭᠤᠯᠬᠤ ᠦᠭᠡᠢ ᠤᠤ? ᠲᠤᠰᠠ ᠪᠣᠯᠤᠭᠠᠴᠢ᠃
ᠠᠢᠯᠠ᠄ ᠶᠠᠭᠠᠬᠢᠬᠤ ᠤᠤ ᠡᠭᠡᠴᠢ ᠠ᠋᠂ ᠡᠨᠡ ᠬᠥᠮᠦᠨ ᠠᠪᠤᠭᠠᠳ ᠶᠠᠪᠤᠴᠢᠬᠠᠪᠠᠯ᠂ ᠬᠣᠶᠠᠭᠤᠯᠠ ᠪᠠᠨ ᠳᠠᠬᠢᠭᠠᠳ ᠥᠯᠥᠰᠦᠨ᠎ᠡ ᠰᠢᠦ ᠳᠡ᠃
ᠵᠸᠨ᠄ ᠵᠦᠭᠡᠷ ᠠ᠋᠂ ᠬᠡᠳᠦᠭᠦᠯᠡ ᠪᠡᠨ ᠬᠠᠩᠭᠠᠯᠲᠠ ᠲᠠᠢ ᠶᠡᠬᠡ ᠢᠳᠡᠭᠰᠡᠨ ᠰᠢᠦ ᠳᠡ᠂ ᠬᠡᠦᠬᠡᠳ ᠦ᠋ᠳ ᠥᠯᠥᠰᠴᠦ ᠪᠠᠢᠨ᠎ᠠ ᠭᠡᠳᠡᠭ ᠠᠶᠤᠮᠰᠢᠭ ᠲᠠᠢ ᠶᠠᠪᠤᠳᠠᠯ ᠰᠢᠦ ᠳᠡ᠃
ᠵᠸᠨ ᠡᠪᠦᠭᠡ ᠶ᠋ᠢ ᠬᠠᠷᠠᠨ ᠢᠨᠢᠶᠡᠮᠰᠦᠭᠯᠡᠭᠰᠡᠭᠡᠷ ᠳᠥᠭᠥᠨ ᠣᠴᠢᠪᠠ᠃
ᠵᠸᠨ᠄ ᠡᠪᠦᠭᠡ ᠠ᠋᠂ ᠡᠭᠦᠨ ᠢ᠋ ᠠᠪᠴᠤ ᠶᠠᠪᠤᠭᠠᠳ ᠠᠴᠢ ᠵᠢᠭᠡ ᠨᠠᠷ ᠲᠤ᠌ ᠪᠠᠨ ᠬᠣᠭᠣᠯᠠ ᠥᠭᠭᠦᠭᠡᠷᠡᠢ᠂ ᠡᠭᠦᠨ ᠢ᠋ ᠢᠳᠡᠭᠡᠳ ᠡᠷᠡᠭᠦᠯ ᠰᠠᠷᠠᠭᠤᠯ ᠪᠣᠯᠤᠨ᠎ᠠ᠃
ᠡᠪᠦᠭᠡᠨ ᠰᠢᠳᠢᠲᠡᠨ ᠪᠣᠯᠤᠨ ᠬᠤᠪᠢᠷᠠᠵᠠᠢ᠃
ᠠᠢᠯᠠ᠄ ᠦ᠂ ᠰᠢᠳᠢᠲᠦ ᠲᠠᠪᠠᠭ ᠥᠭᠭᠦᠭᠰᠡᠨ ᠰᠢᠳᠢᠲᠡᠨ ᠪᠠᠢᠨ᠎ᠠ ᠰᠢᠦ ᠳᠡ᠃
ᠰᠢᠳᠢᠲᠡᠨ᠄ ᠲᠠ ᠬᠣᠶᠠᠭᠤᠯᠠ ᠦᠨᠡᠬᠡᠷ ᠰᠡᠳᠬᠢᠯ ᠢ᠋ ᠮᠢᠨᠢ ᠬᠥᠳᠡᠯᠭᠡᠵᠦ ᠴᠢᠳᠠᠯ᠎ᠠ᠃ ᠦᠪᠡᠷᠰᠡᠳ᠎ᠠ᠋ᠴᠠ ᠪᠠᠨ ᠢᠯᠡᠭᠦᠦ ᠪᠤᠰᠤᠳ ᠤ᠋ᠨ ᠲᠥᠯᠥᠭᠡ ᠰᠡᠳᠬᠢᠯ ᠭᠠᠷᠭᠠᠵᠤ ᠪᠠᠢᠨ᠎ᠠ᠂ ᠪᠠᠰᠠ ᠲᠣᠰᠬᠣᠨ ᠤ᠋ ᠪᠠᠨ ᠶᠠᠳᠠᠭᠤ ᠬᠥᠮᠦᠰ ᠲᠦ᠍ ᠲᠤᠰᠠᠯᠠᠯ᠎ᠠ ᠰᠢᠦ ᠳᠡ᠃
ᠵᠸᠨ᠄ ᠡᠨᠡ ᠴᠢᠨᠢ ᠶᠠᠭᠤ ᠭᠡᠰᠡᠨ ᠦᠭᠡ ᠪᠣᠢ ?
ᠰᠢᠳᠢᠲᠡᠨ᠄ ᠪᠣᠯᠤᠨ᠎ᠠ᠂ ᠲᠠ ᠬᠣᠶᠠᠭᠤᠯᠠ ᠴᠠᠭᠠᠰᠢᠳᠠ ᠰᠢᠳᠢᠲᠦ ᠰᠠᠪᠠ ᠶ᠋ᠢ ᠥᠪᠡᠷᠰᠡᠳ ᠲᠦ᠍ ᠪᠡᠨ ᠦᠯᠡᠳᠡᠭᠡᠵᠦ ᠪᠣᠯᠤᠨ᠎ᠠ᠂ ᠡᠢᠮᠦ ᠡᠷᠬᠡ ᠲᠠ ᠬᠣᠶᠠᠭᠤᠯᠠ ᠳ᠋ᠤ᠌ ᠪᠣᠢ᠃
ᠠᠢᠯᠠ᠄ ᠶᠠᠩᠵᠤ ᠲᠠᠢ᠂ ᠠᠮᠲᠠᠲᠠᠢ ᠵᠤᠲᠠᠩ ᠢ᠋ ᠡᠳᠦᠷ ᠪᠦᠷᠢ ᠢᠳᠡᠬᠦ ᠪᠣᠯᠤᠮᠵᠢ ᠲᠠᠢ ᠪᠣᠯᠤᠯ᠎ᠠ᠃
ᠲᠡᠷᠡ ᠡᠳᠦᠷ ᠡᠴᠡ ᠬᠣᠢᠰᠢ ᠡᠭᠡᠴᠢ ᠳᠡᠭᠦᠦ ᠬᠣᠶᠠᠭᠤᠯᠠ ᠶᠠᠳᠠᠭᠤ ᠬᠥᠮᠦᠰ ᠲᠦ᠍ ᠵᠤᠲᠠᠩ ᠥᠭᠳᠡᠭ ᠪᠣᠯᠤᠯ᠎ᠠ᠂ ᠬᠥᠮᠦᠰ ᠦ᠋ᠨ ᠴᠢᠷᠠᠢ ᠳ᠋ᠤ᠌ ᠪᠠᠶᠠᠷ ᠪᠠᠶᠠᠰᠬᠤᠯᠠᠩ ᠬᠡᠷᠡᠯᠳᠦᠵᠦ᠂ ᠡᠭᠦᠨ ᠢ᠋ ᠬᠠᠷᠠᠭᠰᠠᠨ ᠡᠭᠡᠴᠢ ᠳᠡᠭᠦᠦ ᠬᠣᠶᠠᠭᠤᠯᠠ ᠦᠨᠡᠬᠡᠷ ᠠᠵᠠ ᠵᠢᠷᠭᠠᠯ ᠳ᠋ᠤ᠌ ᠤᠮᠪᠠᠭᠰᠠᠨ ᠭᠡᠳᠡᠭ᠃

  ᠦᠰᠦᠭ ᠠᠮᠢᠯᠠᠭᠤᠯᠤᠭᠴᠢ ᠂ ᠬᠠᠲᠠᠭᠴᠢ ᠄ᠾᠦᠩ ᠸᠧᠢ
  ᠬᠢᠨᠠᠯᠲᠠ ᠄ᠰᠡᠴᠡᠨᠴᠢᠮᠡᠭ᠂ ᠮᠣᠩᠭᠣᠯ ᠰᠦᠨᠡᠰᠦ ᠃