ᠣᠷᠣᠢ ᠦᠭᠡᠢ ᠰᠦᠮ᠎ᠡ – ᠬᠣᠷᠢᠨ ᠲᠠᠪᠤ ᠂ ᠲᠥᠷᠥᠯ ᠠᠷᠠᠯᠵᠢᠭ᠍ᠰᠠᠨ ᠮᠦᠷᠭᠦᠯᠴᠢᠳ Оройгүй сүм – Хорин тав ᠂ Төрөл арилжсан мөргөлчид - Oroigui sum 25 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠬᠣᠷᠢᠨ ᠲᠠᠪᠤ ᠂ ᠲᠥᠷᠥᠯ ᠠᠷᠠᠯᠵᠢᠭ᠍ᠰᠠᠨ ᠮᠦᠷᠭᠦᠯᠴᠢᠳ Оройгүй сүм – Хорин тав ᠂ Төрөл арилжсан мөргөлчид - Oroigui sum 25

ᠣᠷᠣᠢ ᠦᠭᠡᠢ ᠰᠦᠮ᠎ᠡ – ᠬᠣᠷᠢᠨ ᠲᠠᠪᠤ ᠂ ᠲᠥᠷᠥᠯ ᠠᠷᠠᠯᠵᠢᠭ᠍ᠰᠠᠨ ᠮᠦᠷᠭᠦᠯᠴᠢᠳ Оройгүй сүм – Хорин тав ᠂ Төрөл арилжсан мөргөлчид - Oroigui sum 25

ᠠᠩᠭᠢᠯᠠᠯ:ᠲᠤᠭᠤᠵᠢ ᠷᠣᠮᠠᠨ
2024-01-30

881

ᠬᠣᠷᠢᠨ ᠲᠠᠪᠤ᠂ ᠲᠥᠷᠥᠯ ᠠᠷᠠᠯᠵᠢᠭᠰᠠᠨ ᠮᠥᠷᠭᠥᠯᠴᠢᠳ


                ᠥᠰᠬᠦ ᠳ᠋ᠦ᠍ ᠥᠷᠥᠪᠳᠦᠬᠦ ᠶ᠋ᠢᠨ ᠲᠤᠰᠠ 
                ᠥᠲᠡᠯᠬᠦ ᠳ᠋ᠦ᠍ ᠡᠷᠭᠦᠬᠦ ᠶ᠋ᠢᠨ ᠲᠤᠰᠠ 
                ᠦᠬᠦᠬᠦ ᠳ᠋ᠦ᠍ ᠶᠠᠰᠤ ᠪᠠᠷᠢᠬᠤ ᠶ᠋ᠢᠨ ᠲᠤᠰᠠ  

       ᠲᠡᠨᠦᠭᠦᠯᠴᠢᠨ ᠬᠣᠶᠠᠷ ᠵᠠᠭᠵᠢᠰᠬᠢᠨ ᠴᠣᠴᠢᠯ᠎ᠠ᠃ ᠭᠠᠵᠠᠷ ᠱᠠᠭᠠᠢᠨ ᠪᠥᠭᠲᠥᠭᠡᠨᠡᠵᠦ ᠶᠠᠪᠤᠭᠰᠠᠭᠠᠷ ᠰᠠᠶᠢ ᠯᠠ ᠨᠢᠭᠡ ᠲᠣᠯᠣᠭᠠᠢ ᠶ᠋ᠢ ᠪᠡᠨ ᠥᠨᠳᠡᠢᠯᠭᠡᠨ ᠡᠷᠭᠢᠨ ᠲᠣᠭᠣᠷᠢᠨ ᠢ᠋ ᠠᠵᠢᠨ ᠬᠠᠷᠠᠵᠤ᠂ ᠲᠦᠷ ᠠᠮᠤᠰᠬᠢᠨ ᠵᠣᠭᠰᠣᠯ᠎ᠠ᠃ ᠭᠡᠲᠡᠯ᠎ᠡ ᠬᠡᠳᠦᠬᠡᠨ ᠮᠥᠴᠡ ᠶ᠋ᠢᠨ ᠡᠮᠦᠨ᠎ᠡ ᠣᠭᠲᠣ ᠥᠭᠡᠷ᠎ᠡ ᠪᠠᠢᠭᠰᠠᠨ ᠣᠷᠴᠢᠯᠠᠩ ᠬᠣᠷᠸ᠎ᠠ ᠶ᠋ᠢᠨ ᠥᠩᠭᠡ ᠭᠡᠨᠡᠳᠲᠡ ᠬᠤᠪᠢᠷᠠᠴᠢᠬᠠᠭᠰᠠᠨ ᠶᠤᠮ ᠰᠢᠭ᠋ ᠰᠠᠨᠠᠭᠳᠠᠵᠠᠢ᠃ ᠶᠠᠭᠤᠮ᠎ᠠ ᠪᠦᠬᠦᠨ ᠦ᠌ ᠥᠩᠭᠡ ᠭᠠᠭᠴᠠᠬᠦ ᠴᠢᠰᠤᠨ ᠤᠯᠠᠭᠠᠨ ᠢ᠋ᠶ᠋ᠠᠷ ᠭᠡᠨᠡᠳᠲᠡ ᠪᠤᠳᠤᠭᠳᠠᠴᠢᠬᠠᠭᠰᠠᠨ ᠶᠤᠮ ᠰᠢᠭ᠋ ᠰᠠᠨᠠᠭᠳᠠᠭᠰᠠᠨ ᠨᠢ ᠲᠡᠷᠡ ᠬᠣᠶᠠᠷ ᠲᠡᠨᠦᠭᠦᠯᠴᠢᠳ ᠦ᠋ᠨ ᠠᠢᠳᠠᠰ ᠢ᠋ ᠲᠥᠷᠥᠭᠦᠯᠵᠡᠢ᠃ ᠮᠠᠷᠰᠠᠩᠯᡁᠨ ᠬᠡᠢᠳ ᠦ᠋ᠨ ᠰᠢᠪᠡᠷ ᠲᠠᠭᠠᠵᠠ ᠨᠤᠭᠤᠳ ᠴᠢᠰ ᠤᠯᠠᠭᠠᠨ ᠬᠠᠷᠠᠭᠳᠠᠯ᠎ᠠ᠃ ᠡᠮᠦᠨᠡᠬᠡᠨ ᠲᠠᠯ᠎ᠠ ᠳ᠋ᠤ᠌ ᠨᠢ ᠶᠠᠪᠤᠭ᠎ᠠ ᠬᠡᠳᠦᠨ ᠬᠣᠨᠢ ᠪᠠᠰᠠ ᠯᠠ ᠤᠯᠠᠭᠠᠨ ᠥᠩᠭᠡᠲᠡᠢ ᠪᠠᠢᠪᠠ᠃ ᠲᠡᠳᠡ ᠭᠠᠢᠬᠠᠨ ᠠᠶᠤᠵᠤ ᠨᠢᠳᠦ ᠪᠡᠨ ᠠᠨᠢᠴᠠᠭᠠᠯ᠎ᠠ᠃ ᠬᠡᠰᠡᠭ ᠵᠠᠭᠤᠷ᠎ᠠ ᠴᠢᠮᠡᠭᠡ ᠴᠢᠩᠨᠠᠬᠤ ᠮᠡᠲᠦ ᠵᠣᠭᠰᠣᠭᠠᠳ ᠨᠢᠳᠦ ᠪᠡᠨ ᠨᠡᠬᠡᠵᠡᠭᠡᠯ᠎ᠡ᠃ ᠶᠠᠭᠤᠮ᠎ᠠ ᠪᠦᠭᠦᠳᠡ ᠤᠯᠠᠭᠠᠨ ᠢ᠋ᠶ᠋ᠠᠷ ᠡᠷᠭᠢᠯᠳᠦᠭᠰᠡᠨ ᠬᠡᠪ ᠢ᠋ᠶ᠋ᠡᠷ ᠢ᠋ᠶ᠋ᠡᠨ ᠠᠵᠠᠢ᠃ ᠮᠠᠷᠰᠠᠩᠯᡁᠨ ᠬᠡᠢᠳ ᠦ᠋ᠨ ᠭᠣᠣᠯ ᠳᠤᠭᠠᠩ ᠤ᠋ᠨ ᠠᠯᠲᠠᠨ ᠭᠠᠨᠵᠢᠷ᠎ᠠ ᠬᠦᠷᠲᠡᠯ᠎ᠡ ᠤᠯᠠᠢᠴᠢᠬᠠᠭᠰᠠᠨ ᠶᠤᠮ ᠰᠢᠭ᠋ ᠬᠠᠷᠠᠭᠳᠠᠪᠠ᠃ 《ᠪᠢᠳᠡ ᠬᠣᠶᠠᠷ ᠣᠯᠠᠨ ᠬᠣᠨᠣᠭ ᠠᠶᠤᠵᠤ ᠲᠡᠪᠡᠳᠡᠵᠦ᠂ ᠴᠣᠴᠢᠵᠤ ᠪᠣᠰᠬᠠᠵᠤ᠂ ᠮᠥᠷᠳᠡᠭᠳᠡᠬᠦ ᠡᠴᠡ ᠪᠣᠯᠭᠣᠮᠵᠢᠯᠠᠨ ᠶᠠᠪᠤᠭᠰᠠᠭᠠᠷ ᠪᠠᠢᠭᠠᠳ ᠡᠴᠦᠰ ᠲᠦ᠍ ᠨᠢ ᠤᠬᠠᠭᠠᠨ ᠪᠠᠯᠠᠢᠷᠠᠳᠣᠵᠣ ᠭᠠᠵᠢᠭᠤ ᠰᠣᠯᠢᠭᠤ ᠶᠠᠭᠤᠮ᠎ᠠ ᠦᠵᠡᠬᠦ ᠳ᠋ᠦ᠍ ᠬᠦᠷᠦᠭᠰᠡᠨ ᠪᠢᠰᠢ ᠪᠠᠢᠭ᠎ᠠ》 ᠭᠡᠵᠦ ᠰᠠᠨᠵᠢ ᠭᠠᠢᠬᠠᠨ ᠪᠣᠳᠣᠭᠠᠳ ᠪᠡᠶ᠎ᠡ ᠪᠡᠨ ᠪᠠᠵᠠᠯᠠᠵᠤ ᠦᠵᠡᠪᠡ᠃ ᠮᠡᠳᠡᠭᠡ ᠲᠡᠢ ᠠᠵᠠᠢ᠃ ᠳᠡᠭᠡᠭᠰᠢ ᠪᠡᠨ ᠥᠯᠢᠢᠵᠦ ᠣᠭᠲᠠᠷᠭᠤᠢ ᠶ᠋ᠢ ᠠᠵᠢᠨ ᠬᠠᠷᠠᠪᠠᠰᠤ ᠲᠡᠷᠡ ᠯᠠ ᠭᠠᠭᠴᠠᠬᠦ ᠷᠠᠰᠢᠶᠠᠷ ᠮᠡᠲᠦ ᠨᠣᠮᠢᠨ ᠬᠥᠬᠡ ᠥᠩᠭᠡ ᠲᠡᠢ ᠬᠡᠪ ᠢ᠋ᠶ᠋ᠡᠷ ᠢ᠋ᠶ᠋ᠡᠨ ᠪᠠᠢᠯ᠎ᠠ᠃  ᠮᠠᠷᠰᠠᠩᠯᡁᠨ ᠬᠡᠢᠳ ᠢ᠋ ᠬᠦᠷᠢᠶᠡᠯᠡᠩ ᠣᠷᠣᠰᠢᠬᠤ ᠬᠠᠨᠠᠨ  ᠬᠠᠳᠠ ᠨᠤᠭᠤᠳ ᠪᠣᠯᠬᠣᠷ ᠰᠢᠩᠬᠤᠨ ᠤᠯᠠᠭᠠᠨ ᠥᠩᠭᠡ ᠪᠡᠷ ᠬᠡᠷᠡᠯᠳᠦᠬᠦ ᠮᠡᠲᠦ ᠬᠠᠴᠢᠨ ᠬᠠᠷᠠᠭᠳᠠᠯ᠎ᠠ᠃ 
       - ᠶᠠᠭᠠᠬᠢᠭᠰᠠᠨ ᠠᠶᠤᠮᠠᠷ ᠴᠢᠰᠤᠨ ᠤᠯᠠᠭᠠᠨ ᠥᠩᠭᠡᠲᠡᠢ ᠭᠠᠵᠠᠷ ᠪᠣᠢ? ᠭᠡᠵᠦ ᠰᠠᠨᠵᠢ ᠠᠮᠠᠨ ᠳᠣᠲᠣᠷ᠎ᠠ ᠪᠠᠨ ᠰᠢᠪᠡᠨᠡᠨ ᠠᠰᠠᠭᠤᠬᠤ ᠳ᠋ᠤ᠌ ᠳᠠᠭᠠᠭᠤᠯᠢ ᠨᠥᠬᠥᠷ ᠨᠢ᠂ 
       - ᠡᠨᠳᠡ ᠶᠡᠷᠦ ᠨᠢ ᠡᠢᠮᠦ ᠶᠠᠭᠤᠮ᠎ᠠ ᠲᠣᠬᠢᠶᠠᠯᠳᠤᠳᠠᠭ ᠭᠠᠵᠠᠷ᠃ ᠲᠤᠩ ᠤᠳᠠᠬᠤ ᠦᠭᠡᠢ ᠣᠭᠲᠣ ᠥᠭᠡᠷ᠎ᠡ ᠥᠩᠭᠡ ᠲᠡᠢ ᠪᠣᠯᠤᠨ᠎ᠠ᠃ ᠪᠢᠲᠡᠭᠡᠢ ᠵᠣᠪᠠ! ᠭᠡᠵᠦ ᠰᠤᠷᠭᠠᠮᠵᠢᠯᠠᠪᠠ᠃ 
       - ᠠᠶᠤᠮᠠᠷ ᠶᠤᠮ! ᠭᠡᠵᠦ ᠰᠠᠨᠵᠢ ᠰᠢᠪᠡᠭᠡᠨᠡᠪᠡ᠃  
       - ᠡᠨᠳᠡ ᠴᠢᠨᠢ ᠵᠢᠰᠦ ᠪᠡᠨ ᠬᠤᠪᠢᠯᠭᠠᠭᠰᠠᠨ ᠪᠠᠯᠳᠣᠷᠵᠢ ᡀᠠ ᠣᠷᠣᠰᠢᠭᠤᠯᠤᠭᠰᠠᠨ ᠭᠠᠵᠠᠷ ᠰᠢᠦ ᠳᠡ! ᠭᠡᠵᠦ ᠨᠥᠬᠥᠷ ᠨᠢ ᠰᠠᠨᠠᠭᠤᠯᠤᠯ᠎ᠠ᠃ 
       ᠲᠡᠷᠡ ᠨᠡᠷ᠎ᠡ ᠶ᠋ᠢ ᠰᠣᠨᠣᠰᠤᠮᠠᠭᠴᠠ ᠰᠠᠨᠵᠢ ᠶ᠋ᠢᠨ ᠰᠠᠨᠠᠭᠠᠨ ᠳ᠋ᠤ᠌ ᠡᠷᠲᠡᠨ ᠦ᠌ ᠨᠢᠭᠡᠨ ᠠᠶᠤᠮᠰᠢᠭᠲᠤ ᠳᠣᠮᠣᠭ ᠣᠷᠣᠵᠤ ᠢᠷᠡᠯ᠎ᠡ᠃ ᠲᠥᠪᠡᠳ ᠣᠷᠣᠨ ᠳ᠋ᠤ᠌ ᠪᠤᠷᠬᠠᠨ ᠤ᠋ ᠱᠠᠵᠢᠨ ᠳᠡᠯᠭᠡᠷᠡᠵᠦ ᠡᠬᠢᠯᠡᠬᠦ ᠴᠠᠭ ᠲᠤ᠌ ᠳ᠋ᠠᠷᠮ᠎ᠠ ᠬᠠᠭᠠᠨ ᠲᠥᠷᠥ ᠪᠠᠷᠢᠵᠤ᠂ ᠱᠠᠰᠢᠨ ᠢ᠋ ᠳᠡᠯᠭᠡᠷᠡᠭᠦᠯᠬᠦ ᠶ᠋ᠢ ᠴᠠᠭᠠᠷᠭᠤᠯᠠᠵᠤ  ᠪᠠᠢᠵᠠᠢ᠃ ᠯᠠᠮᠠ ᠨᠠᠷ ᠳ᠋ᠠᠷᠮ᠎ᠠ ᠬᠠᠭᠠᠨ ᠢ᠋ ᠯᠠᠨᠳᠠᠷᠮ᠎ᠠ ᠪᠤᠶᠤ ᠳ᠋ᠠᠷᠮ᠎ᠠ ᠮᠠᠯ ᠭᠡᠰᠡᠨ ᠬᠣᠴᠢ ᠥᠭᠴᠦ ᠬᠠᠷᠢᠶᠠᠯ ᠵᠦᠬᠡᠯ ᠵᠠᠨᠤᠯᠬᠢᠯᠡᠯ ᠢ᠋ᠶ᠋ᠡᠷ ᠲᠡᠭᠦᠨ ᠢ᠋ ᠮᠣᠬᠣᠭᠠᠬᠤ ᠶ᠋ᠢ ᠣᠷᠣᠯᠳᠣᠵᠠᠢ᠃ ᠭᠡᠪᠡᠴᠦ ᠳ᠋ᠠᠷᠮ᠎ᠠ ᠬᠠᠭᠠᠨ ᠱᠠᠰᠢᠨ ᠢ᠋ ᠡᠰᠡᠷᠭᠦᠴᠡᠭᠰᠡᠨ ᠬᠡᠪ ᠢ᠋ᠶ᠋ᠡᠷ ᠪᠠᠢᠵᠠᠢ᠃ ᠲᠡᠭᠦᠨ ᠢ᠋ ᠮᠡᠳᠡᠭᠡᠳ  ᠳᠠᠶᠠᠨ ᠬᠢᠵᠦ ᠰᠠᠭᠤᠭᠰᠠᠨ ᠪᠠᠯᠳᠣᠷᠵᠢ ᠭᠡᠭᠴᠢ ᠯᠠᠮᠠ ᠱᠠᠰᠢᠨ ᠤ᠋ ᠳᠠᠢᠰᠣᠨ ᠯᠠᠨᠳᠠᠷᠮ᠎ᠠ ᠶ᠋ᠢ ᠦᠭᠡᠢ ᠬᠢᠵᠦ ᠪᠤᠶᠠᠨ ᠦᠢᠯᠡᠳᠬᠦ ᠰᠠᠨᠠᠭ᠎ᠠ ᠠᠭᠤᠯᠵᠤ ᠣᠯᠠᠨ ᠬᠣᠨᠣᠭ ᠡᠷᠭᠢᠴᠡᠭᠦᠯᠦᠨ ᠪᠣᠳᠣᠭᠰᠠᠭᠠᠷ ᠨᠠᠷᠢᠨ ᠠᠷᠭ᠎ᠠ ᠣᠯᠵᠠᠢ᠃ ᠪᠠᠯᠳᠣᠷᠵᠢ ᠲᠡᠢᠨ ᠬᠦ᠌ ᠴᠠᠭᠠᠨ ᠮᠣᠷᠢ ᠪᠠᠨ ᠬᠦ ᠪᠡᠷ ᠪᠣᠳᠣᠵᠤ ᠬᠠᠷ᠎ᠠ ᠪᠣᠯᠭᠠᠭᠠᠳ᠂ ᠴᠠᠭᠠᠨ ᠳᠣᠲᠣᠷ ᠲᠠᠢ ᠬᠠᠷ᠎ᠠ ᠳᠡᠪᠡᠯ ᠬᠢᠯᠭᠡᠨ ᠡᠮᠦᠰᠦᠭᠡᠳ ᠬᠠᠭᠠᠨ ᠤ᠋ ᠪᠠᠨ ᠠᠮᠢ ᠨᠠᠰᠤᠨ ᠳ᠋ᠤ᠌ ᠬᠠᠯᠳᠠᠬᠤ ᠪᠠᠷ ᠶᠠᠪᠤᠵᠠᠢ᠃ ᠲᠡᠢᠨ ᠬᠦ᠌ ᠬᠠᠭᠠᠨ ᠢ᠋ ᠬᠣᠣᠷᠯᠠᠭᠠᠳ ᠵᠢᠭᠤᠲᠠᠵᠠᠢ᠃ ᠨᠢᠭᠡᠨ ᠬᠥᠪᠡᠭᠡ ᠳᠠᠪᠠᠮᠠᠭᠴᠠ ᠮᠣᠷᠢ ᠪᠠᠨ ᠤᠰᠤᠨ ᠳ᠋ᠤ᠌ ᠤᠨᠠᠭᠠᠵᠤ ᠤᠬᠢᠶᠠᠭᠠᠳ ᠴᠠᠭᠠᠨ ᠵᠢᠰᠦ ᠶ᠋ᠢ ᠭᠠᠷᠭᠠᠵᠤ᠂ ᠥᠪᠡᠷ ᠢ᠋ᠶ᠋ᠡᠨ ᠳᠡᠪᠡᠯ ᠢ᠋ᠶ᠋ᠡᠨ ᠡᠷᠭᠢᠭᠦᠯᠵᠦ ᠡᠮᠦᠰᠦᠭᠰᠡᠨ ᠠᠵᠠᠢ᠃ ᠲᠡᠢᠨ ᠬᠦ᠌ ᠬᠠᠷ᠎ᠠ ᠮᠣᠷᠢ ᠲᠠᠢ ᠬᠠᠷ᠎ᠠ ᠳᠡᠪᠡᠯ ᠲᠡᠢ ᠶᠠᠪᠤᠭᠰᠠᠨ ᠢ᠋ᠶ᠋ᠠᠨ ᠭᠡᠨᠡᠳᠲᠡ ᠴᠠᠭᠠᠨ ᠮᠣᠷᠢ ᠲᠠᠢ᠂ ᠴᠠᠭᠠᠨ ᠳᠡᠪᠡᠯ ᠲᠡᠢ ᠪᠣᠯᠤᠨ ᠬᠤᠪᠢᠷᠠᠭᠰᠠᠨ ᠨᠢ ᠲᠡᠭᠦᠨ ᠢ᠋ ᠮᠥᠷᠳᠡᠨ ᠬᠥᠭᠡᠭᠡᠵᠦ ᠶᠠᠪᠤᠭᠰᠠᠨ ᠬᠥᠮᠦᠰ ᠢ᠋ ᠲᠥᠭᠡᠷᠢᠭᠳᠡᠭᠦᠯᠵᠦ ᠡᠨᠡ ᠮᠡᠬᠡ ᠪᠡᠷ ᠢ᠋ᠶ᠋ᠡᠨ ᠠᠮᠢ ᠭᠠᠷᠴᠤ ᠴᠢᠳᠠᠵᠠᠢ᠃ ᠪᠤᠷᠬᠠᠨ ᠱᠠᠵᠢᠨ ᠳ᠋ᠤ᠌ ᠲᠤᠰᠠ ᠬᠦᠷᠭᠡᠭᠰᠡᠨ ᠭᠡᠵᠦ ᠦᠵᠡᠭᠡᠳ ᠪᠠᠯᠳᠣᠷᠵᠢ ᠶ᠋ᠢ ᠡᠨᠡᠬᠦ ᠮᠠᠷᠰᠠᠩᠯᡁᠨ ᠬᠡᠢᠳ ᠲᠦ᠍ ᠶᠣᠰᠣ ᠲᠥᠷᠥ ᠲᠡᠢ ᠪᠤᠩᠬᠤᠯᠠᠭᠰᠠᠨ ᠭᠡᠳᠡᠭ ᠳᠣᠮᠣᠭ ᠲᠠᠢ ᠶᠤᠮ ᠰᠠᠨᠵᠠᠢ᠃  
       ᠭᠠᠰᠢᠭᠤᠨ ᠰᠤᠷᠭᠠᠮᠵᠢ ᠲᠠᠢ ᠳᠣᠮᠣᠭ ᠲᠤ᠌ ᠡᠨᠡ ᠲᠡᠦᠬᠡ ᠶ᠋ᠢ ᠡᠷᠭᠢᠨ ᠰᠠᠨᠠᠬᠤ ᠵᠠᠭᠤᠷ᠎ᠠ ᠰᠠᠨᠵᠢ ᠶ᠋ᠢᠨ ᠰᠡᠳᠬᠢᠯ ᠪᠠᠭ᠎ᠠ ᠵᠡᠷᠭᠡ ᠲᠥᠭᠡᠷᠢᠭᠳᠡᠵᠦ᠂ ᠶᠠᠭᠤᠮ᠎ᠠ ᠪᠦᠬᠦᠨ ᠦ᠌ ᠥᠩᠭᠡ ᠤᠯᠠᠢᠷᠠᠨ ᠬᠤᠪᠢᠷᠠᠭᠰᠠᠨ ᠰᠦᠷᠲᠦ ᠦᠵᠡᠭᠳᠡᠯ ᠡᠴᠡ ᠪᠢᠰᠢᠭᠦᠷᠬᠡᠭᠰᠡᠨ ᠢ᠋ᠶ᠋ᠡᠨ ᠪᠠᠭ᠎ᠠ ᠪᠣᠯᠪᠠᠴᠤ ᠰᠠᠷᠨᠢᠭᠠᠭᠠᠯ᠎ᠠ᠃ 
       ᠨᠡᠯᠢᠶᠡᠳ ᠶᠠᠪᠤᠭᠠᠳ ᠳᠠᠬᠢᠨ ᠠᠮᠤᠰᠬᠢᠵᠦ ᠡᠷᠭᠢᠨ ᠲᠣᠭᠣᠷᠢᠨ ᠢ᠋ ᠠᠵᠢᠪᠠᠯ ᠨᠥᠭᠥᠭᠡᠬᠢ ᠠᠶᠤᠮᠰᠢᠭᠲᠠᠢ ᠴᠢᠰᠤᠨ ᠤᠯᠠᠭᠠᠨ ᠥᠩᠭᠡ ᠨᠢᠭᠡᠨᠲᠡ ᠠᠯᠠᠭ᠎ᠠ ᠪᠣᠯᠤᠨ ᠥᠭᠡᠷᠡᠴᠢᠯᠡᠭᠳᠡᠵᠦ ᠶᠠᠭᠤᠮ᠎ᠠ ᠪᠦᠬᠦᠨ ᠬᠡᠪ ᠦ᠋ᠨ ᠪᠠᠢᠳᠠᠯ ᠢ᠋ᠶ᠋ᠠᠷ ᠢ᠋ᠶ᠋ᠠᠨ ᠬᠠᠷᠠᠭᠳᠠᠬᠤ ᠪᠣᠯᠴᠢᠬᠠᠭᠰᠠᠨ ᠪᠠᠢᠯ᠎ᠠ. 《ᠦᠭᠡᠢ ᠡᠨᠡ ᠶᠠᠭᠤᠲᠠᠢ ᠵᠢᠭᠲᠡᠢ ᠪᠢᠯᠡ? ᠨᠠᠳᠠ ᠳ᠋ᠤ᠌ ᠶᠠᠮᠠᠷ ᠨᠢᠭᠡᠨ ᠮᠠᠭᠤ ᠢᠷᠣ᠎ᠠ ᠲᠠᠨᠢᠭᠳᠠᠪᠠ ᠤᠤ?》 ᠭᠡᠵᠦ ᠰᠠᠨᠵᠢ ᠳᠣᠲᠣᠷ᠎ᠠ ᠪᠠᠨ ᠪᠣᠳᠣᠭᠠᠳ ᠡᠷᠭᠢᠨ ᠲᠣᠭᠣᠷᠢᠨ ᠢ᠋ ᠳᠠᠬᠢᠨ ᠰᠠᠢᠲᠣᠷ ᠠᠵᠢᠪᠠᠯ ᠮᠠᠷᠰᠠᠩᠯᡁᠨ ᠬᠡᠢᠳ ᠢ᠋ ᠬᠦᠷᠢᠶᠡᠯᠡᠭᠰᠡᠨ ᠡᠯᠢᠭᠡᠨ ᠤᠯᠠᠭᠠᠨ ᠬᠠᠳᠠ ᠨᠤᠭᠤᠳ ᠤ᠋ᠨ ᠡᠩᠭᠡᠷ ᠳᠡᠭᠡᠷ᠎ᠡ ᠡᠴᠡ ᠣᠷᠣᠢ ᠶ᠋ᠢᠨ ᠤᠯᠠᠭᠠᠨ ᠨᠠᠷᠠᠨ ᠤ᠋ ᠰᠡᠭᠦᠯᠴᠢ ᠶ᠋ᠢᠨ ᠲᠤᠶᠠᠭ᠎ᠠ ᠬᠢᠯᠠᠪᠬᠢᠨ ᠦᠭᠡᠢ ᠪᠣᠯᠵᠤ ᠪᠠᠢᠬᠤ ᠬᠠᠷᠠᠭᠳᠠᠯ᠎ᠠ᠃  
       - ᠠᠢ ᠬᠥᠭᠡᠷᠦᠬᠦᠢ! ᠠᠶᠤᠭᠰᠠᠨ ᠬᠥᠮᠦᠨ ᠠᠳᠤᠭᠤ ᠬᠥᠭᠡᠭᠡᠨ᠎ᠡ ᠭᠡᠭᠴᠢ ᠪᠡᠷ ᠣᠷᠣᠢ ᠶ᠋ᠢᠨ ᠤᠯᠠᠭᠠᠨ ᠨᠠᠷᠠᠨ ᠤ᠋ ᠰᠢᠷᠭᠠᠯ ᠲᠤᠶᠠᠭᠠᠨ ᠳ᠋ᠤ᠌ ᠡᠨᠡ ᠡᠯᠢᠭᠡᠨ ᠬᠠᠳᠠ ᠴᠢᠰ ᠤᠯᠠᠭᠠᠨ ᠥᠩᠭᠡ ᠲᠡᠢ ᠬᠠᠷᠠᠭᠳᠠᠵᠤ ᠠᠶᠤᠯᠭᠠᠭᠰᠠᠨ ᠪᠠᠢᠵᠤ ᠰᠢᠦ! ᠭᠡᠵᠦ ᠰᠠᠨᠵᠢ ᠠᠮᠠᠨ ᠳ᠋ᠤ᠌ ᠪᠠᠨ ᠥᠭᠡᠯᠡᠨ ᠰᠡᠳᠬᠢᠯ  ᠲᠠᠢᠪᠣᠰᠢᠷᠠᠭᠰᠠᠨ ᠶᠠᠩᠵᠤ ᠲᠠᠢ ᠬᠡᠯᠡᠬᠦ ᠳ᠋ᠦ᠍᠂ 
       - ᠮᠠᠷᠰᠠᠩᠯᡁᠨ ᠭᠡᠳᠡᠭ ᠴᠢᠨᠢ ᠲᠥᠪᠡᠳ ᠢ᠋ᠶ᠋ᠡᠷ ᠤᠯᠠᠭᠠᠨ ᡀᠠ ᠭᠡᠰᠡᠨ ᠦᠭᠡ ᠶ᠋ᠢ ᠮᠠᠷᠲᠠᠪᠠ ᠤᠤ? ᠡᠷᠭᠢᠨ ᠲᠣᠭᠣᠷᠢᠨ ᠪᠠᠢᠭ᠎ᠠ  ᠬᠠᠳᠠ ᠨᠤᠭᠤᠳ ᠨᠢ ᠰᠢᠷᠣᠢ ᠨᠢ ᠴᠦ᠍ ᠭᠡᠰᠡᠨ ᠵᠤᠰᠤᠨ ᠤᠯᠠᠭᠠᠨ ᠥᠩᠭᠡ ᠲᠡᠢ ᠭᠠᠵᠠᠷ ᠪᠠᠢᠭ᠎ᠠ ᠶᠤᠮ᠃ ᠴᠢᠰ ᠤᠯᠠᠭᠠᠨ ᠬᠠᠳᠠ ᠲᠠᠢ ᠪᠣᠯᠬᠣᠷ ᠨᠢ ᠮᠠᠷᠰᠠᠩᠯᡁᠨ ᠭᠡᠵᠦ ᠨᠡᠷᠡᠯᠡᠭᠡ ᠪᠢᠵᠡ᠃ ᠣᠷᠣᠢ ᠶ᠋ᠢᠨ ᠵᠢᠷᠭᠠᠬᠤ ᠨᠠᠷᠠᠨ ᠤ᠋ ᠲᠤᠶᠠᠭ᠎ᠠ ᠲᠠᠢ ᠨᠡᠢᠯᠡᠭᠡᠳ ᠪᠦᠬᠦ  ᠶᠠᠭᠤᠮ᠎ᠠ ᠤᠯᠠᠭᠠᠨ ᠢ᠋ᠶ᠋ᠠᠷ ᠡᠷᠭᠢᠨ ᠬᠤᠪᠢᠷᠠᠭᠰᠠᠨ ᠮᠡᠲᠦ ᠡᠢᠮᠦ ᠠᠶᠤᠮᠠᠷ ᠥᠩᠭᠡ ᠬᠠᠶᠠ ᠭᠠᠷᠳᠠᠭ ᠭᠠᠵᠠᠷ ᠳᠠ ᠡᠨᠡ᠃ ᠡᠢᠮᠦ ᠶᠠᠭᠤᠮᠠᠨ ᠳ᠋ᠤ᠌ ᠵᠣᠪᠠᠬᠤ ᠬᠡᠷᠡᠭ ᠦᠭᠡᠢ᠃ ᠪᠢᠳᠡᠨ ᠳ᠋ᠦ᠍ ᠡᠭᠦᠨ ᠡᠴᠡ ᠴᠦ᠍ ᠠᠶᠤᠮᠠᠷ ᠶᠠᠭᠤᠮ᠎ᠠ ᠲᠣᠬᠢᠶᠠᠯᠳᠤᠬᠤ ᠦᠭᠡᠢ ᠭᠡᠬᠦ ᠭᠠᠵᠠᠷ ᠦᠭᠡᠢ᠃ ᠡᠢᠮᠦ ᠳ᠋ᠦ᠍ ᠰᠡᠳᠬᠢᠯ ᠢ᠋ᠶ᠋ᠡᠨ ᠪᠡᠷᠢ! ᠣᠷᠣᠨ ᠬᠡᠢᠳ ᠲᠦ᠍ ᠰᠠᠭᠤᠭᠰᠠᠭᠠᠷ ᠪᠠᠢᠭᠠᠳ ᠴᠢ ᠶᠡᠬᠡ ᠠᠶᠤᠮᠠᠲᠠᠭᠠᠢ ᠪᠣᠯᠤᠭᠰᠠᠨ ᠬᠥᠮᠦᠨ ᠪᠠᠢᠨ᠎ᠠ ᠭᠡᠵᠦ ᠨᠥᠬᠥᠷ ᠨᠢ ᠶᠠᠷᠢᠪᠠ᠃  
       ᠲᠡᠨᠦᠭᠦᠯᠴᠢᠨ ᠬᠣᠶᠠᠷ ᠢ᠋ ᠭᠠᠳᠠᠨ᠎ᠠ ᠠ᠋ᠴᠠ ᠨᠢ ᠬᠠᠷᠠᠬᠤ ᠳ᠋ᠤ᠌ ᠥᠷᠥᠪᠳᠦᠯᠲᠡᠢ ᠪᠠᠢᠯ᠎ᠠ᠃ ᠨᠢᠭᠡ ᠨᠢ ᠶᠠᠰᠤ ᠠᠷᠠᠰᠤ ᠪᠣᠯᠤᠭᠰᠠᠨ ᠲᠤᠷᠠᠩᠬᠠᠢ ᠪᠡᠶ᠎ᠡ ᠲᠡᠢ᠂ ᠬᠠᠪᠴᠢᠭ ᠡᠭᠦᠷᠭᠡ ᠡᠭᠦᠷᠴᠢ᠂ ᠳᠣᠯᠳᠣᠢ ᠪᠠᠷᠢᠭᠰᠠᠨ ᠬᠠᠲᠠᠩᠭᠢᠷ ᠲᠤᠷᠠᠩᠬᠠᠢ ᠬᠢᠵᠢᠶᠡᠯᠢ ᠨᠠᠰᠤᠨ ᠤ᠋ ᠡᠷ᠎ᠡ᠂ ᠨᠥᠭᠦᠭᠡ ᠨᠢ ᠰᠢᠮᠨᠠᠨᠼ ᠤ᠋ᠨ ᠬᠤᠪᠴᠠᠰᠤ ᠡᠮᠦᠰᠦᠭᠰᠡᠨ ᠪᠥᠭᠡᠳ ᠭᠠᠵᠠᠷ ᠱᠠᠭᠠᠢᠵᠤ ᠪᠦᠭᠲᠦᠢᠭᠰᠡᠨ ᠠᠮᠢᠲᠠᠨ ᠠᠵᠠᠢ᠃ ᠨᠢᠷᠤᠭᠤ ᠪᠠᠷ ᠳᠤᠮᠳᠠ ᠵᠡᠷᠭᠡ ᠪᠣᠯᠬᠣᠷ ᠰᠠᠨᠵᠢ ᠶ᠋ᠢ ᠬᠡᠨ ᠴᠦ᠍ ᠬᠠᠷᠠᠭᠠᠳ ᠰᠢᠮᠨᠠᠨᠼ ᠯᠠ ᠭᠡᠵᠦ ᠪᠣᠳᠣᠬᠤ ᠪᠠᠷ ᠪᠠᠢᠯ᠎ᠠ᠃ ᠬᠠᠷᠢᠨ ᠴᠢᠷᠠᠢ ᠶ᠋ᠢ ᠨᠢ ᠰᠠᠢᠨ ᠠᠵᠢᠭᠯᠠᠬᠤ ᠶᠤᠮ ᠪᠣᠯ ᠡᠷ᠎ᠡ ᠬᠥᠮᠦᠨ ᠭᠡᠳᠡᠭ ᠢ᠋ ᠮᠡᠳᠡᠬᠦ ᠳ᠋ᠦ᠍ ᠬᠢᠯᠪᠠᠷᠬᠠᠨ ᠶᠤᠮ ᠰᠠᠨᠵᠢ᠃ 
       - ᠦᠭᠡᠢ ᠴᠢᠨᠦ ᠨᠠᠭᠠᠳᠤ ᠤᠷᠤᠭᠤᠯ ᠳᠡᠭᠡᠭᠦᠷ ᠴᠢᠨᠢ ᠭᠠᠭᠴᠠ ᠨᠢᠭᠡ ᠰᠠᠬᠠᠯ ᠰᠢᠭ᠋ ᠶᠠᠭᠤᠮ᠎ᠠ ᠰᠥᠷᠪᠡᠢᠭᠡᠳ ᠭᠠᠷᠤᠭᠠᠳ ᠢᠷᠡᠵᠡᠢ! ᠣᠳᠣ ᠯᠠ ᠬᠡᠷᠡᠭ ᠪᠢᠰᠢ ᠪᠣᠯᠤᠨ᠎ᠠ ᠰᠢᠦ! ᠡᠨᠡ ᠲᠥᠪᠡᠳ ᠦ᠋ᠳ ᠦ᠋ᠨ ᠬᠠᠷᠠᠲᠠᠢ ᠶ᠋ᠢ ᠬᠡᠯᠡᠬᠦ ᠤᠤ? ᠭᠡᠵᠦ ᠭᠡᠨᠡᠳᠲᠡ ᠨᠠᠢᠵᠠ ᠶ᠋ᠢ ᠪᠡᠨ ᠰᠠᠨᠠᠭᠤᠯᠬᠤ ᠳ᠋ᠤ᠌ ᠰᠠᠨᠵᠢ ᠤᠨᠲᠤᠭᠤᠴᠠᠨ ᠰᠣᠴᠢᠯ᠎ᠠ᠃  
       - ᠨᠡᠭᠡᠷᠡᠨ ᠤᠤ? ᠭᠡᠵᠦ ᠭᠠᠢᠬᠠᠨ ᠠᠰᠠᠭᠤᠬᠤ ᠳ᠋ᠤ᠌ ᠨᠠᠢᠵᠠ ᠨᠢ᠄ 
       - ᠱᠦᠷᠪᠦᠢᠭᠡᠳ ᠶᠡᠬᠡ ᠲᠣᠳᠣ ᠪᠠᠢᠨ᠎ᠠ᠃ ᠴᠢᠮ᠎ᠠ ᠳ᠋ᠤ᠌ ᠴᠢᠮᠬᠢᠭᠦᠷ ᠪᠣᠢ ᠤᠤ? ᠵᠤᠯᠭᠠᠭᠠᠵᠤ ᠬᠠᠶᠠᠪᠠᠯ ᠲᠠᠭᠠᠷᠠᠨ᠎ᠠ᠃ ᠶᠡᠷᠦ ᠨᠢ ᠲᠡᠭᠡᠭᠡᠳ ᠬᠥᠮᠦᠨ ᠦ᠌ ᠥᠭᠡᠳᠡ ᠡᠴᠡ ᠡᠭᠴᠡᠯᠡᠨ ᠬᠠᠷᠠᠭᠠᠳ ᠪᠠᠢᠬᠤ ᠬᠡᠷᠡᠭ ᠦᠭᠡᠢ᠃ ᠲᠠᠨᠢᠭᠳᠠᠨ᠎ᠠ ᠰᠢᠦ! ᠭᠡᠵᠦ ᠰᠠᠨᠠᠭᠤᠯᠪᠠ᠃ ᠰᠠᠨᠵᠢ ᠦᠨᠡᠬᠡᠷ ᠲᠡᠢᠮᠦ ᠪᠣᠯᠬᠤ ᠮᠠᠭᠠᠳ ᠭᠡᠳᠡᠭ ᠲᠦ᠍ ᠢᠲᠡᠭᠡᠭᠰᠡᠨ ᠲᠤᠯᠠ᠂ 
       - ᠴᠢᠮᠬᠢᠭᠦᠷ ᠨᠠᠳᠠ ᠳ᠋ᠤ᠌ ᠪᠣᠢ ᠪᠣᠢ! ᠡᠨᠡᠦᠬᠡᠨ ᠳ᠋ᠦ᠍ ᠰᠠᠭᠤᠭᠠᠳ ᠵᠤᠯᠭᠠᠭᠠᠯᠭᠠᠬᠤ ᠤᠤ ᠭᠡᠰᠡᠨ ᠳ᠋ᠦ᠍ ᠨᠠᠢᠵᠠ ᠨᠢ᠂ 
       - ᠪᠣᠯᠬᠤ ᠦᠭᠡᠢ᠃ ᠰᠢᠮᠨᠠᠨᠼ ᠤ᠋ᠨ ᠰᠠᠬᠠᠯ ᠵᠤᠯᠭᠠᠭᠠᠵᠤ ᠰᠠᠭᠤᠭ᠎ᠠ ᠳᠤᠯᠳᠤᠢᠴᠢᠨ ᠢ᠋ ᠬᠠᠷᠠᠪᠠᠯ ᠪᠦᠬᠦ ᠲᠡᠢ ᠮᠣᠷᠢ ᠦᠵᠡᠭᠰᠡᠨ ᠶᠦ᠍ᠮ ᠰᠢᠭ ᠭᠠᠢᠬᠠᠵᠠᠭᠠᠵᠤ ᠰᠦᠢᠳ ᠪᠣᠯᠤᠨ᠎ᠠ᠃ ᠰᠥᠨᠢ ᠪᠣᠯᠬᠤ ᠪᠠᠷ ᠶᠤᠮ ᠤᠤ ᠡᠰᠡᠪᠡᠯ ᠬᠥᠮᠦᠨ ᠦᠭᠡᠢ ᠵᠡᠯᠢᠭᠦᠳ ᠭᠠᠵᠠᠷ ᠣᠴᠢᠵᠤ ᠪᠠᠢᠭᠠᠳ ᠨᠠᠭᠠᠳᠤᠬᠢ ᠬᠡᠳᠦ ᠶ᠋ᠢ ᠴᠢᠨᠢ ᠵᠤᠯᠭᠠᠭᠠᠶ᠎ᠠ᠃ ᠶᠠᠮᠠᠷ ᠴᠤ᠌ ᠪᠠᠢᠭᠰᠠᠨ ᠮᠠᠷᠰᠠᠩᠯᡁᠨ ᠳ᠋ᠤ᠌ ᠯᠠ ᠬᠣᠨᠣᠭᠯᠠᠬᠤ ᠪᠠᠨ ᠪᠣᠯᠢᠶ᠎ᠠ᠃ ᠪᠢ ᠤᠷᠢᠳᠤ ᠨᠢ ᠴᠢᠨᠦ ᠨᠠᠭᠠᠳᠤ ᠬᠡᠳᠦᠨ ᠰᠥᠷᠪᠡᠭᠡᠷ ᠢ᠋ ᠠᠵᠢᠭᠯᠠᠬᠤ ᠮᠢᠨᠢ ᠶᠠᠭᠠᠬᠢᠯ᠎ᠠ ᠭᠡᠵᠦ ᠪᠣᠯᠭᠣᠮᠵᠢᠲᠠᠢ ᠶᠠᠷᠢᠪᠠ᠃  
       ᠲᠡᠳᠡ ᠡᠢᠨ ᠬᠦ᠌ ᠮᠠᠷᠰᠠᠩᠯᡁᠨ ᠬᠡᠢᠳ ᠢ᠋ᠶ᠋ᠡᠷ ᠣᠷᠣᠬᠤ ᠦᠭᠡᠢ ᠥᠩᠭᠡᠷᠡᠨ ᠶᠠᠪᠤᠬᠤ ᠪᠠᠷ ᠰᠢᠢᠳᠦᠯ᠎ᠡ᠃ ᠰᠥᠨᠢ ᠶ᠋ᠢᠨ ᠬᠠᠷᠠᠩᠭᠤᠢ ᠨᠥᠮᠥᠷᠬᠦ ᠬᠦᠷᠲᠡᠯ᠎ᠡ ᠲᠡᠳᠡ ᠶᠠᠪᠤᠵᠠᠭᠠᠯ᠎ᠠ᠃ ᠲᠡᠭᠡᠭᠡᠳ ᠨᠢᠭᠡᠨ ᠶᠡᠬᠡ ᠰᠦᠷᠯᠢᠭ ᠬᠠᠳᠠᠨ ᠤ᠋ ᠨᠥᠮᠥᠷᠢ ᠳ᠋ᠦ᠍ ᠣᠷᠣᠵᠤ ᠲᠡᠳᠡ ᠬᠡᠭᠡᠷ᠎ᠡ ᠬᠣᠨᠣᠭᠯᠠᠬᠤ ᠪᠠᠷ ᠰᠢᠢᠳᠴᠡᠢ᠃ ᠴᠠᠭ ᠳᠤᠯᠠᠭᠠᠨ ᠲᠤᠯᠠ ᠬᠡᠭᠡᠷ᠎ᠡ ᠬᠣᠨᠣᠬᠤ ᠳ᠋ᠤ᠌ ᠲᠣᠬᠢᠷᠠᠮᠵᠢᠲᠠᠢ ᠪᠠᠢᠯ᠎ᠠ᠃ ᠰᠥᠨᠢ ᠶ᠋ᠢᠨ ᠴᠠᠭ ᠢ᠋ᠶ᠋ᠠᠷ ᠠᠭᠤᠯᠠᠨ ᠳ᠋ᠤ᠌ ᠭᠠᠯ ᠭᠠᠷᠬᠤ ᠠᠶᠤᠯ ᠲᠠᠢ ᠲᠤᠯᠠ ᠲᠡᠳᠡ ᠬᠠᠭᠤᠷᠠᠢ ᠶᠠᠭᠤᠮ᠎ᠠ ᠢᠳᠡᠵᠦ ᠭᠣᠣᠯ ᠢ᠋ᠶ᠋ᠠᠨ ᠵᠣᠭᠣᠯ᠎ᠠ᠃ ᠠᠭᠤᠯᠠᠨ ᠳ᠋ᠤ᠌ ᠥᠴᠦᠬᠡᠨ ᠲᠡᠳᠦᠢ ᠭᠠᠯ ᠬᠠᠷᠠᠭᠳᠠᠪᠠᠯ ᠳᠡᠭᠡᠷᠡᠮᠴᠢᠨ ᠨᠥᠬᠥᠳ ᠪᠠᠷᠢᠮᠵᠢᠶ᠎ᠠ ᠠᠪᠴᠤ ᠰᠢᠩᠰᠢᠯᠡᠨ ᠢᠷᠡᠳᠡᠭ ᠨᠢ ᠲᠥᠪᠡᠳ ᠭᠠᠵᠠᠷ ᠤ᠋ᠨ ᠪᠠᠷᠤᠭ ᠨᠡᠢᠲᠡᠯᠢᠭ ᠪᠣᠯᠤᠭᠰᠠᠨ ᠵᠠᠩᠰᠢᠯ ᠶᠤᠮ᠃ 
       - ᠵᠠ ᠴᠢᠪᠠᠭᠠᠨᠴᠠ ᠮᠢᠨᠢ ᠬᠠᠵᠠᠭᠤ ᠪᠠᠷ ᠬᠡᠪᠲᠡ! ᠭᠡᠵᠦ ᠨᠠᠢᠵᠠ ᠨᠢ ᠱᠣᠭᠯᠠᠬᠤ ᠳ᠋ᠤ᠌ ᠰᠠᠨᠵᠢ ᠬᠢ ᠬᠢ ᠢᠨᠢᠶᠡᠵᠦ᠂ 
       - ᠴᠢᠪᠠᠭᠠᠨᠴᠠ ᠪᠣᠯᠵᠤ ᠳᠠᠩᠴᠢ ᠰᠤᠷᠬᠤ ᠦᠭᠡᠢ ᠨᠢ ᠠ᠋! ᠭᠡᠪᠡ᠃ 
       ᠰᠤᠷᠤᠭᠠᠳ ᠴᠤ᠌ ᠶᠠᠭᠠᠬᠢᠬᠤ ᠶᠤᠮ ᠪᠢᠯᠡ᠃ ᠨᠤᠲᠤᠭ ᠣᠷᠣᠨ ᠤ᠋  ᠪᠠᠷ᠎ᠠ ᠬᠠᠷᠠᠬᠤ ᠬᠦᠷᠲᠡᠯ᠎ᠡ ᠴᠢᠪᠠᠭᠠᠨᠴᠠ ᠶ᠋ᠢᠨ ᠳᠦᠷᠢ ᠶ᠋ᠢ ᠦᠵᠡᠭᠦᠯᠵᠦ ᠶᠠᠪᠤᠪᠠᠯ ᠪᠣᠯᠤᠭ᠎ᠠ᠃ ᠶᠡᠷᠦ ᠨᠢ ᠲᠡᠭᠡᠭᠡᠳ ᠬᠥᠮᠦᠨ ᠠᠮᠢᠲᠠᠨ ᠣᠢᠷ᠎ᠠ ᠦᠵᠡᠭᠳᠡᠵᠦ ᠪᠠᠢᠬᠤ ᠴᠠᠭ ᠲᠤ᠌ ᠶᠠᠭᠤᠮ᠎ᠠ ᠶᠠᠷᠢᠬᠤ ᠬᠡᠷᠡᠭ ᠦᠭᠡᠢ᠃  ᠳᠠᠭᠤ ᠴᠢᠨᠢ ᠴᠢᠪᠠᠭᠠᠨᠴᠠ ᠶ᠋ᠢᠨ ᠬᠢ ᠡᠴᠡ ᠣᠭᠲᠣ ᠥᠭᠡᠷ᠎ᠡ ᠶᠦ᠍ᠮ᠃ ᠳᠠᠭᠤ ᠪᠠᠷ ᠢ᠋ᠶ᠋ᠠᠨ ᠲᠠᠨᠢᠭᠳᠠᠴᠢᠬᠠᠬᠤ ᠭᠡᠳ ᠪᠠᠢᠬᠤ ᠶᠤᠮ ᠭᠡᠵᠦ ᠨᠠᠢᠵᠠ ᠨᠢ ᠰᠠᠨᠠᠭᠤᠯᠪᠠ᠃ ᠰᠠᠨᠵᠢ ᠲᠡᠭᠦᠨ ᠢ᠋ ᠵᠥᠪᠰᠢᠶᠡᠷᠡᠵᠦ ᠪᠠᠢᠯ᠎ᠠ᠃ ᠦᠨᠡᠬᠡᠷ ᠴᠢᠪᠠᠭᠠᠨᠴᠠ ᠶ᠋ᠢᠨ ᠳᠠᠭᠤ ᠭᠠᠷᠭᠠᠬᠤ ᠭᠡᠵᠦ ᠬᠢᠴᠢᠶᠡᠭᠡᠳ ᠬᠢᠴᠢᠶᠡᠭᠡᠳ ᠨᠡᠮᠡᠷᠢ ᠦᠭᠡᠢ ᠪᠠᠢᠭ᠎ᠠ ᠶ᠋ᠢ ᠲᠡᠷᠡ ᠬᠡᠳᠦ ᠬᠡᠳᠦᠨ ᠤᠳᠠᠭ᠎ᠠ ᠠᠵᠢᠭᠯᠠᠭᠰᠠᠨ ᠶᠤᠮ᠃  
       - ᠢᠨᠢᠶᠡᠳᠦ ᠲᠡᠢ ᠬᠡᠷᠡᠭ ᠰᠢᠦ! ᡀᠠᠷᠠᠮᠪᠠ ᠶ᠋ᠢᠨ ᠳᠡᠮᠵᠢᠶ᠎ᠡ ᠪᠠᠷᠢᠴᠢᠬᠠᠭᠠᠳ ᠰᠢᠮᠨᠠᠨᠼ ᠪᠣᠯᠤᠭᠠᠳ ᠢᠩᠭᠢᠵᠦ ᠶᠠᠪᠤᠬᠤ ᠭᠡᠳᠡᠭ! ᠭᠡᠵᠦ ᠰᠠᠨᠵᠢ ᠭᠠᠢᠬᠠᠬᠤ ᠠᠶᠠᠰ ᠭᠠᠷᠭᠠᠬᠤ ᠳ᠋ᠤ᠌᠂ 
       - ᠲᠡᠷᠡ ᠪᠠᠢᠳᠠᠭ ᠯᠠ ᠶᠣᠰᠣ᠃ ᠡᠷ᠎ᠡ ᠬᠥᠮᠦᠨ ᠳᠣᠯᠣᠭ᠎ᠠ ᠳᠣᠣᠷᠠᠲᠤᠵᠤ᠂ ᠨᠠᠢ᠍ᠮᠠ ᠰᠡᠬᠡᠳᠡᠭ ᠶᠦ᠍ᠮ᠃ ᠲᠥᠪᠡᠳ᠂ ᠲᠠᠩᠭᠤᠳ ᠤ᠋ᠨ ᠭᠠᠷ ᠲᠤ᠌ ᠯᠠ ᠪᠠᠷᠢᠭᠳᠠᠬᠤ ᠦᠭᠡᠢ ᠡᠨᠡ ᠨᠤᠲᠤᠭ ᠠ᠋ᠴᠠ ᠭᠠᠷᠴᠤ ᠴᠢᠳᠠᠪᠠᠯ ᠪᠣᠯᠤᠯ᠎ᠠ᠃ ᠭᠡᠷ ᠣᠷᠣᠨ ᠳ᠋ᠤ᠌ ᠪᠠᠨ ᠡᠷᠭᠢᠵᠦ ᠣᠴᠢᠬᠤ ᠳ᠋ᠤ᠌ ᠴᠢᠨᠢ  ᠴᠢᠮᠠᠶ᠋ᠢ ᠰᠠᠢᠬᠠᠨ ᠴᠠᠭᠠᠨ ᠰᠡᠳᠬᠢᠯ ᠲᠡᠢ ᠮᠣᠩᠭᠣᠯ ᠠᠬ᠎ᠠ ᠳᠡᠣᠭᠦᠰ ᠤᠭᠲᠤᠵᠤ ᠠᠪᠤᠭᠠᠳ ᠴᠠᠭᠠᠨ ᠢᠰᠡᠭᠡᠢ ᠳᠡᠭᠡᠷ᠎ᠡ ᠪᠡᠨ ᠲᠣᠰᠴᠤ  ᠪᠠᠭᠤᠯᠭᠠᠭᠠᠳ ᠪᠤᠶᠠᠨᠵᠠᠯᠪᠠᠷᠢᠬᠤ ᠬᠡᠢᠳ ᠲᠦ᠍ ᠬᠠᠩᠪᠤ ᠯᠠᠮᠠ ᠪᠠᠷ ᠵᠠᠯᠠᠨ᠎ᠠ ᠳᠠ! ᠲᠡᠷᠡ ᠴᠠᠭ ᠲᠤ᠌ ᠬᠥᠭᠰᠢᠨ ᠮᠠᠭᠤ ᠠᠬ᠎ᠠ ᠶ᠋ᠢ ᠪᠡᠨ ᠪᠠᠯᠢᠩᠴᠢ ᠪᠠᠷ ᠠᠪᠤᠭᠠᠷᠠᠢ ᠳᠠ᠃ ᠠᠬ᠎ᠠ ᠨᠢ ᠪᠠᠯᠢᠩ᠂ ᠱᠠᠯᠰᠠᠢ ᠬᠢᠬᠦ ᠳ᠋ᠦ᠍ ᠪᠡᠨ ᠭᠠᠷ ᠤ᠋ᠨ ᠳᠦᠢᠲᠡᠢ ᠶᠦ᠍ᠮ ᠭᠡᠵᠦ ᠨᠠᠢᠵᠠ ᠨᠢ ᠰᠠᠨᠵᠢ ᠶ᠋ᠢᠨ ᠪᠠᠷᠤᠭ ᠴᠢᠬᠢᠨ ᠳᠡᠭᠡᠷ᠎ᠡ ᠨᠢ ᠰᠢᠪᠡᠨᠡᠨ ᠶᠠᠷᠢᠬᠤ ᠳ᠋ᠤ᠌ ᠰᠡᠳᠬᠢᠯ ᠨᠢ ᠥᠪᠡᠷ ᠦ᠋ᠨ ᠡᠷᠬᠡ ᠦᠭᠡᠢ ᠬᠠᠢᠯᠠᠨ ᠤᠶᠠᠷᠠᠪᠠ᠃ 
      《ᠬᠥᠭᠡᠷᠦᠬᠦᠢ ᠡᠨᠡ ᠶᠠᠳᠠᠷᠠᠭᠰᠠᠨ ᠡᠷ᠎ᠡ ᠳ᠋ᠦ᠍ ᠪᠢ ᠲᠤᠰᠠ ᠬᠦᠷᠭᠡᠬᠦ ᠶᠣᠰᠣᠲᠠᠢ᠃ ᠶᠠᠳᠠᠷᠠᠭᠰᠠᠨ ᠴᠠᠭ ᠲᠤ᠌ ᠶᠠᠳᠠᠷᠠᠭᠰᠠᠨ ᠬᠥᠮᠦᠨ ᠯᠡ ᠲᠤᠰᠠ ᠪᠣᠯᠳᠠᠭ ᠶᠤᠮ ᠪᠠᠢᠨ᠎ᠠ》 ᠭᠡᠵᠦ ᠰᠠᠨᠵᠢ ᠳᠣᠲᠣᠷ᠎ᠠ ᠪᠠᠨ ᠪᠣᠳᠣᠵᠤ ᠪᠠᠢᠯ᠎ᠠ᠃ ᠰᠠᠨᠵᠢ ᠶ᠋ᠢᠨ ᠳᠠᠭᠠᠭᠤᠯᠤᠨ ᠭᠠᠷᠤᠭᠰᠠᠨ ᠲᠡᠷᠡ ᠨᠠᠢᠵᠠ ᠨᠢ ᠬᠠᠷ᠎ᠠ ᠠᠵᠢᠷᠭ᠎ᠠ ᠶ᠋ᠢᠨ ᠨᠢᠷᠤᠭᠤ᠂ ᠪᠤᠷᠬᠠᠨ ᠪᠤᠤᠳᠠᠢ ᠠᠭᠤᠯᠠ ᠪᠠᠷ ᠨᠤᠲᠤᠭ ᠲᠠᠢ ᠡᠭᠡᠯ ᠨᠢᠭᠡᠨ ᠡᠷ᠎ᠡ ᠪᠠᠢᠵᠠᠢ᠃ ᠬᠡᠢᠳ ᠲᠦ᠍ ᠱᠠᠪᠢᠯᠠᠨ ᠰᠠᠭᠤᠵᠤ ᠯᠠᠮᠠ ᠪᠠᠭᠰᠢ ᠨᠢ ᠲᠡᠭᠦᠨ ᠢ᠋ ᠳᠠᠭᠠᠭᠤᠯᠤᠨ ᠤᠲᠠᠢ᠂ ᠭᠦᠮᠪᠦᠮ᠂ ᡀᠠᠰᠠ ᠵᠣᠣ ᠪᠠᠷ ᠮᠥᠷᠭᠥᠯ ᠬᠢᠬᠦ ᠪᠡᠷ ᠶᠠᠪᠤᠵᠠᠢ᠃ ᠭᠡᠪᠡᠴᠦ ᠲᠥᠪᠡᠳ ᠦ᠋ᠨ ᠥᠨᠳᠥᠷ ᠠᠭᠤᠯᠠᠨ ᠳ᠋ᠤ᠌ ᠳᠡᠭᠡᠷᠡᠮᠴᠢᠨ ᠨᠥᠬᠥᠳ ᠲᠡᠢ ᠳᠠᠭᠠᠷᠢᠯᠳᠤᠭᠠᠳ ᠪᠠᠭᠰᠢ ᠯᠠᠮᠠ ᠨᠢ ᠲᠡᠳᠡᠨ ᠢ᠋ ᠡᠰᠡᠷᠭᠦᠴᠡᠭᠰᠡᠨ ᠦ᠌ ᠤᠴᠢᠷ ᠭᠣᠯᠣᠣᠭ ᠣᠮᠣᠭ ᠤ᠋ᠨ ᠬᠢᠨ ᠳ᠋ᠦ᠍ ᠪᠠᠷᠢᠭᠳᠠᠵᠤ ᠲᠠᠮᠤᠯᠠᠭᠳᠠᠭᠠᠳ ᠡᠴᠦᠰ ᠲᠡᠭᠡᠨ ᠠᠭᠤᠯᠠ ᠶ᠋ᠢᠨ ᠭᠣᠣᠯ ᠤ᠋ᠨ ᠭᠦᠨ ᠴᠦᠩᠬᠦᠯ ᠳ᠋ᠦ᠍  ᠰᠢᠳᠡᠭᠦᠯᠴᠢᠬᠡᠵᠡᠢ᠃ ᠲᠡᠭᠦᠨ ᠡᠴᠡ ᠪᠣᠯᠵᠤ ᠬᠥᠮᠦᠨ ᠦ᠌ ᠭᠠᠵᠠᠷ᠂ ᠭᠦᠨ ᠦ᠌ ᠨᠤᠲᠤᠭ ᠲᠤ᠌ ᠭᠠᠪ ᠭᠠᠭᠴᠠᠭᠠᠷ ᠬᠠᠶᠠᠭᠳᠠᠭᠰᠠᠨ ᠪᠢᠴᠢᠬᠠᠨ ᠬᠤᠸᠠᠷᠠᠭ ᠥᠯᠵᠡᠢᠲᠦ ᠬᠤᠪᠢ ᠵᠠᠶᠠᠭ᠎ᠠ ᠪᠠᠨ ᠥᠪᠡᠷ ᠢ᠋ᠶ᠋ᠡᠨ ᠰᠢᠢᠳᠬᠦ ᠡᠴᠡ ᠠᠷᠭ᠎ᠠ ᠦᠭᠡᠢ ᠳ᠋ᠦ᠍ ᠬᠦᠷᠦᠭᠰᠡᠨ ᠶᠤᠮᠰᠠᠨᠵᠠᠢ᠃ 
       ᠲᠥᠪᠡᠳ ᠣᠷᠣᠨ ᠢ᠋ᠶ᠋ᠠᠷ ᠣᠯᠠᠨ ᠵᠢᠯ ᠲᠡᠨᠦᠭᠦᠴᠢᠯᠡᠨ᠂ ᠳᠣᠯᠳᠣᠢ ᠲᠠᠢ ᠪᠠᠳᠢᠷᠴᠢ ᠶ᠋ᠢᠨ ᠳᠦᠷᠢ ᠪᠡᠷ ᠥᠴᠢᠨᠡᠨ ᠬᠤᠭᠤᠴᠠᠭ᠎ᠠ ᠶ᠋ᠢ ᠥᠩᠭᠡᠷᠡᠭᠡᠵᠡᠢ᠃ ᠲᠥᠷᠥᠭᠰᠡᠨ ᠨᠤᠲᠤᠭ ᠠ᠋ᠴᠠ ᠦᠨᠡᠲᠡᠢ ᠶᠠᠭᠤᠮ᠎ᠠ ᠦᠭᠡᠢ ᠶ᠋ᠢ ᠡᠨᠡ ᠵᠠᠪᠰᠠᠷ ᠶᠠᠰᠤ ᠮᠢᠬ᠎ᠠ ᠪᠠᠷ ᠢ᠋ᠶ᠋ᠠᠨ ᠮᠡᠳᠡᠷᠡᠵᠡᠢ᠃ ᠲᠡᠭᠡᠭᠡᠳ ᠰᠠᠨᠵᠢ ᠶ᠋ᠢᠨ ᠬᠠᠨᠢ ᠪᠠᠷ᠎ᠠ ᠪᠣᠯᠵᠤ ᠨᠤᠲᠤᠭ ᠪᠠᠷᠠᠭᠠᠳᠠᠬᠤ ᠵᠠᠮ ᠳ᠋ᠤ᠌ ᠭᠠᠷᠤᠭᠰᠠᠨ ᠨᠢ ᠡᠨᠡ᠃ ᠰᠠᠨᠵᠢ ᠲᠡᠷᠡ ᠬᠣᠶᠠᠷ ᠶᠠᠭᠠᠬᠢᠵᠤ ᠲᠠᠨᠢᠯᠴᠠᠭᠰᠠᠨ ᠪᠣᠢ ᠭᠡᠪᠡᠯ ᡀᠠᠰᠠ ᠬᠣᠲᠠ ᠶ᠋ᠢᠨ ᠭᠤᠳᠤᠮᠵᠢᠨ ᠳ᠋ᠤ᠌ ᠪᠢᠯᠡ᠃ 
       ᠳ᠋ᠦᠩᠵᠦᠪ ᠵᠠᠯᠠᠬᠤ ᠶᠣᠰᠣᠯᠠᠯ ᠪᠣᠯᠵᠤ ᠪᠠᠢᠭᠰᠠᠨ ᠶᠤᠮ᠃ ᠵᠢᠯ ᠪᠦᠷᠢ ᠶ᠋ᠢᠨ ᠡᠬᠢᠨ ᠰᠠᠷ᠎ᠠ ᠶ᠋ᠢᠨ ᠬᠣᠷᠢᠨ ᠳᠥᠷᠪᠡᠨ ᠳ᠋ᠦ᠍ ᠳ᠋ᠦᠩᠵᠦᠪ ᠵᠠᠯᠠᠨ᠎ᠠ ᠭᠡᠵᠦ ᠬᠣᠶᠠᠷ ᠲᠣᠮᠣ ᠰᠤᠷ ᠪᠡᠯᠡᠳᠬᠡᠨ ᠰᠢᠲᠠᠭᠠᠵᠤ ᠳᠠᠷᠠᠭ᠎ᠠ ᠨᠢ ᠯᠠᠨᠳᠠᠷᠮ᠎ᠠ ᠬᠠᠭᠠᠨ ᠢ᠋ ᠣᠷᠣᠰᠢᠭᠤᠯᠤᠭᠰᠠᠨ ᠠᠭᠤᠯᠠ ᠶ᠋ᠢᠨ ᠵᠦᠭ ᠦᠬᠡᠷ ᠫᠤᠤ ᠪᠠᠷ ᠫᠤᠤᠳᠠᠳᠠᠭ ᠲᠡᠷᠡ ᠶᠣᠰᠣᠯᠠᠯ ᠤ᠋ᠨ ᠦᠶ᠎ᠡ ᠳ᠋ᠦ᠍ ᠨᠢᠭᠡ ᠬᠡᠰᠡᠭ ᠮᠥᠷᠭᠥᠯᠴᠢᠳ ᠰᠤᠷ ᠤ᠋ᠨ ᠦᠨᠡᠰᠦ ᠣᠯᠵᠤ ᠠᠪᠬᠤ ᠶ᠋ᠢᠨ ᠲᠥᠯᠥᠭᠡ ᠨᠥᠭᠦᠭᠡ ᠵᠠᠷᠢᠮ ᠨᠢ ᠦᠬᠡᠷ ᠫᠤᠤ ᠶ᠋ᠢᠨ ᠰᠤᠮᠤ ᠶ᠋ᠢ ᠲᠤᠰᠤᠭᠰᠠᠨ ᠭᠠᠵᠠᠷ ᠠ᠋ᠴᠠ ᠨᠢ ᠣᠯᠵᠤ ᠡᠷᠭᠢᠭᠦᠯᠦᠨ ᠠᠪᠴᠢᠷᠠᠵᠤ ᠥᠭᠬᠦ᠂ ᠲᠡᠭᠡᠭᠰᠡᠨ ᠢ᠋ᠶ᠋ᠡᠷ ᠢ᠋ᠶ᠋ᠡᠨ ᠪᠦᠲᠦᠨ ᠵᠢᠯ ᠦ᠋ᠨ ᠲᠤᠷᠰᠢ ᠠᠯᠪᠠ  ᠭᠤᠪᠴᠢᠭᠤᠷ ᠠ᠋ᠴᠠ ᠴᠢᠯᠥᠭᠡᠯᠡᠭᠳᠡᠬᠦ ᠶ᠋ᠢᠨ ᠲᠥᠯᠥᠭᠡ ᠵᠢᠳᠬᠦᠳᠡᠭ ᠠᠵᠠᠢ᠃ ᠥᠯᠵᠡᠢᠲᠦ ᠲᠡᠢᠮᠦ ᠬᠡᠷᠡᠭ ᠢ᠋ᠶ᠋ᠡᠷ ᠰᠤᠷ ᠤ᠋ᠨ ᠦᠯᠡᠳᠡᠭᠳᠡᠯ ᠪᠤᠯᠢᠶᠠᠯᠳᠤᠨ ᠵᠣᠳᠣᠯᠳᠤᠵᠤ ᠪᠠᠢᠵᠠᠢ᠃ ᠬᠠᠮᠤᠭ ᠮᠡᠬᠡ ᠪᠡᠨ ᠰᠢᠪᠬᠠᠨ ᠵᠣᠳᠣᠯᠳᠤᠵᠠᠢ᠃ 
       ᠭᠡᠪᠡᠴᠦ ᠲᠡᠭᠦᠨ ᠳ᠋ᠦ᠍ ᠶᠠᠭᠤ ᠴᠤ᠌ ᠣᠯᠳᠠᠭᠰᠠᠨ ᠦᠭᠡᠢ᠃ ᠰᠤᠷ ᠤ᠋ᠨ ᠬᠤᠪᠴᠠᠰᠤᠨ ᠤ᠋ ᠪᠢᠴᠢᠬᠠᠨ ᠲᠠᠰᠤᠷᠬᠠᠢ ᠣᠯᠵᠤ ᠠᠪᠤᠭᠰᠠᠨ ᠢ᠋ ᠨᠢ ᠥᠭᠡᠷ᠎ᠡ ᠨᠢᠭᠡ ᠮᠥᠷᠭᠥᠯᠴᠢᠨ ᠪᠤᠯᠢᠶᠠᠨ ᠠᠪᠴᠤ ᠥᠯᠵᠡᠢᠲᠦ ᠶ᠋ᠢ ᠨᠠᠷᠮᠠᠢᠲᠠᠯ᠎ᠠ ᠨᠢ ᠳᠡᠯᠡᠰᠦᠭᠰᠡᠨ ᠳ᠋ᠦ᠍ ᠲᠡᠷᠡ ᠰᠤᠷ ᠤ᠋ᠨ ᠭᠠᠯ ᠪᠠᠢᠭᠰᠠᠨ ᠦᠨᠡᠰᠦᠨ ᠳᠡᠭᠡᠷ᠎ᠡ ᠨᠢᠭᠤᠷ ᠢ᠋ᠶ᠋ᠠᠷ ᠢ᠋ᠶ᠋ᠠᠨ ᠬᠠᠳᠬᠤᠨ ᠣᠢᠴᠢᠴᠢᠬᠠᠭᠠᠳ ᠬᠣᠷᠣᠰᠤᠨ ᠪᠠᠴᠢᠮᠳᠠᠭᠰᠠᠨ ᠠ᠋ᠴᠠ ᠪᠣᠯᠵᠤ ᠤᠬᠢᠯᠠᠵᠤ ᠰᠠᠭᠤᠬᠤ  ᠦᠶ᠎ᠡ ᠳ᠋ᠦ᠍ ᠨᠢ ᠰᠠᠨᠵᠢ ᠲᠡᠭᠦᠨ ᠢ᠋ ᠥᠷᠥᠪᠳᠦᠵᠦ ᠲᠡᠳᠡᠨ ᠪᠣᠰᠬᠠᠬᠤ ᠳ᠋ᠤ᠌ ᠥᠯᠵᠡᠢᠲᠦ᠂ 
       - ᠮᠠᠭᠤᠰᠠᠢᠨ ᠵᠡᠷᠯᠢᠭ ᠲᠠᠩᠭᠤᠳ ᠤᠳ ᠲᠠᠢ ᠨᠢᠭᠡ ᠶ᠋ᠢ ᠪᠡᠨ ᠦᠵᠡᠬᠦ ᠮᠢᠨᠢ ᠭᠡᠵᠦ ᠮᠣᠩᠭᠣᠯ ᠢ᠋ᠶ᠋ᠠᠷ ᠵᠠᠨᠤᠯᠬᠢᠯᠠᠬᠤ ᠳ᠋ᠤ᠌ ᠰᠠᠨᠵᠢ ᠲᠡᠭᠦᠨ ᠢ᠋ ᠰᠠᠶᠢ ᠯᠠ ᠮᠣᠩᠭᠣᠯ ᠬᠥᠮᠦᠨ ᠶᠦ᠍ᠮ ᠪᠠᠢᠨ᠎ᠠ ᠭᠡᠵᠦ ᠮᠡᠳᠡᠭᠡᠳ ᠭᠠᠷ ᠠ᠋ᠴᠠ ᠨᠢ ᠬᠥᠲᠥᠯᠦᠨ ᠶᠠᠪᠤᠵᠤ ᠣᠯᠠᠨ ᠤ᠋ ᠬᠥᠯ ᠡᠴᠡ ᠵᠠᠢᠯᠠᠭᠣᠯᠣᠭᠠᠳ᠂ 
       - ᠰᠤᠷ ᠤ᠋ᠨ ᠦᠯᠡᠳᠡᠭᠳᠡᠯ ᠢ᠋ᠶ᠋ᠡᠷ ᠶᠠᠭᠤ ᠪᠠᠨ ᠬᠢᠬᠦ ᠨᠢ ᠪᠣᠢ ᠳᠠ? ᠭᠡᠵᠦ ᠮᠣᠩᠭᠣᠯ ᠢ᠋ᠶ᠋ᠠᠷ ᠠᠰᠠᠭᠤᠵᠠᠢ᠃ ᠲᠡᠷᠡ ᠰᠠᠨᠵᠢ ᠶ᠋ᠢ ᠮᠣᠩᠭᠣᠯ ᠬᠥᠮᠦᠨ ᠭᠡᠵᠦ ᠮᠡᠳᠡᠮᠡᠭᠴᠡ ᠤᠯᠠᠮ ᠴᠤ᠌ ᠰᠡᠳᠬᠢᠯ ᠢ᠋ᠶ᠋ᠡᠷ ᠤᠨᠠᠨ ᠡᠬᠡᠷ ᠲᠡᠳᠡᠨ ᠤᠬᠢᠯᠠᠵᠤ᠂ 
       - ᠬᠠᠯᠬ᠎ᠠ ᠮᠢᠴᠠᠡᠭ ᠦ᠋ᠨ ᠪᠠᠯᠳᠠᠨ ᠯᠠᠮᠠ ᠭᠤᠶᠤᠭᠰᠠᠨ ᠶᠤᠮ᠃ ᠰᠤᠷ ᠤ᠋ᠨ ᠦᠯᠡᠳᠡᠭᠳᠡᠯ ᠣᠯᠵᠤ ᠢᠷᠡᠪᠡᠯ ᠶᠡᠬᠡ ᠱᠠᠩ ᠥᠭᠭᠦᠨ᠎ᠡ ᠭᠡᠰᠡᠨ ᠶᠦ᠍ᠮ ᠁ ᠭᠡᠵᠦ ᠦᠭᠡ ᠪᠡᠨ ᠲᠠᠰᠤᠯᠤᠨ ᠴᠤᠪᠤᠭᠤᠯᠤᠨ ᠶᠠᠷᠢᠪᠠ᠃ ᠰᠠᠨᠵᠢ ᠲᠡᠭᠦᠨ ᠢ᠋ ᠥᠷᠥᠪᠳᠦᠵᠦ᠂ 
       - ᠵᠠ ᠶᠠᠭᠠᠬᠢᠬᠤ ᠪᠣᠢ᠂ ᠨᠤᠲᠤᠭ ᠤ᠋ᠨ ᠬᠥᠮᠦᠨ ᠶᠦ᠍ᠮ ᠪᠠᠢᠨ᠎ᠠ᠃ ᠪᠢ ᠴᠢᠮ᠎ᠠ ᠳ᠋ᠤ᠌ ᠣᠯᠵᠠ ᠪᠠᠨ ᠥᠭᠭᠦᠶ᠎ᠡ! ᠭᠡᠵᠦ ᠬᠡᠯᠡᠭᠡᠳ ᠣᠷᠬᠢᠮᠵᠢᠨ ᠤ᠋ ᠪᠠᠨ ᠳᠣᠣᠭᠤᠷ ᠨᠢᠭᠤᠭᠰᠠᠨ ᠲᠦᠯᠡᠩᠬᠡᠢ ᠳ᠋ᠦᠩᠵᠦᠪ ᠦ᠋ᠨ ᠨᠢᠭᠡ ᠬᠡᠯᠲᠡᠷᠬᠡᠢ ᠶ᠋ᠢ ᠭᠠᠷᠭᠠᠵᠤ ᠢᠷᠡᠭᠡᠳ ᠲᠡᠭᠦᠨ ᠳ᠋ᠦ᠍ ᠥᠭᠴᠡᠢ᠃
       - ᠳ᠋ᠦᠩᠵᠦᠪ ᠵᠠᠯᠠᠬᠤ ᠳ᠋ᠤ᠌ ᠯᠠᠮᠠ ᠪᠠᠭᠰᠢ ᠳ᠋ᠤ᠌ ᠪᠠᠨ ᠲᠤᠰᠠᠯᠠᠵᠤ ᠪᠠᠢᠬᠤ ᠵᠠᠭᠤᠷ᠎ᠠ ᠣᠯᠵᠤ ᠠᠪᠤᠭᠰᠠᠨ ᠶᠤᠮ᠃ ᠵᠠ ᠶᠠᠭᠠᠬᠢᠬᠤ ᠪᠣᠢ᠂ ᠨᠤᠲᠤᠭ ᠤ᠋ᠨ ᠬᠥᠮᠦᠨ ᠪᠠᠢᠨ᠎ᠠ᠃ ᠲᠠᠨ ᠳ᠋ᠤ᠌ ᠥᠭᠴᠢᠬᠡᠶ᠎ᠡ ᠭᠡᠵᠦ ᠰᠠᠨᠵᠢ ᠲᠡᠭᠦᠨ ᠳ᠋ᠦ᠍ ᠬᠡᠯᠡᠬᠦ ᠳ᠋ᠦ᠍ ᠥᠯᠵᠡᠢᠲᠦ ᠠᠰᠤᠷᠤ ᠶᠡᠬᠡ ᠪᠠᠶᠠᠷᠯᠠᠵᠤ᠂ ᠬᠡᠦᠬᠡᠳ ᠮᠡᠲᠦ ᠢᠨᠢᠶᠡᠮᠰᠦᠭᠯᠡᠨ᠂ ᠲᠦᠯᠡᠩᠬᠡᠢ ᠳ᠋ᠦᠩᠵᠦᠪ ᠦ᠋ᠨ ᠲᠠᠰᠤᠷᠬᠠᠢ ᠶ᠋ᠢ ᠨᠠᠨᠳᠢᠩᠨᠠᠨ ᠬᠣᠶᠠᠷ ᠭᠠᠷᠳᠠᠨ ᠲᠣᠰᠴᠤ ᠠᠪᠬᠤ ᠳ᠋ᠤ᠌ ᠨᠢ ᠰᠠᠨᠵᠢ ᠳ᠋ᠤ᠌ ᠬᠥᠭᠡᠷᠦᠬᠦᠢ ᠲᠡᠷᠡ ᠰᠦᠰᠦᠭᠲᠡᠨ ᠢ᠋ ᠦᠷᠦ ᠡᠪᠡᠳᠬᠦ ᠰᠡᠳᠬᠢᠯ ᠲᠥᠷᠥᠵᠦ ᠪᠢᠯᠡ᠃ ᠰᠦᠵᠢᠭ ᠭᠡᠳᠡᠭ ᠶᠠᠮᠠᠷ ᠶᠡᠬᠡ ᠬᠦᠴᠦ ᠪᠡᠷ ᠬᠥᠮᠦᠨ ᠢ᠋ ᠠᠳᠬᠤᠵᠤ ᠪᠠᠢᠳᠠᠭ ᠨᠢ ᠡᠨᠡ ᠮᠡᠲᠦ ᠥᠴᠦᠬᠡᠨ ᠵᠦᠢᠯ ᠳᠡᠭᠡᠷ᠎ᠡ ᠴᠦ᠍ ᠢᠯᠡᠷᠬᠡᠢ ᠬᠠᠷᠠᠭᠳᠠᠨ᠎ᠠ᠃ ᠳ᠋ᠦᠩᠵᠦᠪ ᠭᠡᠳᠡᠭ ᠨᠢ ᠶᠡᠷᠦ ᠶ᠋ᠢᠨ ᠯᠡ ᠨᠢᠭᠡᠨ ᠰᠤᠷ ᠪᠥᠭᠡᠳ ᠱᠠᠰᠢᠨ ᠤ᠋ ᠳᠠᠢᠰᠤᠨ ᠢ᠋ ᠳᠠᠷᠤᠬᠤ ᠶ᠋ᠢᠨ ᠪᠡᠯᠭᠡᠳᠡᠯ ᠪᠣᠯᠭᠠᠵᠤ ᠬᠡᠳᠦᠬᠡᠨ ᠬᠣᠨᠣᠭ ᠤ᠋ᠨ ᠡᠮᠦᠨ᠎ᠡ ᠭᠠᠷ ᠤ᠋ᠨ ᠳᠦᠢᠲᠡᠢ ᠯᠠᠮᠠ ᠨᠠᠷ ᠴᠠᠭᠠᠰᠤ᠂ ᠭᠤᠯᠢᠷ᠂ ᠰᠢᠷ᠎ᠠ ᠲᠣᠰᠣ ᠲᠡᠷᠢᠭᠦᠲᠡᠨ ᠢ᠋ᠶ᠋ᠡᠷ ᠪᠦᠲᠦᠭᠡᠨ ᠦᠢᠯᠡᠳᠴᠦ ᠬᠤᠪᠴᠠᠰᠤ ᠵᠡᠷᠭᠡ ᠶ᠋ᠢ ᠨᠢ ᠡᠯᠳᠡᠪ ᠳᠠᠪᠤᠤ ᠱᠠᠪᠤᠤᠨ ᠤ᠋ ᠥᠭᠡᠳᠡᠰᠦ ᠪᠡᠷ ᠣᠷᠣᠯᠠᠭᠤᠯᠤᠨ ᠬᠢᠭᠰᠡᠨ ᠰᠦᠭ ᠳᠦᠷᠰᠦ ᠪᠢᠯᠡ᠃ ᠲᠡᠭᠦᠨ ᠢ᠋ ᠵᠥᠭᠡᠯᠭᠡ ᠲᠠᠷᠨᠢ ᠶ᠋ᠢᠨ ᠨᠣᠮ ᠢ᠋ᠶ᠋ᠠᠷ ᠪᠠᠬᠠᠨ ᠲᠠᠷᠨᠢᠳᠠᠵᠤ ᠪᠠᠢᠭᠠᠳ ᠭᠠᠯ ᠤᠷᠤᠭᠤ ᠬᠠᠶᠠᠨ ᠰᠢᠲᠠᠭᠠᠭᠰᠠᠨ ᠬᠡᠷᠡᠭ᠃ ᠰᠢᠲᠠᠭᠰᠠᠨ ᠦᠨᠡᠰᠦ᠂ ᠬᠣᠭ ᠢ᠋ ᠨᠢ ᠮᠥᠷᠭᠥᠯᠴᠢᠳ ᠪᠤᠯᠢᠶᠠᠯᠳᠤᠨ ᠠᠪᠬᠤ ᠳ᠋ᠤ᠌ ᠪᠠᠨ ᠡᠯᠳᠡᠪ ᠮᠠᠭᠤ ᠶᠠᠭᠤᠮᠠᠨ ᠠ᠋ᠴᠠ᠂ ᠭᠠᠢ ᠵᠡᠳᠬᠡᠷ ᠡᠴᠡ ᠪᠡᠶ᠎ᠡ ᠪᠡᠨ ᠬᠠᠮᠠᠭᠠᠯᠠᠬᠤ ᠤᠪᠠᠳᠢᠰ ᠲᠠᠢ ᠪᠣᠯᠤᠨ᠎ᠠ ᠭᠡᠵᠦ ᠢᠲᠡᠭᠡᠳᠡᠭ ᠪᠠᠢᠯ᠎ᠠ᠃ ᠬᠣᠭᠣᠰᠣᠨ ᠴᠢᠨᠠᠷ ᠤ᠋ᠨ ᠵᠦᠢᠯ ᠪᠣᠯᠪᠠᠴᠤ ᠰᠡᠳᠬᠢᠯ ᠦ᠋ᠨ ᠨᠢᠰᠸᠠᠨᠢᠰ ᠢ᠋ ᠦᠯᠳᠡᠨ ᠬᠥᠭᠡᠭᠡᠬᠦ ᠳ᠋ᠦ᠍ ᠬᠡᠷᠡᠭ ᠪᠣᠯᠤᠨ᠎ᠠ ᠭᠡᠳᠡᠭ ᠢ᠋ᠶ᠋ᠡᠷ ᠡᠢᠨ ᠬᠦ᠌ ᠰᠦᠰᠦᠭᠲᠡᠨ ᠳ᠋ᠦ᠍ ᠦᠶ᠎ᠡ ᠵᠠᠯᠭᠠᠮᠵᠢᠯᠠᠨ ᠢᠲᠡᠭᠡᠭᠳᠡᠭᠰᠡᠨ ᠲᠤᠬᠠᠢ ᠶ᠋ᠢ ᠰᠠᠨᠵᠢ ᠰᠠᠢᠨ ᠮᠡᠳᠡᠵᠦ ᠪᠠᠢᠯ᠎ᠠ᠃ ᠭᠡᠪᠡᠴᠦ ᠥᠪᠡᠷ ᠢ᠋ᠶ᠋ᠡᠨ ᠶᠠᠭᠠᠬᠢᠭᠠᠳ ᠲᠡᠭᠦᠨ ᠦ᠌ ᠦᠯᠡᠳᠡᠭᠳᠡᠯ ᠡᠴᠡ ᠰᠡᠮᠬᠡᠨ ᠠᠪᠴᠤ ᠣᠷᠬᠢᠮᠵᠢ ᠳ᠋ᠤ᠌ ᠪᠠᠨ ᠨᠢᠭᠤᠭᠰᠠᠨ ᠪᠢᠯᠡ? ᠰᠦᠵᠢᠭ ᠡᠴᠡ ᠡᠭᠦᠳᠦᠭᠰᠡᠨ ᠬᠡᠷᠡᠭᠴᠡᠭᠡ ᠶᠡᠬᠡ ᠪᠣᠯᠬᠣᠷ ᠬᠡᠨ ᠨᠢᠭᠡᠨ ᠡᠲᠡᠭᠡᠳ ᠦ᠋ᠨ ᠬᠦᠰᠡᠯ ᠳ᠋ᠦ᠍ ᠬᠠᠷᠢᠭᠤ ᠡᠷᠭᠦᠬᠦ ᠭᠡᠰᠡᠨ ᠡᠴᠡ ᠭᠠᠷᠴᠠᠭ᠎ᠠ ᠦᠭᠡᠢ᠃ ᠰᠦᠵᠢᠭᠲᠡᠨ ᠬᠥᠮᠦᠨ ᠦ᠌ ᠬᠡᠷᠡᠭᠴᠡᠭᠡ᠂ ᠲᠥᠭᠡᠷᠢᠭᠳᠡᠯ ᠨᠢ ᠵᠠᠷᠢᠮ ᠳ᠋ᠤ᠌ ᠪᠠᠨ ᠤᠳᠬ᠎ᠠ ᠦᠭᠡᠢ ᠳᠡᠮᠡᠢ ᠶᠠᠭᠤᠮ᠎ᠠ ᠶ᠋ᠢ ᠴᠦ᠍ ᠠᠷᠢᠭᠤᠨ ᠰᠢᠲᠦᠭᠡᠨ ᠦ᠌ ᠳᠡᠭᠡᠳᠦ ᠳ᠋ᠦ᠍ ᠠᠪᠠᠴᠢᠨ ᠳᠡᠪᠰᠢᠭᠦᠯᠵᠦ ᠴᠢᠳᠠᠨ᠎ᠠ᠃ ᠰᠡᠵᠢᠭ ᠢ᠋ᠶ᠋ᠡᠷ ᠡᠪᠡᠳᠴᠦ᠂ ᠰᠦᠵᠢᠭ ᠢ᠋ᠶ᠋ᠡᠷ ᠡᠳᠡᠭᠡᠨ᠎ᠡ ᠭᠡᠳᠡᠭ ᠶᠠᠷᠢᠶ᠎ᠠ ᠡᠢᠮᠦ ᠯᠡ ᠤᠴᠢᠷᠲᠠᠢ ᠪᠣᠯᠤᠨ᠎ᠠ᠃ ᠡᠨᠡ ᠪᠦᠬᠦᠨ ᠢ᠋ ᠰᠠᠨᠵᠢ ᠰᠥᠨᠢ ᠳᠦᠯᠢ ᠶ᠋ᠢᠨ ᠬᠠᠷᠠᠩᠭᠤᠢ ᠳ᠋ᠤ᠌ ᠰᠦᠵᠢᠭᠲᠦ ᠳᠤᠯᠳᠤᠢᠴᠢ ᠲᠠᠢ ᠵᠡᠷᠭᠡᠴᠡᠭᠡᠳ ᠡᠵᠡᠭᠦᠢ ᠬᠡᠭᠡᠷ᠎ᠡ ᠬᠠᠳᠠᠨ ᠤ᠋ ᠨᠥᠮᠥᠷᠢ ᠬᠣᠷᠭᠣᠳᠠᠨ ᠬᠡᠪᠲᠡᠵᠦ ᠪᠠᠢᠬᠤ ᠳ᠋ᠤ᠌ ᠪᠠᠨ ᠡᠷᠭᠢᠴᠡᠭᠦᠯᠦᠨ ᠳᠤᠷᠠᠰᠴᠠᠢ᠃ ᠪᠤᠷᠬᠠᠨ ᠤ᠋ ᠨᠣᠮ ᠤ᠋ᠨ ᠲᠤᠬᠠᠢ ᠳ᠋ᠤ᠌ 《ᠠ》 ᠦᠰᠦᠭ ᠴᠦ᠍ ᠦᠭᠡᠢ ᠡᠨᠡᠬᠦ ᠰᠦᠵᠢᠭᠲᠡᠨ᠂ ᠲᠡᠷᠡ ᠨᠣᠮ ᠢ᠋ ᠪᠦᠬᠦᠢ ᠯᠡ ᠨᠠᠰᠤ ᠪᠠᠷ ᠢ᠋ᠶ᠋ᠠᠨ ᠦᠵᠡᠵᠦ ᠣᠷᠣᠢ ᠨᠢ ᠴᠣᠭᠣᠷᠠᠭᠠᠳ ᡀᠠᠷᠠᠮᠪᠠ ᠶ᠋ᠢᠨ ᠴᠣᠯᠠ ᠳ᠋ᠤ᠌ ᠬᠦᠷᠦᠭᠰᠡᠨ ᠰᠠᠨᠵᠢ ᠬᠣᠶᠠᠷ ᠤ᠋ᠨ ᠲᠤᠬᠠᠢ ᠳ᠋ᠤ᠌ ᠪᠣᠯ ᠶᠠᠭ ᠡᠨᠡ ᠦᠶ᠎ᠡ ᠳ᠋ᠦ᠍ ᠶᠠᠮᠠᠷ ᠴᠤ᠌ ᠢᠯᠭᠠᠭ᠎ᠠ ᠠᠯᠠᠭ᠎ᠠ ᠪᠥᠭᠡᠳ ᠭᠠᠭᠴᠠᠬᠦ ᠠᠮᠢᠳᠤ ᠶᠠᠪᠤᠬᠤ ᠶ᠋ᠢᠨ ᠠᠭᠠᠷ ᠨᠢ ᠯᠡ ᠨᠢᠭᠡᠨ ᠠᠳᠠᠯᠢ ᠪᠠᠢᠭ᠎ᠠ ᠶ᠋ᠢ ᠰᠠᠨᠵᠢ ᠤᠬᠠᠭᠠᠷᠠᠵᠤ ᠪᠠᠢᠯ᠎ᠠ᠃ ᡀᠠᠰᠠ ᠠ᠋ᠴᠠ ᠤᠷᠭᠤᠵᠤ ᠭᠠᠷᠤᠭᠰᠠᠨ ᠠ᠋ᠴᠠ ᠬᠣᠢᠰᠢᠬᠢ ᠬᠡᠴᠡᠭᠦᠦ ᠲᠦᠭᠰᠢᠭᠦᠷᠢᠲᠡᠢ ᠡᠳᠦᠷ ᠦ᠋ᠳ ᠲᠦ᠍ ᠰᠠᠨᠵᠢ ᠶ᠋ᠢᠨ ᠶᠡᠬᠡ ᠡᠷᠳᠡᠮ ᠡᠴᠡ ᠬᠡᠷᠡᠭ ᠪᠣᠯᠤᠭᠰᠠᠨ ᠶᠠᠭᠤᠮ᠎ᠠ ᠨᠢᠭᠡᠬᠡᠨ ᠴᠦ᠍ ᠪᠠᠢᠭᠰᠠᠨ ᠦᠭᠡᠢ᠃ ᠬᠠᠷᠢᠨ ᠬᠠᠷᠠᠩᠭᠤᠢ ᠴᠡᠭᠡᠵᠢ ᠲᠡᠢ᠂ ᠰᠦᠵᠢᠭᠲᠡᠨ ᠥᠯᠵᠡᠢᠲᠦ ᠶ᠋ᠢᠨ ᠠᠮᠢᠳᠤᠷᠠᠯ ᠤ᠋ᠨ ᠠᠤᠭ᠎ᠠ ᠶᠡᠬᠡ ᠤᠬᠠᠭᠠᠨ᠂ ᠲᠤᠷᠰᠢᠯᠭ᠎ᠠ ᠨᠢ ᠲᠡᠭᠦᠨ ᠳ᠋ᠦ᠍ ᠨᠡᠩ ᠴᠦ᠍ ᠬᠡᠷᠡᠭ ᠪᠣᠯᠵᠤ ᠪᠠᠢᠯ᠎ᠠ᠃ ᠨᠠᠢ᠍ᠮᠠᠨ ᠮᠢᠩᠭᠠᠨ ᠮᠥᠷ ᠲᠦ᠍ 《ᠵᠠᠳᠠᠮᠪᠠ》 ᠰᠤᠳᠤᠷ ᠢ᠋ ᠴᠡᠭᠡᠵᠢ ᠪᠡᠷ ᠤᠩᠰᠢᠪᠠᠴᠤ ᠬᠡᠭᠡᠷ᠎ᠡ ᠶ᠋ᠢᠨ ᠲᠦᠳᠡᠭ ᠭᠠᠯ ᠥᠪᠡᠷ ᠢ᠋ᠶ᠋ᠡᠨ ᠠᠰᠠᠬᠤ ᠦᠭᠡᠢ ᠪᠣᠯᠬᠤ ᠨᠢ ᠲᠣᠳᠣᠷᠬᠠᠢ ᠠᠵᠢ᠃ 
       - ᠦᠳᠡ ᠳᠤᠮᠳᠠ ᠶᠠᠭ ᠵᠢᠩ ᠦᠳᠡ ᠶ᠋ᠢᠨ ᠬᠠᠯᠠᠭᠤᠨ ᠳ᠋ᠤ᠌ ᠭᠠᠯ ᠢ᠋ᠶ᠋ᠠᠨ ᠠᠰᠠᠭᠠᠵᠤ ᠴᠠᠢ ᠶ᠋ᠢ ᠪᠡᠨ ᠤᠤᠭᠤᠵᠤ ᠪᠠᠢᠶ᠎ᠠ᠃ ᠲᠡᠭᠡᠪᠡᠯ ᠤᠲᠤᠭ᠎ᠠ ᠨᠢ ᠠᠯᠤᠰ ᠠ᠋ᠴᠠ ᠣᠭᠲᠣ ᠬᠠᠷᠠᠭᠳᠠᠳᠠᠭ ᠦᠭᠡᠢ ᠶᠦ᠍ᠮ᠃ 
       - ᠤᠯᠠᠭᠠᠨ ᠱᠠᠯᠠ ᠶ᠋ᠢᠨ ᠬᠥᠨᠳᠡᠢ ᠪᠡᠷ ᠲᠤᠭᠤᠯᠬᠤ ᠳ᠋ᠤ᠌ ᠪᠠᠨ ᠭᠤᠲᠤᠯ ᠢ᠋ᠶ᠋ᠠᠨ ᠡᠷᠭᠢᠭᠦᠯᠵᠦ ᠡᠮᠦᠰᠦᠭᠡᠳ ᠶᠠᠪᠤᠶ᠎ᠠ᠃ ᠲᠡᠭᠡᠪᠡᠯ ᠢᠷᠡᠭᠰᠡᠨ ᠨᠢ ᠶᠠᠪᠤᠭᠰᠠᠨ᠂ ᠶᠠᠪᠤᠭᠰᠠᠨ ᠨᠢ ᠢᠷᠡᠭᠰᠡᠨ ᠪᠣᠯᠵᠤ ᠮᠥᠷ ᠮᠠᠨᠢ ᠮᠥᠷᠳᠡᠭᠴᠢ ᠶ᠋ᠢ ᠠᠶᠠᠨᠳᠠᠭᠠᠨ ᠲᠥᠭᠡᠷᠢᠭᠦᠯᠦᠨ᠎ᠡ᠃  
       - ᠬᠥᠬᠡ ᠨᠠᠭᠤᠷ ᠤ᠋ᠨ ᠥᠭᠡᠯᠡᠳ ᠦ᠋ᠳ ᠡᠴᠡ ᠬᠡᠦᠬᠡᠳ ᠲᠣᠭᠯᠠᠳᠠᠭ ᠱᠠᠭᠠᠢ ᠣᠯᠵᠤ ᠠᠪᠤᠶ᠎ᠠ᠃ ᠬᠣᠭᠣᠯᠠ ᠦᠭᠡᠢ ᠥᠯᠥᠰᠬᠦ ᠳ᠋ᠦ᠍  ᠬᠦᠷᠪᠡᠯ ᠡᠳᠦᠷ ᠪᠦᠷᠢ ᠨᠢᠭᠡ ᠱᠠᠭᠠᠢ ᠬᠥᠯᠬᠢᠭᠡᠳ ᠶᠠᠪᠤᠬᠤ ᠳ᠋ᠤ᠌ ᠴᠤ᠌ ᠠᠮᠢ ᠠᠪᠴᠤ ᠭᠠᠷᠤᠨ᠎ᠠ᠃  
       ᠳᠡᠭᠡᠷᠡᠮᠴᠢᠨ ᠳ᠋ᠦ᠍ ᠲᠣᠨᠣᠭᠳᠠᠯ᠎ᠠ ᠴᠤ᠌ ᠭᠡᠰᠡᠨ ᠱᠠᠭᠠᠢ ᠶ᠋ᠢ ᠲᠣᠭᠣᠵᠤ ᠠᠪᠬᠤ ᠬᠥᠮᠦᠨ ᠪᠠᠢᠬᠤ ᠦᠭᠡᠢ᠃ ᠬᠡᠦᠬᠡᠳ ᠦ᠋ᠨ ᠲᠣᠭᠯᠠᠭᠠᠮ ᠯᠠ ᠭᠡᠵᠦ ᠪᠣᠳᠣᠨ᠎ᠠ! ᠭᠡᠮᠡᠨ ᠥᠯᠵᠡᠢᠲᠦ ᠰᠠᠨᠵᠢ ᠳ᠋ᠤ᠌ ᠠᠮᠢᠳᠤᠷᠠᠯ ᠤ᠋ᠨ ᠤᠬᠠᠭᠠᠨ ᠵᠢᠭᠠᠵᠤ ᠪᠠᠢᠯ᠎ᠠ᠃ ᠦᠨᠡᠬᠡᠷ ᠡᠢᠮᠦ ᠶᠠᠭᠤᠮ᠎ᠠ ᠶ᠋ᠢ ᠰᠠᠨᠵᠢ ᠬᠡᠳᠦᠨ ᠲᠦᠮᠡᠨ ᠨᠣᠮ ᠠ᠋ᠴᠠ ᠠᠯᠢᠨ ᠠ᠋ᠴᠠ ᠴᠤ᠌ ᠣᠯᠵᠤ ᠤᠩᠰᠢᠭ᠎ᠠ ᠦᠭᠡᠢ ᠪᠢᠯᠡ᠃ ᠦᠨᠡᠬᠡᠷ ᠦᠳᠡ ᠳᠤᠮᠳᠠ ᠶ᠋ᠢᠨ ᠬᠠᠯᠠᠭᠤᠨ ᠳ᠋ᠤ᠌ ᠬᠡᠭᠡᠷ᠎ᠡ ᠭᠠᠯ ᠲᠦᠯᠡᠬᠦ ᠳ᠋ᠦ᠍ ᠠᠯᠤᠰ ᠠ᠋ᠴᠠ ᠤᠲᠤᠭ᠎ᠠ ᠨᠢ ᠣᠭᠲᠣ ᠬᠠᠷᠠᠭᠳᠠᠳᠠᠭ ᠦᠭᠡᠢ ᠨᠢ ᠦᠨᠡᠨ ᠪᠠᠢᠯ᠎ᠠ᠃ ᠴᠡᠩᠬᠡᠷ ᠤᠨᠢᠶᠠᠷ ᠲᠠᠲᠠᠭᠰᠠᠨ ᠵᠢᠩ ᠦᠳᠡ ᠶ᠋ᠢᠨ ᠬᠠᠯᠠᠭᠤᠨ ᠳ᠋ᠤ᠌᠂ ᠭᠠᠯ ᠲᠦᠯᠡᠬᠦ ᠳ᠋ᠦ᠍ ᠤᠲᠤᠭ᠎ᠠ ᠴᠤ᠌ ᠪᠠᠷᠤᠭ ᠭᠠᠷᠳᠠᠭ ᠦᠭᠡᠢ ᠪᠣᠯᠬᠤ ᠶ᠋ᠢ ᠲᠡᠭᠡᠵᠦ ᠮᠡᠳᠡᠪᠡ᠃ ᠠᠮᠢᠳᠤᠷᠠᠯ᠂ ᠨᠣᠮ ᠤ᠋ᠨ ᠵᠥᠷᠢᠶ᠎ᠡ ᠶ᠋ᠢ ᠴᠦ᠍ ᠤᠬᠠᠭᠠᠷᠠᠪᠠ᠃ 
       - ᠣᠷᠣᠨ ᠬᠡᠢᠳ ᠲᠦ᠍ ᠱᠠᠪᠢᠯᠠᠨ ᠰᠠᠭᠤᠭᠰᠠᠭᠠᠷ ᠪᠠᠢᠭᠠᠳ ᠪᠡᠭᠡᠷᠡᠭ ᠪᠣᠯᠴᠢᠬᠠᠵᠠᠢ᠃ 
       - ᠣᠷᠣᠨ ᠬᠡᠢᠳ ᠲᠦ᠍ ᠱᠠᠪᠢᠯᠠᠨ ᠰᠠᠭᠤᠭᠰᠠᠭᠠᠷ ᠪᠠᠢᠭᠠᠳ ᠠᠶᠤᠮᠠᠲᠠᠭᠠᠢ ᠪᠣᠯᠴᠢᠬᠠᠵᠠᠢ᠃ 
       - ᠣᠷᠣᠨ ᠬᠡᠢᠳ ᠲᠦ᠍ ᠱᠠᠪᠢᠯᠠᠨ ᠰᠠᠭᠤᠭᠰᠠᠭᠠᠷ ᠪᠠᠢᠭᠠᠳ ᠬᠠᠷᠠᠭ᠎ᠠ ᠴᠢᠨᠢ ᠮᠠᠭᠤᠳᠠᠵᠤ᠂ ᠬᠠᠮᠠᠷ ᠴᠢᠨᠢ ᠪᠢᠲᠡᠭᠦᠷᠡᠵᠦ᠂ ᠪᠡᠶ᠎ᠡ ᠴᠢᠨᠢ  ᠬᠥᠰᠢᠴᠢᠬᠡᠵᠡᠢ! ᠭᠡᠬᠦᠴᠢᠯᠡᠨ ᠥᠯᠵᠡᠢᠲᠦ ᠪᠠᠳᠢᠷᠴᠢᠨ ᠦᠶ᠎ᠡ ᠦᠶ᠎ᠡ ᠰᠠᠨᠵᠢ ᠳ᠋ᠤ᠌ ᠰᠠᠨᠠᠭᠤᠯᠵᠤ ᠶᠠᠪᠤᠪᠠ᠃ ᠦᠨᠡᠬᠡᠷ ᠯᠡ ᠲᠡᠢᠮᠦ ᠪᠠᠢᠯ᠎ᠠ᠃ ᠦᠭᠡ ᠭᠠᠰᠢᠭᠤᠨ ᠴᠤ᠌ ᠭᠡᠰᠡᠨ ᠦᠢᠯᠡ ᠬᠡᠷᠡᠭ ᠲᠦ᠍ ᠲᠤᠰᠠᠲᠠᠢ ᠭᠡᠭᠴᠢ ᠶ᠋ᠢ ᠰᠠᠨᠠᠵᠤ ᠰᠠᠨᠵᠢ ᠲᠡᠭᠦᠨ ᠲᠡᠢ ᠡᠪᠯᠡᠷᠡᠨ ᠵᠥᠪᠰᠢᠶᠡᠷᠡᠵᠦ ᠶᠠᠪᠤᠯ᠎ᠠ᠃ ᠰᠥᠨᠢ ᠶ᠋ᠢᠨ ᠴᠠᠭ ᠢ᠋ᠶ᠋ᠠᠷ ᠰᠠᠨᠵᠢ ᠴᠡᠴᠡᠷᠡᠨ ᠵᠢᠩᠳᠡᠵᠦ ᠪᠠᠢᠬᠤ ᠳ᠋ᠤ᠌ ᠥᠯᠵᠡᠢᠲᠦ ᠬᠡᠩᠬᠦᠳᠡᠭ ᠢ᠋ᠶ᠋ᠡᠨ ᠢᠷᠡᠵᠦ᠂ ᠲᠣᠯᠣᠭᠠᠢ ᠶ᠋ᠢᠨ ᠡᠴᠡ ᠪᠡᠨ ᠠᠭᠤᠷ ᠰᠠᠪᠰᠠᠭᠤᠯᠤᠨ ᠤᠨᠲᠠᠵᠤ ᠪᠠᠢᠬᠤ ᠶ᠋ᠢ ᠣᠯᠠᠨᠲᠠ ᠠᠵᠢᠭᠯᠠᠪᠠ᠃ ᠡᠷᠭᠢᠨ ᠲᠣᠭᠣᠷᠢᠨ ᠳ᠋ᠤ᠌ ᠲᠣᠷᠣᠢᠬᠤ ᠪᠠᠷ᠎ᠠ ᠦᠵᠡᠭᠳᠡᠬᠦ ᠦᠭᠡᠢ ᠪᠠᠢᠬᠤ ᠳ᠋ᠤ᠌ ᠥᠯᠵᠡᠢᠲᠦ 《ᠡᠨᠡᠦᠬᠡᠨ ᠳ᠋ᠦ᠍ ᠨᠢᠭᠡ ᠬᠡᠢᠳ ᠪᠠᠢᠬᠤ ᠪᠣᠯᠤᠯᠲᠠᠢ᠃ ᠤᠲᠤᠭ᠎ᠠ ᠨᠢ ᠦᠨᠦᠷᠳᠡᠵᠦ᠂ ᠨᠣᠬᠠᠢ ᠶ᠋ᠢᠨ ᠳᠠᠭᠤ ᠭᠠᠷᠴᠤ ᠪᠠᠢᠨ᠎ᠠ》 ᠭᠡᠳᠡᠭ ᠪᠠᠢᠯ᠎ᠠ᠃ ᠰᠠᠨᠵᠢ ᠲᠡᠷᠡ ᠬᠦ᠌ ᠤᠲᠤᠭᠠᠨ ᠤ᠋ ᠦᠨᠦᠷ ᠢ᠋ ᠮᠡᠳᠡᠷᠡᠬᠦ  ᠪᠠᠢᠲᠣᠭᠠᠢ᠂ ᠨᠣᠬᠠᠢ ᠶ᠋ᠢᠨ ᠳᠠᠭᠤ ᠶ᠋ᠢ ᠴᠦ᠍ ᠰᠣᠨᠣᠰᠳᠠᠭ ᠦᠭᠡᠢ ᠪᠠᠢᠯ᠎ᠠ᠃ ᠭᠡᠪᠡᠴᠦ ᠬᠥᠪᠡᠭᠡ ᠳᠠᠪᠠᠮᠠᠭᠴᠠ ᠡᠮᠦᠨ᠎ᠡ ᠨᠢ ᠶᠠᠮᠠᠷ ᠨᠢᠭᠡᠨ ᠬᠡᠢᠳ ᠪᠠᠢᠵᠤ ᠯᠠ ᠳᠠᠭᠠᠷᠠᠳᠠᠭ ᠰᠠᠨ᠃ ᠡᠨᠡ ᠪᠦᠬᠦᠨ ᠠᠮᠢᠳᠤᠷᠠᠯ ᠤ᠋ᠨ ᠬᠠᠷ᠎ᠠ ᠤᠬᠠᠭᠠᠨ ᠶᠤᠮ᠃ ᠭᠡᠪᠡᠴᠦ ᠰᠠᠨᠵᠢ ᠳ᠋ᠤ᠌ ᠪᠣᠯ ᠥᠴᠦᠬᠡᠨ ᠴᠦ᠍ ᠭᠠᠳᠠᠷᠯᠠᠬᠤ ᠪᠠᠷ ᠦᠭᠡᠢ ᠬᠠᠷᠢ ᠬᠣᠯᠠ ᠶ᠋ᠢᠨ ᠵᠦᠢᠯ ᠠᠵᠠᠢ᠃ 
       ᠁ ᠥᠷᠯᠥᠭᠡ ᠦᠦᠷ ᠬᠠᠶᠠᠭᠠᠷᠠᠮᠠᠭᠴᠠ ᠥᠯᠵᠡᠢᠲᠦ ᠰᠠᠷᠠᠨ ᠥᠨᠳᠡᠢᠯ᠎ᠡ᠃ ᠲᠤᠩᠭᠠᠯᠠᠭ ᠰᠠᠢᠬᠠᠨ ᠥᠷᠯᠥᠭᠡ ᠪᠠᠢᠪᠠ᠃ ᠭᠡᠪᠡᠴᠦ ᠥᠯᠵᠡᠢᠲᠦ ᠳ᠋ᠦ᠍ ᠲᠡᠷᠡ ᠰᠠᠢᠬᠠᠨ ᠥᠷᠯᠥᠭᠡ ᠨᠢᠭᠡ ᠶᠡᠬᠡ ᠲᠠᠭᠠᠰᠢᠶᠠᠭᠳᠠᠭᠰᠠᠨ ᠦᠭᠡᠢ᠃  
       - ᠣᠷᠣᠢᠬᠠᠨ ᠳᠠᠭᠤ ᠴᠠᠬᠢᠯᠭᠠᠨ ᠲᠠᠢ ᠪᠣᠷᠣᠭ᠎ᠠ ᠠᠰᠬᠠᠬᠤ ᠨᠢ ᠪᠣᠯᠤᠯᠲᠠᠢ᠃ ᠬᠣᠶᠠᠭᠤᠯᠠ ᠪᠠᠨ ᠶᠠᠭᠤᠨ ᠳ᠋ᠤ᠌ ᠣᠴᠢᠵᠤ ᠬᠣᠷᠭᠣᠳᠠᠳᠠᠭ ᠶᠤᠮ ᠪᠢᠯᠡ ᠳᠠ᠃ ᠬᠠᠳᠠᠨ ᠤ᠋ ᠢᠷᠣᠭᠠᠷ ᠠ᠋ᠴᠠ ᠭᠠᠷᠤᠯ ᠦᠭᠡᠢ ᠪᠣᠯᠬᠤ ᠦᠭᠡᠢ ᠭᠡᠳ ᠰᠤᠨᠢᠶᠠᠬᠤ ᠳ᠋ᠤ᠌ ᠨᠢ᠂ 
       - ᠠᠭᠤᠢ ᠶᠤᠮ ᠤᠤ᠂ ᠮᠣᠳᠣᠨ ᠤ᠋ ᠢᠷᠣᠭᠠᠯ ᠳ᠋ᠤ᠌ ᠣᠴᠢᠵᠤ ᠬᠣᠷᠭᠣᠳᠠᠭᠰᠠᠨ ᠨᠢ ᠳᠡᠭᠡᠷ᠎ᠡ ᠪᠠᠢᠬ᠎ᠠ ᠠ᠋! ᠭᠡᠵᠦ ᠰᠠᠨᠵᠢ ᠬᠡᠯᠡᠲᠡᠯ᠎ᠡ ᠥᠯᠵᠡᠢᠲᠦ ᠲᠠᠴᠢᠭᠢᠨᠠᠲᠠᠯ᠎ᠠ ᠢᠨᠢᠶᠡᠵᠦ᠂ 
       - ᠬᠣᠷᠭᠣᠳᠠᠬᠤ ᠶᠠᠭᠤᠮ᠎ᠠ ᠪᠠᠨ ᠮᠥᠨ ᠣᠯᠵᠤ ᠶᠠᠳᠠᠪᠠ ᠠ᠋?  ᠳᠠᠭᠤ ᠴᠠᠬᠢᠯᠭᠠᠨ ᠲᠠᠢ ᠪᠣᠷᠣᠭᠠᠨ ᠤ᠋ ᠦᠶ᠎ᠡ ᠳ᠋ᠦ᠍ ᠬᠠᠳᠠ ᠪᠠᠷᠠᠳᠠᠪᠠᠯ ᠨᠢᠷᠭᠡᠭᠦᠯᠬᠦ ᠶ᠋ᠢᠨ ᠯᠡ ᠴᠣᠨᠳᠣᠩ᠃ ᠮᠣᠳᠣ ᠴᠤ᠌ ᠭᠡᠰᠡᠨ ᠳᠡ ᠴᠠᠬᠢᠯᠭᠠᠨ ᠭᠡᠳᠡᠭ ᠴᠦ᠍ ᠲᠡᠢᠮᠦ ᠶᠠᠭᠤᠮ᠎ᠠ ᠶ᠋ᠢ ᠠᠨᠳᠠᠳᠠᠭ ᠦᠭᠡᠢ ᠡᠳ᠋! ᠭᠡᠵᠦ ᠰᠠᠨᠠᠭᠤᠯᠪᠠ᠃ 
       - ᠲᠡᠷᠡ ᠬᠣᠶᠠᠷ ᠪᠣᠰᠴᠤ ᠬᠤᠪᠴᠠᠰᠤ ᠬᠤᠨᠠᠷ ᠢ᠋ᠶ᠋ᠠᠨ ᠵᠠᠰᠠᠪᠠ᠃  
       - ᠠᠯᠢ ᠪᠣᠢ᠂ ᠨᠡᠰᠢ ᠪᠡᠨ! ᠭᠡᠷᠡᠯ ᠦ᠋ᠨ ᠡᠰᠡᠷᠭᠦ ᠡᠨᠡ ᠬᠠᠳᠠ ᠨᠠᠯᠠᠭᠠᠳ ᠰᠠᠭᠤᠵᠤ ᠪᠠᠢ! ᠭᠡᠵᠦ ᠥᠯᠵᠡᠢᠲᠦ ᠶ᠋ᠢ ᠬᠡᠯᠡᠬᠦ ᠳ᠋ᠦ᠍ ᠰᠠᠨᠵᠢ ᠭᠠᠢᠬᠠᠵᠤ᠂ 
       - ᠶᠠᠭᠠᠬᠢᠬᠤ ᠶᠤᠮ ᠪᠣᠢ? ᠭᠡᠵᠦ  ᠳᠤᠷ᠎ᠠ ᠦᠭᠡᠢᠴᠡᠭᠰᠡᠨ ᠴᠢᠨᠢ᠂ 
       - ᠶᠠᠭᠠᠬᠢᠬᠤ ᠶᠠᠭᠤ ᠪᠠᠢᠬᠤ ᠪᠣᠢ? ᠨᠠᠭᠠᠳᠤ ᠬᠡᠳᠦᠨ ᠱᠥᠷᠪᠥᠭᠡᠷ ᠰᠠᠬᠠᠯ ᠢ᠋ ᠴᠢᠨᠢ ᠰᠤᠭᠤᠯᠵᠤ ᠬᠠᠶᠠᠬᠤ ᠦᠭᠡᠢ ᠪᠣᠯ ᠴᠢᠮᠠᠶ᠋ᠢ  ᠰᠢᠮᠨᠠᠨᠼ ᠤ᠋ᠨ ᠬᠤᠪᠴᠠᠰᠤ ᠡᠮᠦᠰᠦᠭᠰᠡᠨ ᠡᠷ᠎ᠡ ᠬᠥᠮᠦᠨ! ᠭᠡᠳᠡᠭ ᠢ᠋ ᠨᠠᠭᠠᠳᠤ ᠵᠠᠬ᠎ᠠ ᠶ᠋ᠢᠨ ᠴᠢᠪᠠᠭᠠᠨᠴᠠ ᠯᠠ ᠮᠡᠳᠡᠭᠡᠳ ᠠᠪᠤᠨ᠎ᠠ! ᠭᠡᠵᠦ ᠥᠯᠵᠡᠢᠲᠦ ᠳᠣᠭᠣᠭᠢᠯᠠᠭᠠᠳ ᠴᠢᠮᠬᠢᠭᠦᠷ ᠠᠪᠴᠤ ᠤᠷᠤᠭᠤᠯ ᠳᠡᠭᠡᠷᠡᠬᠢ ᠬᠡᠳᠦᠨ ᠰᠥᠷᠪᠡᠭᠡᠷ ᠦᠰᠦ ᠶ᠋ᠢ ᠨᠢ ᠵᠤᠯᠭᠠᠭᠠᠨ ᠬᠠᠶᠠᠯ᠎ᠠ᠃ ᠡᠪᠡᠳᠴᠦ ᠨᠢᠳᠦᠨ ᠡᠴᠡ ᠨᠢ ᠨᠢᠯᠪᠤᠰᠤ ᠭᠠᠷᠬᠤ ᠳ᠋ᠤ᠌ ᠥᠯᠵᠡᠢᠲᠦ ᠲᠠᠢᠳᠬᠤᠷᠠᠭᠤᠯᠵᠤ᠂ 
       - ᠲᠠᠩᠭᠤᠳ ᠤᠳ ᠲᠤ᠌ ᠪᠠᠷᠢᠭᠳᠠᠵᠤ ᠲᠠᠷᠴᠢᠯᠠᠭᠰᠠᠨ ᠠ᠋ᠴᠠ ᠭᠠᠭᠴᠠ ᠨᠢᠭᠡ ᠴᠢᠰ ᠴᠢᠰ ᠬᠢᠯᠭᠡᠨ ᠡᠪᠡᠳᠬᠦ ᠲᠡᠳᠦᠢ ᠥᠩᠭᠡᠷᠡᠭᠰᠡᠨ ᠨᠢ ᠳᠡᠭᠡᠷ᠎ᠡ ᠪᠠᠢᠯᠭᠦᠢ ! ᠬᠡᠪ᠃ 
       ᠢᠩᠭᠢᠭᠡᠳ ᠲᠡᠳᠡ ᠴᠠᠭᠠᠰᠢᠬᠢ ᠵᠠᠮ ᠳ᠋ᠤ᠌ ᠪᠠᠨ ᠣᠷᠣᠯ᠎ᠠ᠃ ᠥᠯᠵᠡᠢᠲᠦ ᠡᠨᠡ ᠬᠠᠪᠢ ᠪᠠᠷ ᠨᠠᠰᠢ ᠴᠠᠰᠢ ᠣᠯᠠᠨᠲᠠ ᠭᠡᠷᠦᠨ ᠶᠠᠪᠤᠭᠰᠠᠨ ᠬᠥᠮᠦᠨ ᠪᠣᠯᠬᠣᠷ ᠢ᠋ᠶ᠋ᠠᠨ ᠭᠠᠵᠠᠷ ᠮᠡᠳᠡᠬᠦ ᠦᠭᠡᠢ ᠶ᠋ᠢᠨ ᠵᠣᠪᠠᠯᠠᠩ ᠠᠯᠠᠭ᠎ᠠ ᠪᠠᠢᠯ᠎ᠠ᠃ ᠪᠠᠰᠠ ᠴᠤ᠌ ᠲᠥᠪᠡᠳ ᠬᠡᠯᠡ ᠪᠡᠷ ᠨᠡᠯᠢᠶᠡᠳ ᠦᠭᠡᠢ ᠰᠠᠢᠨ ᠶᠠᠷᠢᠨ᠎ᠠ᠃ ᠰᠠᠨᠵᠢ ᠲᠡᠭᠦᠨ ᠡᠴᠡ ᠢᠯᠡᠭᠦᠦ ᠶᠠᠷᠢᠬᠤ ᠪᠣᠯᠪᠠᠴᠤ ᠳᠠᠭᠤᠨ ᠤ᠋ ᠥᠩᠭᠡ ᠪᠡᠨ ᠲᠠᠨᠢᠭᠤᠯᠬᠤ ᠠ᠋ᠴᠠ ᠠᠶᠤᠵᠤ᠂ ᠳᠤᠤᠭᠠᠷᠴᠤ ᠴᠢᠳᠠᠳᠠᠭ ᠦᠭᠡᠢ ᠪᠠᠢᠯ᠎ᠠ᠃ ᠥᠯᠵᠡᠢᠲᠦ ᠪᠣᠯᠬᠣᠷ ᠰᠠᠨᠵᠢ ᠶ᠋ᠢ ᠵᠠᠷᠢᠮ ᠳ᠋ᠤ᠌ ᠪᠠᠨ ᠡᠮᠡᠭᠡᠨ ᠢ᠋ᠶ᠋ᠡᠨ ᠪᠣᠯᠭᠠᠵᠤ᠂ ᠵᠠᠷᠢᠮ ᠳ᠋ᠤ᠌ ᠪᠠᠨ ᠳᠡᠭᠦᠦ ᠪᠡᠨ ᠪᠣᠯᠭᠠᠵᠤ ᠶᠠᠩᠵᠤ ᠪᠦᠷᠢ ᠪᠡᠷ ᠶᠠᠷᠢᠨ᠎ᠠ᠃ ᠵᠢᠰᠦ ᠪᠡᠨ ᠬᠤᠪᠢᠷᠠᠭᠠᠨ᠂ ᠪᠠᠷᠤᠭ ᠲᠥᠷᠥᠯ ᠠᠷᠠᠯᠵᠢᠭᠰᠠᠨ ᠮᠡᠲᠦ ᠪᠡᠷ ᠡᠨᠡ ᠬᠣᠶᠠᠷ ᠲᠡᠨᠦᠭᠦᠯᠴᠢᠨ ᠤᠤᠯ  ᠨᠤᠲᠤᠭ ᠤ᠋ᠨ ᠢ᠋ᠶ᠋ᠠᠨ ᠵᠦᠭ ᠲᠡᠮᠡᠦᠯᠦᠨ ᠡᠳᠦᠷ ᠡᠴᠡ ᠡᠳᠦᠷ ᠲᠦ᠍ ᠣᠢᠷᠠᠲᠣᠵᠣ ᠶᠠᠪᠤᠯ᠎ᠠ᠃ ᠪᠦᠬᠦᠨ ᠦ᠌ ᠨᠢᠳᠦᠨ ᠡᠴᠡ ᠪᠤᠷᠤᠭᠤᠯᠠᠨ ᠶᠠᠪᠤᠭ᠎ᠠ ᠠᠶᠠᠨ ᠤ᠋ ᠡᠨᠡ ᠲᠦᠭᠰᠢᠭᠦᠷᠢᠲᠡᠢ ᠵᠠᠮ ᠨᠢ ᡀᠠᠷᠠᠮᠪᠠ ᠰᠠᠨᠵᠢ ᠶ᠋ᠢᠨ ᠬᠤᠪᠢ ᠳ᠋ᠤ᠌ ᠠᠮᠢᠳᠤᠷᠠᠯ ᠤ᠋ᠨ ᠶᠡᠬᠡ ᠰᠤᠷᠭᠠᠭᠤᠯᠢ ᠪᠣᠯᠵᠤ᠂ ᠪᠤᠷᠬᠠᠨ ᠤ᠋ ᠨᠣᠮ᠂ ᠬᠥᠮᠦᠨ ᠦ᠌ ᠬᠤᠪᠢ ᠲᠠᠪᠢᠯᠠᠩ ᠤ᠋ᠨ ᠬᠣᠭᠣᠷᠣᠨᠳᠣ ᠶ᠋ᠢᠨ ᠢᠯᠭᠠᠭ᠎ᠠ ᠶ᠋ᠢ ᠠᠢᠬᠤᠪᠲᠤᠷ ᠲᠣᠳᠣᠷᠬᠠᠢ ᠣᠢᠯᠠᠭᠠᠭᠤᠯᠵᠤ ᠦᠭᠭᠦᠯ᠎ᠡ᠃  
      《ᠶᠠᠭᠠᠬᠢᠬᠤ ᠪᠠᠷ ᠢ᠋ᠶ᠋ᠠᠨ ᠲᠡᠳᠡ ᠨᠠᠮᠠᠶ᠋ᠢ ᠦᠭᠡᠢ ᠬᠢᠬᠦ ᠭᠡᠵᠦ ᠰᠢᠢᠳᠳᠡᠭ ᠪᠠᠢᠨ᠎ᠠ? ᠪᠤᠷᠬᠠᠨ ᠤ᠋ ᠨᠣᠮ ᠰᠠᠢᠨ ᠰᠤᠷᠤᠭᠰᠠᠨ ᠭᠡᠵᠦ ᠤᠤ᠃ ᠲᠡᠭᠡᠪᠡᠯ ᠥᠪᠡᠷᠰᠡᠳ ᠢ᠋ᠶ᠋ᠡᠨ ᠪᠤᠷᠬᠠᠨ ᠤ᠋ ᠨᠣᠮ ᠢ᠋ ᠰᠠᠢᠨ ᠰᠤᠷᠬᠤ ᠶ᠋ᠢ ᠶᠠᠭᠠᠬᠢᠭᠠᠳ ᠡᠳᠦᠷ ᠪᠦᠷᠢ ᠱᠠᠭᠠᠷᠳᠠᠳᠠᠭ ᠪᠢᠯᠡ᠃ ᠪᠤᠷᠬᠠᠨ ᠤ᠋ ᠨᠣᠮ ᠢ᠋ ᠰᠠᠢᠨ ᠰᠤᠷᠤᠭᠠᠳ ᠠᠯᠤᠰ ᠭᠠᠵᠠᠷ ᠠᠪᠠᠴᠢᠵᠤ ᠲᠦᠭᠡᠭᠡᠬᠦ ᠨᠢ ᠲᠡᠳᠡᠨ ᠦ᠌ ᠬᠢ ᠪᠡᠷ ᠪᠤᠶᠠᠨ ᠬᠢᠵᠦ ᠪᠠᠢᠭ᠎ᠠ ᠬᠡᠷᠡᠭ ᠪᠢᠰᠢ ᠭᠡᠵᠦ ᠤᠤ? ᠬᠠᠷᠢ ᠣᠷᠣᠨ ᠤ᠋ ᠬᠥᠮᠦᠨ ᠳ᠋ᠦ᠍ ᠬᠠᠯᠳᠠᠭᠠᠵᠤ ᠯᠠ ᠪᠠᠢᠪᠠᠯ ᠪᠤᠷᠬᠠᠨ ᠤ᠋ ᠪᠠᠨ ᠱᠠᠪᠢ ᠶ᠋ᠢ ᠣᠯᠠᠰᠢᠷᠠᠭᠤᠯᠵᠤ᠂ ᠨᠣᠮ ᠢ᠋ ᠨᠢ ᠬᠣᠯᠠ ᠲᠦᠭᠡᠭᠡᠵᠦ ᠲᠡᠢᠨ ᠬᠦ᠌ ᠪᠤᠶᠠᠨ ᠦᠢᠯᠡᠳᠴᠦ ᠪᠠᠢᠭ᠎ᠠ ᠬᠡᠷᠡᠭ ᠪᠢᠰᠢ ᠶᠦ᠍ᠮ ᠤᠤ? ᠠᠯᠢ ᠠᠯᠢ ᠨᠢ ᠪᠢᠰᠢ ᠪᠣᠯᠵᠤ ᠲᠠᠭᠠᠷᠠᠯ᠎ᠠ᠃ ᠳᠡᠭᠡᠭᠡ ᠦᠭᠡᠢ ᠪᠣᠯ ᠡᠳᠡᠨ ᠨᠠᠮᠠᠶ᠋ᠢ ᠶᠠᠭᠠᠬᠢᠭᠠᠳ ᠶᠡᠭᠦᠳᠬᠡᠨ ᠦᠭᠡᠢ ᠬᠢᠬᠦ ᠪᠣᠯᠪᠠ᠃ ᠮᠢᠨᠦ ᠣᠯᠠᠨ ᠵᠢᠯ ᠰᠦᠰᠦᠭᠯᠡᠨ ᠨᠣᠮ ᠰᠤᠷᠤᠭᠰᠠᠨ ᠮᠢᠨᠢ ᠡᠢᠮᠦ ᠳᠡᠮᠡᠢ ᠲᠡᠭᠦᠰᠬᠡᠯ ᠳ᠋ᠦ᠍ ᠬᠦᠷᠭᠡᠬᠦ ᠪᠠᠢᠭᠰᠠᠨ ᠶᠤᠮ ᠤᠤ⁈ ᠭᠡᠰᠡᠨ ᠪᠣᠳᠣᠯ ᠰᠠᠨᠵᠢ ᠶ᠋ᠢᠨ ᠲᠣᠯᠣᠭᠠᠢ ᠳ᠋ᠤ᠌ ᠡᠷᠭᠢᠯᠳᠦᠵᠦ ᠰᠠᠯᠬᠤ ᠦᠭᠡᠢ ᠳᠠᠭᠠᠯᠳᠤᠵᠤ ᠪᠠᠢᠯ᠎ᠠ᠃ ᠬᠠᠷᠢᠭᠤᠯᠬᠤ ᠬᠠᠷᠢᠭᠤ ᠨᠢ ᠣᠯᠳᠠᠵᠤ ᠥᠭᠬᠦ ᠦᠭᠡᠢ ᠵᠣᠪᠠᠭᠠᠨ᠎ᠠ᠃ ᠭᠡᠪᠡᠴᠦ ᠡᠢᠮᠦ ᠶᠠᠪᠤᠳᠠᠯ ᠨᠢᠭᠡᠨᠲᠡ ᠪᠣᠳᠠᠲᠠᠢ ᠪᠠᠷ ᠪᠣᠯᠵᠤ ᠪᠠᠢᠭ᠎ᠠ ᠶ᠋ᠢ ᠪᠦᠷᠢᠨ ᠣᠢᠯᠠᠭᠠᠪᠠ᠃