ᠭᠠᠯ ᠤᠨ ᠲᠠᠬᠢᠯ ᠤᠨ ᠤᠩᠰᠢᠯᠭ᠎ᠠ Галын тахилын уншлага ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯ ᠤᠨ ᠲᠠᠬᠢᠯ ᠤᠨ ᠤᠩᠰᠢᠯᠭ᠎ᠠ Галын тахилын уншлага

ᠭᠠᠯ ᠤᠨ ᠲᠠᠬᠢᠯ ᠤᠨ ᠤᠩᠰᠢᠯᠭ᠎ᠠ Галын тахилын уншлага

2024-02-03

482

ᠭᠠᠯ ᠤ᠋ᠨ ᠲᠠᠬᠢᠯᠭ᠎ᠠ



 ᠠᠮᠢᠲᠠᠨ ᠤ᠋ ᠬᠦᠰᠡᠭᠰᠡᠨ ᠡᠭᠡᠷᠡᠯ ᠢ ᠬᠠᠩᠭᠠᠬᠤ ᠶ᠋ᠢᠨ ᠲᠤᠯᠠᠳᠠ 
 ᠠᠰᠤᠷᠤ ᠪᠠᠳᠠᠷᠠᠭᠰᠠᠨ ᠭᠠᠯ ᠤ᠋ᠨ ᠴᠣᠭᠴᠠ ᠳ᠋ᠤᠷ ᠣᠷᠣᠰᠢᠨ ᠠᠭᠰᠠᠨ 
 ᠠᠪᠤᠷᠠᠭᠴᠢ ᠭᠠᠯ ᠲᠡᠭᠷᠢ ᠨᠥᠬᠥᠷ ᠯᠦᠭᠡ ᠰᠡᠯᠲᠡ ᠳ᠋ᠦ᠍ᠷ 
 ᠠᠷᠢᠭᠤᠨ ᠥᠭᠡᠬᠦᠨ ᠢ᠋ᠶ᠋ᠡᠷ ᠲᠠᠬᠢᠯ ᠡᠷᠭᠦᠵᠦ ᠮᠥᠷᠭᠥᠮᠦ᠃ 
 ᠡᠷᠲᠡ ᠴᠠᠭ ᠤ᠋ᠨ ᠡᠵᠡᠳ ᠨᠣᠶᠠᠳ ᠠ᠋ᠴᠠ ᠡᠬᠢᠯᠡᠨ 
 ᠡᠴᠢᠭᠡ ᠡᠪᠦᠭᠡ ᠶ᠋ᠢᠨ ᠢᠵᠠᠭᠤᠷ ᠦᠨᠳᠦᠰᠦᠨ ᠡᠴᠡ ᠢᠨᠠᠭᠰᠢ 
 ᠡᠷᠬᠢᠮ ᠪᠣᠯᠭᠠᠨ ᠲᠠᠬᠢᠭ᠍ᠰᠠᠨ ᠭᠠᠯ ᠲᠡᠭᠷᠢ ᠳ᠋ᠦ᠍ᠷ 
 ᠡᠨᠡ ᠡᠳᠦᠷ ᠥᠭᠡᠬᠦᠨ ᠢ᠋ᠶ᠋ᠡᠷ ᠳᠠᠬᠢᠵᠤ ᠰᠥᠭᠥᠳᠦᠨ ᠮᠥᠷᠭᠥᠮᠦ᠃ 
 ᠬᠥᠪᠡᠭᠦᠨ ᠪᠡᠷᠢ ᠲᠡᠷᠢᠭᠦᠯᠡᠨ ᠠᠳᠠ ᠪᠦᠭᠦᠳᠡᠭᠡᠷ ᠬᠦᠰᠡᠵᠡᠭᠡᠵᠦ 
 ᠬᠠᠮᠤᠭ ᠲᠤᠰᠠ ᠶ᠋ᠢ ᠪᠦᠲᠦᠭᠡᠬᠦ ᠶ᠋ᠢᠨ ᠲᠤᠯᠠᠳᠠ 
 ᠬᠦᠴᠦᠲᠦ ᠭᠠᠯ ᠲᠡᠭᠷᠢ ᠳ᠋ᠡᠭᠡᠨ 
 ᠬᠥᠯ ᠢ᠋ᠶ᠋ᠡᠨ ᠰᠥᠭᠥᠳᠦᠨ ᠳᠠᠬᠢᠵᠤ ᠮᠠᠭᠲᠠᠮᠤ ᠂ 
 ᠠᠤᠭ᠎ᠠ ᠬᠦᠴᠦ ᠲᠡᠭᠦᠰᠦᠭᠰᠡᠨ ᠭᠠᠯ ᠲᠡᠭᠷᠢ ᠠ᠋ ! 
 ᠠᠷᠢᠭᠤᠨ ᠲᠠᠬᠢᠯ ᠤ᠋ᠳ ᠢ ᠪᠡᠶᠡᠰᠦᠨ ᠵᠣᠭᠣᠭᠯᠠᠭᠰᠠᠨ 
 ᠠᠯᠢᠮᠠᠳ ᠬᠠᠷᠰᠢᠯᠠᠭᠴᠢ ᠮᠠᠭᠤ ᠪᠦᠭᠦᠳᠡ ᠶ᠋ᠢ ᠠᠷᠢᠯᠭᠠᠵᠤ 
 ᠠᠰᠢᠳᠠ ᠰᠠᠨᠠᠭᠰᠠᠨ ᠬᠠᠮᠤᠭ ᠲᠤᠰᠠ ᠶ᠋ᠢ ᠪᠦᠲᠦᠭᠡᠨ ᠰᠣᠶᠣᠷᠬ᠎ᠠ ᠃ 
 ᠠᠷᠪᠠᠨ ᠵᠦᠭ ᠲᠦ᠍ᠷ ᠰᠠᠭᠤᠭᠰᠠᠨ ᠯᠠᠮ᠎ᠠ ᠭᠤᠷᠪᠠᠨ ᠡᠷᠳᠡᠨᠢ ᠪᠠ 
 ᠠᠤᠭ᠎ᠠ ᠬᠦᠴᠦᠲᠦ ᠰᠠᠬᠢᠭᠤᠯᠰᠤᠨ ᠯᠤᠭ᠎ᠠ ᠨᠡᠢᠲᠡ 
 ᠠᠰᠠᠷᠠᠨ ᠨᠢᠭᠦᠯᠡᠰᠬᠦᠢ ᠪᠡᠷ ᠥᠷᠥᠰᠢᠶᠡᠨ ᠠᠢᠯᠠᠳᠴᠤ 
 ᠡᠨᠡ ᠵᠣᠷᠢᠭᠰᠠᠨ ᠢᠷᠦᠭᠡᠯ ᠪᠦᠭᠦᠳᠡ ᠶ᠋ᠢ ᠪᠦᠲᠦᠭᠡᠨ ᠰᠣᠶᠣᠷᠬ᠎ᠠ 
 ᠥᠯᠵᠡᠢ ᠲᠡᠭᠦᠰᠦᠭᠰᠡᠨ ᠡᠨᠡ ᠰᠠᠢᠨ ᠡᠳᠦᠷ ᠲᠣᠷ 
 ᠦᠢᠯᠡᠳᠦᠭᠰᠡᠨ ᠦᠢᠯᠡᠰ ᠤᠳ ᠮᠠᠰᠢ ᠰᠠᠢᠨ ᠪᠣᠯᠤᠭᠲᠤᠨ 
 ᠦᠨᠡᠮᠯᠡᠬᠦᠷ ᠠᠪᠤᠷᠠᠯ ᠭᠤᠷᠪᠠᠨ ᠡᠷᠳᠡᠨᠢ ᠪᠡᠷ 
 ᠦᠷᠭᠦᠯᠵᠢᠳᠡ ᠰᠠᠬᠢᠨ ᠢᠪᠡᠭᠡᠬᠦ ᠪᠣᠯᠲᠤᠭᠠᠢ ᠂ 
 ᠳᠡᠭᠡᠳᠦ ᠵᠦᠭ ᠦ᠋ᠨ ᠲᠡᠭᠷᠢ ᠨᠠᠷ ᠪᠠ 
 ᠳᠡᠯᠡᠬᠡᠢ ᠳ᠋ᠦ᠍ᠷ ᠠᠬᠤ ᠭᠠᠵᠠᠷ ᠤ᠋ᠨ ᠡᠵᠡᠳ 
 ᠳᠡᠷᠭᠡᠳᠡ ᠠᠬᠤ ᠬᠠᠮᠤᠭ ᠰᠠᠬᠢᠭᠤᠯᠰᠤᠨ 
 ᠳᠡᠮᠵᠢᠵᠦ ᠲᠡᠳᠬᠦᠨ ᠠᠰᠠᠷᠠᠬᠤ ᠪᠣᠯᠲᠤᠭᠠᠢ ᠂ 
 ᠵᠢᠴᠢ ᠪᠠᠰᠠ ᠠᠷᠪᠠᠨ ᠵᠦᠭ ᠦ᠋ᠨ ᠰᠠᠬᠢᠭ᠍ᠴᠢᠳ ᠪᠠ 
 ᠵᠢᠯ ᠰᠠᠷ᠎ᠠ ᠬᠣᠨᠣᠭ ᠴᠠᠭ ᠤ᠋ᠨ ᠬᠠᠮᠤᠭ ᠡᠵᠡᠳ 
 ᠵᠢᠭᠰᠢᠭᠳᠡᠬᠦ ᠮᠠᠭᠤ ᠵᠦᠢᠯ ᠢ ᠵᠠᠢᠯᠠᠭᠤᠯᠵᠤ 
 ᠵᠢᠷᠭᠠᠯᠠᠩ ᠢ ᠪᠦᠲᠦᠭᠡᠬᠦ ᠪᠣᠯᠲᠤᠭᠠᠢ ᠃ 
 ᠬᠡᠰᠢᠭ ᠪᠤᠶᠠᠨ ᠬᠣᠲᠠᠯᠠ ᠲᠡᠭᠦᠰᠦᠭᠡᠳ 
 ᠬᠡᠵᠢᠶᠡᠳᠡ ᠪᠠᠶᠠᠨ ᠰᠠᠢᠨ ᠢ᠋ᠶ᠋ᠠᠷ ᠵᠢᠷᠭᠠᠵᠤ 
 ᠬᠡᠳᠦᠷᠬᠡᠷ ᠰᠦᠷ ᠵᠢᠪᠬᠤᠯᠠᠩ ᠪᠠᠳᠠᠷᠠᠨ 
 ᠬᠡᠯᠪᠡᠷᠢᠯ ᠦᠭᠡᠢ ᠪᠠᠲᠤᠳᠬᠤ ᠪᠣᠯᠲᠤᠭᠠᠢ ᠃ 
 ᠠᠮᠢᠨ ᠨᠠᠰᠤᠨ ᠤᠷᠲᠤ ᠪᠣᠯᠤᠭᠠᠳ 
 ᠠᠳᠠᠯ ᠮᠠᠯ ᠲᠡᠭᠰᠢ ᠳᠡᠯᠭᠡᠷᠡᠨ 
 ᠠᠯᠳᠠᠷ ᠨᠡᠷ᠎ᠡ ᠲᠦᠭᠡᠮᠡᠯ ᠢ᠋ᠶ᠋ᠡᠷ 
 ᠠᠷᠪᠠᠨ ᠵᠦᠭ ᠲᠦ᠍ᠷ ᠳᠠᠭᠤᠷᠢᠰᠬᠤ ᠪᠣᠯᠲᠤᠭᠠᠢ ᠃ 
 ᠬᠠᠷᠰᠢᠯᠠᠭᠴᠢ ᠦᠰᠲᠡᠨ ᠳᠠᠢᠰᠤᠨ ᠤᠰᠠᠳᠤᠭᠠᠳ 
 ᠬᠠᠭᠠᠯᠭ᠎ᠠ ᠡᠷᠢᠭᠴᠢ ᠠᠳᠠ ᠴᠢᠳᠬᠥᠷ ᠵᠠᠢᠯᠠᠨ 
 ᠬᠠᠲᠠᠭᠤ ᠰᠢᠷᠦᠭᠦᠨ ᠮᠠᠭᠤ ᠪᠦᠭᠦᠳᠡ ᠠᠷᠢᠯᠵᠤ 
 ᠬᠠᠮᠤᠭ ᠠ᠋ᠴᠠ ᠠᠮᠤᠭᠤᠯᠠᠩ ᠪᠣᠯᠬᠤ ᠪᠣᠯᠲᠤᠭᠠᠢ ᠃ 
 ᠡᠪᠡᠳᠴᠢᠨ ᠲᠠᠬᠤᠢ ᠦᠭᠡᠢ ᠪᠣᠯᠤᠭᠠᠳ 
 ᠡᠷᠡᠭᠦᠯ ᠡᠩᠬᠡ ᠪᠡᠷ ᠤᠷᠲᠤ ᠨᠠᠰᠤᠯᠠ 
 ᠡᠷᠬᠡ ᠬᠦᠴᠦᠨ ᠶᠡᠬᠡᠳᠡ ᠨᠠᠮᠡᠠᠵᠤ 
 ᠡᠭᠦᠷᠢᠳᠡ ᠰᠠᠢᠲᠤᠷ ᠵᠢᠷᠭᠠᠬᠤ ᠪᠣᠯᠲᠤᠭᠠᠢ ᠃ 
 ᠢᠮᠠᠭᠲᠠ ᠴᠣᠭ ᠵᠠᠯᠢ ᠪᠠᠳᠠᠷᠠᠭᠠᠳ 
 ᠢᠯᠠᠩᠭᠤᠶ᠎ᠠ ᠳ᠋ᠤᠷ ᠰᠦᠷ ᠰᠦᠯᠳᠡ ᠳᠡᠯᠭᠡᠷᠡᠵᠦ 
 ᠢᠳᠡᠭᠡᠨ ᠡᠳ᠋ ᠮᠠᠯ ᠡᠯᠪᠡᠭ ᠪᠣᠯᠤᠨ 
 ᠢᠵᠠᠭᠤᠷ ᠦᠨᠳᠦᠰᠦ ᠬᠣᠲᠠᠯᠠ ᠲᠡᠭᠦᠰᠬᠦ ᠪᠣᠯᠲᠤᠭᠠᠢ ᠃ 
 ᠠᠶᠤᠨ ᠡᠮᠢᠶᠡᠬᠦ ᠶ᠋ᠢᠨ ᠬᠣᠣᠷᠲᠠᠨ ᠦᠭᠡᠢ ᠂ 
 ᠠᠯᠵᠢᠶᠠᠯ ᠴᠢᠯᠡᠬᠦ ᠶ᠋ᠢᠨ ᠵᠣᠪᠠᠯᠠᠩ ᠦᠭᠡᠢ 
 ᠠᠯᠠᠭᠰᠠᠯ ᠬᠢᠳᠤᠬᠤ ᠶ᠋ᠢᠨ ᠬᠢᠮᠤᠷᠠᠯ ᠦᠭᠡᠢ 
 ᠠᠰᠢᠳᠠ ᠠᠮᠤᠷ ᠶᠠᠪᠤᠬᠤ ᠪᠣᠯᠲᠤᠭᠠᠢ᠃
 ᠦᠯᠦ ᠳᠣᠷᠣᠢᠲᠠᠬᠤ ᠰᠠᠢᠨ ᠬᠤᠪᠢ ᠵᠠᠶᠠᠭᠠᠨ 
 ᠦᠯᠦ ᠪᠠᠭᠤᠷᠠᠬᠤ ᠪᠠᠲᠤ ᠪᠤᠶᠠᠨ ᠬᠡᠰᠢᠭ 
 ᠦᠯᠦ ᠬᠠᠰᠤᠭᠳᠠᠬᠤ ᠤᠷᠲᠤ ᠠᠮᠢᠨ ᠨᠠᠰᠤᠨ 
 ᠦᠨᠡᠬᠡᠷ ᠲᠡᠭᠰᠢ ᠪᠦᠷᠢᠳᠬᠦ ᠪᠣᠯᠲᠤᠭᠠᠢ ᠃ 
 ᠦᠯᠡᠮᠵᠢ ᠳᠡᠭᠡᠳᠦᠰ ᠲᠣᠷ ᠬᠠᠢᠷᠠᠯᠠᠭᠳᠠᠭᠠᠳ 
 ᠥᠴᠦᠬᠡᠨ ᠳᠣᠣᠷᠠᠳᠤᠰ ᠲᠤᠷ ᠬᠦᠨᠳᠦᠯᠡᠭᠳᠡᠵᠦ 
 ᠦᠶ᠎ᠡ ᠶ᠋ᠢᠨ ᠠᠷᠠᠳ ᠲᠤᠷ ᠰᠠᠢᠰᠢᠶᠠᠭᠳᠠᠭᠠᠳ 
 ᠥᠩ ᠰᠠᠢᠨ ᠢ᠋ᠶ᠋ᠠᠷ ᠶᠠᠪᠤᠬᠤ ᠪᠣᠯᠲᠤᠭᠠᠢ 
 ᠰᠠᠢᠨ ᠦᠢᠯᠡᠰ ᠳᠡᠯᠭᠡᠷᠡᠨ ᠨᠡᠮᠡᠭᠡᠳ 
 ᠰᠠᠭᠠᠳ ᠴᠢᠳᠬᠥᠷ ᠠᠷᠢᠯᠤᠨ ᠤᠰᠠᠳᠴᠤ 
 ᠰᠠᠨᠠᠭᠰᠠᠨ ᠬᠡᠷᠡᠭ ᠪᠦᠭᠦᠳᠡ ᠪᠦᠲᠦᠬᠦ ᠶ᠋ᠢᠨ 
 ᠰᠠᠢᠨ ᠢᠷᠦᠭᠡᠯ ᠲᠣᠭᠲᠠᠬᠤ ᠪᠣᠯᠲᠤᠭᠠᠢ ᠃ 
 ᠠᠪᠤᠷᠠᠯ ᠭᠤᠷᠪᠠᠨ ᠡᠷᠳᠡᠨᠢ ᠶ᠋ᠢᠨ ᠥᠯᠵᠡᠢ ᠬᠤᠲᠤᠭ ᠣᠷᠣᠰᠢᠲᠤᠭᠠᠢ ᠂ 
 ᠠᠮᠢᠨ ᠨᠠᠰᠤᠨ ᠤᠷᠲᠤᠳᠬᠤ ᠶ᠋ᠢᠨ ᠥᠯᠵᠡᠢ ᠬᠤᠲᠤᠭ ᠣᠷᠣᠰᠢᠲᠤᠭᠠᠢ ᠂ 
 ᠠᠳᠠᠯ ᠮᠠᠯ ᠠᠷᠪᠢᠳᠠᠬᠤ ᠶ᠋ᠢᠨ ᠥᠯᠵᠡᠢ ᠬᠤᠲᠤᠭ ᠣᠷᠣᠰᠢᠲᠤᠭᠠᠢ ᠂ 
 ᠠᠮᠤᠷ ᠵᠢᠷᠭᠠᠯᠠᠩ ᠳᠡᠯᠭᠡᠷᠡᠬᠦ ᠶ᠋ᠢᠨ ᠥᠯᠵᠡᠢ ᠬᠤᠲᠤᠭ ᠣᠷᠣᠰᠢᠲᠤᠭᠠᠢ ᠂ 
 ᠠᠯᠳᠠᠷ ᠨᠡᠷ᠎ᠡ ᠳᠠᠭᠤᠷᠢᠰᠬᠤ ᠶ᠋ᠢᠨ ᠥᠯᠵᠡᠢ ᠬᠤᠲᠤᠭ ᠣᠷᠣᠰᠢᠲᠤᠭᠠᠢ ᠃ 
 ᠠᠬ᠎ᠠ ᠬᠦᠴᠦᠨ ᠲᠡᠭᠦᠰᠬᠦ ᠶ᠋ᠢᠨ ᠥᠯᠵᠡᠢ ᠬᠤᠲᠤᠭ ᠣᠷᠣᠰᠢᠲᠤᠭᠠᠢ 
 ᠠᠳᠠ ᠴᠢᠳᠬᠥᠷ ᠠᠷᠢᠯᠬᠤ ᠶ᠋ᠢᠨ ᠥᠯᠵᠡᠢ ᠬᠤᠲᠤᠭ ᠣᠷᠣᠰᠢᠲᠤᠭᠠᠢ 
 ᠠᠯᠢᠪᠠ ᠦᠢᠯᠡᠰ ᠪᠦᠲᠦᠬᠦ ᠶ᠋ᠢᠨ ᠥᠯᠵᠡᠢ ᠬᠤᠲᠤᠭ ᠣᠷᠣᠰᠢᠲᠤᠭᠠᠢ ᠃ 

     ᠦᠰᠦᠭ ᠠᠮᠢᠯᠠᠭᠤᠯᠤᠭᠰᠠᠨ ᠨᠢ᠄  ᠰᠢᠯᠦᠭᠤᠨ
          ᠬᠢᠨᠠᠭ᠍ᠴᠢ᠄  ᠰᠠᠷᠠᠨ᠎ᠠ 
                       2024  ᠣᠨ ᠤ  2  ᠰᠠᠷ᠎ᠠ ᠶ᠋ᠢᠨ 3