ᠮᠠᠩᠭ᠎ᠠ ᠳ᠋ᠣᠣ᠎ ᠶ᠋ᠢᠨ ᠡᠴᠦᠰ ᠦᠨ ᠵᠡᠭᠦᠳᠦ - ᠪ ᠂ ᠷᠢᠨᠴᠢᠨ Мангадын эцсийн зүүд - Б ᠂ Ренчин ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠩᠭ᠎ᠠ ᠳ᠋ᠣᠣ᠎ ᠶ᠋ᠢᠨ ᠡᠴᠦᠰ ᠦᠨ ᠵᠡᠭᠦᠳᠦ - ᠪ ᠂ ᠷᠢᠨᠴᠢᠨ Мангадын эцсийн зүүд - Б ᠂ Ренчин

ᠮᠠᠩᠭ᠎ᠠ ᠳ᠋ᠣᠣ᠎ ᠶ᠋ᠢᠨ ᠡᠴᠦᠰ ᠦᠨ ᠵᠡᠭᠦᠳᠦ - ᠪ ᠂ ᠷᠢᠨᠴᠢᠨ Мангадын эцсийн зүүд - Б ᠂ Ренчин

ᠠᠩᠭᠢᠯᠠᠯ:ᠬᠣᠱᠣᠩ ᠱᠣᠭ
2024-02-06

591

ᠮᠠᠩᠭ᠎ᠠ ᠳ᠋ᠣᠣ ᠶ᠋ᠢᠨ ᠡᠴᠦᠰ ᠦ᠋ᠨ ᠵᠡᠭᠦᠳᠦ


                                   ᠪ᠂ ᠷᠢᠨᠴᠢᠨ                  
                                         ( ᠬᠣᠱᠣᠩ ᠥᠭᠦᠯᠡᠯᠭᠡ)   
        
       ᠥᠭᠦᠯᠡᠬᠦ ᠢᠨᠤ᠄ ᠤᠷᠢᠳᠤ ᠴᠠᠭ ᠤ᠋ᠨ ᠨᠣᠮ ᠤ᠋ᠨ ᠳᠠ ᠬᠦᠷᠢᠶ᠎ᠡ᠂ ᠪᠣᠭᠳᠠ ᠶ᠋ᠢᠨ ᠬᠦᠷᠢᠶ᠎ᠡ᠂ ᠨᠡᠢᠰᠯᠡᠯ ᠬᠦᠷᠢᠶ᠎ᠡ᠂ ᠳᠡ ᠬᠦᠷᠢᠶ᠎ᠡ ᠪᠤᠶᠤ ᠲᠥᠪᠡᠳ ᠨᠣᠮ ᠰᠤᠳᠤᠷ ᠲᠤ ᠬᠦᠷᠢᠶ᠎ᠡ ᠴᠸᠨᠮᠤ᠂  ᠡᠸᠦ᠋ᠷᠦᠫᠡ ᠵᠦᠭ ᠦ᠋ᠨ  ᠭᠠᠵᠠᠷ ᠵᠦᠢ ᠶ᠋ᠢᠨ ᠪᠢᠴᠢᠭ ᠵᠢᠷᠤᠭ ᠲᠤ ᠤᠷᠭ᠎ᠠ ᠭᠡᠳᠡᠭ ᠬᠣᠲᠠ᠂ ᠣᠳᠣ ᠪᠠᠢᠳᠠᠯ ᠮᠠᠰᠢ ᠥᠭᠡᠷ᠎ᠡ᠂ ᠦᠨᠡᠬᠡᠷ ᠲᠠᠨᠢᠬᠤᠶ᠎ᠠ ᠪᠡᠷᠬᠡ ᠪᠣᠯᠵᠠᠢ᠃ 
       ᠬᠠᠭᠤᠴᠢᠴᠤᠤᠯ ᠤ᠋ᠨ ᠴᠡᠭᠡᠵᠢᠨ ᠳ᠋ᠦ᠍ ᠵᠡᠭᠦᠨ ᠬᠦᠷᠢᠶᠡᠨ ᠦ᠌ ᠭᠤᠴᠢᠨ ᠳ᠋ᠤ᠌ ᠠᠢᠮᠠᠭ ᠤ᠋ᠨ ᠨᠡᠷ᠎ᠡ᠂ ᠨᠢᠭᠡᠳ ᠨᠢᠭᠡ ᠦᠭᠡᠢ ᠬᠠᠳᠠᠭᠠᠰᠤ ᠲᠠᠢ ᠪᠣᠯᠪᠠᠴᠤ ᠴᠣᠬᠣᠮ ᠬᠠᠮᠢᠭ᠎ᠠ ᠬᠠᠮᠢᠭ᠎ᠠ ᠪᠠᠢᠬᠰᠠᠨ ᠢ ᠲᠡᠷᠡ ᠲᠡᠷᠡ ᠭᠡᠮᠡᠨ ᠵᠢᠭᠠᠵᠤ ᠥᠭᠬᠦ ᠬᠥᠮᠦᠨ ᠡᠳᠦᠷ ᠦ᠋ᠨ ᠣᠳᠣᠨ ᠠ᠋ᠴᠠ ᠬᠣᠪᠣᠷ ᠪᠣᠢ᠃ ᠣᠳᠣ ᠶ᠋ᠢᠨ ᠤᠯᠠᠭᠠᠨᠪᠠᠭᠠᠲᠤᠷ ᠤ᠋ᠨ ᠰᠠᠢᠬᠠ ᠴᠠᠷᠳᠠᠭᠰᠠᠨ ᠭᠤᠳᠤᠮᠵᠢ ᠪᠠᠷ  ᠶᠠᠪᠤᠬᠤ ᠳ᠋ᠠᠭᠠᠨ ᠡᠨᠳᠡ ᠤᠷᠢᠳᠤ ᠨᠢ ᠶᠠᠭᠤ ᠪᠠᠢᠯ᠎ᠠ? ᠰᠢᠷ᠎ᠠ ᠤᠷᠲᠤ ᠡᠨᠡ ᠬᠠᠪᠢ ᠳ᠋ᠤ᠌ ᠪᠠᠢᠯ᠎ᠠ ᠤᠤ? ᠭᠡᠮᠡᠨ ᠳᠡᠮᠢ ᠯᠡ ᠭᠠᠢᠬᠠᠬᠤ ᠠ᠋ᠴᠠ ᠴᠤᠬᠤᠮᠯᠠᠨ ᠮᠡᠳᠡᠬᠦ ᠲᠠᠨᠢᠬᠤ ᠲᠡᠮᠳᠡᠭ ᠦᠭᠡᠢ ᠪᠣᠯᠵᠠᠢ᠃ ᠵᠡᠭᠦᠨ ᠵᠦᠭ᠂ ᠤᠷᠢᠳᠤ ᠴᠠᠭ ᠤ᠋ᠨ ᠬᠤᠭᠤᠷᠴᠢ ᠬᠥᠮᠦᠨ ᠦ᠌ ᠬᠤᠭᠤᠷᠳᠠᠨ ᠳᠠᠭᠤᠯᠠᠳᠠᠭ ᠢ᠋ᠶ᠋ᠠᠷ᠄
         ᠮᠠᠨ ᠤ᠋ ᠬᠦᠷᠢᠶᠡᠨ ᠦ᠌ ᠵᠡᠭᠦᠨᠲᠡᠢ 
         ᠮᠠᠨᠵᠤ ᠶ᠋ᠢᠨ ᠬᠦᠷᠢᠶᠡᠨ ᠦ᠌ ᠪᠠᠷᠠᠭᠤᠨᠲᠠᠢ ᠪᠠᠢᠳᠠᠭ   
         ᠮᠠᠬᠤᠸᠠᠷ ᠲᠣᠯᠣᠭᠠᠢ ᠶ᠋ᠢᠨ ᠬᠠᠪᠢ ᠪᠠᠷ ᠴᠤ᠌ ᠭᠡᠰᠡᠨ ᠪᠠᠲᠤ ᠬᠦᠩ ᠭᠡᠵᠦ ᠠᠷᠤ ᠮᠣᠩᠭᠣᠯ ᠳ᠋ᠤ᠌ ᠠᠯᠳᠠᠷᠲᠠᠢ ᠭᠢᠨᠳᠠᠨ ᠤ᠋ ᠬᠥᠮᠦᠨ ᠳᠠᠪᠠᠬᠤ ᠶ᠋ᠢᠨ ᠠᠷᠭ᠎ᠠ ᠦᠭᠡᠢ ᠥᠨᠳᠥᠷ ᠱᠣᠪᠬᠣ ᠬᠠᠰᠢᠶ᠎ᠠ ᠲᠠᠢ᠂ ᠲᠠᠯ᠎ᠠ ᠨᠢ ᠭᠠᠵᠠᠷ ᠳᠣᠣᠷ᠎ᠠ ᠠ᠋ᠴᠠ ᠴᠤᠬᠤᠢᠭᠰᠠᠨ ᠲᠠᠯ᠎ᠠ ᠨᠢ ᠭᠠᠵᠠᠷ ᠤᠬᠤᠵᠤ ᠪᠠᠷᠢᠭᠰᠠᠨ᠂ ᠨᠠᠷᠠ ᠰᠠᠯᠬᠢ ᠣᠭᠲᠣ ᠣᠷᠣᠳᠠᠭ ᠦᠭᠡᠢ ᠮᠠᠰᠢ ᠦᠮᠡᠬᠡᠢ ᠴᠢᠭᠢᠭ ᠲᠡᠢ ᠰᠢᠪᠡᠷ ᠪᠠᠢᠰᠢᠩ ᠴᠣᠬᠣᠮ ᠬᠠᠮᠢᠭ᠎ᠠ ᠪᠠᠢᠭᠰᠠᠨ ᠢ᠋ ᠴᠤ᠌ ᠮᠡᠳᠡᠬᠦ ᠶ᠋ᠢᠨ ᠠᠷᠭ᠎ᠠ ᠦᠭᠡᠢ ᠪᠣᠯᠵᠤ ᠳᠠᠪᠬᠤᠷ ᠠᠰᠠᠷ ᠪᠠᠢᠰᠢᠩ ᠤ᠋ᠳ ᠬᠠᠨᠠᠷᠠᠨ ᠭᠤᠳᠤᠮᠵᠢᠯᠠᠵᠠᠢ᠃ 
       ᠵᠢᠷᠭᠠᠯᠲᠠᠢ ᠡᠨᠡ ᠴᠠᠭ ᠤ᠋ᠨ ᠨᠠᠰᠤᠲᠠᠨ ᠥᠲᠡᠭᠦᠰ ᠵᠣᠪᠠᠯᠠᠩᠲᠠᠢ ᠲᠡᠷᠡ ᠪᠡᠷᠬᠡ ᠴᠠᠭ ᠤ᠋ᠨ ᠭᠠᠰᠠᠯᠠᠩ ᠢ᠋ ᠬᠡᠳᠦᠢᠨ ᠮᠠᠷᠲᠠᠵᠤ ᠠᠮᠪᠠᠰ ᠤ᠋ᠨ ᠶᠠᠮᠤᠨ ᠤ᠋ ᠪᠠᠲᠤ ᠬᠦᠩ ᠱᠠᠪᠢ ᠶᠠᠮᠤᠨ ᠤ᠋ ᠱᠣᠷᠣᠩ᠂ ᠴᠠᠭᠠᠵᠠ ᠪᠠᠷ ᠠᠪᠠᠴᠢᠳᠠᠭ ᠰᠢᠷ᠎ᠠ ᠬᠠᠳᠠ ᠭᠡᠬᠦ ᠵᠡᠷᠭᠡ ᠶ᠋ᠢ ᠴᠥᠮ ᠮᠠᠷᠲᠠᠵᠠᠢ᠃ ᠲᠡᠷᠡ ᠪᠦᠭᠦᠳᠡ ᠶ᠋ᠢ ᠠᠨᠳᠠᠬᠤ ᠦᠭᠡᠢ᠂ ᠠᠨᠳᠠᠬᠤ ᠦᠭᠡᠢ ᠳ᠋ᠡᠭᠡᠨ ᠪᠠᠰᠠ ᠤᠴᠢᠷ ᠦᠭᠡᠢ ᠠᠨᠳᠠᠬᠤ ᠦᠭᠡᠢ ᠨᠢᠭᠡ ᠬᠥᠮᠦᠨ ᠪᠠᠢᠵᠠᠢ᠃ ᠮᠣᠭᠠᠢ ᠶ᠋ᠢᠨ ᠡᠷᠢᠶᠡᠨ ᠭᠠᠳᠠᠨ᠎ᠠ ᠪᠠᠨ᠂ ᠬᠥᠮᠦᠨ ᠦ᠌ ᠡᠷᠢᠶᠡᠨ ᠳᠣᠲᠣᠷ᠎ᠠ ᠪᠠᠨ ᠭᠡᠵᠦ ᠲᠡᠷᠡ ᠬᠥᠮᠦᠨ ᠦ᠌ ᠲᠡᠭᠡᠵᠦ ᠠᠨᠳᠠᠬᠤ ᠦᠭᠡᠢ ᠶ᠋ᠢ ᠬᠡᠨ ᠮᠡᠳᠡᠬᠦ ᠠᠵᠢ᠃  
       ᠣᠷᠣᠢ ᠴᠡᠩᠭᠡᠯᠲᠦ ᠶ᠋ᠢᠨ ᠬᠣᠷᠢᠶᠠᠨ ᠤ᠋ ᠨᠢᠭᠡ ᠳᠡᠯᠭᠡᠭᠦᠷ ᠦ᠋ᠨ ᠡᠭᠦᠳᠡᠨ ᠳ᠋ᠦ᠍ ᠡᠪᠦᠯ ᠴᠠᠭ ᠢᠮᠠᠭᠠᠨ ᠳᠠᠬᠤ ᠲᠠᠢ᠂ ᠵᠤᠨ ᠴᠠᠭ ᠲᠡᠭᠷᠢ ᠪᠦᠷᠬᠦᠭ ᠪᠣᠯ ᠲᠡᠷᠰᠡᠬᠡᠷ ᠶᠣᠷᠣᠭ ᠴᠤᠪᠠ ᠲᠠᠢ᠂ ᠨᠢᠭᠡ ᠮᠠᠨᠠᠭᠠᠴᠢ ᠥᠨᠵᠢᠭᠡᠳ ᠰᠠᠭᠤᠳᠠᠭ ᠪᠠᠢᠵᠠᠢ᠃ ᠭᠠᠭᠴᠠ ᠪᠡᠶ᠎ᠡ ᠲᠡᠷᠡ ᠡᠪᠦᠭᠡᠨ ᠮᠠᠨᠠᠭᠠᠴᠢ ᠶ᠋ᠢ ᠲᠠᠨᠢᠵᠤ ᠮᠡᠳᠡᠬᠦ ᠬᠥᠮᠦᠨ ᠴᠤ᠌ ᠪᠠᠷᠤᠭ ᠦᠵᠡᠭᠳᠡᠬᠦ ᠦᠭᠡᠢ᠂ ᠡᠪᠦᠭᠡᠨ ᠬᠠᠯᠴᠠᠭᠠᠢ ᠯᠤᠤᠪᠤᠵᠠ᠂ ᠵᠤᠨ ᠣᠷᠣᠰ ᠶᠠᠩᠵᠤ ᠶ᠋ᠢᠨ ᠳᠡᠰ ᠭᠠᠩᠳᠠᠵᠤ ᠥᠩᠭᠡ ᠠᠯᠳᠠᠭᠰᠠᠨ ᠬᠠᠭᠤᠴᠢᠨ ᠮᠠᠯᠠᠭᠠᠢ ᠶ᠋ᠢᠨ ᠰᠠᠷᠠᠪᠴᠢ ᠪᠠᠷ ᠨᠢᠭᠤᠷ ᠢ᠋ᠶ᠋ᠠᠨ ᠬᠠᠮᠠᠷ ᠲᠠᠭᠠ ᠬᠦᠷᠲᠡᠯ᠎ᠡ  ᠳᠠᠯᠳᠠᠯᠠᠨ᠂ ᠦᠷᠭᠡᠯᠡᠭᠰᠡᠨ ᠦᠭᠡᠢ ᠬᠣᠶᠠᠷ ᠨᠢ ᠮᠡᠳᠡᠭᠳᠡᠬᠦ ᠦᠭᠡᠢ ᠰᠠᠭᠤᠳᠠᠭ ᠪᠢᠯᠡ᠃  
       ᠵᠦᠴᠦᠭᠡ ᠶ᠋ᠢᠨ ᠬᠦᠷᠢᠶᠡᠯᠡᠩ ᠳ᠋ᠦ᠍ ᠵᠦᠴᠦᠭᠡ ᠦᠵᠡᠭᠡᠳ ᠰᠦᠬᠡᠪᠠᠭᠠᠲᠤᠷ ᠤ᠋ᠨ ᠲᠠᠯᠠᠪᠠᠢ ᠪᠠᠷ ᠡᠷᠭᠢᠨ  ᠲᠣᠭᠣᠷᠢᠵᠤ᠂ ᠳᠡᠯᠭᠡᠭᠦᠷ ᠦ᠋ᠨ ᠳᠡᠷᠭᠡᠳᠡᠭᠦᠷ ᠭᠠᠷᠬᠤ ᠳ᠋ᠠᠭᠠᠨ ᠦᠳᠡᠰᠢ ᠶ᠋ᠢᠨ ᠰᠥᠨᠢ ᠪᠡᠷ ᠬᠡᠯᠡᠯᠴᠡᠵᠦ ᠪᠠᠷᠠᠰᠢ ᠦᠭᠡᠢ ᠢᠨᠠᠭ ᠰᠡᠳᠭᠢᠯ ᠦ᠋ᠨ ᠦᠭᠡ ᠴᠡᠭᠡᠵᠢ ᠳᠦᠭᠦᠷᠡᠩ ᠵᠠᠯᠠᠭᠤ ᠬᠥᠮᠦᠰ ᠨᠢᠭᠡ ᠨᠢᠭᠡᠨ ᠦ᠌ ᠪᠡᠨ ᠲᠣᠬᠣᠢ ᠳᠥᠰᠢᠨ ᠰᠤᠭᠤᠳᠠᠵᠤ ᠮᠥᠷ ᠵᠡᠷᠭᠡᠴᠡᠨ ᠶᠠᠪᠤᠬᠤ ᠶ᠋ᠢᠨ ᠲᠠᠭᠠᠲᠠᠢ ᠳ᠋ᠤ᠌ ᠠᠪᠲᠠᠭᠳᠠᠨ ᠳᠡᠯᠭᠡᠭᠦᠷ ᠦ᠋ᠨ ᠡᠭᠦᠳᠡᠨ ᠲᠦᠰᠢᠶ᠎ᠡ ᠴᠠᠬᠢᠯᠭᠠᠨ ᠭᠡᠷᠡᠯ ᠦ᠋ᠨ ᠲᠥᠭᠥᠷᠢᠭ ᠬᠦᠷᠢᠶᠡᠨ ᠦ᠌ ᠵᠠᠬ᠎ᠠ ᠳ᠋ᠤ᠌ ᠵᠣᠭᠰᠣᠰᠬᠢᠨ ᠨᠠᠮ ᠳᠠᠭᠤ ᠪᠠᠷ ᠦᠭᠡ ᠬᠡᠯᠡᠯᠴᠡᠨ ᠵᠣᠭᠰᠣᠬᠤ ᠳᠤᠷᠠᠲᠠᠢ ᠪᠠᠢᠳᠠᠭ ᠪᠢᠯᠡ᠃ ᠡᠪᠦᠭᠡᠨ ᠮᠠᠨᠠᠭᠠᠴᠢ ᠬᠤᠯᠠᠭᠠᠢ ᠳᠡᠭᠡᠷᠡᠮ ᠦ᠋ᠨ ᠬᠥᠮᠦᠨ ᠪᠤᠰᠤ ᠠᠮᠠᠷᠠᠭ ᠰᠡᠳᠬᠢᠯᠲᠦ ᠵᠠᠯᠠᠭᠤᠰ ᠭᠡᠵᠦ ᠮᠡᠳᠡᠪᠡᠴᠦ ᠲᠤᠭᠤᠷᠭᠠ ᠳ᠋ᠤ᠌ ᠲᠦᠰᠢᠭᠦᠯᠦᠭᠰᠡᠨ ᠪᠠᠨᠲᠠᠩ ᠤ᠋ᠨ ᠢ᠋ᠶ᠋ᠠᠨ ᠲᠡᠨᠳᠡ ᠡᠴᠡ ᠰᠥᠭᠡᠩᠭᠢ ᠬᠣᠭᠣᠯᠠᠢ ᠪᠠᠷ ᠬᠠᠰᠬᠢᠷᠳᠠᠭ ᠪᠠᠢᠵᠤ ᠪᠢᠯᠡ᠃  
       — ᠶᠠᠭᠤᠨ ᠤ᠋ ᠬᠥᠮᠦᠨ ᠪᠣᠢ? ᠪᠢᠲᠡᠭᠡᠢ ᠲᠡᠨᠳᠡ ᠵᠣᠭᠰᠣ᠂ ᠫᠤᠤᠳᠠᠯ᠎ᠠ ᠭᠡᠵᠦ ᠭᠡᠨᠡᠳᠲᠡ ᠶᠢᠷᠲᠢᠨᠴᠦ ᠳ᠋ᠦ᠍ ᠬᠣᠶᠠᠷ ᠪᠠᠶᠠᠨ ᠠ᠋ᠴᠠ ᠪᠠᠨ ᠥᠭᠡᠷ᠎ᠡ ᠶᠠᠭᠤᠮ᠎ᠠ ᠪᠠᠢᠬᠤ ᠦᠭᠡᠢ ᠮᠡᠲᠦ ᠦᠳᠡᠰᠢ ᠶ᠋ᠢᠨ ᠬᠠᠷᠠᠩᠭᠤᠢ ᠳ᠋ᠤ᠌ ᠬᠠᠭᠠᠴᠠᠨ ᠰᠠᠯᠬᠤ ᠶ᠋ᠢ ᠦᠯᠦ ᠲᠦᠪᠳᠡᠨ ᠵᠣᠭᠰᠣᠵᠤ ᠪᠠᠢᠭᠰᠠᠨ ᠬᠣᠶᠠᠷ ᠵᠠᠯᠠᠭᠤ ᠬᠥᠮᠦᠨ ᠦ᠌ ᠰᠣᠴᠢᠨ ᠡᠮᠢᠶᠡᠵᠦ ᠶᠠᠭᠠᠷᠠᠨ ᠵᠠᠢᠯᠠᠬᠤ ᠳ᠋ᠤ᠌ ᠮᠠᠨᠠᠭᠠᠴᠢ ᠲᠠᠪᠠ ᠨᠢ ᠬᠠᠨᠵᠤ᠂ ᠮᠡᠩᠭᠡᠷ ᠳᠦᠭᠦᠷᠦᠭᠰᠡᠨ ᠠᠭᠤᠰᠬᠢ ᠪᠡᠨ ᠬᠡᠷᠴᠢᠭᠡᠨᠡᠭᠦᠯᠥᠨ᠄  
       — ᠬᠡ ᠬᠡ ᠬᠡ! ᠭᠡᠵᠦ ᠬᠦᠢᠲᠡᠨ ᠢ᠋ᠶ᠋ᠡᠷ ᠢᠨᠢᠶᠡᠬᠦ ᠨᠢ ᠰᠢᠷ᠎ᠠ ᠰᠢᠪᠠᠭᠤᠨ ᠤ᠋ ᠢᠨᠢᠶᠡᠬᠦ ᠠᠳᠠᠯᠢ ᠮᠠᠭᠤᠬᠠᠢ ᠪᠥᠭᠡᠳ ᠢᠨᠢᠶᠡᠭᠰᠡᠭᠡᠷ ᠬᠠᠨᠢᠶᠠᠵᠤ ᠴᠠᠷ ᠮᠡᠩᠭᠡᠷ ᠲᠡᠭᠡᠨ ᠬᠠᠬᠠᠵᠤ ᠴᠡᠴᠡᠨ᠂ ᠨᠤᠯᠮᠤᠵᠤ ᠨᠤᠯᠮᠤᠵᠤ᠂ ᠬᠠᠨᠢᠶᠠᠵᠤ᠂ ᠨᠠᠰᠤᠨ ᠤ᠋ ᠵᠠᠯᠠᠭᠤ ᠠ᠋ᠴᠠ ᠣᠳᠣ ᠬᠦᠷᠲᠡᠯ᠎ᠡ ᠭᠤᠲᠤᠯ ᠤ᠋ᠨ ᠲᠦᠷᠡᠢᠨ ᠡᠴᠡ ᠬᠣᠯᠠᠳᠠᠭᠤᠯᠤᠨ ᠰᠠᠯᠭᠠᠳᠠᠭ ᠦᠭᠡᠢ ᠠᠭᠠᠳ ᠵᠢᠷ ᠦ᠋ᠨ ᠬᠥᠮᠦᠨ ᠦ᠌ ᠰᠠᠨᠠᠭᠠᠨ ᠳ᠋ᠤ᠌ ᠣᠷᠣᠮ᠎ᠠ ᠦᠭᠡᠢ ᠶᠠᠭᠤᠮ᠎ᠠ ᠦᠵᠡᠭᠰᠡᠨ ᠭᠠᠩᠰᠠ ᠪᠠᠨ ᠰᠢᠭᠦᠷᠡᠵᠦ ᠭᠠᠯᠵᠠᠭᠤ ᠤᠯᠠᠭᠠᠨ ᠲᠠᠮᠠᠬᠢ ᠪᠠᠨ ᠨᠡᠷᠡᠭᠡᠳ᠂ ᠫᠤᠤ ᠪᠠᠨ ᠲᠡᠪᠡᠷᠢᠨ᠂ ᠤᠲᠤᠭ᠎ᠠ ᠰᠠᠪᠰᠠᠭᠤᠯᠵᠤ᠂ ᠰᠤᠷᠮᠠᠭᠠᠢ ᠬᠣᠣᠷ ᠲᠤᠨᠢ ᠬᠠᠨᠢᠶᠠᠳᠤ ᠳᠠᠷᠤᠭᠳᠠᠵᠤ᠂ ᠡᠪᠦᠷ ᠡᠴᠡ ᠪᠡᠨ ᠲᠠᠮᠠᠬᠢᠨ ᠤ᠋  ᠬᠥᠭᠡᠷᠭᠡ ᠰᠢᠭ ᠬᠠᠪᠴᠢᠭ ᠶᠠᠭᠤᠮ᠎ᠠ  ᠭᠠᠷᠭᠠᠭᠠᠳ᠂ ᠭᠣᠳ ᠬᠢᠲᠡᠯ᠎ᠡ ᠣᠴᠢᠭᠠᠳ ᠮᠣᠳᠣᠨ ᠪᠠᠨᠲᠠᠩ ᠳᠡᠭᠡᠷ᠎ᠡ ᠪᠡᠨ ᠲᠣᠬᠢᠲᠠᠢᠬᠠᠨ ᠰᠠᠭᠤᠵᠤ ᠦᠦᠷ ᠦ᠋ᠨ ᠰᠦᠨᠢ ᠪᠡᠷ ᠦᠷᠭᠡᠯᠡᠩᠭᠡᠨ ᠤᠨᠲᠠᠳᠠᠭ ᠪᠢᠯᠡ᠃  
       ᠥᠷᠯᠥᠭᠡ ᠭᠡᠷ ᠲᠡᠭᠡᠨ ᠬᠠᠷᠢᠭᠠᠳ ᠠᠮᠠᠨ ᠳ᠋ᠠᠭᠠᠨ ᠤᠰᠤ ᠪᠠᠯᠭᠤᠵᠤ ᠰᠠᠪᠤᠩ ᠬᠡᠷᠡᠭᠯᠡᠯ ᠦᠭᠡᠢ᠂ ᠨᠢᠭᠡ ᠪᠠᠯᠭᠤ ᠤᠰᠤ ᠪᠠᠷ ᠨᠢᠭᠤᠷ ᠢ᠋ᠶ᠋ᠠᠨ ᠤᠬᠢᠶᠠᠴᠢᠬᠠᠨ ᠰᠢᠭ᠋ ᠪᠣᠯᠵᠤ ᠲᠤᠭᠤᠭᠠ ᠶ᠋ᠢᠨ ᠪᠠᠷᠢᠭᠤᠯ ᠰᠢᠭ᠋ ᠬᠠᠷ᠎ᠠ ᠠᠯᠴᠢᠭᠤᠷ ᠢ᠋ᠶ᠋ᠠᠷ ᠬᠠᠢᠰᠢ ᠬᠡᠷᠡᠭ ᠠᠷᠴᠢᠬᠤᠢᠴᠠᠨ ᠪᠣᠯᠳᠠᠭ ᠲᠡᠷᠡ ᠡᠪᠦᠭᠡᠨ ᠦ᠌ ᠭᠠᠷ ᠢ᠋ ᠨᠢ ᠬᠠᠷᠠᠪᠠᠯ᠂ ᠣᠯᠠᠨ ᠵᠢᠯ ᠦ᠋ᠨ ᠬᠬᠢᠷ ᠲᠣᠭᠣᠰᠣ᠂ ᠰᠢᠷ᠎ᠠ ᠦᠰᠦᠨ ᠦ᠌ ᠰᠦᠪᠡ  ᠪᠦᠬᠦᠨ ᠳ᠋ᠦ᠍ ᠰᠢᠭᠡᠳᠥᠭᠡᠳ᠂ ᠨᠢᠭᠤᠷ ᠤ᠋ᠨ ᠠᠷᠠᠰᠤ ᠲᠦᠮᠡᠨ ᠵᠡᠭᠦᠦ ᠰᠢᠪᠡᠭᠰᠡᠨ ᠠᠳᠠᠯᠢ᠂ ᠬᠥᠮᠦᠰᠬᠡᠨ ᠳᠣᠣᠷ᠎ᠠ ᠪᠠᠨ ᠲᠥᠪᠥᠭᠡᠷ ᠶᠠᠰᠤ ᠲᠠᠢ ᠢᠪᠴᠤᠤ ᠮᠠᠩᠨᠠᠢ ᠶ᠋ᠢᠨ ᠦᠷᠴᠢᠯᠡᠭᠡ ᠨᠢ ᠵᠢᠷᠤᠭᠠᠴᠢ ᠬᠥᠮᠦᠨ ᠪᠢᠷ ᠢ᠋ᠶ᠋ᠡᠷ ᠢ᠋ᠶ᠋ᠡᠨ ᠵᠢᠷᠤᠭᠰᠠᠨ ᠰᠢᠭ᠋ ᠬᠬᠢᠷ ᠲᠣᠭᠣᠰᠣ ᠲᠣᠳᠣᠷᠠᠨ ᠵᠤᠷᠠᠢᠵᠤ ᠨᠠᠰᠤ ᠨᠡᠯᠢᠶᠡᠳ ᠳᠡᠭᠡᠷ᠎ᠡ ᠭᠠᠷᠪᠠᠴᠤ ᠣᠪᠣᠷ ᠨᠢ ᠪᠦᠷ ᠴᠤ᠌ ᠶᠡᠬᠡ᠂ ᠬᠠᠮᠠᠷ ᠤ᠋ᠨ ᠦᠵᠦᠭᠦᠷ ᠤᠯᠠᠭᠠᠨ᠂ ᠵᠤᠯᠠᠢ ᠬᠣᠵᠢᠭᠢᠷ᠂ ᠨᠢᠭᠤᠷ ᠦᠷᠴᠢᠬᠡᠷ᠂ ᠥᠩᠭᠡ ᠳᠡᠷᠡᠰᠦᠨ ᠦ᠌ ᠰᠢᠨᠤᠯ ᠳ᠋ᠤ᠌ ᠡᠯᠡᠭᠳᠡᠭᠰᠡᠨ ᠰᠢᠨᠵᠢ ᠪᠦᠷᠢᠨ ᠲᠡᠭᠦᠰ᠃ 
       ᠵᠠᠯᠠᠭᠤ ᠳ᠋ᠠᠭᠠᠨ ᠨᠡᠯᠢᠶᠡᠳ ᠴᠤ᠌ ᠱᠤᠤᠭᠢᠭᠤᠯᠵᠤ᠂ ᠱᠠᠪᠢ ᠶ᠋ᠢᠨ ᠨᠡᠷ᠎ᠡ ᠲᠡᠢ ᠪᠢᠴᠢᠭᠡᠴᠢ ᠪᠠᠢᠭᠠᠳ᠂ ᠮᠠᠩᠭ᠎ᠠ ᠬᠣᠴᠢ ᠲᠠᠢ ᠬᠠᠷᠭᠢᠰ ᠲᠦᠰᠢᠮᠡᠯ ᠶᠠᠪᠤᠭᠰᠠᠨ ᠢ᠋ ᠨᠢ ᠣᠳᠣ  ᠦᠵᠡᠭᠡᠳ ᠬᠡᠨ ᠲᠠᠨᠢᠬᠤ ᠪᠢᠯᠡ?  ᠨᠠᠢᠮᠠᠭ᠎ᠠ ᠬᠣᠲᠠ ᠳ᠋ᠤ᠌ ᠨᠠᠷᠭᠢᠵᠤ ᠶᠠᠪᠤᠭᠰᠠ ᠬᠤᠬᠡᠨ ᠦ᠌ ᠨᠢᠭᠡ ᠵᠠᠷᠢᠮ ᠨᠢ ᠠᠯᠢ ᠬᠡᠳᠦᠢᠨ ᠳᠠᠯᠠᠨ ᠳᠠᠪᠬᠤᠷ ᠲᠤ ᠭᠠᠷᠴᠤ᠂ ᠦᠯᠡᠳᠡᠭᠰᠡᠨ ᠭᠠᠭᠴᠠ ᠨᠢᠭᠡ ᠨᠢ ᠵᠠᠯᠠᠭᠤ ᠳ᠋ᠠᠭᠠᠨ ᠰᠠᠯᠬᠢ ᠰᠠᠷᠠ᠂ ᠡᠭᠦᠯᠡ ᠪᠤᠷᠤᠭᠠᠨ ᠤ ᠶᠠᠪᠤᠳᠠᠯ ᠬᠢᠵᠦ ᠶᠠᠪᠤᠭᠰᠠᠨ ᠭᠠᠩᠭᠠᠩ ᠲᠦᠰᠢᠮᠡᠯ ᠢ᠋ ᠣᠳᠣ ᠡᠨᠡ ᠳᠡᠯᠭᠡᠭᠦᠷ ᠦ᠋ᠨ ᠮᠠᠨᠠᠭᠠᠴᠢ ᠪᠣᠯᠤᠭᠠᠳ ᠬᠤᠬᠡᠨ ᠲᠡᠪᠡᠷᠢᠳᠡᠭ ᠴᠠᠭ ᠨᠢ ᠬᠡᠳᠦᠢᠨ ᠦᠩᠭᠡᠷᠡᠵᠤ ᠭᠤᠴᠢᠨ ᠵᠢᠯ ᠳᠤᠤᠭᠠᠷᠤᠭ᠎ᠠ ᠦᠭᠡᠢ ᠬᠠᠭᠤᠴᠢᠨ ᠪᠢᠷᠳᠠᠩ ᠫᠤᠤ ᠲᠡᠪᠡᠷᠢᠨ ᠳᠡᠯᠭᠡᠭᠦᠷ ᠦ᠋ᠨ ᠡᠭᠦᠳᠡᠨ ᠳ᠋ᠦ᠍ ᠦᠷᠭᠡᠯᠡᠨ ᠬᠣᠨᠣᠳᠠᠭ ᠢ᠋ ᠶᠠᠭᠠᠬᠢᠨ ᠮᠡᠳᠡᠬᠦ ᠠᠵᠢ᠃ 
       ᠡᠳᠦᠷ ᠭᠤᠳᠤᠮᠵᠢᠨ ᠳ᠋ᠤ᠌ ᠬᠦᠷᠢᠶ᠎ᠡ ᠨᠠᠢᠮᠠᠭ᠎ᠠ ᠬᠣᠲᠠ ᠶ᠋ᠢᠨ ᠭᠠᠭᠴᠠ ᠨᠢᠭᠡ ᠴᠢᠪᠠᠭᠠᠨᠴᠠ ᠲᠠᠭᠠᠷᠠᠯᠳᠤᠭᠰᠠᠨ ᠴᠤ᠌ ᠬᠣᠷᠢᠭᠠᠳ ᠨᠠᠰᠤᠨ ᠳ᠋ᠠᠭᠠᠨ ᠬᠣᠷᠸ᠎ᠠ ᠶ᠋ᠢᠨ ᠵᠢᠷᠭᠠᠯ ᠡᠳ᠋ᠯᠡᠵᠦ ᠶᠠᠪᠤᠭᠰᠠᠨ ᠬᠥᠮᠦᠨ ᠮᠢᠨᠢ ᠭᠡᠵᠦ ᠲᠡᠷᠡ ᠬᠤᠷᠴᠢᠭᠠᠷ ᠡᠪᠦᠭᠡᠨ ᠢ᠋ ᠴᠦ᠍ ᠲᠠᠨᠢᠬᠤ ᠦᠭᠡᠢ᠂ ᠲᠠᠨᠢᠯ᠎ᠠ ᠴᠤ᠌ ᠭᠡᠰᠡᠨ ᠰᠡᠳᠬᠢᠯ ᠦ᠋ᠨ ᠭᠠᠯ ᠤᠨᠲᠠᠷᠠᠵᠤ᠂ ᠣᠷᠣᠬᠤ ᠭᠠᠷᠬᠤ ᠳᠤᠷᠠᠰᠬᠠᠯ ᠤ᠋ᠨ ᠬᠦᠢᠲᠡᠨ ᠬᠥᠬᠡ ᠦᠨᠡᠰᠦ ᠪᠣᠯᠤᠭᠰᠠᠨ ᠲᠤᠯᠠ ᠠᠯᠢ ᠯᠠ ᠵᠠᠯᠠᠭᠤ ᠳ᠋ᠠᠭᠠᠨ ᠲᠠᠭᠠᠷᠠᠯᠳᠤᠵᠤ ᠶᠠᠪᠤᠭᠰᠠᠨ ᠶᠠᠭᠤᠮ᠎ᠠ ᠲᠠᠢ᠂ ᠥᠲᠡᠯᠵᠦ ᠴᠢᠪᠠᠭᠠᠨᠴᠠ ᠪᠣᠯᠤᠭᠰᠠᠨ ᠬᠣᠢᠨ᠎ᠠ ᠪᠠᠨ ᠭᠤᠳᠤᠮᠵᠢᠨ ᠳ᠋ᠤ᠌ ᠰᠢᠲᠦ ᠦᠭᠡᠢ ᠠᠮᠠ ᠪᠠᠨ ᠠᠩᠭᠠᠯᠵᠠᠵᠤ ᠶᠠᠪᠤᠬᠤ ᠪᠣᠢ ᠭᠡᠵᠦ ᠲᠠᠨᠢᠭᠰᠠᠨ ᠴᠤ᠌ ᠦᠭᠡ ᠳᠠᠭᠤ ᠦᠭᠡᠢ᠂ ᠭᠠᠭᠴᠠ ᠬᠦ᠌ ᠳᠣᠲᠣᠷ᠎ᠠ ᠪᠠᠨ ᠪᠣᠳᠣᠬᠤ ᠳ᠋ᠠᠭᠠᠨ ᠡᠨᠡ ᠬᠥᠭᠡᠷᠦᠬᠦᠢ ᠡᠢᠮᠦ ᠪᠣᠯᠤᠭᠠᠳ ᠶᠠᠪᠤᠬᠤ ᠶ᠋ᠢ ᠦᠵᠡᠬᠦ ᠳ᠋ᠦ᠍ ᠪᠢ ᠴᠤ᠌ ᠪᠠᠰᠠ ᠬᠥᠮᠦᠨ ᠦ᠌ ᠨᠢᠳᠦᠨ ᠳ᠋ᠦ᠍ ᠶᠠᠭᠤᠨ ᠥᠭᠡᠳᠡ ᠲᠡᠢ ᠶᠠᠭᠤᠮ᠎ᠠ ᠦᠵᠡᠭᠳᠡᠬᠦ ᠠᠵᠢ ᠭᠡᠵᠦ ᠪᠣᠳᠣᠨ ᠥᠩᠭᠡᠷᠡᠬᠦ ᠪᠢᠯᠡ᠃  
       ᠮᠠᠨᠠᠭᠠᠴᠢ ᠡᠪᠦᠭᠡᠨ᠂ ᠣᠷᠣᠢ ᠮᠠᠨᠠᠭᠠᠨ ᠳ᠋ᠤ᠌ ᠭᠠᠷᠬᠤ ᠪᠦᠷᠢ ᠦᠨᠦᠷ ᠲᠡᠢ ᠤᠰᠤᠨ ᠤ᠋ ᠨᠢᠭᠡ ᠪᠢᠴᠢᠬᠠᠨ ᠬᠠᠪᠲᠠᠭᠠᠢ ᠳᠤᠭᠤᠢ ᠰᠢᠯ ᠳ᠋ᠦ᠍ ᠠᠷᠢᠬᠢ ᠬᠢᠵᠦ ᠡᠪᠦᠷᠲᠦᠯᠡᠭᠡᠳ ᠡᠪᠦᠯ ᠪᠣᠯ ᠳᠠᠬᠤ᠂ ᠵᠤᠨ ᠪᠣᠯ ᠴᠤᠪᠠ ᠪᠠᠨ ᠬᠡᠳᠦᠷᠡᠭᠡᠳ ᠮᠠᠭᠤ ᠪᠢᠷᠳᠠᠩ ᠫᠤᠤ ᠪᠠᠨ ᠪᠠᠷᠢᠨ ᠳᠡᠯᠭᠡᠭᠦᠷ ᠦ᠋ᠨ ᠡᠭᠦᠳᠡᠨ ᠦ᠌ ᠬᠠᠵᠠᠭᠤ ᠳ᠋ᠤ᠌ ᠪᠠᠢᠳᠠᠭ ᠮᠣᠳᠣᠨ ᠪᠠᠨᠲᠠᠩ ᠳᠡᠭᠡᠷ᠎ᠡ ᠰᠠᠭᠤᠭᠠᠳ ᠬᠥᠮᠦᠨ ᠠᠮᠢᠲᠠᠨ ᠤ᠋ ᠬᠥᠯ ᠴᠥᠭᠡᠨ ᠪᠣᠯᠤᠭᠰᠠᠨ ᠬᠣᠢᠨ᠎ᠠ ᠡᠪᠦᠷ ᠡᠴᠡ ᠪᠡᠨ ᠲᠡᠷᠡ ᠰᠢᠯ ᠲᠡᠢ ᠠᠷᠢᠬᠢ ᠪᠠᠨ ᠭᠠᠷᠭᠠᠵᠤ ᠤᠤᠭᠤᠴᠢᠬᠠᠭᠠᠳ ᠪᠦᠷ ᠰᠠᠨᠠᠭ᠎ᠠ ᠠᠮᠠᠷ ᠦᠷᠭᠡᠯᠡᠩᠭᠡᠨ ᠤᠨᠲᠠᠳᠠᠭ ᠪᠠᠢᠯ᠎ᠠ᠃ ᠲᠡᠷᠡ ᠣᠷᠣᠢ ᠲᠡᠭᠷᠢ ᠪᠠᠬᠠᠨ ᠪᠦᠷᠬᠦᠭ ᠲᠡᠩᠬᠡᠭᠡ ᠠᠯᠳᠠᠷᠠᠭᠰᠠᠨ ᠰᠢᠨᠵᠢ ᠲᠡᠢ ᠲᠤᠯᠠ ᠭᠡᠷ ᠡᠴᠡ ᠭᠠᠷᠬᠤ ᠶ᠋ᠢᠨ ᠡᠮᠦᠨ᠎ᠡ ᠳᠤᠮᠳᠠᠭᠤᠷ ᠠᠶᠠᠭ᠎ᠠ ᠠᠷᠢᠬᠢ ᠪᠠᠯᠭᠤᠭᠠᠳ ᠳᠡᠯᠭᠡᠭᠦᠷ ᠦ᠋ᠨ ᠡᠭᠦᠳᠡᠨ ᠳ᠋ᠦ᠍ ᠬᠦᠷᠴᠦ ᠢᠷᠡᠨ ᠣᠯᠠᠨ ᠵᠢᠯ ᠡᠯᠡᠭᠳᠡᠲᠡᠯ᠎ᠡ ᠰᠠᠭᠤᠭᠰᠠᠨ ᠲᠦᠰᠢᠯᠭᠡᠲᠦ ᠪᠠᠨᠲᠠᠩ ᠳᠡᠭᠡᠷ᠎ᠡ ᠪᠡᠨ ᠰᠠᠭᠤᠭᠠᠳ᠂ ᠪᠡᠶ᠎ᠡ ᠪᠠᠵᠠᠭᠠᠬᠤ ᠦᠭᠡᠢ᠂ ᠭᠠᠷ ᠬᠥᠯ ᠴᠢᠮᠦᠭᠡᠨ ᠳᠣᠲᠣᠷ᠎ᠠ ᠲᠤᠭᠤᠯᠭ᠎ᠠ ᠴᠢᠳᠬᠤᠭᠰᠠᠨ ᠠᠳᠠᠯᠢ ᠡᠷᠭᠦᠵᠦ ᠳᠠᠭᠠᠭᠠᠭᠳᠠᠬᠤ ᠦᠭᠡᠢ ᠪᠢᠷᠳᠠᠩ ᠫᠤᠤ ᠴᠤ᠌ ᠦᠬᠡᠷ ᠫᠤᠤ ᠰᠢᠭ᠋ ᠬᠦᠨᠳᠦ ᠪᠣᠯᠤᠭᠰᠠᠨ ᠮᠡᠲᠦ ᠵᠢᠷᠦᠬᠡ ᠪᠠᠰᠠ ᠨᠢᠭᠡ ᠬᠠᠴᠢᠨ ᠳᠡᠯᠡᠰᠦᠭᠡᠳ ᠪᠠᠢᠬᠤ ᠰᠢᠭ᠋᠂  ᠢᠩᠭᠢᠭᠡᠳ ᠯᠡ ᠦᠬᠦᠳᠡᠭ ᠴᠠᠭ ᠢᠷᠡᠬᠦ ᠨᠢ ᠡᠨᠡ ᠤᠤ ? ᠭᠡᠵᠦ ᠪᠣᠳᠣᠭᠠᠳ ᠮᠠᠭᠤ ᠬᠠᠷ᠎ᠠ ᠣᠪᠣᠬᠠᠢ ᠳ᠋ᠠᠭᠠᠨ ᠳᠠᠪᠬᠤᠷ ᠰᠢᠷ᠎ᠠ ᠢᠰᠡᠭᠡᠢ ᠭᠤᠲᠤᠰᠤᠨ ᠳ᠋ᠤ᠌ ᠨᠢᠭᠡ ᠲᠦᠮᠡᠨ ᠲᠥᠭᠥᠷᠢᠭ ᠬᠠᠪᠴᠢᠭᠤᠯᠤᠭᠠᠰᠤᠲᠠᠢ ᠶ᠋ᠢ ᠰᠠᠨᠠᠭᠠᠳ ᠡᠨᠡ ᠰᠥᠨᠢ ᠢᠩᠭᠢᠭᠡᠳ ᠦᠬᠦᠪᠡᠯ ᠲᠡᠷᠡ ᠮᠥᠩᠭᠥ ᠶᠣᠰᠣᠲᠠᠢ ᠬᠠᠷ᠎ᠠ ᠨᠣᠬᠠᠢ ᠶ᠋ᠢᠨ ᠢᠳᠡᠰᠢ ᠪᠣᠯᠤᠨ᠎ᠠ ᠳᠠ ᠡᠬᠡᠨᠡᠷ ᠬᠡᠦᠬᠡᠳ ᠦᠭᠡᠢ ᠪᠣᠯᠤᠭᠰᠠᠨ᠂ ᠨᠥᠬᠥᠷ ᠬᠠᠨᠢ ᠦᠭᠡᠢ ᠪᠣᠯᠤᠭᠰᠠᠨ᠂ ᠤᠷᠤᠭ ᠡᠯᠢᠭᠡ ᠦᠭᠡᠢ ᠪᠣᠯᠤᠭᠰᠠᠨ ᠭᠤᠨᠢ ᠪᠡᠶ᠎ᠡ ᠲᠣᠯᠣᠭᠠᠢ ᠪᠢ ᠡᠪᠡᠰᠦᠨ ᠳᠡᠭᠡᠷ᠎ᠡ ᠬᠡᠪᠲᠡᠭᠰᠡᠨ ᠨᠣᠬᠠᠢ ᠰᠢᠭ᠋ ᠮᠥᠩᠭᠥᠨ ᠳᠡᠭᠡᠷ᠎ᠡ ᠪᠡᠨ ᠨᠢᠭᠡ ᠰᠥᠨᠢ ᠬᠡᠪᠲᠡᠵᠦ ᠬᠣᠨᠣᠭᠠᠳ ᠡᠨᠡ ᠳᠡᠯᠭᠡᠭᠦᠷ ᠦ᠋ᠨ ᠬᠠᠭᠠᠯᠭᠠᠨ ᠳ᠋ᠤ᠌ ᠵᠢᠪᠡᠷᠬᠡᠢ ᠪᠢᠷᠳᠠᠩ ᠢ᠋ᠶ᠋ᠠᠨ ᠲᠡᠪᠡᠷᠢᠭᠡᠳ ᠦᠬᠦᠬᠦ ᠡᠭᠡᠯᠵᠢ ᠲᠠᠭᠠᠷᠠᠬᠤ ᠨᠢ ᠠ᠋ ᠭᠡᠵᠦ ᠭᠣᠨᠢᠷᠬᠠᠨ ᠪᠣᠳᠣᠭᠠᠳ ᠭᠤᠳᠤᠮᠵᠢᠨ ᠳ᠋ᠤ᠌ ᠠᠮᠢᠲᠠᠨ ᠬᠥᠯ ᠴᠢᠮᠡᠭᠡ ᠦᠭᠡᠢ ᠨᠠᠮ ᠭᠦᠮ ᠪᠣᠯᠤᠭᠰᠠᠨ ᠳ᠋ᠤ᠌ ᠡᠪᠦᠷ ᠡᠴᠡ ᠪᠡᠨ ᠥᠨᠥᠬᠢ ᠬᠠᠪᠲᠠᠭᠠᠢ ᠬᠥᠭᠡᠷᠭᠡ ᠰᠢᠭ ᠰᠢᠯ ᠲᠡᠢ ᠠᠷᠢᠬᠢ ᠪᠠᠨ ᠭᠠᠷᠭᠠᠵᠤ ᠬᠡᠳᠦ ᠣᠭᠣᠴᠢᠵᠤ᠂ ᠦᠯᠡᠳᠡᠭᠰᠡᠨ ᠳᠤᠰᠤᠯ ᠢ᠋ ᠨᠢ ᠰᠢᠮᠡᠵᠦ ᠳᠣᠯᠢᠶᠠᠭᠠᠳ᠂ ᠰᠢᠯ ᠢ᠋ᠶ᠋ᠡᠨ ᠡᠪᠦᠷᠲᠦᠯᠡᠵᠦ ᠬᠣᠳᠣᠭᠣᠳᠣ ᠬᠠᠯᠠᠭᠤ ᠣᠷᠬᠢᠨ ᠪᠡᠶ᠎ᠡ ᠴᠦ᠍ ᠠᠶᠠᠲᠠᠢᠬᠠᠨ ᠪᠣᠯᠤᠭᠰᠠᠨ ᠮᠡᠲᠦ ᠰᠠᠨᠠᠭᠳᠠᠵᠤ ᠪᠢᠷᠳᠠᠩ ᠫᠤᠤ ᠪᠠᠨ ᠬᠠᠵᠠᠭᠤ ᠳ᠋ᠠᠭᠠᠨ ᠲᠦᠰᠢᠭᠦᠯᠦᠨ ᠳᠠᠬᠤ ᠪᠠᠨ ᠠᠶᠠᠲᠠᠢᠬᠠᠨ ᠨᠥᠮᠥᠷᠦᠭᠡᠳ ᠪᠠᠨᠲᠠᠩ ᠳᠡᠭᠡᠷ᠎ᠡ ᠡᠪᠲᠡᠢᠬᠡᠨ ᠰᠠᠭᠤᠵᠤ ᠨᠢᠭᠡ ᠮᠡᠳᠡᠬᠦᠨ᠎ᠡ ᠦᠷᠭᠡᠯᠡᠨ ᠵᠡᠭᠦᠳᠦᠯᠡᠵᠡᠢ᠃ 
       ᠵᠡᠭᠦᠳᠦᠨ ᠳ᠋ᠡᠭᠡᠨ ᠭᠤᠲᠤᠮ ᠢ᠋ᠶ᠋ᠠᠷ ᠤᠷᠤᠭᠰᠢ ᠪᠠᠨ ᠬᠠᠷᠠᠪᠠᠰᠤ ᠨᠢᠭᠡ ᠣᠯᠠᠨ ᠶᠠᠭᠤᠮ᠎ᠠ ᠬᠠᠷᠠᠯᠠᠨ ᠬᠣᠢᠰᠢ ᠪᠠᠨ ᠳᠠᠯᠠᠨ ᠳᠠᠪᠬᠤᠷ ᠤ᠋ᠨ ᠡᠩᠭᠡᠷ ᠲᠡᠢᠰᠢ ᠴᠤᠪᠤᠵᠤ ᠶᠠᠪᠤᠨ᠎ᠠ᠃ ᠣᠯᠠᠨ ᠠᠮᠢᠲᠠᠨ ᠤ᠋ ᠬᠥᠯ ᠦ᠋ᠨ ᠴᠢᠮᠡᠭᠡ ᠭᠠᠪᠠ ᠭᠢᠨᠵᠢ ᠶ᠋ᠢᠨ ᠬᠠᠩᠭᠢᠷ ᠵᠢᠩᠭᠢᠷ ᠳᠤᠤᠭᠠᠷᠬᠤ ᠴᠢᠮᠡᠭᠡ ᠴᠦ᠍ ᠭᠠᠷᠴᠤ ᠪᠠᠢᠬᠤ ᠰᠢᠭ᠋ ᠃ 
       —ᠡᠨᠡ ᠶᠠᠭᠤᠨ ᠵᠢᠭᠰᠠᠭᠠᠯ ᠬᠠᠷᠠᠩᠭᠤᠢ ᠰᠥᠨᠢ ᠴᠤᠪᠤᠳᠠᠭ ᠪᠢᠯᠡ ᠭᠡᠵᠦ ᠨᠢᠳᠦ ᠪᠡᠨ ᠠᠷᠴᠢᠨ ᠬᠠᠷᠠᠲᠠᠯ᠎ᠠ ᠳᠣᠲᠣᠷ᠎ᠠ ᠫᠠᠯ ᠬᠢᠵᠦ ᠬᠢᠷᠳ᠋ᠬᠢᠨ ᠴᠣᠴᠢᠯ᠎ᠠ᠃ 
       ᠪᠠᠳᠠᠷᠠᠭᠤᠯᠲᠤ ᠲᠥᠷᠥ ᠬᠠᠭᠠᠨ ᠤ᠋ ᠦᠶ᠎ᠡ ᠳ᠋ᠦ᠍ ᠠᠩᠬ᠎ᠠ ᠲᠦᠰᠢᠮᠡᠯ ᠦ᠋ᠨ ᠵᠡᠷᠭᠡ ᠳ᠋ᠦ᠍ ᠳᠠᠪᠰᠢᠵᠤ ᠭᠠᠪᠢᠶ᠎ᠠ ᠪᠠᠢᠭᠤᠯᠬᠤ ᠳ᠋ᠤᠨᠢ ᠠᠮᠢ ᠦᠷᠡᠭᠳᠡᠭᠰᠡᠨ ᠲᠠᠪᠤᠨ ᠮᠠᠯᠴᠢᠨ ᠭᠡᠵᠢᠭᠡ ᠶ᠋ᠢᠨ ᠬᠢᠨᠢ ᠦᠰᠦ ᠰᠢᠷᠠᠯᠳᠤᠨ ᠭᠠᠷ ᠲᠠᠭᠠᠨ ᠭᠠᠪᠠ ᠲᠠᠢ᠂ ᠬᠥᠯ ᠳ᠋ᠡᠭᠡᠨ ᠲᠤᠰᠢᠶ᠎ᠠ ᠲᠠᠢ᠂ ᠬᠦᠩ ᠦ᠋ᠨ ᠴᠢᠭᠢᠭ ᠲᠡᠢ ᠦᠮᠡᠬᠡᠢ ᠱᠣᠷᠣᠩ ᠳ᠋ᠤ᠌ ᠰᠢᠷᠬᠠᠨ ᠤ᠋ ᠬᠠᠯᠠᠭᠤᠨ ᠠ᠋ᠴᠠ ᠦᠬᠦᠭᠰᠡᠨ ᠴᠠᠭ ᠤ᠋ᠨ ᠪᠠᠢᠳᠠᠯ ᠨᠢᠭᠡ ᠥᠭᠡᠷ᠎ᠡ ᠪᠣᠯᠤᠭᠰᠠᠨ ᠦᠭᠡᠢ᠂ ᠱᠠᠬᠠᠢᠳᠠᠭᠤᠯᠤᠭᠰᠠᠨ ᠬᠠᠴᠠᠷ ᠢ᠋ᠶ᠋ᠠᠨ ᠬᠣᠷᠮᠣᠢ ᠶ᠋ᠢᠨ ᠲᠠᠰᠤᠷᠬᠠᠢ ᠪᠠᠷ ᠪᠣᠭᠣᠵᠤ᠂ ᠭᠢᠨᠳᠠᠨ ᠳ᠋ᠤ᠌ ᠢᠯᠵᠠᠷᠠᠭᠰᠠᠨ ᠲᠠᠮᠲᠤᠭ ᠪᠣᠯᠤᠭᠰᠠᠨ ᠳᠡᠪᠡᠯ ᠦ᠋ᠨ ᠴᠣᠭᠣᠷᠬᠠᠢ ᠪᠠᠷ ᠬᠣᠩᠭᠣᠨ ᠤ᠋ ᠬᠢᠨᠢ ᠮᠢᠬ᠎ᠠ ᠤᠨᠵᠢᠨ ᠰᠠᠨᠵᠢᠨ ᠬᠥᠯ ᠢ᠋ᠶ᠋ᠡᠨ ᠴᠢᠷᠦᠨ ᠥᠩᠭᠡᠷᠡᠬᠦ ᠳ᠋ᠦ᠍ ᠲᠦᠮᠡᠨ ᠬᠢᠯᠢᠰ ᠬᠡᠷᠡᠭ ᠲᠦ᠍ ᠦᠬᠦᠭᠦᠯᠦᠭᠰᠡᠨ ᠲᠡᠳᠡᠨ ᠢ᠋ᠶ᠋ᠡᠨ ᠬᠠᠷᠠᠬᠤ ᠳ᠋ᠤ᠌ ᠮᠠᠨᠠᠭᠠᠴᠢ ᠶ᠋ᠢᠨ ᠳᠣᠲᠣᠷ᠎ᠠ ᠠᠷᠵᠢᠰᠬᠢᠬᠥ ᠰᠢᠭ ᠪᠣᠯᠪᠠ᠃ 
       ᠲᠡᠷᠡ ᠲᠠᠪᠤ ᠶ᠋ᠢᠨ ᠬᠥᠯ ᠡᠴᠡ ᠵᠡᠭᠦᠭᠰᠡᠨ ᠲᠡᠮᠦᠷ ᠲᠤᠰᠢᠶ᠎ᠠ᠂ ᠭᠢᠯᠠᠰ ᠭᠢᠯᠠᠰ ᠭᠡᠵᠦ ᠬᠠᠩᠭᠢᠷ ᠵᠢᠩᠭᠢᠷ ᠳᠤᠤᠭᠠᠷᠬᠤ ᠠᠳᠠᠯᠢ᠂ ᠬᠣᠢᠨ᠎ᠠ ᠠ᠋ᠴᠠ ᠨᠢ ᠤᠷᠠᠩᠬᠠᠢ ᠨᠣᠣᠷᠬᠠᠢ ᠬᠤᠪᠴᠠᠰᠤ ᠲᠠᠢ ᠮᠠᠢᠵᠢᠭ ᠭᠤᠲᠤᠯ ᠲᠠᠢ᠂ ᠡᠴᠡᠵᠦ ᠲᠤᠷᠠᠵᠤ ᠨᠠᠢ᠍ᠮᠠᠨ ᠴᠢᠮᠦᠭᠡᠨ ᠳ᠋ᠡᠭᠡᠨ ᠬᠡᠯᠬᠢᠭᠰᠡᠨ ᠬᠡᠳᠦᠨ ᠴᠢᠪᠠᠭᠠᠨᠴᠠ᠂ ᠦᠰᠦ ᠨᠢ ᠰᠡᠷᠡᠯᠳᠥᠭᠰᠡᠨ ᠬᠡᠳᠦᠨ ᠠᠪᠠᠭᠠᠢ᠂ ᠨᠢᠴᠦᠭᠦᠨ ᠱᠠᠯᠳᠠᠩ ᠬᠡᠳᠦᠨ ᠬᠡᠦᠬᠡᠳ ᠢ᠋ᠶ᠋ᠡᠨ ᠳᠠᠭᠠᠭᠤᠯᠤᠨ ᠨᠢᠭᠡ ᠠᠪᠠᠭᠠᠢ ᠶ᠋ᠢᠨ ᠰᠢᠷᠭᠢᠵᠦ ᠦᠷᠴᠡᠢᠭᠰᠡᠨ ᠬᠥᠬᠥᠨ ᠡᠴᠡ ᠥᠲᠡᠯᠦᠭᠰᠡᠨ ᠬᠥᠮᠦᠨ ᠰᠢᠭ ᠦᠷᠴᠢᠯᠡᠭᠡᠲᠦᠭᠰᠡᠨ᠂ ᠠᠷᠠᠰᠤ ᠨᠢ ᠠᠲᠤᠷᠢᠶ᠎ᠠ ᠪᠣᠯᠤᠨ ᠤᠨᠵᠢᠢᠭᠰᠠᠨ ᠬᠡᠯᠬᠢᠶ᠎ᠡ ᠶᠠᠰᠤ ᠰᠢᠭ᠋ ᠲᠤᠷᠠᠩᠬᠠᠢ ᠬᠡᠦᠬᠡᠳ ᠣᠮᠣᠭᠣᠯᠳᠠᠭᠰᠠᠨ ᠬᠥᠬᠡ ᠤᠷᠤᠭᠤᠯ ᠢ᠋ᠶ᠋ᠠᠷ ᠢ᠋ᠶ᠋ᠠᠨ ᠰᠢᠮᠡᠨ ᠰᠢᠮᠡᠨ ᠳᠠᠭᠤ ᠦᠭᠡᠢ ᠤᠬᠢᠯᠠᠬᠤ ᠰᠢᠭ᠋ ᠢᠷᠪᠠᠢᠵᠤ᠂ ᠡᠬᠡ ᠶ᠋ᠢ ᠬᠦᠵᠦᠭᠦᠳᠡᠨ᠂ ᠮᠠᠨᠠᠭᠠᠴᠢ ᠶ᠋ᠢᠨ ᠬᠠᠵᠠᠭᠤ ᠪᠠᠷ ᠥᠩᠭᠡᠷᠡᠬᠦ ᠳ᠋ᠦ᠍ ᠬᠤᠷᠴᠢᠭᠠᠷ ᠭᠠᠷ ᠢ᠋ᠶ᠋ᠠᠷ ᠢ᠋ᠶ᠋ᠠᠨ ᠵᠢᠭᠠᠨ ᠤᠷᠤᠭᠤᠯ ᠨᠢ ᠴᠢᠮᠡᠭᠡ ᠦᠭᠡᠢ ᠬᠥᠳᠡᠯᠦᠯ᠎ᠡ᠃  ᠬᠣᠢᠨ᠎ᠠ ᠠ᠋ᠴᠠ ᠨᠢ ᠬᠠᠵᠠᠭᠠᠨᠠᠵᠤ ᠶᠠᠪᠤᠭᠰᠠᠨ ᠨᠢᠭᠡ ᠡᠮᠡᠭᠡᠨ ᠰᠢᠷᠣᠢ ᠰᠢᠭᠦᠷᠡᠵᠦ ᠮᠠᠨᠠᠭᠠᠴᠢ ᠶ᠋ᠢᠨ ᠨᠢᠭᠤᠷ ᠥᠭᠡᠳᠡ ᠴᠠᠴᠤᠬᠤ ᠳ᠋ᠤ᠌ ᠨᠢᠳᠦ ᠪᠡᠨ ᠠᠨᠢᠲᠠᠯ᠎ᠠ ᠳᠠᠬᠤᠨ ᠳᠡᠭᠡᠷ᠎ᠡ ᠨᠢ ᠱᠠᠷ ᠬᠢᠵᠦ ᠲᠣᠰᠤᠭᠠᠳ ᠤᠬᠤᠰᠬᠢᠨ ᠪᠣᠰᠴᠤ ᠵᠠᠢᠯᠠᠬᠤ ᠭᠡᠲᠡᠯ᠎ᠡ ᠪᠡᠶ᠎ᠡ ᠪᠠᠨᠲᠠᠩ ᠳ᠋ᠤ᠌ ᠨᠠᠭᠠᠯᠳᠤᠵᠤ᠂ ᠪᠠᠨᠲᠠᠩ ᠭᠠᠵᠠᠷ ᠨᠠᠭᠠᠯᠳᠤᠭᠰᠠᠨ ᠰᠢᠭ᠋ ᠬᠥᠳᠡᠯᠬᠦ ᠶ᠋ᠢᠨ ᠠᠷᠭ᠎ᠠ ᠦᠭᠡᠢ ᠂ ᠲᠡᠷᠡ ᠪᠦᠭᠦᠳᠡ ᠶ᠋ᠢᠨ ᠵᠢᠰᠦ ᠴᠢᠷᠠᠢ ᠴᠥᠮ ᠲᠠᠨᠢᠬᠤ ᠬᠥᠮᠦᠨ ᠠᠵᠢ᠃ ᠲᠡᠷᠢᠭᠦᠯᠡᠵᠦ ᠶᠠᠪᠤᠭᠰᠠᠨ ᠲᠠᠪᠤ ᠶ᠋ᠢᠨ ᠠᠷᠤ ᠭᠡᠷ ᠦ᠋ᠨ ᠬᠥᠮᠦᠨ᠂ ᠠᠮᠢᠳᠤᠷᠠᠯ ᠳᠠᠭᠠᠨ ᠠᠯᠳᠠᠵᠤ ᠂ ᠵᠢᠲᠡᠷ ᠦ᠋ᠨ ᠭᠦᠦᠷ ᠳᠣᠣᠷ᠎ᠠ ᠣᠰᠤᠭᠤᠵᠤ ᠦᠬᠦᠭᠰᠡᠨ ᠠᠮᠢᠲᠠᠨ ᠶᠠᠪᠤᠨᠠᠮ᠃ 
       ᠥᠨᠥ ᠣᠷᠣᠢ ᠳᠡᠩᠳᠡᠭᠦᠦ ᠪᠠᠯᠭᠤᠭᠠᠳ ᠨᠢᠳᠦᠨ ᠳ᠋ᠦ᠍ ᠡᠢᠮᠦ ᠠᠶᠠᠭᠦᠢ ᠶᠠᠭᠤᠮ᠎ᠠ ᠦᠵᠡᠭᠳᠡᠪᠡ ᠤᠤ ᠭᠡᠵᠦ ᠠᠶᠤᠵᠤ ᠢᠴᠢᠬᠦ ᠰᠡᠳᠬᠢᠯ ᠲᠥᠷᠥᠵᠦ ᠨᠢᠳᠦ ᠪᠡᠨ ᠠᠨᠢᠭᠰᠠᠨ ᠴᠤ᠌ ᠴᠤᠪᠤᠵᠤ ᠶᠠᠪᠤᠭ᠎ᠠ ᠣᠯᠠᠨ ᠦᠵᠡᠭᠳᠡᠵᠦ ᠳᠣᠭᠣᠭᠰᠢ ᠪᠠᠨ ᠬᠠᠷᠠᠭᠰᠠᠨ ᠴᠤ᠌ ᠤᠷᠳᠤᠭᠤᠷ ᠨᠢ ᠴᠤᠪᠤᠵᠤ ᠶᠠᠪᠤᠭ᠎ᠠ ᠰᠢᠭ᠋ ᠬᠠᠷᠠᠭᠳᠠᠭᠠᠳ ᠪᠤᠷᠤᠭᠤ ᠬᠠᠷᠠᠭᠰᠠᠨ ᠴᠤ᠌ ᠬᠠᠷᠠᠭᠳᠠᠭᠠᠳ ᠵᠠᠢᠯᠠᠬᠤ ᠶ᠋ᠢᠨ ᠠᠷᠭ᠎ᠠ ᠦᠭᠡᠢ ᠃  
       ᠬᠢᠯᠢᠰ ᠬᠡᠷᠡᠭ ᠬᠦᠯᠢᠶᠡᠳᠡᠭ ᠦᠭᠡᠢ ᠬᠥᠮᠦᠰ ᠢ᠋ ᠤᠯᠠᠢᠯᠭᠠᠳᠠᠭ ᠰᠦᠷᠡᠬᠡᠢ ᠪᠠᠢᠴᠠᠭᠠᠭᠴᠢ ᠲᠦᠰᠢᠮᠡᠯ ᠦ᠋ᠨ ᠨᠡᠷ᠎ᠡ ᠣᠯᠬᠤ ᠭᠡᠵᠦ ᠥᠪᠡᠷ ᠢ᠋ᠶ᠋ᠡᠨ ᠲᠠᠰᠢᠭᠤᠷᠳᠠᠨ ᠨᠦᠳᠦᠵᠦ ᠄  
       — ᠲᠥᠷᠥ ᠳ᠋ᠦ᠍ ᠲᠡᠷᠰᠯᠡᠭᠰᠡᠨ ᠴᠢᠨᠦ ᠵᠣᠷᠢᠭ ᠲᠡᠮᠦᠷ ᠮᠡᠲᠦ ᠬᠠᠲᠠᠭᠤ ᠪᠣᠯᠪᠠᠴᠤ ᠬᠠᠤᠯᠢ ᠬᠢᠰᠠ ᠮᠡᠲᠦ ᠬᠠᠢᠯᠠᠭᠤᠯᠤᠨ ᠤᠷᠤᠰᠬᠠᠵᠤ ᠴᠢᠳᠠᠨ᠎ᠠ᠃ ᠬᠡᠷᠡᠭ ᠢ᠋ᠶ᠋ᠡᠨ ᠬᠦᠯᠢᠶᠡ ᠬᠡᠯᠡ ᠂ ᠬᠡᠯᠡ ᠂ ᠬᠡᠯᠡ ! ᠭᠡᠵᠦ ᠭᠡᠮ ᠬᠢᠭᠡ ᠦᠭᠡᠢ ᠶ᠋ᠢ ᠨᠢ ᠮᠡᠳᠡᠪᠡᠴᠦ ᠡᠷᠡᠭᠦᠦ ᠰᠢᠭᠦᠯᠲᠡ ᠪᠡᠷ ᠮᠢᠬ᠎ᠠ ᠴᠢᠰᠤ ᠶ᠋ᠢ ᠨᠢ ᠤᠷᠤᠰᠬᠠᠵᠤ᠂ ᠲᠦᠮᠡᠨ ᠬᠢᠯᠢᠰ ᠬᠡᠷᠡᠭ ᠬᠦᠯᠢᠶᠡᠯᠭᠡᠨ ᠨᠣᠶᠠᠳ ᠳᠡᠭᠡᠳᠦᠰ ᠦ᠋ᠨ ᠡᠮᠦᠨ᠎ᠡ ᠨᠢᠭᠤᠷ ᠲᠠᠢ ᠪᠣᠯᠵᠤ ᠪᠠᠢᠬᠤ ᠳ᠋ᠤ᠌ ᠰᠠᠢᠬᠠᠨ ᠪᠠᠢᠳᠠᠭ ᠰᠠᠨ᠃  ᠭᠠᠭᠴᠠ ᠰᠤᠭᠤ ᠦᠰᠦᠷᠦᠨ ᠮᠠᠨᠳᠤᠬᠤ ᠶ᠋ᠢᠨ ᠦᠶᠡᠰ ᠮᠠᠨᠵᠤ ᠲᠠᠢᠴᠢᠩ ᠤᠯᠤᠰ ᠤ᠋ᠨ ᠲᠥᠷᠥ ᠰᠥᠨᠥᠵᠦ᠂ ᠣᠯᠠᠨ᠎ᠠ ᠡᠷᠭᠦᠭᠳᠡᠭᠰᠡᠨ ᠦ᠌ ᠦᠶ᠎ᠡ ᠳ᠋ᠦ᠍ ᠳᠠᠬᠢᠨ ᠥᠨᠥᠬᠢ ᠡᠴᠡ ᠪᠡᠨ ᠡᠬᠢᠯᠡᠵᠦ᠂ ᠴᠤᠤᠲᠠᠢ ᠠᠷᠨᠠᠨ ᠲᠠᠪᠤᠨ ᠤ᠋ ᠴᠠᠭᠳᠠᠭ᠎ᠠ ᠶ᠋ᠢᠨ ᠳᠠᠪᠲᠠᠳᠠᠭ ᠦᠭᠡᠢ ᠵᠣᠷᠢᠭᠲᠠᠨ ᠢ᠋ ᠳᠠᠪᠠᠵᠤ ᠳᠤᠷᠠᠲᠠᠢ ᠬᠡᠷᠡᠭ ᠬᠦᠯᠢᠶᠡᠯᠭᠡᠨ᠂ ᠵᠡᠷᠭᠡ ᠬᠡᠷᠬᠢᠮ ᠦ᠋ᠨ ᠲᠤᠯᠠᠳᠠ ᠬᠦᠷᠬᠦ ᠶ᠋ᠢᠨ ᠳᠠᠪᠠᠭᠠᠨ ᠳᠡᠭᠡᠷ᠎ᠡ ᠠᠷᠠᠳ ᠤ᠋ᠨ ᠬᠤᠪᠢᠰᠬᠠᠯ ᠡᠭᠦᠰᠴᠦ ᠤᠷᠢᠳᠤ ᠶ᠋ᠢᠨ ᠮᠠᠨᠳᠤᠬᠤ ᠠᠷᠭ᠎ᠠ ᠬᠦᠴᠦᠨ ᠦᠭᠡᠢ ᠪᠣᠯᠵᠤ᠂ ᠠᠮᠢᠳᠤ ᠬᠣᠷᠢᠭᠳᠠᠯ ᠤ᠋ᠨ ᠭᠡᠷᠡᠴᠢ ᠪᠣᠯᠤᠭᠰᠠᠨ ᠠ᠋ᠴᠠ ᠦᠬᠦᠭᠰᠡᠨ ᠶᠠᠯᠠᠲᠠᠨ ᠢ᠋ ᠳᠡᠷᠡᠯᠡᠭᠰᠡᠨ ᠨᠢ ᠳᠡᠭᠡᠷ᠎ᠡ ᠭᠡᠵᠦ ᠭᠠᠷ ᠬᠦᠷᠦᠭᠰᠡᠨ ᠬᠥᠮᠦᠨ ᠢ᠋ᠶ᠋ᠡᠨ ᠬᠣᠷᠣᠭᠠᠵᠤ᠂ ᠠᠯᠤᠰ ᠬᠢᠵᠠᠭᠠᠷ ᠤᠷᠭᠤᠨ ᠵᠠᠢᠯᠠᠭᠠᠳ ᠂ ᠭᠡᠷᠡᠴᠢ ᠲᠠᠲᠠᠵᠤ ᠂ ᠳᠠᠭᠠᠭᠤᠯᠢ ᠬᠢᠬᠦ ᠬᠠᠷᠭᠢᠰ ᠹᠧᠣᠳᠠᠯ ᠲᠦᠰᠢᠮᠡᠳ ᠢ᠋ ᠣᠷᠣ ᠰᠤᠷᠠᠭ ᠦᠭᠡᠢ ᠪᠣᠯᠤᠭᠰᠠᠨ ᠬᠣᠢᠨ᠎ᠠ ᠳᠠᠬᠢᠨ ᠬᠣᠲᠠ ᠣᠷᠣᠵᠤ ᠢᠷᠡᠭᠡᠳ ᠡᠨᠡ ᠳᠡᠯᠭᠡᠭᠦᠷ ᠦ᠋ᠨ ᠮᠠᠨᠠᠭᠠᠴᠢ ᠂ ᠭᠤᠨᠢ ᠪᠡᠶ᠎ᠡ ᠭᠣᠵᠣᠩ ᠲᠣᠯᠣᠭᠠᠢ ᠶᠠᠳᠠᠭᠤ ᠬᠥᠮᠦᠨ ᠦ᠌ ᠳᠦᠷᠢ ᠪᠡᠷ ᠬᠠᠷ᠎ᠠ ᠠᠮᠢ ᠪᠠᠨ ᠬᠠᠭᠠᠴᠠᠢᠯᠠᠵᠤ ᠶᠠᠪᠤᠭᠰᠠᠨ ᠪᠦᠬᠦ ᠶᠠᠪᠤᠳᠠᠯ ᠨᠢ ᠬᠠᠷᠠᠩᠭᠤᠢ ᠰᠥᠨᠢ ᠠᠭᠱᠠᠨ ᠵᠠᠭᠤᠷ᠎ᠠ ᠭᠢᠯᠠᠰᠬᠢᠬᠦ ᠴᠠᠬᠢᠯᠭᠠᠨ ᠤ᠋ ᠭᠡᠷᠡᠯ ᠳ᠋ᠦ᠍ ᠣᠷᠴᠢᠨ ᠲᠣᠭᠣᠷᠢᠨ ᠤ᠋ ᠬᠠᠮᠤᠭ ᠶᠠᠭᠤᠮ᠎ᠠ ᠦᠵᠡᠭᠳᠡᠳᠡᠭ ᠲᠡᠢ ᠠᠳᠠᠯᠢ ᠮᠠᠨᠠᠭᠠᠴᠢ ᠶ᠋ᠢᠨ ᠰᠡᠳᠬᠢᠯ ᠳ᠋ᠦ᠍ ᠲᠣᠪ ᠲᠣᠳᠣᠷᠬᠠᠢ ᠤᠷᠭᠤᠵᠠᠢ᠃ 
       ᠰᠦᠷᠲᠡᠢ ᠵᠢᠭᠰᠠᠭᠠᠯ ᠡᠮᠦᠨᠡᠭᠦᠷ ᠨᠢ ᠴᠤᠪᠤᠭᠰᠠᠭᠠᠷ᠂ ᠴᠥᠮ ᠥᠪᠡᠷ ᠲᠤᠨᠢ ᠣᠷᠣᠭᠤᠯᠵᠤ ᠵᠣᠳᠣᠭᠤᠯᠤᠭᠰᠠᠨ ᠴᠢᠰᠤ ᠨᠥᠵᠢ ᠪᠡᠨ ᠴᠤᠪᠤᠷᠠᠭᠤᠯᠤᠭᠰᠠᠨ ᠬᠥᠮᠦᠨ ᠪᠠᠲᠤ ᠬᠦᠩ ᠳ᠋ᠦ᠍ ᠦᠬᠦᠭᠰᠡᠨ ᠬᠥᠮᠦᠨ ᠰᠢᠷ᠎ᠠ ᠬᠠᠳᠠ ᠳ᠋ᠤ᠌ ᠫᠤᠤᠳᠠᠭᠤᠯᠤᠭᠰᠠᠨ ᠬᠥᠮᠦᠨ ᠴᠤᠪᠤᠵᠤ᠂ ᠨᠢᠭᠡ ᠬᠠᠷᠠᠲᠠᠯ᠎ᠠ ᠮᠠᠨᠠᠭᠠᠴᠢ ᠶ᠋ᠢᠨ ᠲᠥᠷᠥᠭᠰᠡᠨ ᠡᠬᠡ ᠨᠢ ᠬᠦᠦ ᠶ᠋ᠢᠨ ᠶᠣᠰᠣᠨ ᠪᠤᠰᠤ ᠠ᠋ᠴᠠ ᠵᠢᠭᠰᠢᠨ ᠢᠴᠢᠭᠰᠡᠨ ᠰᠢᠨᠵᠢᠲᠡᠢ ᠂ ᠲᠡᠷᠡ ᠣᠯᠠᠨ ᠤ᠋ ᠳᠤᠮᠳᠠ ᠪᠤᠷᠤᠭᠤ ᠬᠠᠷᠠᠨ᠂ ᠵᠢᠷᠭᠤᠭᠠᠲᠠᠢ ᠲᠠᠶᠠᠭ ᠢ᠋ᠶ᠋ᠠᠨ ᠲᠤᠭ ᠲᠤᠭ ᠲᠤᠯᠵᠤ ᠬᠥᠯ ᠢ᠋ᠶ᠋ᠡᠨ ᠴᠢᠷᠦᠨ ᠶᠠᠪᠤᠭᠰᠠᠨ ᠢ᠋ᠶ᠋ᠠᠨ ᠲᠠᠶᠠᠭ ᠢ᠋ᠶ᠋ᠠᠷ ᠢ᠋ᠶ᠋ᠠᠨ ᠬᠦᠦ ᠶ᠋ᠢᠨ ᠥᠭᠡᠳᠡ ᠡᠴᠡ ᠴᠢᠴᠢᠨ ᠮᠠᠭᠤᠬᠠᠢ ᠬᠠᠷᠠᠭᠠᠳ ᠥᠩᠭᠡᠷᠡᠬᠦ  ᠰᠢᠭ ᠪᠣᠯᠤᠯ᠎ᠠ᠃  
       ᠪᠢᠳᠡ ᠬᠡᠪᠲᠦ ᠶᠣᠰᠣᠨ ᠤ᠋ ᠦᠶ᠎ᠡ ᠳ᠋ᠦ᠍ ᠴᠢᠮ᠎ᠠ ᠳ᠋ᠤ᠌ ᠲᠠᠮᠤᠯᠠᠭᠤᠯᠵᠤ᠂ ᠬᠢᠯᠢᠰ ᠢ᠋ᠶ᠋ᠡᠷ ᠪᠠᠲᠤ ᠬᠦᠩ ᠳ᠋ᠦ᠍ ᠳᠥᠩᠭᠡᠯᠡᠭᠡᠰᠦᠲᠡᠢ ᠦᠬᠦᠭᠰᠡᠨ ᠭᠡᠵᠦ ᠨᠢᠭᠡ ᠡᠪᠦᠭᠡᠨ ᠬᠠᠨᠢᠶᠠᠨ ᠬᠠᠨᠢᠶᠠᠭᠰᠠᠭᠠᠷ ᠮᠠᠨᠠᠭᠠᠴᠢ ᠶ᠋ᠢᠨ ᠬᠠᠵᠠᠭᠤ ᠪᠠᠷ ᠥᠩᠭᠡᠷᠡᠨ ᠭᠠᠷᠬᠤ ᠳ᠋ᠠᠭᠠᠨ ᠮᠠᠩᠭ᠎ᠠ ᠳ᠋ᠣᠣ ᠂ ᠮᠠᠨ ᠢ᠋ ᠲᠠᠨᠢᠵᠤ ᠪᠠᠢᠨ᠎ᠠ ᠤᠤ ᠭᠡᠵᠦ ᠮᠡᠩᠭᠡᠷ ᠢ᠋ᠶ᠋ᠡᠨ ᠬᠡᠷᠴᠢᠭᠢᠨᠡᠭᠦᠯᠦᠨ ᠥᠩᠭᠡᠷᠡᠯ᠎ᠡ᠃ ᠬᠦᠷᠳᠦᠨ ᠳᠣᠣᠷ᠎ᠠ ᠦᠬᠦᠭᠰᠡᠨ ᠴᠢᠪᠠᠭᠠᠨᠴᠠ ᠨᠢ ᠪᠤᠷᠤᠭᠤ ᠬᠠᠷᠠᠵᠤ ᠂ ᠬᠣᠶᠠᠷ ᠠᠴᠢ ᠪᠠᠨ ᠳᠠᠭᠠᠭᠤᠯᠤᠨ ᠭᠠᠷᠬᠤ ᠳ᠋ᠤ᠌ ᠄  
       —ᠨᠠᠮ᠎ᠠ ᠶ᠋ᠢ ᠵᠢᠭᠰᠢᠨ᠂ ᠪᠤᠷᠤᠭᠤ ᠬᠠᠷᠠᠵᠤ ᠶᠠᠪᠤᠬᠤ ᠲᠠᠨᠢ ᠲᠦᠮᠡᠨ ᠵᠥᠪ ᠭᠡᠵᠦ ᠮᠠᠨᠠᠭᠠᠴᠢ ᠦᠨᠡᠰᠦᠨ ᠬᠥᠬᠡ ᠤᠷᠤᠭᠤᠯ ᠢ᠋ᠶ᠋ᠠᠷ ᠢ᠋ᠶ᠋ᠠᠨ ᠰᠢᠪᠡᠨᠡᠨ ᠬᠥᠳᠡᠯᠬᠦ ᠲᠡᠩᠬᠡᠭᠡ ᠦᠭᠡᠢ᠂  ᠵᠠᠢᠯᠠᠬᠤ ᠭᠠᠵᠠᠷ ᠦᠭᠡᠢ ᠮᠣᠳᠣᠨ ᠪᠠᠨᠲᠠᠩ ᠳᠡᠭᠡᠷ᠎ᠡ ᠪᠡᠨ ᠬᠠᠳᠠᠭᠠᠰᠤᠲᠠᠢ ᠶᠤᠮ ᠰᠢᠭ᠋ ᠰᠠᠭᠤᠵᠤ ᠠᠷᠢᠬᠢ ᠨᠢ ᠬᠡᠳᠦᠢᠨ ᠭᠠᠷᠴᠤ᠂ ᠤᠬᠠᠭᠠᠨ ᠰᠣᠯᠢᠶ᠎ᠠ ᠲᠠᠢ ᠬᠥᠮᠦᠨ ᠦ᠌ ᠭᠠᠯᠵᠠᠭᠤ ᠨᠢᠳᠦ ᠪᠡᠷ ᠡᠮᠦᠨᠡᠭᠦᠷ ᠨᠢ ᠥᠩᠭᠡᠷᠡᠭᠴᠢ ᠣᠯᠠᠨ ᠤ᠋ ᠵᠦᠭ ᠰᠢᠷᠲᠡᠨ ᠬᠠᠷᠠᠲᠠᠯ᠎ᠠ ᠄  
       — ᠣᠯᠠᠨ᠎ᠠ ᠡᠷᠭᠦᠭᠳᠡᠭᠰᠡᠨ ᠦ᠌ ᠦᠶ᠎ᠡ ᠶ᠋ᠢᠨ ᠬᠥᠮᠦᠨ ᠰᠢᠦ ᠪᠢᠳᠡ ᠭᠡᠵᠦ ᠶᠢᠰᠦᠨ ᠡᠷᠡᠭᠦᠦ ᠲᠤᠭᠤᠯᠤᠭᠰᠠᠨ ᠨᠢᠭᠡᠨ ᠮᠠᠯᠴᠢ ᠡᠷ᠎ᠡ ᠂ ᠪᠡᠶ᠎ᠡ ᠶ᠋ᠢᠨ ᠲᠥᠷᠥᠭᠰᠡᠨ ᠪᠠᠢᠳᠠᠯ ᠴᠢᠭᠢᠷᠠᠭ ᠪᠣᠯᠪᠠᠴᠤ ᠭᠢᠨᠳᠠᠨ ᠳ᠋ᠤ᠌ ᠢᠯᠵᠠᠷᠠᠭᠰᠠᠨ ᠤᠷᠠᠩᠬᠠᠢ ᠬᠤᠪᠴᠠᠰᠤᠨ ᠤ᠋ ᠴᠣᠭᠣᠷᠬᠠᠢ ᠪᠠᠷ ᠡᠷᠡᠭᠦᠦ ᠳ᠋ᠦ᠍ ᠡᠪᠳᠡᠯᠡᠭᠦᠯᠦᠭᠰᠡᠨ ᠪᠠᠭᠠᠲᠤᠷ  ᠬᠦᠳᠡᠷ ᠪᠠᠶᠠᠨ ᠠ᠋ᠴᠠ ᠴᠢᠰᠤ ᠢᠳᠡᠭᠡ ᠴᠤᠪᠤᠷᠠᠭᠤᠯᠤᠨ ᠥᠩᠭᠡᠷᠡᠬᠦ ᠳ᠋ᠦ᠍ ᠮᠠᠨᠠᠭᠠᠴᠢ ᠶ᠋ᠢᠨ ᠪᠦᠬᠦ ᠰᠢᠷ᠎ᠠ ᠦᠰᠦᠨ ᠦ᠌ ᠰᠦᠪᠡ ᠡᠴᠡ ᠬᠦᠢᠲᠡᠨ ᠬᠥᠯᠥᠰᠥ ᠭᠠᠷᠬᠤ ᠰᠢᠭ᠋ ᠪᠣᠯᠵᠤ ᠬᠥᠳᠡᠯᠦᠶ᠎ᠡ ᠬᠥᠳᠡᠯᠵᠦ ᠪᠣᠯᠬᠤ ᠦᠭᠡᠢ ᠂ ᠳᠡᠮᠡᠢ ᠯᠡ ᠄  
       —  ᠳᠠᠷᠤᠭ᠎ᠠ ᠠ᠋ ᠂ ᠬᠣᠷᠰᠢᠶᠠᠨ ᠤ᠋ ᠳᠠᠷᠤᠭ᠎ᠠ ᠠ᠋ ᠂ ᠡᠳᠡᠨᠥᠰ ᠢ᠋ ᠵᠠᠢᠯᠠᠭᠤᠯ  !  ᠬᠥᠶᠢ ᠳᠠᠷᠤᠭ᠎ᠠ ᠠ᠋ ! ᠭᠡᠵᠦ ᠬᠠᠰᠬᠢᠷᠪᠠᠴᠤ ᠲᠡᠷᠡ ᠣᠯᠠᠨ ᠬᠢᠯᠢᠰ ᠶᠠᠯ᠎ᠠ ᠳ᠋ᠤ᠌ ᠤᠨᠠᠭᠰᠠᠨ ᠬᠥᠮᠦᠨ ᠡᠴᠡ ᠣᠨᠳᠣᠣ ᠬᠥᠮᠦᠨ ᠭᠤᠳᠤᠮᠵᠢᠨ ᠳ᠋ᠤ᠌ ᠦᠵᠡᠭᠳᠡᠬᠦ ᠦᠭᠡᠢ᠂ ᠠᠶᠤᠮᠰᠢᠭᠲᠤ ᠴᠤᠪᠤᠭ᠎ᠠ ᠦᠷᠭᠦᠯᠵᠢᠯᠡᠭᠰᠡᠭᠡᠷ ᠰᠡᠭᠦᠯ ᠨᠢ  ᠬᠠᠷᠠᠭᠳᠠᠬᠤ ᠦᠭᠡᠢ᠂ ᠬᠠᠰᠬᠢᠷᠤᠭᠰᠠᠭᠠᠷ ᠮᠠᠨᠠᠭᠠᠴᠢ ᠶ᠋ᠢᠨ ᠬᠣᠭᠣᠯᠠᠢ ᠰᠦᠭᠡᠭᠡᠵᠤ᠂ ᠠᠶᠤᠵᠤ ᠰᠠᠨᠳᠤᠷᠤᠭᠰᠠᠨ ᠨᠢᠳᠦ ᠪᠦᠯᠲᠡᠢᠨ ᠳᠤᠬᠤᠨ ᠠ᠋ᠴᠠ ᠨᠢ ᠱᠣᠷᠪᠣᠭ ᠬᠥᠯᠥᠰᠥ ᠨᠢᠳᠦᠨ ᠳ᠋ᠦ᠍ᠨᠢ ᠣᠷᠣᠵᠤ ᠬᠣᠷᠣᠰᠬᠠᠪᠠᠴᠤ ᠭᠠᠷ ᠢ᠋ᠶ᠋ᠠᠨ ᠡᠷᠭᠦᠨ ᠳᠠᠭᠠᠭᠠᠬᠤ ᠦᠭᠡᠢ᠂ ᠳᠡᠮᠡᠢ ᠯᠡ ᠠᠨᠢᠵᠤ ᠬᠠᠷᠠᠵᠤ ᠰᠠᠭᠤᠲᠠᠯ᠎ᠠ ᠭᠠᠮᠢᠩ ᠤ᠋ᠨ ᠦᠶ᠎ᠡ ᠶ᠋ᠢᠨ ᠬᠢᠨ ᠴᠤᠪᠤᠵᠤ ᠭᠠᠷᠪᠠ᠃ ᠵᠠᠷᠢᠮ ᠬᠥᠮᠦᠨ ᠴᠣᠬᠢᠭᠰᠠᠨ ᠢ᠋ᠶ᠋ᠠᠨ ᠲᠠᠨᠢᠵᠤ ᠪᠠᠢᠨ᠎ᠠ ᠤᠤ ᠭᠡᠰᠡᠨ ᠶᠦᠮ ᠰᠢᠭ ᠬᠥᠬᠡ ᠨᠢᠴᠠ ᠪᠣᠯᠤᠭᠰᠠᠨ ᠨᠢᠭᠤᠷ ᠢ᠋ᠶ᠋ᠠᠨ ᠵᠢᠭᠠᠵᠤ ᠥᠩᠭᠡᠷᠡᠨ᠂ ᠵᠠᠷᠢᠮ ᠨᠢ ᠦᠭᠡ ᠳᠠᠭᠤᠨ ᠦᠭᠡᠢ ᠭᠠᠯᠵᠠᠭᠤ ᠬᠥᠮᠦᠨ ᠦ᠌ ᠨᠢᠳᠦ ᠰᠢᠭ ᠠᠶᠤᠮᠠᠷ ᠬᠤᠷᠴᠠ ᠬᠠᠷᠠᠴᠠ ᠲᠠᠢ ᠨᠢᠳᠦ ᠪᠡᠷ ᠢ᠋ᠶ᠋ᠡᠨ ᠮᠠᠨᠠᠭᠠᠴᠢ ᠶ᠋ᠢ ᠰᠢᠷᠳᠡᠨ ᠰᠢᠷᠬ᠎ᠠ ᠪᠣᠯᠤᠭᠰᠠᠨ ᠬᠡᠩᠬᠦᠳᠡᠭ ᠢ᠋ᠶ᠋ᠡᠨ ᠯᠣᠰ ᠯᠣᠰ ᠰᠢᠬᠠᠨ ᠥᠩᠭᠡᠷᠡᠪᠡ᠃ 
       — ᠪᠠᠷᠤᠨ(1) ᠵᠠᠩᠵᠤᠨ ᠤ᠋ ᠦᠶ᠎ᠡ ᠳ᠋ᠦ᠍ ᠪᠢᠳᠡᠨ ᠢ᠋ ᠬᠣᠪᠯᠠᠵᠤ ᠬᠢᠭᠡ ᠦᠭᠡᠢ ᠬᠡᠷᠡᠭ ᠲᠤ ᠲᠦᠮᠡᠨ ᠬᠢᠯᠢᠰ ᠢ᠋ᠶ᠋ᠡᠷ ᠰᠢᠢᠳᠬᠡᠭᠦᠯᠦᠭᠰᠡᠨ ᠰᠢᠦ ᠳᠡ᠃ ᠮᠠᠩᠭᠤᠰ ᠴᠢ ᠭᠡᠵᠦ ᠰᠢᠯᠢᠨ ᠬᠦᠵᠦᠭᠦᠦ ᠪᠡᠷ ᠢ᠋ᠶ᠋ᠡᠨ ᠲᠣᠯᠣᠭᠠᠢ ᠪᠠᠨ ᠬᠠᠭ᠎ᠠ ᠫᠤᠤᠳᠠᠭᠤᠯᠴᠢᠬᠠᠭᠰᠠᠨ ᠬᠣᠶᠠᠷ ᠭᠠᠷ ᠨᠢ ᠠᠷᠤ ᠳ᠋ᠠᠭᠠᠨ ᠬᠦᠯᠢᠶᠡᠰᠦᠲᠡᠢ ᠬᠡᠰᠡᠭ ᠬᠥᠮᠦᠨ ᠴᠤᠪᠤᠨ ᠥᠩᠭᠡᠷᠡᠵᠦ᠄ 
       — ᠡᠭᠦᠨ ᠢ᠋ ᠲᠠᠨᠢᠵᠤ ᠪᠠᠢᠨ᠎ᠠ ᠤᠤ? ᠲᠦᠷᠡᠢ ᠳ᠋ᠦ᠍ ᠴᠢᠨᠢ ᠪᠠᠢᠭ᠎ᠠ ᠴᠢᠨᠦ ᠭᠠᠩᠰᠠᠨ ᠤ᠋ ᠲᠡᠮᠳᠡᠭ ᠭᠡᠵᠦ ᠨᠢᠭᠡ ᠵᠠᠯᠠᠭᠤ ᠡᠷ᠎ᠡ ᠬᠤᠢᠬ᠎ᠠ ᠪᠠᠨ ᠬᠠᠭ᠎ᠠ ᠴᠣᠬᠢᠭᠤᠯᠤᠭᠰᠠᠨ ᠰᠢᠷᠬ᠎ᠠ ᠪᠠᠨ ᠵᠢᠭᠠᠨ᠂ ᠰᠢᠳᠦ ᠦᠭᠡᠢ ᠠᠮᠠ ᠪᠠᠨ ᠠᠩᠭᠠᠢᠬᠤ ᠳ᠋ᠤᠨᠢ ᠡᠷᠡᠭᠦᠦ ᠰᠢᠭᠦᠯᠲᠡ ᠲᠤᠯᠭᠠᠵᠤ ᠰᠢᠲᠦ ᠶ᠋ᠢ ᠨᠢ ᠪᠣᠯᠭᠣ ᠴᠣᠬᠢᠭᠰᠠᠨ ᠢ᠋ᠶ᠋ᠠᠨ ᠰᠠᠨᠠᠭᠠᠳ᠂ ᠮᠠᠨᠠᠭᠠᠴᠢ ᠶ᠋ᠢᠨ ᠵᠤᠯᠠᠢ ᠬᠣᠵᠢᠭᠢᠷ ᠪᠣᠯᠪᠠᠴᠤ ᠰᠢᠯᠢᠨ ᠬᠦᠵᠦᠭᠦᠦ᠂ ᠬᠤᠯᠠᠭᠠᠢ ᠭᠡᠵᠢᠭᠡ ᠶ᠋ᠢᠨ ᠦᠰᠦ ᠨᠢ ᠠᠷᠵᠠᠰ ᠬᠢᠬᠦ ᠰᠢᠭ ᠪᠣᠯᠤᠯ᠎ᠠ᠃ ᠴᠡᠭᠡᠵᠢᠨ ᠪᠡᠶ᠎ᠡ ᠨᠢ ᠨᠢᠴᠦᠭᠦᠨ᠂ ᠳᠠᠯᠤ ᠨᠢᠷᠤᠭᠤᠨ ᠠ᠋ᠴᠠ ᠨᠢ ᠫᠤᠤ ᠶ᠋ᠢᠨ ᠰᠦᠮᠪᠦ ᠳ᠋ᠦ᠍ ᠬᠠᠭ᠎ᠠ ᠴᠣᠬᠢᠭᠤᠯᠤᠭᠰᠠᠨ᠂ ᠠᠩᠭᠠᠢᠨ ᠬᠠᠪᠤᠳᠤᠭᠰᠠᠨ ᠰᠢᠷᠬᠠᠨ ᠠ᠋ᠴᠠ ᠴᠢᠰᠤ ᠴᠤᠪᠤᠷᠠᠭᠰᠠᠨ᠂ ᠤᠯᠠᠢᠰᠬᠠᠭᠰᠠᠨ ᠲᠡᠮᠦᠷ ᠢ᠋ᠶ᠋ᠡᠷ ᠬᠠᠭᠠᠷᠢᠭᠤᠯᠤᠭᠰᠠᠨ ᠬᠡᠩᠬᠦᠳᠡᠭ ᠲᠡᠢ ᠬᠥᠮᠦᠰ ᠦ᠋ᠨ ᠳᠤᠮᠳᠠ ᠪᠠᠷᠤᠨ ᠤ᠋ ᠱᠣᠷᠣᠩ ᠳ᠋ᠤ᠌ ᠮᠠᠩᠭ᠎ᠠ ᠳ᠋ᠣᠣ ᠲᠠᠢᠵᠢ ᠳ᠋ᠤ᠌ ᠪᠠᠢᠴᠠᠭᠠᠯᠭᠠᠵᠤ ᠴᠡᠪᠡᠷ ᠪᠡᠶ᠎ᠡ ᠪᠡᠨ ᠪᠤᠵᠠᠷᠯᠠᠭᠤᠯᠤᠭᠰᠠᠨ᠂ ᠬᠥᠬᠥ ᠪᠡᠨ ᠣᠭᠲᠤᠯᠭᠤᠯᠤᠭᠰᠠᠨ ᠡᠮᠡᠭᠲᠡᠢᠴᠦᠳ ᠦᠰᠦ ᠪᠡᠨ ᠰᠠᠭᠰᠠᠢᠯᠭᠠᠨ ᠴᠢᠰᠤ ᠪᠠᠨ ᠴᠤᠪᠤᠭᠤᠯᠤᠨ ᠥᠩᠭᠡᠷᠡᠵᠦ ᠬᠠᠮᠤᠭ ᠤ᠋ᠨ ᠰᠡᠭᠦᠯ ᠳ᠋ᠦ᠍ ᠪᠠᠷᠣᠨ ᠤ᠋ ᠪᠠᠢᠴᠠᠭᠠᠭᠴᠢ ᠵᠤᠯᠠᠢ ᠳ᠋ᠠᠭᠠᠨ ᠬᠣᠲᠣᠭᠣᠷ ᠬᠠᠪᠴᠢᠭ ᠭᠠᠪᠠᠯᠠ ᠲᠠᠢ ᠭᠡᠳᠡᠭ ᠣᠹᠢᠼᠧᠷ ᠮᠠᠨᠠᠭᠠᠴᠢ ᠶ᠋ᠢᠨ ᠬᠠᠵᠠᠭᠤ ᠪᠠᠷ ᠥᠩᠭᠡᠷᠡᠨ ᠭᠠᠷᠬᠤ ᠳ᠋ᠠᠭᠠᠨ ᠬᠠᠷ᠎ᠠ ᠠᠷᠢᠬᠢᠨ ᠤ᠋ ᠦᠨᠦᠷ ᠬᠠᠩᠬᠤᠯᠤᠨ᠄ 
       — ᠠ ᠴᠢ ᠡᠨᠳᠡ ᠰᠠᠭᠤᠨ᠎ᠠ ᠤᠤ? ᠶᠠᠭᠠᠬᠢᠵᠤ ᠪᠣᠯᠤᠨ᠎ᠠ᠂ ᠲᠠᠨ ᠤ᠋ ᠪᠠ ᠮᠠᠨ ᠤ᠋ ᠠᠵᠢᠯ ᠬᠠᠮᠲᠤ ᠬᠢᠭᠰᠡᠨ ᠬᠠᠮᠲᠤ ᠶᠠᠪᠤᠨ᠎ᠠ  ᠬᠡᠷᠡᠺ ( ᠬᠡᠷᠡᠭ) ᠲᠡᠭᠡᠨ! ᠬᠠ᠂ ᠬᠠ᠂ ᠬᠠ! ᠮᠥᠩᠭᠥ᠂ ᠠᠷᠢᠬᠢ᠂ ᠬᠡᠦᠬᠡᠨ ᠣᠨᠳᠣᠣ ᠶᠠᠭᠤ ᠴᠤ᠌ ᠬᠡᠷᠡᠭ ᠦᠭᠡᠢ ᠪᠠᠢᠭᠰᠠᠨ᠂ ᠠ ᠣᠳᠣ ᠪᠣᠰᠢᠭᠣ ᠶᠠᠪᠤᠨ᠎ᠠ ᠬᠡᠷᠡᠺ ᠬᠡᠷᠡᠭ ᠲᠡᠭᠡᠨ! ᠬᠠ᠂ ᠬᠠ᠂ ᠬᠠ᠂ ᠬᠡᠯᠡ᠂ ᠬᠡᠯᠡ᠂ ᠬᠡᠯᠡ᠂ ᠭᠠᠯ᠂ ᠭᠠᠯ᠂ ᠭᠠᠯ! ᠬᠠ᠂ ᠬᠠ᠂ ᠬᠠ! ᠭᠡᠵᠦ ᠬᠦᠢᠲᠡᠨ ᠢ᠋ᠶ᠋ᠡᠷ ᠢᠨᠢᠶᠡᠵᠦ ᠥᠩᠭᠡᠷᠡᠬᠦ ᠳ᠋ᠦ᠍ᠨᠢ ᠮᠠᠨᠠᠭᠠᠴᠢ ᠶ᠋ᠢᠨ ᠶᠠᠰᠤᠨ ᠤ᠋ ᠬᠢᠨᠢ ᠬᠥᠯᠥᠰᠥ ᠭᠠᠷᠴᠤ ᠨᠢᠳᠦ ᠪᠡᠨ ᠠᠨᠢᠭᠠᠳ ᠬᠡᠴᠢᠨᠡᠭᠡᠨ ᠪᠣᠯᠵᠤ ᠨᠢᠭᠡ ᠬᠠᠷᠠᠬᠤ ᠳ᠋ᠤᠨᠢ ᠭᠠᠰᠢᠭᠤᠳᠠᠯ ᠤ᠋ᠨ ᠬᠥᠭᠵᠢᠮ ᠤᠯᠠᠭᠠᠨ ᠬᠠᠷ᠎ᠠ ᠳᠠᠪᠤᠤ ᠪᠠᠷ ᠴᠢᠮᠡᠭᠰᠡᠨ ᠲᠡᠷᠭᠡᠨ ᠳᠡᠭᠡᠷ᠎ᠡ ᠠᠪᠰᠠ ᠲᠠᠯᠪᠢᠵᠤ᠂ ᠳᠡᠯᠭᠡᠭᠦᠷ ᠦ᠋ᠨ ᠬᠥᠮᠦᠨ ᠬᠠᠨᠴᠤᠢ ᠳ᠋ᠠᠭᠠᠨ ᠪᠡᠯᠪᠡᠰᠦᠷᠡᠯ ᠦ᠋ᠨ ᠤᠯᠠᠭᠠᠨ ᠬᠠᠷ᠎ᠠ ᠳᠠᠪᠤᠤ ᠤᠶᠠᠵᠤ ᠲᠣᠯᠣᠭᠠᠢ ᠪᠥᠬᠥᠢᠨ ᠠᠢᠰᠤᠢ᠂ ᠬᠠᠷᠠᠲᠠᠯ᠎ᠠ ᠠᠪᠰᠠᠨ ᠳ᠋ᠤ᠌ ᠥᠪᠡᠷ ᠦ᠋ᠨ ᠪᠡᠶ᠎ᠡ ᠬᠡᠪᠲᠡᠵᠦ ᠪᠠᠢᠪᠠ᠃ ᠤᠲᠤᠭ᠎ᠠ ᠵᠢᠩᠰᠡ᠂ ᠴᠠᠯᠢᠩ ᠫᠦᠩᠯᠦ᠂ ᠨᠡᠷ᠎ᠡ ᠭᠠᠪᠢᠶᠠᠨ ᠤ᠋ ᠬᠣᠢᠨ᠎ᠠ ᠠ᠋ᠴᠠ ᠪᠠᠳᠠᠷᠠᠭᠤᠯᠲᠤ ᠲᠥᠷᠥ᠂ ᠬᠡᠪᠲᠦ ᠶᠣᠰᠣ᠂ ᠣᠯᠠᠨ᠎ᠠ ᠡᠷᠭᠦᠭᠳᠡᠭᠰᠡᠨ ᠦ᠌ ᠦᠶ᠎ᠡ᠂ ᠭᠠᠮᠢᠩ ᠪᠠᠷᠣᠨ ᠤ᠋ ᠦᠶ᠎ᠡ ᠳ᠋ᠦ᠍ ᠠᠮᠢᠲᠠᠨ ᠢ᠋ ᠬᠢᠯᠢᠰ ᠢ᠋ᠶ᠋ᠡᠷ ᠬᠡᠷᠡᠭ ᠲᠤ ᠬᠢᠵᠦ ᠲᠡᠮᠦᠯᠡᠨ ᠦᠬᠦᠭᠦᠯᠦᠭᠰᠡᠨ ᠬᠥᠮᠦᠨ ᠢ᠋ᠶ᠋ᠡᠨ ᠰᠡᠪ ᠰᠠᠶᠢᠬᠠᠨ ᠤᠷᠳᠤᠭᠤᠷ ᠴᠤᠪᠤᠨ ᠥᠩᠭᠡᠷᠡᠬᠦ ᠳ᠋ᠦ᠍ ᠣᠷᠣᠢᠲᠠᠪᠠᠴᠦ ᠭᠡᠮᠰᠢᠬᠦ ᠰᠡᠳᠬᠢᠯ ᠲᠥᠷᠥᠬᠦ ᠮᠡᠲᠦ ᠭᠤᠳᠤᠷᠠᠨ ᠭᠠᠰᠢᠭᠤᠳᠠᠬᠤ ᠠ᠋ᠴᠠ ᠥᠪᠡᠷ ᠦ᠋ᠨ ᠪᠡᠶ᠎ᠡ ᠶ᠋ᠢ ᠦᠬᠦᠭᠡᠳ ᠣᠷᠣᠰᠢᠭᠤᠯᠵᠤ ᠶᠠᠪᠤᠬᠤ ᠶ᠋ᠢ ᠦᠵᠡᠬᠦ ᠨᠢ ᠪᠦᠷ ᠴᠦ᠍ ᠠᠶᠤᠮᠠᠷ ᠰᠠᠨᠠᠭᠳᠠᠵᠤ᠂ ᠥᠪᠡᠷ ᠦ᠋ᠨ ᠡᠷᠬᠡ ᠦᠭᠡᠢ ᠬᠡᠭᠦᠷ ᠣᠷᠣᠰᠢᠭᠤᠯᠬᠤ ᠭᠠᠵᠠᠷ ᠳᠠᠭᠠᠯᠳᠤᠨ ᠬᠦᠷᠴᠡᠢ᠃ ᠠᠪᠰᠠ ᠬᠢᠬᠦ ᠨᠦᠬᠡᠨ ᠦ᠌ ᠡᠮᠦᠨ᠎ᠡ ᠣᠴᠢᠭᠠᠳ ᠵᠢᠷᠦᠬᠡ ᠨᠢ ᠬᠦᠩᠷᠢ ᠶ᠋ᠢᠨ ᠬᠡᠩᠭᠡᠷᠭᠡ ᠰᠢᠭ ᠬᠡᠩᠬᠦᠳᠡᠭ ᠳᠣᠲᠣᠷ᠎ᠠ ᠲᠦᠩ ᠲᠦᠩ ᠴᠣᠬᠢᠵᠤ ᠪᠠᠢᠬᠤ ᠮᠡᠲᠦ ᠡᠷᠭᠢᠨ ᠲᠣᠭᠣᠷᠢᠨ ᠬᠠᠷᠠᠲᠠᠯ᠎ᠠ᠂ ᠬᠣᠷᠰᠢᠶᠠᠨ ᠤ᠋ ᠠᠯᠪᠠᠨ ᠬᠠᠭᠠᠭᠴᠢᠳ ᠤ᠋ᠨ ᠴᠠᠭᠠᠭᠤᠷ ᠥᠨᠥᠬᠢ ᠲᠦᠷᠦᠭᠦᠨ ᠴᠤᠪᠤᠵᠤ ᠥᠩᠭᠡᠷᠡᠭᠰᠡᠨ ᠬᠢᠯᠢᠰ ᠦᠬᠦᠭᠰᠡᠨ ᠤᠯᠤᠰ ᠠᠵᠤ ᠠᠮᠢᠳᠤᠷᠠᠯ ᠢ᠋ᠶ᠋ᠠᠨ ᠠᠯᠳᠠᠵᠤ ᠵᠣᠪᠠᠨ ᠦᠬᠦᠭᠰᠡᠨ ᠲᠡᠳᠡᠨ ᠦ᠌ ᠠᠷᠤ ᠭᠡᠷ ᠦ᠋ᠨ ᠬᠥᠮᠦᠨ ᠬᠡᠳᠦᠨ ᠳᠠᠪᠬᠤᠷ ᠪᠦᠰᠡᠯᠡᠨ ᠲᠣᠭᠣᠷᠢᠵᠤ ᠵᠣᠭᠰᠣᠵᠤ ᠪᠠᠢᠭ᠎ᠠ ᠨᠢ ᠬᠠᠷᠠᠭᠳᠠᠯ᠎ᠠ᠃ 
       — ᠮᠠᠨ ᠤ᠋ ᠬᠣᠷᠰᠢᠶᠠᠨ ᠳ᠋ᠤ᠌ ᠣᠯᠠᠨ ᠵᠢᠯ ᠮᠠᠨᠠᠭᠠᠴᠢ ᠬᠢᠵᠦ ᠪᠠᠢᠭᠰᠠᠨ ᠰᠢᠳᠤᠷᠭᠤ ᠲᠣᠮᠣᠭ᠎ᠠ ᠲᠠᠢ ᠨᠥᠬᠥᠷ ᠳ᠋ᠣᠣ ᠨᠠᠰᠤᠨ ᠡᠴᠦᠰ ᠪᠣᠯᠤᠭᠰᠠᠨ ᠳ᠋ᠤ᠌ ᠬᠠᠮᠲᠤ ᠠᠯᠪᠠ ᠬᠠᠭᠠᠵᠤ ᠪᠠᠢᠭᠰᠠᠨ ᠠᠵᠢᠯᠴᠢᠨ ᠠᠯᠪᠠᠨ ᠬᠠᠭᠠᠭᠴᠢ ᠪᠢᠳᠡ ᠭᠠᠰᠢᠭᠤᠳᠠᠨ ᠶᠣᠰᠣᠯᠠᠵᠤ᠂ ᠰᠢᠳᠤᠷᠭᠤ ᠵᠢᠳᠬᠦᠯ ᠲᠡᠢ ᠶ᠋ᠢ ᠲᠡᠮᠳᠡᠭᠯᠡᠨ ᠳᠤᠷᠠᠰᠴᠤ ᠪᠠᠢᠨ᠎ᠠ ᠭᠡᠵᠦ ᠳᠡᠯᠭᠡᠭᠦᠷ ᠦ᠋ᠨ ᠨᠢᠭᠡ ᠠᠯᠪᠠᠨ ᠬᠠᠭᠠᠭᠴᠢ ᠶ᠋ᠢ ᠠᠪᠰᠠᠨ ᠤ᠋ ᠡᠮᠦᠨ᠎ᠡ ᠵᠣᠭᠰᠣᠨ ᠦᠭᠡ ᠬᠡᠯᠡᠬᠦ ᠳ᠋ᠦ᠍ ᠲᠡᠷᠡ ᠠᠯᠪᠠᠨ ᠬᠠᠭᠠᠭᠴᠢᠳ ᠤ᠋ᠨ ᠴᠠᠭᠠᠨ᠎ᠠ ᠬᠢᠯᠢᠰ ᠬᠡᠷᠡᠭ ᠲᠤ ᠤᠨᠠᠭᠠᠵᠤ᠂ ᠡᠷᠡᠭᠦᠦ ᠰᠢᠭᠦᠯᠲᠡ ᠲᠤᠯᠭᠠᠵᠤ ᠵᠣᠪᠠᠭᠠᠨ ᠦᠬᠦᠭᠦᠯᠦᠭᠰᠡᠨ ᠮᠠᠩᠭ᠎ᠠ ᠳ᠋ᠣᠣ ᠶ᠋ᠢᠨ ᠥᠪᠡᠷ ᠦ᠋ᠨ ᠭᠠᠷ ᠢ᠋ᠶ᠋ᠠᠷ ᠫᠤᠤᠳᠠᠨ ᠠᠯᠠᠭᠰᠠᠨ ᠭᠡᠮ ᠵᠠᠮ ᠦᠭᠡᠢ ᠣᠯᠠᠨ ᠤ᠋ ᠴᠠᠭᠠᠨ᠎ᠠ ᠠ᠋ᠴᠠ ᠪᠠᠷᠣᠨ ᠤ᠋ ᠵᠠᠨᠳᠠᠯᠴᠢᠨ ᠰᠢᠫᠡᠢᠯᠤ᠋ ᠶ᠋ᠢᠨ ᠬᠠ᠂ ᠬᠠ᠂ ᠬᠠ! ᠪᠢ ᠪᠠ ᠴᠢ ᠬᠠᠮᠲᠤ ᠠᠵᠢᠯ ᠬᠢᠭᠰᠡᠨ᠂ ᠬᠠᠮᠲᠤ ᠡᠨᠳᠡ ᠬᠡᠪᠲᠡᠨ᠎ᠡ᠂ ᠬᠠ᠂ ᠬᠠ᠂ ᠬᠠ! ᠭᠡᠵᠦ ᠬᠦᠢᠲᠡᠨ ᠢ᠋ᠶ᠋ᠡᠷ ᠢᠨᠢᠶᠡᠬᠦ ᠶ᠋ᠢ ᠨᠢ ᠰᠣᠨᠣᠰᠤᠭᠠᠳ ᠬᠠᠮᠤᠭ ᠪᠡᠶ᠎ᠡ ᠨᠢ ᠠᠷᠵᠠᠰᠬᠢᠵᠦ᠄  
       — ᠪᠢ ᠰᠢᠳᠤᠷᠭᠤ ᠬᠥᠮᠦᠨ ᠪᠢᠰᠢ ᠠ᠋᠂ ᠪᠢ ᠣᠯᠠᠨ ᠬᠥᠮᠦᠨ ᠦ᠌ ᠮᠢᠬ᠎ᠠ ᠴᠢᠰᠤ ᠢᠳᠡᠭᠰᠡᠨ ᠮᠠᠩᠭ᠎ᠠ ᠳ᠋ᠣᠣ ᠭᠡᠳᠡᠭ ᠲᠦᠰᠢᠮᠡᠯ ᠠ᠋! ᠭᠡᠵᠦ ᠢᠴᠢᠬᠦ ᠨᠢᠯᠪᠤᠰᠤ ᠨᠢᠳᠦᠨ ᠡᠴᠡ ᠨᠢ ᠭᠣᠭᠣᠵᠢᠨ᠂ ᠬᠠᠷᠠᠴᠠ ᠨᠢ ᠬᠠᠢᠯᠤᠭᠰᠠᠨ ᠲᠤᠭᠤᠯᠭ᠎ᠠ ᠮᠡᠲᠦ ᠲᠦᠯᠡᠵᠦ᠂ ᠪᠢ  ᠰᠢᠳᠤᠷ᠊᠁ ᠭᠡᠳ ᠮᠡᠩᠭᠡᠷ ᠲᠡᠢ ᠴᠡᠭᠡᠵᠢ ᠨᠢ ᠬᠡᠷᠴᠢᠬᠡᠨᠡᠨ ᠣᠢᠴᠢᠬᠤ ᠳ᠋ᠤ᠌᠄
       — ᠮᠠᠨᠠᠭᠠᠴᠢ ᠭᠤᠸᠠᠢ᠂ ᠲᠠ ᠶᠠᠭᠠᠬᠢᠪᠠ ᠠ᠋? ᠭᠡᠳ ᠬᠠᠵᠠᠭᠤ ᠠ᠋ᠴᠠ ᠨᠢ ᠨᠢᠭᠡ ᠬᠥᠮᠦᠨ ᠥᠨᠥ ᠮᠣᠳᠣᠨ ᠪᠠᠨᠲᠠᠩ ᠳᠡᠭᠡᠷ᠎ᠡ ᠨᠢ ᠠᠶᠠᠷᠬᠠᠨ ᠲᠦᠰᠢᠵᠦ ᠰᠠᠭᠤᠯᠭᠠᠬᠤ ᠰᠢᠭ᠋ ᠪᠣᠯᠬᠤ ᠶ᠋ᠢ ᠮᠡᠳᠡᠭᠡᠳ ᠤᠬᠠᠭᠠᠨ ᠪᠠᠯᠠᠷᠳᠠᠨ ᠠᠮᠢᠰᠬᠤᠯ ᠨᠢ ᠲᠠᠰᠤᠷᠠᠵᠠᠢ᠃  

   
 《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠩᠷᠢ ᠡᠵᠢ᠂ ᠠᠯᠲᠠᠨᠵᠢ᠂  ᠴᠤᠯᠮᠤᠨᠲᠤᠶᠠᠭ᠎ᠠ
      ᠬᠢᠨᠠᠭ᠍ᠴᠢ :  ᠴᠤᠯᠮᠤᠨᠲᠤᠶᠠᠭ᠎ᠠ
 
                  2024᠂ 1   ᠰᠠᠷ᠎ᠠ ᠳ᠋ᠤ᠌