ᠤᠬᠠᠭᠠᠷᠠᠵᠤ ᠠᠮᠢᠳᠤᠷᠠᠬᠤ ᠶᠢᠨ ᠬᠣᠷᠸ᠎ᠠ -ᠬᠣᠯᠪᠣᠭ᠎ᠠ-ᠮᠦᠩᠭᠦᠨᠴᠣᠭᠲᠦМөнгөнцогт-Ухаарч амьдрахын хорвоо-холбоо ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠷᠠᠵᠤ ᠠᠮᠢᠳᠤᠷᠠᠬᠤ ᠶᠢᠨ ᠬᠣᠷᠸ᠎ᠠ -ᠬᠣᠯᠪᠣᠭ᠎ᠠ-ᠮᠦᠩᠭᠦᠨᠴᠣᠭᠲᠦМөнгөнцогт-Ухаарч амьдрахын хорвоо-холбоо

ᠤᠬᠠᠭᠠᠷᠠᠵᠤ ᠠᠮᠢᠳᠤᠷᠠᠬᠤ ᠶᠢᠨ ᠬᠣᠷᠸ᠎ᠠ -ᠬᠣᠯᠪᠣᠭ᠎ᠠ-ᠮᠦᠩᠭᠦᠨᠴᠣᠭᠲᠦМөнгөнцогт-Ухаарч амьдрахын хорвоо-холбоо

2024-02-11

4457

ᠤᠬᠠᠭᠠᠷᠠᠵᠤ ᠠᠮᠢᠳᠤᠷᠠᠬᠤ ᠶᠢᠨ ᠬᠣᠷᠸ᠎ᠠ

    ᠰᠢᠯᠦᠭ᠄ ᠮᠠᠩᠯᠠᠢᠪᠠᠶᠠᠷ  
    ᠬᠤᠭᠤᠷᠴᠢ᠄ ᠮᠦᠩᠭᠦᠨᠴᠣᠭᠲᠦ 
ᠤᠤᠯ ᠶᠢᠷᠲᠢᠨᠴᠦ ᠳ᠋ᠦ᠍ ᠵᠠᠶᠠᠭᠠᠭᠠᠳ 
ᠬᠡᠳᠦᠬᠡᠨ ᠠᠷᠪᠠᠨ ᠵᠢᠯ ᠠᠮᠢᠳᠤᠷᠠᠬᠤ ᠴᠠᠭ 
ᠬᠢᠵᠦ ᠪᠦᠲᠦᠭᠡᠭᠰᠡᠨ ᠵᠦᠢᠯᠡᠰ ᠨᠢ 
ᠬᠡᠳᠦᠨ ᠵᠠᠭᠤᠨ ᠵᠢᠯ ᠴᠤ᠌ ᠪᠣᠯᠳᠠᠭ ᠶᠤᠮ 
ᠵᠠᠪ ᠲᠠᠢ ᠴᠠᠭ ᠲᠠᠢ ᠯᠠ ᠪᠠᠢᠪᠠᠯ ᠯᠠ 
ᠵᠠᠪᠳᠤᠵᠤ ᠪᠦᠲᠦᠭᠡᠵᠦ ᠬᠢᠵᠦ ᠪᠠᠢᠶ᠎ᠠ 
ᠵᠠᠭᠤᠨ ᠵᠢᠯ ᠦ᠋ᠨ ᠳᠠᠷᠠᠭ᠎ᠠ ᠴᠤ᠌ 
ᠵᠢᠳᠬᠦᠯ ᠴᠢᠨᠢ ᠥᠨᠢᠳᠡ ᠳᠤᠷᠠᠰᠤᠭᠳᠠᠨ᠎ᠠ 
ᠥᠶᠥᠭ ᠴᠠᠢᠯᠭᠠᠨ ᠰᠡᠳᠬᠢᠯ ᠲᠡᠢ 
ᠥᠷᠥᠰᠢᠶᠡᠯ ᠪᠣᠶᠠᠨᠰᠠᠭ ᠪᠠᠢᠪᠠᠯ 
ᠬᠥᠮᠦᠨ ᠦ᠌ ᠭᠠᠵᠠᠷ ᠶᠠᠪᠤᠭᠰᠠᠨ ᠴᠤ᠌ 
ᠦᠯᠡᠳᠡᠬᠦ ᠨᠡᠷ᠎ᠡ ᠴᠢᠨᠢ ᠮᠥᠩᠬᠡᠷᠡᠬᠦ ᠶᠦᠮ 
ᠠᠢᠯ ᠠᠢᠮᠠᠭ ᠣᠯᠠᠨ ᠲᠠᠢ ᠪᠠᠨ
ᠣᠢᠷ᠎ᠠ ᠰᠠᠳᠤᠨ ᠬᠦᠷᠰᠢ ᠲᠡᠢ ᠪᠡᠨ
ᠠᠵᠢᠯ ᠤ᠋ᠨ ᠬᠠᠮᠲᠤ ᠣᠯᠠᠨ ᠲᠠᠢ ᠪᠠᠨ
ᠢᠮᠠᠭᠲᠠ ᠡᠶᠡᠯᠰᠡᠭ ᠬᠠᠨᠳᠤᠬᠤ ᠶᠤᠮ
ᠠᠬᠠᠮᠠᠳ ᠨᠠᠰᠤᠲᠠᠢ ᠬᠥᠮᠦᠰ ᠲᠦ᠍ ᠪᠡᠨ
ᠠᠴᠢᠲᠤ ᠠᠪᠤ ᠡᠵᠢ ᠳ᠋ᠦ᠍ ᠪᠡᠨ
ᠠᠴᠢᠯᠠᠯ ᠡᠯᠪᠡᠷᠢᠯ ᠢ᠋ ᠭᠦᠢᠴᠡᠳᠬᠡᠬᠦ ᠶ᠋ᠢ
ᠠᠯᠭᠠᠰᠠᠯ ᠦᠭᠡᠢ ᠪᠠᠷᠢᠮᠲᠠᠯᠠᠬᠤ ᠶᠤᠮ
ᠥᠨᠥᠴᠢᠨ ᠥᠷᠥᠭᠡᠰᠦᠨ ᠢ᠋ ᠲᠡᠳᠬᠦᠵᠦ
ᠦᠭᠡᠢ ᠶᠠᠳᠠᠭᠤ ᠪᠠᠨ ᠬᠠᠪᠰᠤᠷᠤᠨ
ᠦᠷᠦ ᠡᠪᠡᠳᠬᠦ ᠰᠡᠳᠬᠢᠯ ᠢ᠋ᠶ᠋ᠡᠷ
ᠦᠷᠭᠦᠯᠵᠢ ᠲᠤᠰᠠᠯᠠᠵᠤ ᠶᠠᠪᠤᠬᠤ ᠶᠤᠮ
ᠦᠷ᠎ᠡ ᠬᠡᠦᠬᠡᠳ ᠠᠴᠢᠨᠠᠷ ᠲᠤ᠌ ᠪᠠᠨ
ᠥᠪᠡᠷ ᠢ᠋ᠶ᠋ᠡᠨ ᠳᠠᠭᠤᠷᠢᠶᠠᠯ ᠪᠣᠯᠵᠤ
ᠠᠵᠢᠯᠴᠢ ᠠᠷᠪᠢᠴᠢ ᠪᠠᠢᠬᠤ ᠶ᠋ᠢ
ᠠᠶᠠᠨᠳᠠᠭᠠᠨ ᠮᠡᠳᠡᠭᠦᠯᠵᠦ ᠲᠠᠨᠢᠭᠤᠯᠬᠤ ᠶᠤᠮ
ᠠᠯᠢ ᠪᠠᠢᠭᠰᠠᠨ ᠢ᠋ᠶ᠋ᠠᠷ ᠳᠤᠲᠠᠭᠰᠠᠨ ᠴᠤ᠌
ᠠᠷᠭᠠᠯᠠᠪᠠᠯ ᠣᠯᠵᠤ ᠯᠠ ᠪᠣᠯᠬᠤ ᠯᠠ ᠶᠤᠮ
ᠤᠬᠠᠭᠠᠨ ᠢ᠋ᠶ᠋ᠠᠷ ᠳᠤᠲᠠᠭᠰᠠᠨ ᠴᠠᠭ ᠲᠤ᠌
ᠣᠯᠵᠤ ᠳᠡᠢᠯᠬᠦ ᠳ᠋ᠦ᠍ ᠬᠦᠴᠢᠷ ᠶᠦᠮ
ᠤᠬᠠᠭᠠᠨ ᠢ᠋ ᠠᠵᠢᠯᠰᠠᠭ ᠰᠤᠷᠭᠠᠬᠤ ᠨᠢ
ᠣᠪᠣᠭ᠎ᠠ ᠲᠠᠢ ᠮᠥᠩᠭᠥ ᠬᠠᠳᠠᠭᠠᠯᠠᠭᠰᠠᠨ ᠰᠢᠭ᠋
ᠠᠯᠵᠠᠭᠤ ᠬᠣᠢᠷᠭᠣ ᠶ᠋ᠢ ᠰᠤᠷᠭᠠᠪᠠᠯ
ᠠᠯᠢᠪᠠ ᠶ᠋ᠢ ᠴᠢᠨᠢ ᠪᠦᠷᠢᠯᠭᠡᠬᠦ ᠳ᠋ᠦ᠍ ᠣᠢᠷᠠᠲᠤᠨ᠎ᠠ ᠰᠢᠦ
ᠤᠬᠠᠭᠠᠨ ᠢ᠋ ᠨᠢ ᠪᠡᠯᠡ ᠣᠷᠣᠭᠤᠯᠤᠭᠰᠠᠨ ᠪᠣᠯ
ᠦᠢᠯᠡᠰ ᠨᠢ ᠥᠭᠡᠳᠡᠷᠡᠭ ᠪᠣᠯᠬᠤ ᠶᠤᠮ
ᠠᠵᠢᠯ ᠠᠮᠢᠳᠤᠷᠠᠯ ᠤ᠋ᠨ ᠵᠠᠮ ᠳ᠋ᠤ᠌ ᠪᠠᠨ
ᠢᠯᠭᠤᠮ ᠤᠷᠤᠭᠰᠢᠲᠠᠢ ᠪᠠᠢᠳᠠᠭ ᠶᠤᠮ
ᠠᠳᠬᠠᠭ ᠡᠪᠴᠢᠭᠦᠦ ᠪᠣᠳᠣᠯ
ᠥᠰᠢᠶ᠎ᠡ ᠬᠣᠷᠣᠰᠤᠯ ᠵᠠᠨᠤᠯ ᠭᠡᠭᠴᠢ
ᠦᠨᠡᠨ ᠳ᠋ᠦ᠍ ᠪᠡᠨ ᠪᠡᠶ᠎ᠡ ᠪᠡᠨ ᠲᠠᠷᠴᠢᠯᠠᠭᠠᠬᠤ
ᠥᠴᠦᠬᠡᠨ ᠬᠥᠮᠦᠨ ᠦ᠌ ᠬᠢᠳᠡᠯ ᠶᠦᠮ
ᠬᠡᠷᠴᠡᠭᠡᠢ ᠳᠣᠭᠰᠢᠨ ᠢᠯᠭᠤᠮ ᠨᠢ
ᠬᠡᠨ ᠳ᠋ᠦ᠍ ᠪᠡᠨ ᠨᠣᠶᠠᠨ ᠰᠠᠭᠤᠬᠤ ᠪᠣᠯ
ᠬᠡᠳᠦ ᠨᠣᠮᠣᠬᠠᠨ ᠪᠠᠢᠯ᠎ᠠ ᠭᠡᠳ
ᠬᠡᠨ ᠦ᠌ ᠪᠣᠭᠣᠯ ᠪᠣᠯᠬᠤ ᠪᠣᠯ
ᠬᠢᠬᠦ ᠵᠣᠬᠢᠰᠲᠠᠢ ᠠᠵᠢᠯ ᠡᠭᠦᠷᠭᠡ ᠪᠡᠨ
ᠬᠢᠵᠦ ᠪᠡᠶᠡᠯᠡᠭᠦᠯᠵᠦ ᠯᠡ ᠶᠠᠪᠤᠶ᠎ᠠ
ᠬᠡᠵᠢᠶ᠎ᠡ ᠨᠢᠭᠡᠨ ᠡᠳᠦᠷ ᠪᠠᠶᠠᠨ ᠳ᠋ᠤ᠌ ᠪᠠᠨ
ᠬᠠᠷᠠᠮᠰᠠᠵᠤ ᠭᠡᠮᠰᠢᠬᠦ ᠦᠭᠡᠢ ᠶᠦ᠍ᠮ
ᠬᠣᠲᠣᠭᠣᠷ ᠲᠤ᠌ ᠬᠡᠪᠲᠡᠬᠦ ᠶᠠᠰᠤ ᠶᠤᠮ
ᠬᠣᠯᠠ ᠳ᠋ᠤ᠌ ᠳᠤᠷᠠᠰᠬᠤ ᠠᠯᠳᠠᠷ ᠶᠤᠮ ᠠ᠋
ᠬᠣᠣᠷᠲᠠᠢ ᠲᠤᠰᠠᠲᠠᠢ ᠬᠣᠶᠠᠷ ᠢ᠋
ᠬᠣᠪᠢᠨ ᠳ᠋ᠤ᠌ ᠪᠠᠨ ᠲᠤᠩᠭᠠᠪᠠᠯ ᠵᠣᠬᠢᠬᠤ ᠶᠤᠮ
ᠰᠠᠢᠨ ᠰᠠᠨᠠᠭ᠎ᠠ ᠲᠠᠯ᠎ᠠ ᠶ᠋ᠢ ᠲᠣᠭᠣᠷᠢᠳᠠᠭ
ᠰᠠᠮᠠᠭᠤᠨ ᠰᠠᠨᠠᠭ᠎ᠠ ᠪᠡᠶ᠎ᠡ ᠶ᠋ᠢ ᠣᠷᠢᠶᠠᠳᠠᠭ
ᠰᠠᠢᠨ ᠢ᠋ᠶ᠋ᠠᠷ ᠶᠠᠪᠤᠪᠠᠯ ᠰᠠᠢᠨ ᠤ᠋ ᠬᠠᠷᠢᠭᠤ
ᠰᠠᠮᠠᠭᠤᠨ ᠢ᠋ᠶ᠋ᠠᠷ ᠶᠠᠪᠤᠪᠠᠯ ᠮᠠᠭᠤ ᠶ᠋ᠢᠨ ᠲᠡᠭᠦᠰᠬᠡᠯ
ᠬᠥᠮᠦᠨ ᠦ᠌ ᠭᠠᠵᠠᠷ ᠣᠷᠣᠨ ᠳ᠋ᠤ᠌
ᠨᠤᠲᠤᠭ ᠤ᠋ᠨ ᠨᠡᠷ᠎ᠡ ᠶ᠋ᠢ ᠬᠠᠮᠠᠭᠠᠯᠠᠬᠤ ᠶᠤᠮ
ᠨᠤᠲᠤᠭ ᠤᠰᠤᠨ ᠳ᠋ᠤ᠌ ᠪᠠᠨ ᠪᠠᠢᠪᠠᠯ
ᠬᠥᠨᠳᠡᠯᠡᠨ ᠦ᠌ ᠬᠥᠮᠦᠨ ᠢ᠋ ᠬᠦᠨᠳᠦᠯᠡᠬᠦ ᠶᠦᠮ
ᠬᠥᠮᠦᠨ ᠶᠠᠪᠤᠪᠠᠯ ᠨᠡᠷ᠎ᠡ ᠪᠡᠨ
ᠭᠠᠯᠠᠭᠤ ᠶᠠᠪᠤᠪᠠᠯ ᠳᠠᠭᠤ ᠪᠠᠨ
ᠨᠡᠷ᠎ᠡ ᠪᠡᠨ ᠬᠤᠭᠤᠯᠬᠤ ᠶ᠋ᠢᠨ ᠣᠷᠣᠨ ᠳ᠋ᠤ᠌
ᠶᠠᠰᠤ ᠪᠠᠨ ᠬᠤᠭᠤᠯᠤᠭᠰᠠᠨ ᠨᠢ ᠳᠡᠭᠡᠷ᠎ᠡ ᠶᠦᠮ ᠰᠢᠦ
ᠨᠢᠭᠡ ᠯᠡ ᠣᠯᠳᠠᠳᠠᠭ ᠪᠡᠶ᠎ᠡ ᠶ᠋ᠢ ᠪᠡᠨ
ᠨᠠᠨᠳᠢᠩᠨᠠᠵᠤ ᠬᠠᠢᠷᠠᠯᠠᠵᠤ ᠶᠠᠪᠤᠶ᠎ᠠ
ᠨᠡᠢᠭᠡᠮ ᠨᠡᠢᠲᠡ ᠶ᠋ᠢᠨ ᠲᠥᠯᠥᠭᠡ
ᠬᠡᠢᠮᠣᠷᠢ ᠬᠠᠨᠳᠢᠪ ᠢ᠋ᠶ᠋ᠠᠨ ᠡᠷᠭᠦᠶ᠎ᠡ
ᠠᠵᠠᠲᠠᠢ ᠵᠠᠶᠠᠭᠠᠭᠰᠠᠨ ᠨᠤᠲᠤᠭ ᠢ᠋ᠶ᠋ᠠᠨ
ᠠᠮᠢ ᠪᠠᠨ ᠰᠢᠭ᠋ ᠬᠠᠢᠷᠠᠯᠠᠵᠤ ᠶᠠᠪᠤᠬᠤ ᠶᠤᠮ
ᠠᠯᠲᠠ ᠬᠠᠰ ᠢ᠋ᠶ᠋ᠠᠷ ᠰᠣᠯᠢᠬᠤ ᠦᠭᠡᠢ
ᠠᠯᠲᠠᠨ ᠰᠢᠷᠣᠢ ᠨᠤᠲᠤᠭ ᠤᠰᠤ ᠶᠤᠮ
ᠠᠭᠤᠯᠠ ᠰᠢᠭ᠋ ᠠᠯᠲᠠ ᠣᠪᠣᠭᠠᠯᠠᠭᠰᠠᠨ ᠴᠤ᠌
ᠠᠪᠴᠤ ᠶᠠᠪᠤᠵᠤ ᠳᠡᠢᠯᠬᠦ ᠴᠤ᠌ ᠪᠢᠰᠢ
ᠡᠷᠬᠡ ᠵᠡᠷᠭᠡ ᠵᠢᠩᠰᠡ ᠴᠤ᠌
ᠡᠷᠯᠢᠭ ᠲᠦ᠍ ᠬᠦᠷᠪᠡᠯ ᠬᠡᠷᠡᠭᠲᠡᠢ ᠴᠤ᠌ ᠪᠢᠰᠢ
ᠦᠨᠡᠨ ᠦ᠌ ᠠᠪᠰᠠ ᠶ᠋ᠢ ᠳᠠᠮᠵᠢᠳᠠᠭ ᠨᠢ
ᠶᠢᠷᠲᠢᠨᠴᠦ ᠶ᠋ᠢᠨ ᠬᠥᠮᠦᠨ ᠦ᠌ ᠵᠢᠮ᠎ᠡ ᠶᠦᠮ
ᠭᠠᠷ ᠬᠣᠭᠣᠰᠣᠨ ᠢᠷᠡᠭᠡᠳ
ᠭᠠᠷ ᠬᠣᠭᠣᠰᠣᠨ ᠪᠤᠴᠠᠳᠠᠭ ᠶᠤᠮ
ᠡᠳ᠋ ᠮᠥᠩᠭᠥ ᠶ᠋ᠢ ᠬᠠᠳᠠᠭᠠᠯᠠᠬᠤ ᠪᠠᠷ ᠢ᠋ᠶ᠋ᠠᠨ
ᠡᠷᠳᠡᠮ ᠮᠡᠳᠡᠯᠭᠡ ᠶ᠋ᠢ ᠰᠤᠷᠭᠠᠶ᠎ᠠ
ᠦᠨᠳᠦᠰᠦᠲᠡᠨ ᠦ᠌ ᠥᠪ ᠰᠣᠶᠣᠯ ᠢ᠋ᠶ᠋ᠠᠨ
ᠦᠷ᠎ᠡ ᠬᠣᠢᠴᠢᠰ ᠲᠤ᠌ ᠪᠠᠨ ᠤᠯᠠᠮᠵᠢᠯᠠᠶ᠎ᠠ
ᠪᠠᠭᠠᠲᠤᠷ ᠪᠠᠢᠲᠠᠯ᠎ᠠ ᠬᠣᠪᠢᠨ ᠳ᠋ᠤ᠌ ᠪᠠᠨ
ᠪᠠᠶᠠᠨ ᠪᠠᠢᠲᠠᠯ᠎ᠠ ᠵᠤᠳ ᠲᠤ᠌ ᠭᠡᠳᠡᠭ
ᠪᠠᠷᠠᠭᠳᠠᠰᠢ ᠦᠭᠡᠢ ᠬᠥᠷᠥᠩᠭᠡ ᠭᠡᠭᠴᠢ
ᠪᠢᠴᠢᠭ ᠰᠣᠶᠣᠯ ᠴᠢᠳᠠᠪᠤᠷᠢ ᠶᠤᠮ
ᠥᠰᠴᠦ ᠯᠡ ᠲᠥᠷᠥᠭᠰᠡᠨ ᠨᠤᠲᠤᠭ ᠤ᠋ᠨ
ᠤᠬᠠᠭᠠᠨ ᠬᠠᠢᠷᠠᠯᠠᠭᠰᠠᠨ ᠥᠯᠥᠭᠡᠢ ᠶᠦᠮ
ᠦᠶ᠎ᠡ ᠶ᠋ᠢᠨ ᠦᠶ᠎ᠡ ᠳ᠋ᠦ᠍ ᠪᠡᠨ ᠣᠷᠣᠰᠢᠬᠤ
ᠥᠶᠥᠭ ᠳᠤᠯᠠᠭᠠᠨ ᠥᠷᠥᠭᠡ ᠶᠦᠮ᠃

   ᠢᠷᠡᠯᠲᠡ᠄ ᠦᠯᠢᠭᠡᠷ ᠬᠣᠯᠪᠣᠭ᠎ᠠ ᠲᠠᠪᠴᠠᠩ
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
   ᠬᠢᠨᠠᠯᠲᠠ᠄ ᠬᠠᠲᠠᠮᠠᠯ ᠦᠰᠦᠭ ᠬᠣᠯᠪᠣᠭ᠎ᠠ