ᠴᠠᠭᠠᠨ ᠰᠠᠷ᠎ᠠ ᠪᠠ ᠬᠠᠷ᠎ᠠ ᠨᠢᠯᠪᠤᠰᠤ-ᠳ ᠨᠠᠴᠤᠭᠳᠣᠷᠵᠢЦагаан сар ба хар нулимс- Д.Нацагдорж ᠰᠣᠶᠣᠯ ᠤᠷᠠᠯᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ ᠪᠠ ᠬᠠᠷ᠎ᠠ ᠨᠢᠯᠪᠤᠰᠤ-ᠳ ᠨᠠᠴᠤᠭᠳᠣᠷᠵᠢЦагаан сар ба хар нулимс- Д.Нацагдорж

ᠴᠠᠭᠠᠨ ᠰᠠᠷ᠎ᠠ ᠪᠠ ᠬᠠᠷ᠎ᠠ ᠨᠢᠯᠪᠤᠰᠤ-ᠳ ᠨᠠᠴᠤᠭᠳᠣᠷᠵᠢЦагаан сар ба хар нулимс- Д.Нацагдорж

ᠠᠩᠭᠢᠯᠠᠯ:ᠰᠣᠶᠣᠯ ᠤᠷᠠᠯᠢᠭ
2022-04-19

698

ᠴᠠᠭᠠᠨ ᠰᠠᠷ᠎ᠠ ᠪᠠ ᠬᠠᠷ᠎ᠠ ᠨᠢᠯᠪᠤᠰᠤ

     ᠳ ∙ ᠨᠠᠴᠤᠭᠳᠣᠷᠵᠢ
..... ᠳ᠋ᠤᠭᠠᠷ ᠣᠨ ᠤ᠋ ᠬᠠᠭᠤᠴᠢᠨ ᠤᠯᠠᠷᠢᠯ ᠤ᠋ᠨ ᠠᠷᠪᠠᠨ ᠬᠣᠶᠠᠷ ᠰᠠᠷ᠎ᠠ ᠶ᠋ᠢᠨ ᠭᠤᠴᠢᠨ ᠤ᠋ ᠡᠳᠦᠷ ᠲᠩᠷᠢ ᠴᠡᠯᠮᠡᠭ᠂ ᠨᠠᠷᠠ ᠰᠢᠷᠠᠯᠠᠨ ᠲᠤᠰᠤᠭᠰᠠᠨ ᠦᠨᠡᠬᠡᠷ ᠨᠢᠭᠡ ᠰᠠᠢᠬᠠᠨ ᠡᠳᠦᠷ ᠪᠠᠢᠪᠠ᠃ ᠬᠣᠢᠲᠤ ᠠᠭᠤᠯᠠ ᠶ᠋ᠢᠨ ᠡᠩᠭᠡᠷ ᠢ᠋ᠶ᠋ᠡᠷ ᠲᠤᠩ ᠴᠠᠭᠠᠨ ᠴᠠᠰᠤ ᠭᠢᠯᠲᠠᠭᠠᠨᠠᠨ᠂ ᠲᠡᠭᠦᠨ ᠦ᠌ ᠵᠠᠬ᠎ᠠ ᠰᠡᠵᠢᠭᠦᠷ ᠨᠢ ᠰᠡᠮᠡᠷᠡᠵᠦ ᠣᠷᠣᠵᠤ ᠶᠠᠳᠠᠭᠰᠠᠨ ᠡᠴᠡᠩᠬᠡᠢ ᠲᠤᠷᠠᠩᠬᠠᠢ ᠦᠬᠡᠷ ᠮᠠᠯ ᠤ᠋ᠳ ᠬᠥᠯ ᠳᠡᠭᠡᠷ᠎ᠡ ᠭᠠᠷᠴᠤ᠂ ᠡᠭᠦᠪᠡᠷ ᠲᠡᠭᠦᠪᠡᠷ ᠰᠡᠭᠦᠯ ᠢ᠋ᠶ᠋ᠡᠨ ᠰᠢᠷᠪᠢᠨ ᠶᠠᠪᠤᠵᠠᠭᠠᠳᠠᠭ ᠨᠢ ᠰᠠᠨᠠᠭᠳᠠᠵᠤ᠂ ᠲᠡᠰᠬᠢᠮ᠎ᠡ ᠬᠦᠢᠲᠡᠨ ᠦ᠌ ᠢᠯᠴᠢ ᠬᠠᠷᠢᠭᠠᠳ᠂ ᠬᠠᠪᠤᠷ ᠤ᠋ᠨ ᠰᠠᠢᠬᠠᠨ ᠤᠯᠠᠷᠢᠯ ᠢᠷᠡᠵᠦ ᠪᠠᠢᠭ᠎ᠠ ᠨᠢ ᠮᠡᠳᠡᠭᠳᠡᠨ᠂ ᠬᠡᠳᠦᠢ ᠪᠡᠷ ᠲᠠᠭᠠᠯᠠᠮᠵᠢᠲᠠᠢ ᠰᠠᠢᠬᠠᠨ ᠠᠪᠠᠴᠤ᠂ ᠮᠠᠯᠴᠢᠨ ᠠᠷᠠᠳ ᠤ᠋ᠨ ᠪᠦᠰᠡᠭᠦᠢ ᠴᠠᠷᠮ᠎ᠠ᠂ ᠳᠠᠭᠳᠤᠩ ᠤ᠋ᠨ ᠬᠠᠶᠠᠭᠠᠨ ᠳ᠋ᠤ᠌ ᠵᠣᠭᠰᠣᠵᠤ᠂ ᠰᠡᠳᠬᠢᠯ ᠳ᠋ᠦ᠍ ᠶᠡᠬᠡ ᠯᠡ ᠭᠤᠨᠢᠬᠠᠷᠠᠯᠲᠠᠢ ᠪᠠᠷ ᠡᠯᠳᠡᠪ ᠵᠦᠢᠯ ᠢ᠋ ᠪᠣᠳᠣᠮᠠᠭᠯᠠᠨ ᠤᠷᠲᠤ ᠤᠷᠲᠤ ᠰᠡᠭᠦᠷᠡᠰᠦ ᠠᠯᠳᠠᠨ᠎ᠠ᠃


ᠶᠠᠭᠤ ᠭᠡᠪᠡᠯ᠂ ᠴᠠᠷᠮ᠎ᠠ ᠶ᠋ᠢᠨ ᠨᠤᠲᠤᠭ ᠭᠤᠷᠪᠠᠨ ᠰᠠᠢᠬᠠᠨ ᠤ᠋ ᠥᠪᠥᠷ ᠲᠦ᠍ ᠪᠥᠯᠥᠭᠡ᠃ ᠭᠡᠷ ᠶᠠᠳᠠᠭᠤ ᠲᠤᠯᠠ᠂ ᠡᠴᠢᠭᠡ ᠡᠬᠡ ᠨᠢ ᠲᠡᠭᠦᠨ ᠢ᠋ ᠬᠣᠲᠠ ᠳ᠋ᠤ᠌ ᠢᠯᠡᠭᠡᠵᠦ᠂ ᠳᠠᠭᠳᠤᠩ ᠬᠢ ᠶ᠋ᠢᠨ ᠳ᠋ᠦ᠍ ᠵᠠᠷᠤᠴᠠᠯᠠᠭᠤᠯᠤᠨ ᠰᠠᠭᠤᠯᠭᠠᠭᠰᠠᠭᠠᠷ᠂ ᠭᠤᠷᠪᠠᠨ ᠵᠢᠯ ᠦ᠋ᠨ ᠨᠢᠭᠤᠷ ᠦᠵᠡᠵᠦ ᠪᠠᠢᠭ᠎ᠠ ᠨᠢ ᠡᠨᠡ᠃

ᠳᠠᠭᠳᠤᠩ ᠤ᠋ᠨ ᠠᠵᠢᠯ ᠤ᠋ᠨ ᠶᠡᠬᠡ ᠶ᠋ᠢ ᠬᠡᠯᠡᠬᠦ ᠤᠤ᠂ ᠲᠡᠭᠦᠨ ᠦ᠌ ᠡᠬᠡᠨᠡᠷ ᠦ᠋ᠨ ᠴᠢᠩᠭ᠎ᠠ ᠶ᠋ᠢ ᠬᠡᠯᠡᠬᠦ ᠤᠤ᠂ ᠢᠷᠡᠭᠰᠡᠨ ᠡᠴᠡ ᠬᠣᠢᠰᠢ ᠬᠡᠳᠦᠨ ᠵᠢᠯ ᠦ᠋ᠨ ᠳᠣᠲᠣᠷ᠎ᠠ ᠶᠡᠷᠦ ᠴᠤ᠌ ᠠᠮᠠᠷᠠᠭᠰᠠᠨ ᠦᠭᠡᠢ᠂ ᠪᠡᠶ᠎ᠡ ᠰᠡᠳᠬᠢᠯ ᠦ᠋ᠨ ᠵᠣᠪᠠᠯᠠᠩ ᠢ᠋ ᠴᠠᠳᠲᠠᠯ᠎ᠠ ᠦᠵᠡᠵᠡᠢ᠃ ᠡᠨᠡ ᠵᠠᠪᠰᠠᠷ ᠳᠠᠭᠳᠤᠩ ᠤ᠋ᠨ ᠡᠬᠡᠨᠡᠷ ᠦ᠋ᠨ ᠲᠠᠷᠭᠤᠯᠠᠭᠰᠠᠨ᠂ ᠴᠠᠷᠮ᠎ᠠ ᠶ᠋ᠢᠨ ᠲᠤᠷᠠᠭᠰᠠᠨ ᠬᠣᠶᠠᠷ ᠶᠠᠭ ᠲᠡᠩᠴᠡᠨ᠎ᠡ᠃ ᠢᠯᠠᠩᠭᠤᠶ᠎ᠠ ᠣᠢᠷ᠎ᠠ ᠡᠴᠡ ᠴᠠᠭᠠᠨ ᠰᠠᠷ᠎ᠠ ᠪᠣᠯᠤᠨ᠎ᠠ ᠭᠡᠮᠡᠨ ᠠᠩᠬᠠᠨ ᠤ᠋ ᠬᠡᠳᠦᠨ ᠰᠥᠨᠢ ᠪᠠᠩᠰᠢ ᠬᠢᠵᠦ ᠨᠣᠢᠷ ᠦᠭᠡᠢ ᠬᠣᠨᠣᠪᠠ᠃ ᠳᠠᠷᠠᠭᠠᠬᠢ ᠬᠡᠳᠦᠨ ᠰᠥᠨᠢ ᠶᠠᠭᠤᠮ᠎ᠠ ᠣᠶᠣᠵᠤ ᠦᠷ ᠴᠠᠢᠯᠭᠠᠪᠠ᠃ ᠥᠨᠥ ᠡᠳᠦᠷ ᠦᠷᠭᠡᠯᠡᠨ ᠨᠣᠢᠷᠮᠤᠭᠯᠠᠵᠤ᠂ ᠪᠦᠬᠦᠢ ᠪᠡᠶ᠎ᠡ ᠵᠦᠳᠡᠷᠡᠨ ᠭᠠᠯᠢᠷᠠᠪᠠᠴᠤ᠂ ᠤᠷᠢᠳᠤ ᠨᠤᠲᠤᠭ ᠲᠤ᠌ ᠪᠠᠢᠬᠤ ᠳ᠋ᠠᠭᠠᠨ ᠡᠢᠮᠦ ᠨᠢᠭᠡ ᠰᠠᠢᠬᠠᠨ ᠨᠠᠷᠠ ᠲᠣᠰᠴᠤ᠂ ᠠᠭᠤᠯᠠ ᠲᠠᠯ᠎ᠠ ᠶ᠋ᠢᠨ ᠴᠠᠰᠤ ᠬᠠᠢᠯᠤᠭᠰᠠᠨ ᠬᠠᠪᠤᠷ ᠤ᠋ᠨ ᠰᠠᠢᠬᠠᠨ ᠡᠳᠦᠷ ᠭᠡᠷ ᠦ᠋ᠨ ᠬᠠᠶᠠᠭᠠᠨ ᠳ᠋ᠠᠭᠠᠨ ᠰᠠᠭᠤᠵᠤ᠂ ᠰᠠᠶᠢ ᠲᠥᠷᠥᠭᠰᠡᠨ ᠬᠡᠳᠦᠨ ᠬᠤᠷᠠᠭ᠎ᠠ᠂ ᠢᠰᠢᠭᠡ ᠲᠡᠢ ᠪᠡᠨ ᠨᠠᠭᠠᠳᠤᠨ ᠲᠣᠭᠯᠠᠵᠤ ᠪᠠᠢᠭᠰᠠᠨ ᠨᠢ ᠭᠡᠨᠡᠳᠲᠡ ᠰᠠᠨᠠᠭᠳᠠᠵᠤ᠂ ᠭᠡᠷ ᠣᠷᠣᠨ ᠡᠴᠢᠭᠡ ᠡᠬᠡ᠂ ᠬᠥᠳᠡᠭᠡ ᠨᠤᠲᠤᠭ ᠶᠤᠭᠠᠨ ᠮᠥᠷᠥᠭᠡᠳᠦᠨ ᠤᠢᠳᠬᠠᠷᠯᠠᠵᠤ᠂ ᠰᠡᠳᠬᠢᠯ ᠨᠢ ᠬᠥᠳᠡᠯᠦᠨ ᠪᠠᠢᠭ᠎ᠠ ᠨᠢ ᠡᠨᠡ ᠠᠵᠤᠭᠤ᠃

ᠭᠡᠲᠡᠯ᠎ᠡ ᠳᠠᠭᠳᠤᠩ ᠤ᠋ᠨ ᠡᠬᠡᠨᠡᠷ ᠵᠢᠷᠭᠤᠭᠠᠨ ᠬᠠᠨ᠎ᠠ ᠲᠠᠢ ᠲᠣᠮᠣ ᠭᠡᠭᠴᠢ ᠶ᠋ᠢᠨ ᠴᠠᠭᠠᠨ ᠭᠡᠷ ᠡᠴᠡ ᠭᠠᠷᠴᠤ ᠢᠷᠡᠭᠡᠳ᠂ ᠶᠡᠬᠡ ᠯᠡ ᠬᠦᠢᠲᠡᠨ ᠢ᠋ᠶ᠋ᠡᠷ ᠭᠢᠯᠤᠢᠨ ᠬᠠᠷᠠᠵᠤ᠂ ᠠᠶ᠎ᠠ ᠦᠭᠡᠢ ᠪᠡᠷ ᠵᠠᠩᠳᠤᠷᠤᠨ« ᠴᠢ ᠶᠠᠭᠠᠬᠢᠭᠰᠠᠨ ᠬᠠᠷ᠎ᠠ ᠵᠣᠯᠢᠭ ᠪᠣᠢ? ᠣᠯᠪᠣᠭ ᠬᠡᠪᠢᠰᠦᠨ ᠦ᠌ ᠰᠢᠷᠣᠢ᠂ ᠲᠣᠭᠣᠰᠣ ᠶ᠋ᠢ ᠭᠦᠪᠢᠭᠡᠳ ᠢᠷ᠎ᠡ ᠭᠡᠬᠦ ᠳ᠋ᠦ᠍ ᠡᠨᠳᠡ ᠶᠠᠭᠤ ᠶ᠋ᠢ ᠪᠡᠨ ᠬᠢᠭᠰᠡᠨ ᠮᠠᠭᠤ ᠮᠣᠨᠳᠢ ᠪᠣᠢ? ᠬᠠᠰᠢᠶᠠᠨ ᠤ᠋ ᠬᠣᠭ ᠠᠷᠢᠯᠭᠠᠭᠰᠠᠨ ᠴᠢᠨᠢ ᠡᠨᠡ ᠤᠤ? ᠮᠠᠷᠭᠠᠰᠢ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠭᠡᠭᠴᠢ ᠶ᠋ᠢ ᠮᠡᠳᠡᠵᠦ ᠪᠠᠢᠨ᠎ᠠ ᠤᠤ᠂ ᠦᠭᠡᠢ ᠪᠠᠢᠨ᠎ᠠ ᠤᠤ ᠮᠠᠯ ᠴᠢ» ᠭᠡᠳ ᠲᠤᠤᠵᠤᠤ ᠪᠠᠷ ᠨᠢᠷᠤᠭᠤᠨ ᠳᠤᠮᠳᠠ ᠨᠢᠭᠡ ᠴᠣᠬᠢᠵᠤ ᠠᠪᠤᠭᠠᠳ᠂ ᠠᠭᠤᠷᠯᠠᠨ ᠵᠣᠭᠰᠣᠬᠤ ᠳ᠋ᠤ᠌ ᠴᠠᠷᠮ᠎ᠠ ᠡᠰᠡᠷᠭᠦᠴᠡᠬᠦ ᠠᠷᠭ᠎ᠠ ᠦᠭᠡᠢ ᠲᠤᠯᠠ᠂ «ᠲᠣᠯᠣᠭᠠᠢ ᠡᠪᠡᠳᠦᠭᠡᠳ ᠰᠠᠯᠬᠢᠨ ᠳ᠋ᠤ᠌ ᠵᠣᠭᠰᠣᠭᠰᠠᠨ ᠪᠢᠯᠡ᠂ ᠠᠪᠠᠭᠠᠢ ᠮᠢᠨᠢ» ᠭᠡᠳ ᠬᠠᠵᠠᠭᠤ ᠳ᠋ᠤ᠌ ᠪᠦᠬᠦᠢ ᠲᠣᠮᠣ ᠬᠡᠪᠢᠰ ᠢ᠋ ᠠᠪᠴᠤ᠂ ᠳᠠᠭᠠᠭᠠᠵᠤ ᠶᠠᠳᠠᠨ᠂ ᠴᠠᠰᠤᠨ ᠳᠡᠭᠡᠷ᠎ᠡ ᠰᠡᠭᠰᠦᠷᠦᠨ᠎ᠡ᠃ ᠡᠨᠡ ᠦᠶ᠎ᠡ ᠳ᠋ᠦ᠍ ᠨᠢᠳᠤᠨᠤᠨ ᠵᠢᠯ ᠦ᠋ᠨ ᠪᠠᠷᠢᠭᠤᠯᠤᠭᠰᠠᠨ ᠲᠠᠪᠤᠨ ᠵᠠᠩ ᠤ᠋ᠨ ᠣᠷᠣᠰ ᠪᠠᠢᠰᠢᠩ ᠤ᠋ᠨ ᠴᠣᠩᠬᠣ ᠪᠠᠷ ᠳᠠᠭᠳᠤᠩ ᠤ᠋ᠨ ᠥᠬᠢᠨ ᠮᠢᠳᠤᠭᠮ᠎ᠠ ᠭᠡᠵᠢᠭᠡ ᠦᠰᠦ ᠪᠡᠨ ᠰᠠᠮᠨᠠᠨ᠂ ᠨᠢᠭᠤᠷ ᠲᠤ᠌ ᠪᠠᠨ ᠣᠤ᠎ᠠ ᠡᠩᠭᠡᠰᠬᠡ ᠳᠦᠷᠭᠢᠨ ᠪᠠᠰᠠᠬᠦ ᠰᠢᠨ᠎ᠡ ᠬᠢᠭᠰᠡᠨ ᠪᠣᠷᠣ ᠨᠣᠭᠣᠭᠠᠨ ᠲᠣᠷᠭᠠᠨ ᠳᠡᠪᠡᠯ ᠢ᠋ᠶ᠋ᠡᠨ ᠲᠠᠭᠠᠷᠠᠭᠤᠯᠤᠨ ᠡᠮᠦᠰᠴᠦ ᠪᠠᠢᠬᠤ ᠨᠢ ᠦᠵᠡᠭᠳᠡᠨ᠎ᠡ᠃ ᠪᠠᠢᠰᠢᠩ ᠤ᠋ᠨ ᠳᠣᠲᠣᠷ᠎ᠠ ᠢᠰᠬᠡᠷᠦᠨ ᠳᠠᠭᠤᠯᠠᠵᠤ ᠡᠰᠢ ᠲᠡᠰᠢ ᠰᠡᠯᠡᠭᠦᠴᠡᠬᠦ ᠪᠥᠭᠡᠳ ᠴᠣᠩᠬᠣᠨ ᠤ᠋ ᠪᠢᠴᠢᠬᠠᠨ ᠰᠠᠯᠬᠢᠪᠴᠢ ᠶ᠋ᠢ ᠨᠡᠭᠡᠭᠡᠵᠦ᠂ ᠴᠠᠷᠮ᠎ᠠ ᠶ᠋ᠢ ᠳᠠᠭᠤᠳᠠᠨ᠄
«ᠵᠠᠯᠠᠭᠤ ᠠᠢᠯᠴᠢᠨ ᠡᠷᠡᠴᠦᠳ ᠢᠷᠡᠪᠡᠯ ᠵᠡᠭᠦᠨ ᠲᠠᠰᠤᠯᠭᠠᠨ ᠳ᠋ᠤ᠌ ᠤᠷᠤᠭᠤᠯ» ᠭᠡᠮᠡᠨ ᠪᠠᠰᠠ ᠲᠤᠰᠢᠶᠠᠯ ᠭᠠᠷᠭᠠᠨ᠎ᠠ᠃ ᠴᠠᠷᠮ᠎ᠠ᠂ ᠮᠢᠳᠣᠭᠮ᠎ᠠ ᠶ᠋ᠢᠨ ᠲᠣᠷᠭᠠᠨ ᠳᠡᠪᠡᠯ ᠦ᠋ᠨ ᠥᠩᠭᠡᠨ ᠳ᠋ᠦ᠍ ᠭᠢᠯᠪᠠᠬᠤ ᠳ᠋ᠠᠭᠠᠨ ᠥᠪᠡᠷ ᠦ᠋ᠨ ᠮᠠᠭᠤ ᠤᠷᠠᠩᠬᠠᠢ ᠳᠠᠪᠤᠤ ᠳᠡᠪᠡᠯ ᠤᠷᠤᠭᠤ ᠪᠠᠨ ᠨᠢᠭᠡ ᠬᠠᠷᠠᠭᠠᠳ᠂ ᠮᠢᠳᠣᠭᠮ᠎ᠠ ᠶ᠋ᠢᠨ ᠲᠠᠩᠬᠢᠯᠵᠠᠭᠤᠷ ᠪᠠᠢᠳᠠᠯ ᠢ᠋ ᠥᠪᠡᠷ ᠦ᠋ᠨ ᠡᠨᠡᠯᠦᠯᠲᠡ ᠪᠠᠢᠳᠠᠯ ᠲᠠᠢ ᠪᠠᠷ ᠬᠠᠷᠰᠢᠭᠤᠯᠤᠨ ᠪᠣᠳᠣᠵᠤ᠂ ᠨᠢᠳᠦᠨ ᠦ᠌ ᠪᠡᠨ ᠨᠢᠯᠪᠤᠰᠤ ᠶ᠋ᠢ ᠭᠢᠯᠲᠦᠭᠡᠨᠡᠭᠦᠯᠦᠭᠰᠡᠭᠡᠷ ᠭᠡᠳᠡᠷᠭᠦ ᠣᠳᠴᠤ ᠪᠠᠰᠠ ᠣᠯᠪᠣᠭ ᠵᠢᠷᠢᠮ ᠦ᠋ᠨ ᠲᠣᠭᠣᠰᠣ ᠰᠢᠷᠣᠢ ᠶ᠋ᠢ ᠭᠦᠪᠢᠵᠦ ᠱᠦᠭᠦᠷᠳᠡᠬᠦ ᠶ᠋ᠢᠨ ᠬᠠᠮᠲᠤ ᠴᠠᠭᠠᠨ ᠰᠠᠷ᠎ᠠ ᠶ᠋ᠢᠨ ᠡᠳᠦᠷ ᠮᠠᠨ ᠤ᠋ ᠭᠡᠷ ᠦ᠋ᠨ ᠡᠵᠡᠳ ᠴᠥᠮ ᠰᠠᠢᠬᠠᠨ ᠲᠣᠷᠭ᠎ᠠ ᠳᠤᠷᠳᠤᠩ ᠳᠡᠪᠡᠯ᠂ ᠪᠤᠭᠤ ᠮᠢᠨᠵᠢᠨ ᠮᠠᠯᠠᠭᠠᠢ ᠬᠢᠵᠦ ᠡᠮᠦᠰᠴᠡᠭᠡᠨ᠎ᠡ᠃

ᠡᠯᠳᠡᠪ ᠵᠦᠢᠯ ᠦ᠋ᠨ ᠠᠮᠲᠠᠲᠤ ᠢᠳᠡᠭᠡ ᠪᠠ ᠠᠷᠢᠬᠢ ᠳᠠᠷᠠᠰᠤ ᠶ᠋ᠢ ᠲᠥᠬᠥᠭᠡᠷᠦᠨ ᠢᠳᠡᠵᠦ ᠤᠤᠭᠤᠵᠠᠭᠠᠬᠤ ᠨᠢ ᠶᠠᠮᠠᠷ ᠶᠡᠬᠡ ᠵᠢᠷᠭᠠᠯ ᠪᠣᠢ? ᠲᠡᠢᠨ ᠠᠲᠠᠯ᠎ᠠ ᠪᠢ ᠶᠠᠭᠤᠨ ᠳ᠋ᠤ᠌ ᠢᠩᠭᠢᠵᠦ ᠨᠣᠢᠷ ᠳᠤᠲᠠᠭᠤ᠂ ᠤᠷᠠᠩᠬᠠᠢ ᠳᠡᠪᠡᠯ ᠲᠡᠢ᠂ ᠡᠨᠡᠯᠦᠨ ᠰᠢᠨᠠᠯᠤᠨ ᠶᠠᠪᠤᠨ᠎ᠠ ᠭᠡᠵᠦ ᠪᠣᠳᠣᠪᠠᠴᠤ᠂ ᠨᠠᠷᠢᠨ ᠤᠴᠢᠷ ᠢ᠋ ᠣᠯᠵᠤ ᠡᠰᠡ ᠮᠡᠳᠡᠨ ᠭᠠᠭᠴᠠᠬᠦ ᠮᠢᠳᠤᠭᠮ᠎ᠠ ᠬᠠᠭᠤᠴᠢᠨ ᠳᠡᠪᠡᠯ ᠡᠴᠡ ᠪᠡᠨ ᠨᠢᠭᠡ ᠶ᠋ᠢ ᠨᠠᠳᠠ ᠳ᠋ᠤ᠌ ᠡᠮᠦᠰᠦᠭᠦᠯᠬᠦ ᠪᠢᠵᠡ ᠭᠡᠮᠡᠨ ᠭᠣᠷᠢᠳᠠᠨ᠎ᠠ᠃ ᠳᠡᠪᠢᠰᠬᠡᠷ ᠦ᠋ᠳ ᠢ᠋ ᠴᠡᠪᠡᠷᠯᠡᠵᠦ ᠳᠠᠭᠤᠰᠤᠭᠠᠳ᠂ ᠪᠠᠢᠰᠢᠩ ᠤ᠋ᠨ ᠡᠮᠦᠨᠡᠬᠢ ᠬᠣᠭ ᠢ᠋ ᠠᠷᠤᠭ ᠲᠤ᠌ ᠠᠭᠤᠯᠵᠤ ᠡᠭᠦᠷᠦᠨ᠂ ᠬᠠᠰᠢᠶᠠᠨ ᠤ᠋ ᠬᠠᠭᠠᠯᠭᠠᠨ ᠳ᠋ᠤ᠌ ᠬᠦᠷᠲᠡᠯ᠎ᠡ᠂ ᠭᠠᠳᠠᠨ᠎ᠠ ᠡᠴᠡ ᠫᠦᠰᠡᠨ ᠦ᠌ ᠬᠢᠲᠠᠳ ᠤ᠋ᠳ ᠴᠠᠭᠠᠨ ᠸᠠᠳᠠᠩ ᠲᠠᠢ ᠪᠣᠣᠪᠣ ᠪᠣᠯᠤᠨ ᠪᠡᠯᠡᠭ ᠦ᠋ᠨ ᠵᠦᠢᠯᠡᠰ ᠢ᠋ ᠠᠪᠴᠤ ᠢᠷᠡᠨ᠎ᠡ᠃ ᠵᠥᠷᠢᠵᠦ ᠭᠠᠷᠬᠤ ᠳ᠋ᠤ᠌ ᠨᠢ ᠲᠡᠳᠡᠭᠡᠷ ᠬᠢᠲᠠᠳ ᠤ᠋ᠳ᠄ «ᠠᠢ ᠲᠠᠨ ᠤ᠋ ᠰᠣᠬᠣᠷᠠᠭᠰᠠᠨ᠂ ᠨᠠᠷᠢᠨ ᠶᠠᠭᠤᠮᠠᠨ ᠳᠡᠭᠡᠷ᠎ᠡ ᠶᠠᠭᠤᠨ ᠳ᠋ᠤ᠌ ᠬᠣᠭ ᠪᠤᠷᠲᠠᠭ ᠭᠣᠭᠣᠵᠢᠭᠤᠯᠤᠭᠰᠠᠨ ᠪᠠᠢᠨ᠎ᠠ! ᠠᠢ ᠮᠠᠩᠭᠤᠤ ᠵᠣᠯᠢᠭ ᠠ» ᠭᠡᠵᠦ ᠪᠠᠰᠠ ᠵᠠᠩᠳᠤᠷᠤᠨ ᠬᠠᠷᠢᠶᠠᠨ᠎ᠠ᠃ ᠠᠶ᠎ᠠ᠂ ᠴᠠᠷᠮ᠎ᠠ ᠶ᠋ᠢ ᠨᠣᠶᠠᠯᠠᠬᠤ ᠬᠥᠮᠦᠨ ᠶᠠᠭᠠᠬᠢᠭᠰᠠᠨ ᠣᠯᠠᠨ ᠪᠢᠯᠡ᠃ ᠬᠣᠭ ᠢ᠋ ᠭᠠᠳᠠᠨ᠎ᠠ ᠠᠰᠬᠠᠭᠠᠳ ᠢᠷᠡᠪᠡᠯ᠂ ᠮᠢᠳᠤᠭᠮ᠎ᠠ ᠪᠠᠰᠠ ᠳᠠᠭᠤᠳᠠᠵᠤ᠄ « ᠨᠢᠭᠤᠷ ᠤ᠋ᠨ ᠤᠰᠤ ᠠᠰᠬ᠎ᠠ» ᠭᠡᠨ᠎ᠡ᠃

ᠦᠳᠡ ᠥᠩᠭᠡᠷᠡᠭᠰᠡᠨ ᠦ᠌ ᠬᠣᠢᠨ᠎ᠠ ᠲᠦᠯᠡᠭᠡ ᠬᠢᠷᠥᠭᠡᠳᠡᠬᠦ ᠬᠡᠷᠡᠭᠲᠡᠢ ᠪᠣᠯᠪᠠ᠃ ᠭᠠᠭᠴᠠᠭᠠᠷ ᠶᠠᠳᠠᠵᠤ ᠪᠠᠢᠲᠠᠯ᠎ᠠ᠂ ᠪᠠᠷᠠᠭᠤᠨ ᠬᠠᠮᠠᠷ ᠤ᠋ᠨ ᠠᠢᠯ ᠳ᠋ᠤ᠌ ᠮᠣᠷᠢ ᠤᠰᠤᠯᠠᠳᠠᠭ ᠵᠠᠯᠠᠭᠤ ᠬᠥᠪᠡᠭᠦᠨ ᠴᠦᠯᠲᠦᠮ ᠬᠠᠰᠢᠶᠠᠨ ᠤ᠋ ᠵᠠᠪᠰᠠᠷ ᠢ᠋ᠶ᠋ᠠᠷ ᠲᠡᠭᠦᠨ ᠢ᠋ ᠳᠠᠭᠤᠳᠠᠪᠠ᠃ ᠴᠦᠯᠲᠦᠮ᠂ ᠴᠠᠷᠮ᠎ᠠ ᠡᠨᠡ ᠬᠣᠶᠠᠷ ᠠᠢᠯ ᠤ᠋ᠨ ᠵᠠᠷᠤᠴᠠ ᠪᠣᠯᠤᠭᠰᠠᠨ ᠤ᠋ ᠭᠠᠪᠢᠶ᠎ᠠ ᠪᠠᠷ ᠳᠣᠲᠣᠨᠣ ᠲᠠᠨᠢᠯᠴᠠᠵᠤ ᠠᠮᠠᠷᠠᠭᠯᠠᠭᠰᠠᠨ ᠪᠣᠯᠪᠠᠴᠤ᠂ ᠭᠡᠷ ᠦ᠋ᠨ ᠡᠵᠡᠳ᠂ ᠳᠣᠣᠷᠠᠲᠤ ᠬᠥᠮᠦᠰ ᠵᠢᠷᠭᠠᠯ ᠮᠡᠳᠡᠳᠡᠭ ᠦᠭᠡᠢ᠂ ᠶᠠᠳᠠᠭᠤ ᠬᠥᠮᠦᠨ ᠳ᠋ᠦ᠍ ᠢᠨᠠᠭ ᠪᠠᠢᠳᠠᠭ ᠦᠭᠡᠢ ᠭᠡᠵᠦ ᠲᠡᠷᠡ ᠬᠣᠶᠠᠷ ᠢ᠋ ᠡᠯᠡᠭᠯᠡᠨ ᠨᠠᠭᠠᠳᠬᠤ ᠪᠠ ᠱᠣᠭᠣᠪᠲᠣᠷᠯᠠᠨ ᠵᠠᠩᠨᠠᠵᠤ᠂ ᠤᠴᠠᠷᠠᠭᠤᠯᠳᠠᠭ ᠦᠭᠡᠢ ᠪᠥᠯᠥᠭᠡ᠃

ᠲᠡᠭᠦᠨ ᠡᠴᠡ ᠰᠠᠨᠠᠮᠰᠠᠷ ᠦᠭᠡᠢ ᠬᠠᠭᠠᠯᠭᠠᠨ ᠤ᠋ ᠳᠡᠷᠭᠡᠳᠡ ᠲᠤᠰ ᠬᠥᠮᠦᠨ ᠢᠷᠡᠬᠦ ᠳ᠋ᠦ᠍ ᠮᠢᠳᠤᠭᠮ᠎ᠠ ᠴᠣᠩᠬᠣ ᠪᠠᠷ ᠥᠪᠡᠷ ᠦ᠋ᠨ ᠬᠠᠨᠢᠯᠠᠭᠰᠠᠨ ᠨᠢᠭᠡ ᠵᠠᠯᠠᠭᠤ ᠡᠷ᠎ᠡ ᠶ᠋ᠢ ᠲᠠᠨᠢᠭᠠᠳ᠂ ᠬᠤᠷᠳᠤᠯᠠᠨ ᠭᠠᠷᠴᠤ᠂ ᠲᠡᠭᠦᠨ ᠢ᠋ ᠣᠷᠣᠭᠤᠯᠤᠨ ᠬᠠᠮᠲᠤ ᠪᠠᠷ ᠬᠥᠲᠥᠯᠦᠯᠴᠡᠨ᠂ ᠢᠨᠢᠶᠡᠯᠳᠦᠨ ᠬᠥᠬᠥᠷᠡᠯᠳᠦᠨ ᠬᠣᠢᠲᠤ ᠪᠠᠢᠰᠢᠩ ᠤ᠋ᠨ ᠵᠦᠭ ᠣᠳᠬᠤ ᠶ᠋ᠢᠨ ᠵᠠᠭᠤᠷ᠎ᠠ ᠴᠠᠷᠮ᠎ᠠ ᠶ᠋ᠢ ᠦᠵᠡᠭᠡᠳ᠄ « ᠶᠠᠭᠠᠬᠢᠵᠤ ᠪᠠᠢᠭ᠎ᠠ ᠴᠢᠨᠢ ᠡᠨᠡ ᠪᠣᠢ?» ᠭᠡᠵᠦ ᠱᠣᠭᠣᠪᠲᠣᠷᠯᠠᠨ ᠬᠡᠯᠡᠭᠡᠳ ᠣᠳᠬᠤ ᠳᠠᠭᠤ ᠶ᠋ᠢ ᠳᠠᠭᠳᠤᠩ ᠤ᠋ᠨ ᠡᠬᠡᠨᠡᠷ ᠰᠣᠨᠣᠰᠤᠭᠰᠠᠨ ᠳᠠᠷᠤᠢ᠂ ᠭᠡᠷ ᠦ᠋ᠨ ᠡᠭᠦᠳᠡ ᠶ᠋ᠢ ᠴᠢᠩᠭ᠎ᠠ ᠬᠠᠶᠠᠨ ᠭᠠᠷᠴᠤ ᠢᠷᠡᠭᠡᠳ᠄ 《ᠴᠢ ᠶᠠᠭᠠᠬᠢᠭᠰᠠᠨ ᠵᠣᠯᠢᠭ ᠪᠣᠢ᠂ ᠲᠦᠯᠡᠭᠡ ᠪᠡᠨ ᠬᠢᠷᠥᠭᠡᠳᠡᠬᠦ ᠦᠭᠡᠢ᠂ ᠶᠠᠭᠠᠬᠢᠭᠰᠠᠨ ᠮᠣᠨᠳᠢ ᠪᠣᠢ》 ᠭᠡᠵᠦ ᠵᠠᠩᠳᠤᠷᠤᠨ᠎ᠠ᠃ ᠡᠭᠦᠨ ᠳ᠋ᠦ᠍ ᠴᠠᠷᠮ᠎ᠠ ᠨᠢᠭᠡ ᠤᠬᠠᠭᠠᠨ ᠣᠯᠵᠤ ᠄ 《ᠪᠢ ᠭᠠᠭᠴᠠᠭᠠᠷ ᠬᠢᠷᠥᠭᠡᠳᠡᠬᠦ ᠳ᠋ᠦ᠍ ᠤᠳᠠᠭᠠᠨ ᠪᠥᠭᠡᠳ ᠥᠭᠡᠷ᠎ᠡ ᠠᠵᠢᠯ ᠰᠠᠭᠠᠳᠬᠤ ᠲᠤᠯᠠ ᠴᠦᠯᠲᠦᠮ ᠢ᠋ ᠲᠤᠰᠠᠯᠠᠯᠴᠠᠬᠤ ᠶ᠋ᠢ ᠭᠤᠶᠤᠭᠰᠠᠨ ᠪᠢᠯᠡ》ᠭᠡᠬᠦ ᠳ᠋ᠦ᠍ ᠳᠠᠭᠳᠤᠩ ᠤ᠋ᠨ ᠡᠬᠡᠨᠡᠷ ᠠᠷᠭ᠎ᠠ ᠦᠭᠡᠢ ᠠᠵᠢᠯ ᠢ᠋ᠶ᠋ᠠᠨ ᠪᠣᠳᠣᠵᠤ ᠄ 《ᠲᠡᠭᠡᠪᠡᠯ ᠲᠠ ᠬᠣᠶᠠᠭᠤᠯᠠ ᠪᠣᠰᠢᠭᠣ ᠬᠢᠷᠥᠭᠡᠳᠡᠬᠦ ᠦᠭᠡᠢ ᠶᠠᠭᠠᠬᠢᠭᠰᠠᠨ ᠶᠤᠮ ᠪᠣᠢ》 ᠭᠡᠳ ᠭᠡᠷ ᠲᠦ᠍ ᠣᠷᠣᠪᠠ᠃ ᠵᠠᠪᠰᠢᠶᠠᠨ ᠢ᠋ᠶ᠋ᠠᠷ ᠴᠦᠯᠲᠦᠮ᠂ ᠳᠠᠭᠳᠤᠩ ᠤ᠋ᠨ ᠠᠯᠲᠠᠨ ᠪᠣᠱᠣᠭ᠎ᠠ ᠶ᠋ᠢ ᠠᠯᠬᠤᠨ ᠣᠷᠣᠵᠤ ᠢᠷᠡᠭᠡᠳ᠂ ᠴᠠᠷᠮ᠎ᠠ ᠶ᠋ᠢᠨ ᠬᠠᠮᠲᠤ ᠲᠦᠯᠡᠭᠡ ᠬᠢᠷᠥᠭᠡᠳᠡᠨ᠎ᠡ᠃

ᠦᠳᠡᠰᠢ ᠶ᠋ᠢᠨ ᠨᠠᠷᠠᠨ ᠰᠢᠩᠭᠡᠬᠦ ᠦᠶ᠎ᠡ ᠪᠣᠯᠤᠭᠠᠳ ᠡᠳᠦᠷ ᠦ᠋ᠨ ᠰᠠᠢᠬᠠᠨ ᠠᠭᠠᠷ ᠥᠭᠡᠷᠡᠴᠢᠯᠡᠭᠳᠡᠵᠦ᠂ ᠰᠡᠪᠰᠡᠭᠡᠷ ᠴᠠᠰᠤ ᠬᠡᠰᠡᠭ ᠬᠡᠰᠡᠭ ᠢ᠋ᠶ᠋ᠡᠷ ᠬᠠᠶᠠᠯᠠᠬᠤ ᠶ᠋ᠢᠨ ᠳᠤᠮᠳᠠ ᠴᠦᠯᠲᠦᠮ᠂ ᠴᠠᠷᠮ᠎ᠠ ᠬᠣᠶᠠᠷ ᠲᠦᠯᠡᠭᠡ ᠬᠢᠷᠥᠭᠡᠳᠡᠬᠦ ᠳᠠᠭᠤ ᠬᠢᠬᠤᠨᠠᠨ ᠴᠢᠬᠠᠨᠠᠬᠤ ᠨᠢ ᠬᠠᠯᠠᠭᠤᠨ ᠪᠠᠢᠰᠢᠩ ᠤ᠋ᠨ ᠳᠣᠲᠣᠷ᠎ᠠ ᠮᠢᠳᠤᠭᠮ᠎ᠠ ᠵᠠᠯᠠᠭᠤ ᠡᠷ᠎ᠡ ᠶ᠋ᠢᠨ ᠬᠠᠮᠲᠤ ᠨᠠᠭᠠᠳᠬᠤ ᠱᠠᠩᠵᠠᠨ ᠤ᠋ ᠠᠶᠠᠯᠭᠤ ᠯᠤᠭ᠎ᠠ ᠬᠤᠳᠬᠤᠯᠳᠤᠬᠤ ᠳ᠋ᠤ᠌ ᠬᠡᠳᠦᠢ ᠪᠡᠷ ᠤᠢᠳᠬᠠᠷᠲᠠᠢ ᠪᠣᠯᠪᠠᠴᠤ᠂ ᠬᠦᠢᠲᠡᠨ ᠳ᠋ᠦ᠍ ᠴᠢᠮᠴᠢᠩᠨᠡᠭᠰᠡᠨ ᠬᠤᠷᠤᠭᠤ ᠶ᠋ᠢ ᠪᠡᠨ ᠬᠠᠶᠠ ᠨᠢᠭᠡ ᠠᠮᠠᠨ ᠳ᠋ᠠᠭᠠᠨ ᠬᠢᠵᠦ 《ᠠᠬᠤ》ᠭᠡᠵᠦ ᠠᠮᠢᠰᠬᠤᠭᠠᠳᠠᠨ ᠳᠤᠯᠠᠭᠠᠴᠠᠭᠤᠯᠵᠤ ᠬᠣᠶᠠᠷ ᠰᠡᠳᠬᠢᠯ ᠦ᠋ᠨ ᠦᠭᠡᠰ ᠢ᠋ ᠶᠠᠷᠢᠯᠴᠠᠨ᠂ ᠵᠣᠪᠠᠯᠠᠩ ᠤ᠋ᠨ ᠭᠦᠨ ᠢ᠋ ᠨᠢᠭᠡ᠂ ᠬᠣᠶᠠᠷ ᠨᠠᠭᠠᠳᠤᠮ ᠲᠣᠬᠣᠭᠤ ᠪᠠᠷ ᠬᠠᠭᠤᠷᠤᠨ ᠥᠩᠭᠡᠷᠡᠭᠦᠯᠬᠦ ᠨᠢ ᠶᠠᠭᠤᠲᠠᠢ ᠠᠶᠠᠲᠠᠢ ᠪᠢᠯᠡ᠃ ᠴᠠᠷᠮ᠎ᠠ᠂ ᠭᠡᠷ ᠦ᠋ᠨ ᠡᠵᠡᠳ ᠭᠣᠶᠣ ᠬᠤᠪᠴᠠᠰᠤ ᠦᠢᠯᠡᠳᠴᠦ ᠪᠠᠢᠭ᠎ᠠ ᠪᠠ ᠡᠯᠳᠡᠪ ᠵᠦᠢᠯ ᠦ᠋ᠨ ᠠᠮᠲᠠᠲᠤ ᠢᠳᠡᠭᠡ ᠪᠡᠯᠡᠳᠬᠡᠵᠦ ᠪᠠᠢᠭ᠎ᠠ ᠶ᠋ᠢ ᠲᠣᠭᠠᠴᠢᠨ᠂ ᠥᠪᠡᠷ ᠦ᠋ᠨ ᠪᠠᠢᠳᠠᠯ ᠢ᠋ ᠶᠠᠷᠢᠬᠤ ᠳ᠋ᠤ᠌ ᠴᠦᠯᠲᠦᠮ ᠮᠥᠨ ᠥᠪᠡᠷ ᠦ᠋ᠨ ᠡᠵᠡᠳ᠂ ᠵᠢᠷᠣᠭ᠎ᠠ ᠮᠣᠷᠢ ᠵᠡᠷᠭᠡ ᠶ᠋ᠢ ᠬᠥᠳᠡᠭᠡᠨ ᠡᠴᠡ ᠠᠪᠴᠢᠷᠠᠭᠤᠯᠤᠭᠰᠠᠨ ᠢ᠋ ᠶᠠᠷᠢᠬᠤ ᠶ᠋ᠢᠨ ᠬᠠᠮᠲᠤ ᠬᠠᠮᠢᠭ᠎ᠠ ᠡᠴᠡ ᠣᠯᠤᠭᠰᠠᠨ ᠢ᠋ ᠮᠡᠳᠡᠬᠦ ᠦᠭᠡᠢ ᠡᠪᠦᠷ ᠡᠴᠡ ᠪᠡᠨ ᠨᠢᠭᠡ ᠤᠯᠴᠠᠭᠠᠷ ᠳᠤᠷᠳᠤᠩ ᠠᠯᠴᠢᠭᠤᠷ ᠭᠠᠷᠭᠠᠵᠤ ᠥᠭᠬᠦ ᠳ᠋ᠦ᠍ ᠨᠢ ᠴᠠᠷᠮ᠎ᠠ ᠶ᠋ᠢᠨ ᠳᠣᠲᠣᠷ᠎ᠠ ᠮᠢᠳᠣᠭᠮ᠎ᠠ ᠶ᠋ᠢᠨ ᠲᠣᠷᠭᠠᠨ ᠳᠡᠪᠡᠯ ᠢ᠋ ᠡᠮᠦᠰᠦᠭᠰᠡᠨ ᠡᠴᠡ ᠢᠯᠡᠭᠦᠦ ᠰᠠᠢᠬᠠᠨ ᠰᠠᠨᠠᠭᠳᠠᠵᠤ ᠠᠪᠠᠢ᠃ ᠴᠠᠷᠮ᠎ᠠ᠂ ᠴᠦᠯᠲᠦᠮ ᠬᠣᠶᠠᠷ ᠴᠠᠭᠠᠨ ᠰᠠᠷ᠎ᠠ ᠪᠣᠯᠬᠤ ᠳ᠋ᠤ᠌ ᠠᠵᠢᠯ ᠶᠡᠬᠡ ᠪᠣᠯᠳᠠᠭ ᠪᠠ ᠬᠠᠷᠢᠯᠴᠠᠨ ᠤᠴᠠᠷᠠᠯᠳᠤᠬᠤ ᠳ᠋ᠤ᠌ ᠭᠡᠷ ᠦ᠋ᠨ ᠡᠵᠡᠳ ᠠᠭᠠᠰᠢᠯᠠᠨ ᠵᠠᠩᠨᠠᠳᠠᠭ ᠤ᠋ᠨ ᠲᠤᠬᠠᠢ ᠬᠡᠳᠦᠨ ᠤᠢᠳᠬᠠᠷ ᠲᠠᠢ ᠦᠭᠡᠰ ᠶᠠᠷᠢᠯᠴᠠᠬᠤ ᠶ᠋ᠢᠨ ᠵᠠᠭᠤᠷ᠎ᠠ ᠲᠦᠯᠡᠭᠡ ᠬᠢᠷᠥᠭᠡᠳᠡᠵᠦ ᠳᠠᠭᠤᠰᠪᠠ᠃

ᠨᠢᠭᠡᠨᠲᠡ ᠦᠳᠡᠰᠢ ᠪᠣᠯᠤᠭᠰᠠᠨ ᠲᠤᠯᠠ᠂ ᠣᠳᠣ ᠭᠡᠷ ᠦ᠋ᠨ ᠠᠵᠢᠯ ᠬᠢᠬᠦ ᠬᠡᠷᠡᠭᠲᠡᠢ ᠪᠣᠯᠪᠠ᠃ ᠴᠠᠷᠮ᠎ᠠ᠂ ᠴᠦᠯᠲᠦᠮ ᠡᠴᠡ ᠰᠠᠯᠤᠨ ᠭᠡᠷ ᠲᠦ᠍ ᠣᠷᠣᠪᠠᠯ ᠪᠤᠷᠬᠠᠨ ᠤ᠋ ᠡᠮᠦᠨ᠎ᠡ ᠣᠨᠢ ᠲᠤᠯᠲᠠᠯ᠎ᠠ ᠪᠣᠣᠪᠣ ᠥᠷᠥᠵᠦ᠂ ᠲᠠᠬᠢᠯ ᠳᠠᠬᠢᠭᠠᠳ᠂ ᠲᠤᠯᠭᠠᠨ ᠤ᠋ ᠪᠠᠷᠠᠭᠤᠨ ᠵᠡᠭᠦᠨ ᠡᠲᠡᠭᠡᠳ ᠲᠦ᠍ ᠬᠡᠳᠦ ᠬᠡᠳᠦᠨ ᠵᠦᠢᠯ ᠦ᠋ᠨ ᠲᠠᠪᠠᠭ ᠲᠠᠢ ᠢᠳᠡᠭᠡᠨ ᠨᠦ᠍ᠭᠦᠳ ᠪᠠ ᠤᠭᠤᠴᠠ ᠮᠢᠬ᠎ᠠ᠂ ᠪᠠᠩᠰᠢ ᠪᠤᠤᠵᠠ ᠶ᠋ᠢ ᠬᠠᠭᠤᠴᠢᠨ ᠶᠣᠰᠣᠭᠠᠷ ᠲᠠᠯᠪᠢᠵᠠᠢ᠃ ᠡᠳᠡᠨ ᠢ᠋ ᠦᠵᠡᠪᠡᠯ᠂ ᠴᠥᠮ ᠴᠠᠷᠮ᠎ᠠ ᠶ᠋ᠢᠨ ᠬᠢᠭᠰᠡᠨ ᠪᠠ ᠪᠣᠯᠭᠣᠭᠰᠠᠨ ᠢᠳᠡᠭᠡ ᠮᠥᠨ᠃ ᠭᠡᠷ ᠦ᠋ᠨ ᠡᠵᠡᠳ ᠰᠢᠨ᠎ᠡ ᠬᠤᠪᠴᠠᠰᠤ ᠡᠮᠦᠰᠦᠭᠡᠳ᠂ ᠪᠢᠲᠡᠭᠦᠯᠦᠨ᠎ᠡ ᠭᠡᠵᠦ ᠪᠠᠶᠠᠷ ᠵᠢᠪᠬᠤᠯᠠᠩᠲᠠᠢ ᠪᠠᠷ ᠬᠥᠳᠡᠯᠵᠡᠭᠡᠨ᠎ᠡ᠃ ᠴᠠᠷᠮ᠎ᠠ ᠭᠠᠯ ᠲᠣᠭᠣᠭ᠎ᠠ ᠲᠠᠢ ᠬᠤᠷᠢᠮᠯᠠᠨ᠎ᠠ᠃ ᠴᠠᠷᠮ᠎ᠠ ᠳ᠋ᠤ᠌ ᠮᠢᠳᠤᠭᠮ᠎ᠠ ᠨᠢᠭᠡ ᠬᠠᠭᠤᠴᠢᠷᠠᠭᠰᠠᠨ ᠴᠢᠰᠴᠡᠦ ᠳᠡᠪᠡᠯ ᠢ᠋ᠶ᠋ᠡᠨ ᠠᠪᠴᠢᠷᠠᠵᠤ ᠡᠮᠦᠰᠲᠦᠭᠡᠢ ᠭᠡᠰᠡᠨ ᠪᠣᠯᠪᠠᠴᠤ᠂ ᠴᠠᠷᠮ᠎ᠠ ᠮᠠᠷᠭᠠᠰᠢ ᠡᠮᠦᠰᠦᠨ᠎ᠡ ᠭᠡᠵᠦ ᠰᠠᠭᠠᠷᠮᠠᠭᠯᠠᠨ ᠬᠡᠯᠡᠵᠦ᠂ ᠬᠣᠢᠰᠢ ᠲᠠᠯᠪᠢᠭᠠᠳ᠂ ᠬᠠᠷᠢᠨ ᠴᠦᠯᠲᠦᠮ ᠦ᠋ᠨ ᠥᠭᠭᠦᠭᠰᠡᠨ ᠠᠯᠴᠢᠭᠤᠷ ᠢ᠋ ᠭᠠᠷᠭᠠᠨ᠂ ᠬᠠᠶᠠ ᠨᠢᠭᠡ ᠨᠢᠭᠤᠷ ᠢ᠋ᠶ᠋ᠠᠨ ᠠᠷᠴᠢᠵᠤ ᠪᠠᠢᠬᠤ ᠶ᠋ᠢ ᠳᠠᠭᠳᠤᠩ ᠤ᠋ᠨ ᠡᠬᠡᠨᠡᠷ ᠬᠠᠷᠠᠭᠠᠳ᠄ « ᠴᠢ ᠡᠭᠦᠨ ᠢ᠋ ᠬᠠᠮᠢᠭ᠎ᠠ ᠡᠴᠡ ᠣᠯᠪᠠ᠃ ᠪᠣᠳᠣᠪᠠᠯ ᠪᠡᠯᠡᠭ ᠳᠣᠲᠣᠷ᠎ᠠ ᠡᠴᠡ ᠬᠤᠯᠠᠭᠠᠢ ᠬᠢᠭᠰᠡᠨ ᠪᠢᠵᠡ» ᠭᠡᠵᠦ ᠵᠠᠩᠨᠠᠨ᠎ᠠ᠃ ᠡᠭᠦᠨ ᠳ᠋ᠦ᠍ ᠴᠠᠷᠮ᠎ᠠ ᠬᠤᠯᠠᠭᠠᠢ ᠬᠢᠭᠰᠡᠨ ᠭᠡᠵᠦ ᠬᠤᠳᠠᠯ ᠬᠡᠯᠡᠬᠦ ᠳ᠋ᠦ᠍ ᠬᠡᠴᠡᠭᠦᠦ᠂ ᠴᠦᠯᠲᠦᠮ ᠥᠭᠭᠦᠭᠰᠡᠨ ᠭᠡᠵᠦ ᠦᠨᠡᠨ ᠢ᠋ ᠬᠡᠯᠡᠬᠦ ᠳ᠋ᠦ᠍ ᠪᠠᠰᠠ ᠵᠢᠮᠡᠯᠡᠯᠲᠡᠢ ᠤᠴᠢᠷ᠂ ᠲᠣᠪ ᠳᠠᠭᠤ ᠦᠭᠡᠢ ᠰᠠᠭᠤᠨ᠂ ᠶᠠᠭᠠᠬᠢᠭᠰᠠᠨ ᠪᠡᠷᠬᠡᠲᠡᠢ ᠪᠢᠯᠡ ᠭᠡᠵᠦ ᠡᠯᠳᠡᠪ ᠢ᠋ ᠪᠣᠳᠣᠨ᠎ᠠ᠃ ᠡᠨᠡ ᠣᠷᠣᠢ ᠭᠡᠷ ᠦ᠋ᠨ ᠡᠵᠡᠳ ᠶᠣᠰᠣᠯᠠᠬᠤ ᠴᠠᠭᠠᠯᠠᠬᠤ ᠶ᠋ᠢᠨ ᠬᠠᠮᠲᠤ ᠭᠠᠳᠠᠨ᠎ᠠ ᠡᠴᠡ ᠵᠣᠴᠢᠳ ᠭᠡᠢᠴᠢᠳ ᠢᠷᠡᠬᠦ ᠨᠢ ᠲᠣᠭ᠎ᠠ ᠦᠭᠡᠢ ᠣᠯᠠᠨ᠃

ᠲᠡᠳᠡᠨ ᠦ᠌ ᠢᠳᠡᠬᠦ ᠤᠤᠭᠤᠬᠤ᠂ ᠢᠨᠢᠶᠡᠯᠳᠦᠬᠦ ᠪᠠᠶᠠᠰᠤᠯᠳᠤᠬᠤ ᠨᠢ ᠭᠡᠷ ᠬᠠᠭᠠᠷᠠᠮᠠᠷ᠂ ᠭᠠᠭᠴᠠᠬᠦ ᠴᠠᠷᠮ᠎ᠠ ᠵᠤᠤᠬᠠᠨ ᠤ᠋ ᠬᠠᠵᠠᠭᠤ ᠳ᠋ᠤ᠌ ᠬᠥᠯᠥᠷᠡᠨ ᠰᠠᠭᠤᠵᠤ᠂ ᠭᠥᠯᠢᠷᠡᠨ ᠬᠠᠷᠠᠵᠤ ᠰᠡᠭᠦᠷᠡᠰᠦ ᠠᠯᠳᠠᠨ᠎ᠠ᠃ ᠰᠥᠨᠢ ᠤᠨᠲᠠᠭᠰᠠᠨ ᠥᠬᠡᠢ᠂ ᠮᠠᠷᠭᠠᠰᠢ ᠶ᠋ᠢᠨ ᠴᠠᠢ ᠬᠣᠭᠣᠯᠠ ᠶ᠋ᠢ ᠪᠡᠯᠡᠳᠬᠡᠨ᠎ᠡ᠃ ᠭᠡᠷ ᠡᠴᠡ ᠵᠤᠭᠠᠴᠠᠨ ᠣᠳᠬᠤ ᠡᠵᠡᠳ ᠦ᠋ᠨ ᠬᠡᠷᠡᠭᠯᠡᠬᠦ ᠵᠦᠢᠯ ᠢ᠋ ᠪᠡᠯᠡᠳᠬᠡᠵᠦ᠂ ᠭᠠᠳᠠᠨ᠎ᠠ ᠡᠴᠡ ᠢᠷᠡᠬᠦ ᠭᠡᠢᠴᠢ ᠶ᠋ᠢ ᠬᠦᠨᠳᠦᠯᠡᠨ ᠵᠣᠴᠢᠯᠠᠭᠰᠠᠭᠠᠷ ᠨᠢᠭᠡ ᠡᠳᠦᠷ ᠢ᠋ ᠠᠷᠠᠢ ᠭᠡᠵᠦ ᠥᠩᠭᠡᠷᠡᠭᠦᠯᠪᠡᠴᠦ ᠦᠳᠡᠰᠢ ᠶ᠋ᠢᠨ ᠴᠠᠭ ᠨᠠᠷᠭᠢᠶᠠᠨ ᠳᠠᠷᠭᠢᠶᠠᠨ ᠪᠣᠯᠵᠤ ᠠᠷᠢᠬᠢ ᠳᠠᠷᠠᠰᠤ᠂ ᠬᠤᠭᠤᠷ ᠬᠥᠭᠵᠢᠮ ᠦᠷᠭᠦᠯᠵᠢᠯᠡᠬᠦ ᠶ᠋ᠢᠨ ᠳᠣᠲᠣᠷ᠎ᠠ ᠡᠭᠦᠨ ᠦ᠌ ᠪᠥᠭᠡᠯᠵᠢᠰᠦ ᠶ᠋ᠢ ᠠᠰᠬᠠᠵᠤ᠂ ᠲᠡᠭᠦᠨ ᠦ᠌ ᠣᠷᠣ ᠳᠡᠷ᠎ᠡ ᠶ᠋ᠢ ᠵᠠᠰᠠᠭᠰᠠᠭᠠᠷ ᠪᠠᠰᠠ ᠨᠢᠭᠡ ᠰᠥᠨᠢ ᠪᠣᠯᠪᠠ᠃ ᠡᠨᠡ ᠮᠡᠲᠦ ᠶ᠋ᠢᠨ ᠪᠠᠢᠳᠠᠯ ᠵᠠᠯᠭᠠᠮᠵᠢᠯᠠᠨ ᠬᠡᠳᠦᠨ ᠡᠳᠦᠷ ᠪᠣᠯᠬᠤ ᠳ᠋ᠤ᠌ ᠴᠠᠷᠮ᠎ᠠ ᠬᠡᠳᠦᠢ ᠪᠡᠷ ᠶᠠᠳᠠᠷᠠᠵᠤ ᠵᠦᠳᠡᠷᠡᠪᠡᠴᠦ᠂ ᠭᠤᠨᠢᠬᠠᠷᠠᠨ ᠰᠠᠭᠤᠬᠤ ᠡᠴᠡ ᠥᠭᠡᠷ᠎ᠡ ᠶᠠᠭᠤᠨ᠃

ᠬᠠᠶᠠ ᠨᠢᠭᠡ ᠤᠳᠠᠭ᠎ᠠ ᠬᠠᠰᠢᠶᠠᠨ ᠤ᠋ ᠵᠠᠪᠰᠠᠷ ᠢ᠋ᠶ᠋ᠠᠷ ᠴᠦᠯᠲᠦᠮ ᠲᠡᠢ ᠶᠠᠷᠢᠵᠤ ᠰᠡᠳᠬᠢᠯ ᠢ᠋ ᠪᠢᠴᠢᠬᠠᠨ ᠬᠠᠭᠤᠷᠤᠨ᠎ᠠ᠃ ᠡᠨᠡ ᠮᠡᠲᠦ ᠪᠡᠷ ᠬᠣᠶᠠᠷ ᠵᠢᠯ ᠥᠩᠭᠡᠷᠡᠭᠰᠡᠨ ᠦ᠌ ᠬᠣᠢᠨ᠎ᠠ ᠪᠠᠰᠠ ᠨᠢᠭᠡ ᠴᠠᠭᠠᠨ ᠰᠠᠷ᠎ᠠ ᠰᠢᠬᠠᠵᠤ ᠪᠠᠢᠬᠤ ᠳ᠋ᠤ᠌ ᠶᠠᠮᠠᠷ ᠰᠢᠯᠲᠠᠭᠠᠨ ᠢ᠋ ᠮᠡᠳᠡᠬᠦ ᠦᠭᠡᠢ ᠳᠠᠭᠳᠤᠩ ᠤ᠋ᠨ ᠬᠢ ᠬᠣᠲᠠ ᠳ᠋ᠤ᠌ ᠰᠠᠭᠤᠬᠤ ᠶ᠋ᠢ ᠪᠣᠯᠢᠪᠠ ᠭᠡᠵᠦ ᠬᠥᠳᠡᠭᠡ ᠭᠠᠷᠬᠤ ᠶ᠋ᠢ ᠪᠡᠯᠡᠳᠬᠡᠨ᠂ ᠳᠠᠭᠳᠤᠩ ᠤ᠋ᠨ ᠡᠬᠡᠨᠡᠷ ᠴᠠᠷᠮ᠎ᠠ ᠮᠥᠨ ᠬᠥᠳᠡᠭᠡ ᠳᠠᠭᠠᠭᠤᠯᠤᠨ ᠠᠪᠠᠴᠢᠨ᠎ᠠ ᠭᠡᠵᠦ ᠪᠠᠢᠬᠤ ᠶ᠋ᠢᠨ ᠦᠶ᠎ᠡ ᠨᠢᠭᠡ ᠡᠳᠦᠷ ᠴᠦᠯᠲᠦᠮ ᠬᠦᠷᠴᠦ ᠬᠡᠯᠡᠵᠦ᠄ « ᠣᠳᠣ ᠴᠢ ᠮᠢᠨᠦ ᠬᠠᠮᠲᠤ ᠶᠠᠪᠤᠵᠤ ᠠᠵᠤ ᠲᠥᠷᠥ» ᠭᠡᠰᠡᠨ ᠳ᠋ᠦ᠍ ᠴᠠᠷᠮ᠎ᠠ ᠴᠣᠬᠣᠮ ᠤᠴᠢᠷ ᠢ᠋ ᠰᠠᠢᠨ ᠢ᠋ᠶ᠋ᠠᠷ ᠮᠡᠳᠡᠭᠰᠡᠨ ᠦᠭᠡᠢ ᠪᠣᠯᠪᠠᠴᠤ ᠡᠨᠡ ᠬᠣᠶᠠᠷ ᠦᠭᠡ ᠶ᠋ᠢ ᠰᠣᠨᠣᠰᠤᠭᠠᠳ᠂ ᠳᠠᠷᠤᠢ ᠪᠠᠶᠠᠷᠯᠠᠵᠤ ᠵᠢᠭᠠᠯ ᠵᠢᠭᠤᠯ ᠶᠠᠭᠤᠮ᠎ᠠ ᠪᠠᠨ ᠪᠣᠭᠣᠵᠤ᠂ ᠴᠦᠯᠲᠦᠮ ᠦ᠋ᠨ ᠭᠡᠷ ᠲᠦ᠍ ᠣᠴᠢᠪᠠ᠃ ᠳᠠᠭᠳᠤᠩ ᠤ᠋ᠨ ᠡᠬᠡᠨᠡᠷ ᠨᠢᠭᠡ ᠵᠠᠩᠳᠤᠷᠴᠤ ᠬᠡᠳᠦ ᠬᠠᠷᠢᠶᠠᠭᠠᠳ ᠠᠷᠭ᠎ᠠ ᠦᠭᠡᠢ ᠬᠣᠴᠣᠷᠪᠠ᠃ ᠴᠦᠯᠲᠦᠮ ᠦ᠋ᠨ ᠭᠡᠷ ᠬᠡᠳᠦᠢ ᠬᠠᠷ᠎ᠠ ᠪᠣᠯᠤᠭᠠᠳ ᠴᠣᠭᠣᠷᠠᠬᠠᠢ ᠪᠣᠯᠪᠠᠴᠤ᠂ ᠳᠠᠭᠳᠤᠩ ᠤ᠋ᠨ ᠵᠢᠷᠭᠤᠭᠠᠨ ᠬᠠᠨ᠎ᠠ ᠲᠠᠢ ᠴᠠᠭᠠᠨ ᠭᠡᠷ ᠦ᠋ᠨ ᠬᠠᠲᠠᠪᠴᠢᠨ ᠳ᠋ᠤ᠌ ᠬᠡᠪᠲᠡᠭᠰᠡᠨ ᠡᠴᠡ ᠲᠦᠮᠡᠨ ᠬᠤᠪᠢ ᠵᠢᠷᠭᠠᠯ ᠲᠠᠢ ᠪᠣᠯᠤᠭᠠᠳ᠂ ᠰᠠᠨᠠᠭᠠᠨ ᠤ᠋ ᠳᠤᠷ᠎ᠠ ᠪᠠᠷ ᠪᠣᠰᠴᠤ ᠰᠠᠭᠤᠨ᠂ ᠬᠢᠳᠡᠭ ᠢ᠋ᠶ᠋ᠡᠨ ᠬᠢᠵᠦ᠂ ᠠᠮᠠᠷᠠᠳᠠᠭ ᠴᠠᠭ ᠲᠠᠭᠠᠨ ᠠᠮᠠᠷᠠᠨ᠂ ᠬᠠᠭᠤᠴᠢᠨ ᠠᠮᠠᠷᠠᠭ ᠴᠦᠯᠲᠦᠮ ᠦ᠋ᠨ ᠬᠠᠮᠲᠤ ᠠᠮᠢᠳᠤᠷᠠᠨ ᠰᠠᠭᠤᠵᠤ ᠪᠠᠢᠲᠠᠯ᠎ᠠ ᠤᠳᠠᠯ ᠦᠭᠡᠢ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠪᠠ᠃

ᠴᠠᠷᠮ᠎ᠠ ᠬᠣᠲᠠ ᠳ᠋ᠤ᠌ ᠢᠷᠡᠭᠰᠡᠨ ᠡᠴᠡ ᠠᠪᠤᠭᠠᠳ ᠡᠳᠦᠭᠡ ᠬᠦᠷᠲᠡᠯ᠎ᠡ ᠪᠢᠲᠡᠭᠦᠨ ᠦ᠌ ᠣᠷᠣᠢ ᠡᠢᠨᠬᠦᠦ ᠠᠮᠤᠭᠤᠯᠠᠩ ᠢ᠋ᠶ᠋ᠠᠷ ᠤᠨᠲᠠᠵᠤ ᠪᠠᠢᠭᠰᠠᠨ ᠨᠢ ᠶᠡᠷᠦ ᠦᠭᠡᠢ ᠪᠥᠯᠥᠭᠡ᠃ ᠮᠠᠷᠭᠠᠰᠢ ᠥᠷᠯᠥᠭᠡ ᠨᠢ ᠡᠷᠲᠡ ᠪᠣᠰᠴᠤ ᠲᠣᠷᠭ᠎ᠠ ᠳᠤᠷᠳᠤᠩ ᠮᠢᠨᠵᠢ ᠪᠤᠯᠠᠭ᠎ᠠ ᠪᠤᠰᠤ ᠪᠣᠯᠪᠠᠴᠤ ᠥᠩᠭᠡ ᠲᠡᠢ ᠪᠦᠲᠦᠨ ᠬᠤᠪᠴᠠᠰᠤ ᠪᠠᠨ ᠡᠮᠦᠰᠴᠡᠭᠡᠨ᠎ᠡ᠃