ᠠᠨᠠᠬᠠᠢ ᠨᠠᠷ ᠪᠠ ᠭᠤᠲᠤᠯᠴᠢᠨАнаахай нар ба гуталчин _ Elves and the Shoe Maker ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠨᠠᠬᠠᠢ ᠨᠠᠷ ᠪᠠ ᠭᠤᠲᠤᠯᠴᠢᠨАнаахай нар ба гуталчин _ Elves and the Shoe Maker

ᠠᠨᠠᠬᠠᠢ ᠨᠠᠷ ᠪᠠ ᠭᠤᠲᠤᠯᠴᠢᠨАнаахай нар ба гуталчин _ Elves and the Shoe Maker

2024-04-17

653

ᠠᠨᠠᠬᠠᠢ ᠨᠠᠷ ᠪᠠ ᠭᠤᠲᠤᠯᠴᠢᠨ

   ᠡᠷᠲᠡ ᠤᠷᠢᠳᠤ ᠶ᠋ᠢᠨ ᠴᠠᠭ ᠲᠤ᠌᠂ ᠨᠢᠭᠡᠨ ᠭᠤᠲᠤᠯᠴᠢᠨ ᠡᠬᠡᠨᠡᠷ ᠲᠡᠢ ᠪᠡᠨ ᠠᠮᠢᠳᠤᠷᠠᠳᠠᠭ ᠪᠠᠢᠵᠠᠢ᠂ ᠭᠤᠲᠤᠯᠴᠢᠨ ᠰᠢᠨ᠎ᠡ ᠭᠤᠲᠤᠯ ᠬᠢᠵᠦ᠂ ᠵᠠᠬ᠎ᠠ ᠳᠡᠭᠡᠷ᠎ᠡ ᠬᠤᠳᠠᠯᠳᠤᠵᠤ ᠬᠣᠭᠣᠯᠠ ᠬᠦᠨᠡᠰᠦ ᠪᠡᠨ ᠵᠠᠯᠭᠠᠭᠤᠯᠳᠠᠭ ᠪᠠ ᠬᠡᠴᠢᠨᠡᠭᠡᠨ ᠶᠡᠬᠡ ᠬᠥᠳᠡᠯᠮᠦᠷᠢᠯᠡᠭᠡᠳ ᠴᠦ᠍ ᠲᠡᠷᠡ ᠡᠨᠡ ᠮᠠᠢᠮᠠᠢ ᠪᠠᠷ ᠢ᠋ᠶ᠋ᠠᠨ ᠬᠠᠩᠭᠠᠯᠲᠠᠲᠠᠢ ᠮᠥᠩᠭᠥ ᠣᠯᠵᠤ ᠴᠢᠳᠠᠭᠰᠠᠨ ᠦᠭᠡᠢ᠂ ᠲᠡᠳᠡ ᠣᠷᠣᠬᠤ ᠣᠷᠣᠨ ᠲᠠᠢ ᠣᠭᠣᠴᠢᠬᠤ ᠠᠶᠠᠭ᠎ᠠ ᠲᠠᠢ ᠪᠠᠢᠬᠤ ᠶ᠋ᠢᠨ ᠲᠤᠯᠠᠳᠠ᠂ ᠶᠡᠬᠡ ᠵᠦᠳᠡᠷᠡᠵᠦ ᠪᠠᠢᠯ᠎ᠠ᠃ ᠡᠴᠦᠰ ᠲᠦ᠍ ᠨᠢ ᠭᠤᠲᠤᠯᠴᠢᠨ ᠳ᠋ᠤ᠌ ᠰᠢᠨ᠎ᠡ ᠭᠤᠲᠤᠯ ᠬᠢᠬᠦ ᠠᠷᠠᠰᠤ ᠰᠢᠷᠢ ᠠᠪᠬᠤ ᠮᠥᠩᠭᠥ ᠦᠯᠡᠳᠡᠭᠰᠡᠨ ᠦᠭᠡᠢ᠃ ᠬᠠᠷᠢᠨ ᠮᠤᠬᠤᠯᠠᠭ ᠲᠤ᠌ ᠭᠠᠭᠴᠠ ᠥᠭᠡᠳᠡᠰᠦ ᠠᠷᠠᠰᠤ ᠦᠯᠡᠳᠡᠵᠡᠢ᠃
ᠭᠤᠲᠤᠯᠴᠢᠨ ᠄ᠭᠤᠲᠤᠯ ᠬᠢᠬᠦ ᠰᠡᠭᠦᠯᠴᠢ ᠶ᠋ᠢᠨ ᠪᠣᠯᠤᠮᠵᠢ ᠮᠢᠨᠢ ᠪᠠᠢᠵᠤ ᠪᠣᠯᠬᠤ ᠶᠤᠮ᠂ ᠡᠨᠡ ᠠᠷᠠᠰᠤ ᠪᠠᠷ ᠪᠢ ᠬᠠᠮᠤᠭ ᠤ᠋ᠨ ᠰᠠᠢᠨ ᠭᠤᠲᠤᠯ ᠬᠢᠨ᠎ᠡ᠃    
  ᠲᠡᠷᠡ ᠣᠯᠠᠨ ᠵᠢᠯ ᠡᠳᠦᠷ ᠪᠦᠷᠢ ᠰᠠᠭᠤᠳᠠᠭ ᠪᠠᠢᠭᠰᠠᠨ ᠢ᠋ᠶ᠋ᠠᠷ ᠢ᠋ᠶ᠋ᠠᠨ ᠰᠠᠭᠤᠵᠤ᠂ ᠠᠷᠠᠰᠤ ᠶ᠋ᠢ ᠪᠣᠯᠭᠣᠮᠵᠢ ᠲᠠᠢ ᠵᠦᠰᠦᠵᠦ ᠡᠬᠢᠯᠡᠪᠡ᠃ ᠨᠠᠷᠠ ᠵᠢᠷᠭᠠᠬᠤ ᠦᠶ᠎ᠡ ᠳ᠋ᠦ᠍ ᠭᠤᠲᠤᠯᠴᠢᠨ ᠠᠷᠠᠰᠤ ᠪᠠᠨ ᠵᠦᠰᠦᠵᠦ ᠳᠠᠭᠤᠰᠤᠭᠠᠳ ᠣᠶᠣᠵᠤ ᠡᠬᠢᠯᠡᠯ᠎ᠡ᠃ ᠰᠥᠨᠢ ᠪᠣᠯᠵᠠᠢ ᠃ᠲᠡᠷᠡ ᠭᠤᠲᠤᠯ ᠢ᠋ᠶ᠋ᠠᠨ ᠰᠢᠷᠡᠭᠡᠨ ᠳᠡᠭᠡᠷ᠎ᠡ ᠲᠠᠯᠪᠢᠯ᠎ᠠ᠃
ᠭᠤᠲᠤᠯᠴᠢᠨ ᠄ᠥᠨᠥᠳᠥᠷ ᠲᠦ᠍ ᠪᠡᠨ ᠢᠩᠭᠢᠭᠡᠳ ᠵᠣᠭᠰᠣᠶ᠎ᠠ ᠳᠠ᠂ ᠬᠠᠷᠢᠨ ᠮᠠᠷᠭᠠᠰᠢ ᠡᠨᠡ ᠭᠤᠲᠤᠯ ᠢ᠋ᠶ᠋ᠠᠨ ᠳᠠᠭᠤᠰᠬᠠᠶ᠎ᠠ᠃
  ᠮᠤᠬᠤᠯᠠᠭ ᠤ᠋ᠨ ᠢ᠋ᠶ᠋ᠠᠨ ᠬᠠᠭᠠᠯᠭ᠎ᠠ ᠶ᠋ᠢ ᠬᠠᠭᠠᠭᠠᠳ ᠭᠡᠷ ᠲᠦ᠍ ᠪᠡᠨ ᠬᠠᠷᠢᠪᠠ᠃ ᠮᠠᠷᠭᠠᠰᠢ ᠥᠷᠯᠥᠭᠡ ᠨᠢ ᠲᠡᠷᠡ ᠡᠷᠲᠡ ᠠᠵᠢᠯ ᠳ᠋ᠤ᠌ ᠪᠠᠨ ᠪᠡᠯᠡᠳᠪᠡ᠃
ᠭᠤᠲᠤᠯᠴᠢᠨ ᠄ᠣᠷᠣᠢ ᠠᠭᠤᠯᠵᠠᠶ᠎ᠠ ᠳᠠ ᠬᠣᠩᠭᠣᠷ ᠮᠢᠨᠢ᠂ᠥᠨᠥᠳᠥᠷ ᠮᠤᠬᠤᠯᠠᠭ ᠲᠤ᠌ ᠠᠵᠢᠯᠯᠠᠬᠤ ᠰᠡᠭᠦᠯᠴᠢ ᠶ᠋ᠢᠨ ᠡᠳᠦᠷ᠂ ᠤᠳᠠᠬᠤ ᠦᠭᠡᠢ ᠪᠦᠬᠦ ᠶᠠᠭᠤᠮ᠎ᠠ ᠳᠠᠭᠤᠰᠤᠨ᠎ᠠ᠃
ᠡᠬᠡᠨᠡᠷ ᠄ᠰᠠᠨᠠᠭ᠎ᠠ ᠵᠣᠪᠠᠯᠲᠠ ᠦᠭᠡᠢ ᠬᠣᠩᠭᠣᠷ ᠮᠢᠨᠢ᠂ ᠤᠳᠠᠬᠤ ᠦᠭᠡᠢ ᠬᠣᠶᠠᠭᠤᠯᠠ ᠪᠠᠨ ᠡᠨᠡ ᠪᠠᠢᠳᠠᠯ ᠎ᠠ᠋ᠴᠠ ᠭᠠᠷᠤᠨ᠎ᠠ᠂ ᠢᠲᠡᠭᠡᠯ ᠨᠠᠢᠳᠠᠪᠤᠷᠢ ᠪᠠᠨ ᠪᠦᠦ ᠠᠯᠲᠠ᠃
  ᠡᠬᠡᠨᠡᠷ ᠦ᠋ᠨ ᠬᠢᠨᠢ ᠤᠷᠮ᠎ᠠ ᠵᠣᠷᠢᠭ ᠶᠠᠮᠠᠷ ᠴᠤ᠌ ᠨᠡᠮᠡᠷᠢ ᠦᠭᠡᠢ ᠶ᠋ᠢ ᠭᠤᠲᠤᠯᠴᠢᠨ ᠮᠡᠳᠡᠵᠦ ᠪᠠᠢᠪᠠ᠃ ᠭᠤᠲᠤᠯᠴᠢᠨ ᠡᠬᠡᠨᠡᠷ ᠤᠷᠤᠭᠤ ᠪᠠᠨ ᠢᠨᠢᠶᠡᠮᠰᠦᠭᠯᠡᠭᠡᠳ ᠠᠵᠢᠯ ᠳ᠋ᠤ᠌ ᠪᠠᠨ ᠶᠠᠪᠤᠯ᠎ᠠ᠃ ᠮᠤᠬᠤᠯᠠᠭ ᠢ᠋ᠶ᠋ᠠᠨ ᠨᠡᠭᠡᠭᠡᠭᠡᠳ ᠲᠡᠷᠡ ᠢᠲᠡᠭᠡᠬᠦ ᠶ᠋ᠢᠨ ᠠᠷᠭ᠎ᠠ ᠦᠭᠡᠢ ᠶᠠᠭᠤᠮ᠎ᠠ ᠣᠯᠵᠤ ᠬᠠᠷᠠᠪᠠ᠃ᠬᠢᠵᠦ ᠪᠠᠢᠭᠰᠠᠨ ᠠᠵᠢᠯ ᠢ᠋ᠶ᠋ᠠᠨ ᠣᠷᠬᠢᠭᠰᠠᠨ ᠭᠠᠵᠠᠷ ᠲᠤ᠌ ᠨᠢ ᠤᠷᠠᠨ ᠨᠠᠷᠢᠨ ᠬᠠᠳᠬᠤᠮᠠᠯ ᠲᠠᠢ ᠰᠠᠢᠬᠠᠨ ᠥᠩᠭᠡ ᠲᠡᠢ ᠭᠤᠲᠤᠯ ᠪᠠᠢᠬᠤ ᠨᠢ ᠲᠡᠷᠡ᠃
ᠭᠤᠲᠤᠯᠴᠢᠨ᠄ᠬᠥᠥᠭ᠂ ᠶᠠᠮᠠᠷ ᠭᠠᠢᠬᠠᠮᠱᠢᠭᠲᠠᠢ ᠭᠤᠲᠤᠯ ᠪᠤᠢ! ᠶᠠᠮᠠᠷ ᠴᠤ᠌ ᠪᠠᠢᠭᠰᠠᠨ ᠪᠢ ᠴᠠᠭ ᠠᠯᠳᠠᠵᠤ ᠪᠣᠯᠬᠤ ᠦᠭᠡᠢ᠂ ᠡᠨᠡ ᠰᠠᠢᠬᠠᠨ ᠪᠦᠲᠦᠭᠡᠯ ᠢ᠋ ᠵᠠᠬ᠎ᠠ ᠳᠡᠭᠡᠷ᠎ᠡ ᠠᠪᠠᠴᠢᠵᠤ ᠵᠠᠷᠤᠬᠤ ᠬᠡᠷᠡᠭᠲᠡᠢ ᠃
  ᠭᠤᠲᠤᠯᠴᠢᠨ ᠶᠠᠭᠠᠷᠠᠨ ᠵᠠᠬ᠎ᠠ ᠤᠷᠤᠭᠤ ᠣᠴᠢᠵᠤ ᠭᠤᠲᠤᠯ ᠢ᠋ᠶ᠋ᠠᠨ ᠵᠠᠷᠤᠯ᠎ᠠ᠃ ᠣᠯᠤᠭᠰᠠᠨ ᠮᠥᠩᠭᠥ ᠪᠡᠷ ᠢ᠋ᠶ᠋ᠡᠨ ᠳᠠᠬᠢᠭᠠᠳ ᠠᠷᠠᠰᠤ ᠠᠪᠴᠠᠢ᠃ ᠳᠠᠬᠢᠨ ᠭᠤᠲᠤᠯ ᠬᠢᠬᠦ ᠪᠡᠷ ᠣᠷᠣᠢ ᠪᠣᠯᠲᠠᠯ᠎ᠠ ᠮᠤᠬᠤᠯᠠᠭ ᠲᠤ᠌ ᠪᠠᠨ ᠰᠠᠭᠤᠵᠤ᠂ ᠠᠷᠠᠰᠤ ᠵᠦᠰᠦᠪᠡ ᠭᠡᠨ᠎ᠡ᠃ ᠦᠳᠡᠰᠢ ᠪᠣᠯᠬᠤ ᠳ᠋ᠤ᠌ ᠳᠠᠭᠤᠰᠬᠠᠭ᠎ᠠ ᠦᠭᠡᠢ ᠭᠤᠲᠤᠯ ᠢ᠋ᠶ᠋ᠠᠨ ᠠᠷᠤ ᠳ᠋ᠤ᠌ ᠪᠠᠨ ᠣᠷᠬᠢᠵᠤ ᠭᠡᠷ ᠦ᠋ᠨ ᠵᠦᠭ ᠶᠠᠪᠤᠯ᠎ᠠ᠃ ᠣᠷᠣᠢ ᠶ᠋ᠢᠨ ᠬᠣᠭᠣᠯᠠ ᠪᠠᠨ ᠢᠳᠡᠬᠦ ᠳ᠋ᠦ᠍ ᠪᠡᠨ ᠡᠬᠡᠨᠡᠷ ᠲᠦ᠍ ᠪᠡᠨ ᠪᠣᠯᠤᠭᠰᠠᠨ ᠶᠠᠪᠤᠳᠠᠯ ᠤ᠋ᠨ ᠲᠠᠯ᠎ᠠ ᠪᠠᠷ ᠶᠠᠷᠢᠪᠠ᠃
ᠡᠬᠡᠨᠡᠷ᠄ ᠪᠢ ᠴᠢᠮ᠎ᠠ ᠳ᠋ᠤ᠌ ᠬᠡᠯᠡᠭᠰᠡᠨ ᠰᠢᠦ ᠳᠡ᠂ ᠢᠲᠡᠭᠡᠯ ᠨᠠᠢᠳᠠᠪᠤᠷᠢ ᠪᠠᠨ ᠪᠦᠦ ᠠᠯᠲᠠ᠂ ᠴᠢ ᠪᠣᠯ ᠬᠢᠴᠢᠶᠡᠯ ᠵᠢᠳᠬᠦᠯ ᠲᠡᠢ ᠬᠥᠮᠦᠨ᠂ ᠡᠷᠲᠡ ᠣᠷᠣᠢ ᠬᠡᠵᠢᠶ᠎ᠡ ᠨᠢᠭᠡᠨ ᠴᠠᠭ ᠲᠤ᠌ ᠪᠢᠳᠡ ᠦᠷ᠎ᠡ ᠰᠢᠮ᠎ᠡ ᠪᠡᠨ ᠬᠦᠷᠲᠡᠳᠡᠭ᠃
  ᠮᠠᠷᠭᠠᠰᠢ ᠥᠷᠯᠥᠭᠡ ᠨᠢ ᠮᠤᠬᠤᠯᠠᠭ ᠲᠤ᠌ ᠪᠠᠨ ᠢᠷᠡᠲᠡᠯ᠎ᠡ ᠂ ᠵᠦᠰᠦᠭᠰᠡᠨ ᠠᠷᠠᠰᠤ ᠨᠤᠭᠤᠳ ᠢ᠋ᠶ᠋ᠠᠨ ᠦᠯᠡᠳᠡᠭᠡᠭᠰᠡᠨ ᠭᠠᠵᠠᠷ ᠲᠤ᠌ ᠬᠡᠳᠦ ᠬᠡᠳᠦᠨ ᠬᠣᠣᠰ ᠰᠠᠢᠬᠠᠨ ᠭᠤᠲᠤᠯ ᠪᠠᠢᠬᠤ ᠶ᠋ᠢ ᠬᠠᠷᠠᠭᠠᠳ ᠲᠡᠷᠡ ᠶᠡᠬᠡᠳᠡ ᠭᠠᠢᠬᠠᠵᠠᠢ ᠃
ᠭᠤᠲᠤᠯᠴᠢᠨ᠄ ᠡᠨᠡ ᠪᠣᠯ ᠭᠠᠢᠬᠠᠮᠰᠢᠭ᠂ ᠡᠨᠡ ᠣᠯᠠᠨ ᠵᠢᠯ ᠪᠢ ᠬᠥᠳᠡᠯᠮᠦᠷᠢ ᠪᠡᠷ ᠢ᠋ᠶ᠋ᠡᠨ ᠮᠥᠩᠭᠥ ᠣᠯᠬᠤ ᠭᠡᠵᠦ ᠶᠡᠬᠡ ᠵᠣᠪᠠᠵᠤ ᠪᠠᠢᠭᠰᠠᠨ ᠶᠤᠮ᠂ ᠭᠡᠪᠡᠴᠦ ᠣᠭᠲᠣ ᠴᠢᠳᠠᠭ᠎ᠠ ᠦᠭᠡᠢ᠂ ᠬᠡᠨ ᠨᠢᠭᠡ ᠨᠢ ᠨᠠᠳᠠ ᠳ᠋ᠤ᠌ ᠲᠤᠰᠠᠯᠠᠬᠤ ᠭᠡᠳ ᠪᠠᠢᠭ᠎ᠠ ᠪᠣᠯᠤᠯᠲᠠᠢ᠃
  ᠳᠠᠬᠢᠭᠠᠳ ᠯᠠ ᠵᠠᠬ᠎ᠠ ᠤᠷᠤᠭᠤ ᠶᠠᠭᠠᠷᠠᠵᠤ ᠨᠡᠮᠡᠵᠦ ᠠᠷᠠᠰᠤ ᠠᠪᠤᠪᠠ᠃ ᠬᠡᠳᠦᠨ ᠭᠤᠲᠤᠯ ᠤ᠋ᠨ ᠠᠷᠠᠰᠤ ᠶ᠋ᠢ ᠪᠣᠯᠭᠣᠮᠵᠢᠲᠠᠢ ᠭᠡᠭᠴᠢ ᠨᠢ ᠵᠦᠰᠦᠭᠡᠳ᠂ ᠠᠵᠢᠯ ᠤ᠋ᠨ ᠢ᠋ᠶ᠋ᠠᠨ ᠰᠢᠷᠡᠭᠡᠨ ᠳᠡᠭᠡᠷ᠎ᠡ ᠣᠷᠬᠢᠯ᠎ᠠ᠃ ᠥᠷᠯᠥᠭᠡ ᠨᠢ ᠳᠠᠬᠢᠭᠠᠳ ᠯᠠ ᠢᠯᠡᠭᠦᠦ ᠣᠯᠠᠨ ᠭᠤᠲᠤᠯ ᠲᠡᠭᠦᠨ ᠢ᠋ ᠬᠦᠯᠢᠶᠡᠵᠦ ᠪᠠᠢᠪᠠ᠃ ᠤᠭᠯᠠᠭᠠᠰᠢ᠂ ᠤᠷᠲᠤ ᠲᠦᠷᠡᠢᠲᠦ ᠂ ᠪᠠᠯᠧᠲ ᠦ᠋ᠨ ᠭᠤᠲᠤᠯ᠂ ᠮᠣᠳᠣᠨ ᠤᠯᠠᠲᠤ ᠂ ᠬᠥᠩᠭᠡᠨ ᠱᠠᠬᠠᠢ ᠂ᠥᠭᠡᠷ᠎ᠡ ᠥᠭᠡᠷ᠎ᠡ ᠦᠩᠭᠡ ᠲᠠᠢ ᠠᠷᠠᠰᠤᠨ ᠭᠤᠲᠤᠯ ᠤ᠋ᠳ ᠪᠠᠢᠯ᠎ᠠ᠃
ᠭᠤᠲᠤᠯᠴᠢᠨ᠄ ᠭᠦᠦᠭ ᠶᠠᠮᠠᠷ ᠭᠠᠢᠬᠠᠮᠰᠢᠭ ᠲᠠᠢ ᠭᠤᠲᠤᠯ ᠪᠣᠢ ? ᠰᠠᠢᠬᠠᠨ ᠰᠡᠳᠬᠢᠯ ᠲᠡᠢ ᠦᠯᠦ ᠲᠠᠨᠢᠬᠤ ᠬᠥᠮᠦᠨ ᠯᠡ ᠨᠠᠳᠠ ᠳ᠋ᠤ᠌ ᠲᠤᠰᠠᠯᠠᠭᠠᠳ ᠪᠠᠢᠨ᠎ᠠ ᠳᠠ᠂ ᠡᠨᠡ ᠮᠠᠶᠢᠭ ᠢ᠋ᠶ᠋ᠠᠷ ᠪᠠᠢᠪᠠᠯ ᠪᠢ ᠬᠡᠵᠢᠶ᠎ᠡ ᠴᠦ᠍ ᠮᠥᠩᠭᠥ ᠪᠡᠷ ᠲᠠᠰᠤᠷᠠᠬᠤ ᠦᠭᠡᠢ ᠶᠦᠮ ᠪᠠᠢᠨ᠎ᠠ᠂ ᠪᠢᠳᠡ ᠠᠵᠠ ᠵᠢᠷᠭᠠᠯ ᠲᠠᠢ ᠠᠮᠢᠳᠤᠷᠠᠨ᠎ᠠ᠃
  ᠭᠤᠲᠤᠯᠴᠢᠨ ᠦᠯᠦ ᠲᠠᠨᠢᠬᠤ ᠬᠥᠮᠦᠨ ᠢ᠋ᠶ᠋ᠡᠷ ᠰᠠᠢᠬᠠᠨ ᠭᠤᠲᠤᠯ ᠤᠷᠠᠯᠠᠭᠤᠯᠬᠤ ᠪᠠᠷ ᠠᠷᠠᠰᠤ ᠨᠤᠭᠤᠳ ᠢ᠋ᠶ᠋ᠠᠨ ᠵᠦᠰᠦᠵᠦ ᠡᠬᠢᠯᠡᠪᠡ᠃ ᠬᠡᠳᠦᠨ ᠳᠣᠯᠣᠭᠠᠨ ᠬᠣᠨᠣᠭ ᠲᠤ᠌ ᠡᠨᠡ ᠮᠠᠶᠢᠭ ᠢ᠋ᠶ᠋ᠠᠷ ᠦᠷᠭᠦᠯᠵᠢᠯᠡᠯ᠎ᠡ᠃ ᠥᠷᠯᠥᠭᠡ ᠪᠦᠷᠢ ᠭᠤᠲᠤᠯᠴᠢᠨ ᠢᠯᠡᠭᠦᠦ ᠣᠯᠠᠨ ᠭᠤᠲᠤᠯ ᠣᠯᠵᠤ ᠬᠠᠷᠠᠨ᠎ᠠ᠃ ᠤᠳᠠᠯ ᠦᠭᠡᠢ ᠲᠡᠷᠡ ᠲᠣᠰᠬᠣᠨ ᠳ᠋ᠤ᠌ ᠬᠠᠮᠤᠭ ᠰᠠᠢᠬᠠᠨ ᠭᠤᠲᠤᠯ ᠬᠢᠳᠡᠭ ᠢ᠋ᠶ᠋ᠡᠷ ᠢ᠋ᠶ᠋ᠡᠨ ᠠᠯᠳᠠᠷᠰᠢᠯ᠎ᠠ᠃ ᠲᠡᠳᠡ ᠶᠡᠬᠡ ᠰᠠᠢᠬᠠᠨ ᠱᠢᠯᠲᠦᠭᠡᠨ ᠪᠠᠷᠢᠵᠤ ᠠᠮᠢᠳᠤᠷᠠᠳᠠᠭ ᠪᠣᠯᠵᠠᠢ ᠭᠡᠨ᠎ᠡ᠃
ᠡᠬᠡᠨᠡᠷ᠄ ᠪᠢᠳᠡᠨ ᠦ᠌ ᠠᠮᠢᠳᠤᠷᠠᠯ ᠶᠠᠭᠠᠬᠢᠵᠤ ᠥᠭᠡᠷᠡᠴᠢᠯᠡᠭᠳᠡᠭᠰᠡᠨ ᠢ᠋ ᠬᠠᠷᠠᠵᠤ ᠪᠠᠢᠨ᠎ᠠ ᠤᠤ? ᠴᠠᠭ ᠬᠤᠭᠤᠴᠠᠭᠠᠨ ᠤ᠋ ᠯᠠ ᠠᠰᠠᠭᠤᠳᠠᠯ ᠪᠠᠢᠭᠰᠠᠨ ᠶᠤᠮ᠃
ᠭᠤᠲᠤᠯᠴᠢᠨ᠄ ᠲᠡᠢᠮᠦ ᠠ᠋ ᠬᠣᠩᠭᠣᠷ ᠮᠢᠨᠢ ᠴᠢ ᠦᠷᠭᠦᠯᠵᠢ ᠨᠠᠳᠠ ᠳ᠋ᠤ᠌ ᠤᠷᠮ᠎ᠠ ᠵᠣᠷᠢᠭ ᠥᠭᠳᠡᠭ ᠪᠠᠢᠭᠰᠠᠨ ᠰᠢᠦ ᠳᠡ᠂ ᠲᠡᠭᠡᠭᠡᠳ ᠪᠢᠳᠡ ᠡᠳᠦᠢ ᠵᠡᠷᠭᠡ ᠳ᠋ᠦ᠍ ᠬᠦᠷᠦᠯ᠎ᠡ᠃
ᠡᠬᠡᠨᠡᠷ᠄ ᠲᠡᠢᠮᠦ ᠠ᠋ ᠪᠢᠳᠡᠨ ᠳ᠋ᠦ᠍ ᠲᠤᠰᠠᠯᠠᠵᠤ ᠪᠠᠢᠭ᠎ᠠ ᠦᠯᠦ ᠲᠠᠨᠢᠬᠤ ᠬᠥᠮᠦᠨ ᠢ᠋ ᠮᠠᠷᠲᠠᠵᠤ ᠪᠣᠯᠬᠤ ᠦᠭᠡᠢ᠂ ᠬᠡᠨ ᠪᠣᠯᠬᠤ ᠶ᠋ᠢ ᠨᠢ ᠣᠯᠵᠤ ᠮᠡᠳᠡᠵᠦ ᠂ᠲᠡᠳᠡᠨ ᠳ᠋ᠦ᠍ ᠲᠠᠯᠠᠷᠬᠠᠵᠤ ᠶᠠᠮᠠᠷ ᠨᠢᠭᠡᠨ ᠶᠠᠭᠤᠮ᠎ᠠ ᠬᠢᠵᠦ ᠥᠭᠬᠦ ᠬᠡᠷᠡᠭᠲᠡᠢ ᠃
ᠭᠤᠲᠤᠯᠴᠢᠨ᠄ ᠭᠡᠪᠡᠴᠦ ᠲᠡᠳᠡ ᠥᠷᠯᠥᠭᠡ ᠪᠣᠯᠬᠤ ᠠ᠋ᠴᠠ ᠡᠮᠦᠨ᠎ᠡ ᠶᠠᠪᠤᠴᠢᠬᠠᠭᠰᠠᠨ ᠪᠠᠢᠳᠠᠭ᠂ ᠲᠡᠳᠡᠨ ᠲᠡᠢ ᠶᠠᠭᠠᠬᠢᠵᠤ ᠠᠭᠤᠯᠵᠠᠬᠤ ᠶᠤᠮ ᠪᠣᠢ?
ᠡᠬᠡᠨᠡᠷ᠄ ᠮᠠᠷᠭᠠᠰᠢ ᠮᠤᠬᠤᠯᠠᠭ ᠲᠤ᠌ ᠪᠠᠨ ᠨᠢᠭᠤᠭᠳᠠᠭᠠᠳ ᠲᠡᠳᠡᠨ ᠢ᠋ ᠬᠠᠷᠠᠵᠤ ᠪᠣᠯᠤᠨ᠎ᠠ ᠰᠢᠦ ᠳᠡ᠃
ᠭᠤᠲᠤᠯᠴᠢᠨ᠄ ᠨᠡᠭᠡᠷᠡᠨ ᠲᠡᠢᠮᠦ᠂ ᠲᠡᠭᠡᠵᠦ ᠪᠣᠯᠬᠤ ᠶᠤᠮ ᠪᠠᠢᠨ᠎ᠠ᠃ ᠪᠢ ᠲᠡᠳᠡᠨ ᠦ᠌ ᠲᠤᠰᠠᠯᠠᠮᠵᠢ ᠳ᠋ᠤ᠌ ᠲᠠᠯᠠᠷᠬᠠᠮᠠᠷ ᠪᠠᠢᠨ᠎ᠠ᠃
  ᠮᠠᠷᠭᠠᠰᠢ ᠨᠢ ᠭᠤᠲᠤᠯᠴᠢᠨ ᠤᠷᠢᠲᠤ ᠶ᠋ᠢᠨ ᠠᠳᠠᠯᠢ ᠠᠷᠠᠰᠤ ᠪᠠᠨ ᠵᠦᠰᠦᠪᠡ᠃ ᠣᠷᠣᠢ ᠨᠢ ᠲᠥᠯᠥᠪᠯᠡᠭᠰᠡᠨ ᠶᠣᠰᠣᠭᠠᠷ ᠭᠤᠲᠤᠯᠴᠢᠨ ᠤ᠋ ᠡᠬᠡᠨᠡᠷ ᠢᠷᠡᠯ᠎ᠡ᠃
ᠡᠬᠡᠨᠡᠷ᠄ ᠨᠢᠭᠡ ᠭᠠᠵᠠᠷ ᠨᠢᠭᠤᠭᠳᠠᠬᠤ ᠤᠤ?
ᠭᠤᠲᠤᠯᠴᠢᠨ᠄ ᠲᠡᠭᠡᠶ᠎ᠡ! ᠲᠡᠷᠡ ᠱᠦᠭᠦᠢ ᠶ᠋ᠢᠨ ᠠᠷᠤ ᠳ᠋ᠤ᠌ ᠨᠢᠭᠤᠭᠳᠠᠵᠤ ᠪᠣᠯᠤᠨ᠎ᠠ ᠰᠢᠦ ᠳᠡ᠃
  ᠢᠩᠭᠢᠭᠡᠳ ᠲᠡᠳᠡ ᠠᠵᠢᠯ ᠤ᠋ᠨ ᠰᠢᠷᠡᠭᠡᠨ ᠦ᠌ ᠠᠷᠤ ᠲᠠᠯ᠎ᠠ ᠶ᠋ᠢᠨ ᠵᠢᠵᠢᠭᠬᠡᠨ ᠱᠦᠭᠦᠢ ᠳ᠋ᠦ᠍ ᠨᠢᠭᠤᠭᠳᠠᠵᠤ ᠬᠦᠯᠢᠶᠡᠯ᠎ᠡ᠃ ᠰᠥᠨᠢ ᠳᠤᠮᠳᠠ ᠪᠣᠯᠬᠤ ᠳ᠋ᠤ᠌ ᠭᠤᠲᠤᠯᠴᠢᠨ ᠪᠣᠯᠤᠨ ᠲᠡᠭᠦᠨ ᠦ᠌ ᠡᠬᠡᠨᠡᠷ ᠨᠠᠮᠤᠭᠤᠬᠠᠨ ᠠᠶ᠎ᠠ ᠠᠶᠠᠯᠬᠤ ᠬᠣᠭᠣᠯᠠᠢ ᠰᠣᠨᠣᠰᠤᠯ᠎ᠠ᠃ ᠲᠡᠳᠡ ᠱᠦᠭᠦᠢ᠎ ᠠ᠋ᠴᠠ ᠭᠠᠷᠴᠤ ᠢᠷᠡᠭᠡᠳ᠂ ᠤᠷᠠᠭᠳᠠᠵᠤ ᠬᠠᠭᠤᠴᠢᠷᠠᠭᠰᠠᠨ ᠬᠤᠪᠴᠠᠰᠤ ᠲᠠᠢ ᠬᠣᠶᠠᠷ ᠵᠢᠵᠢᠭᠬᠡᠨ ᠬᠥᠭᠡᠷᠦᠬᠦᠨ ᠠᠨᠠᠬᠠᠢ ᠴᠣᠩᠬᠣ ᠪᠠᠷ ᠠᠪᠠᠷᠢᠵᠤ ᠣᠷᠣᠵᠤ ᠢᠷᠡᠬᠦ ᠶ᠋ᠢ ᠬᠠᠷᠠᠭᠠᠳ ᠶᠡᠬᠡ ᠭᠠᠢᠬᠠᠵᠠᠢ᠃ ᠲᠡᠳᠡ ᠳᠣᠲᠣᠭᠰᠢ ᠪᠠᠨ ᠦᠰᠦᠷᠦᠯ᠎ᠡ᠂ ᠠᠨᠠᠬᠠᠢ ᠨᠠᠷ ᠳᠠᠭᠤᠤ ᠠᠶᠠᠯᠤᠨ ᠪᠥᠵᠢᠵᠦ᠂ ᠠᠭᠠᠷ ᠲᠤ᠌ ᠦᠰᠦᠷᠴᠦ ᠪᠠᠢᠪᠠ᠃ ᠭᠤᠲᠤᠯᠴᠢᠨ ᠤ᠋ ᠬᠠᠷᠠᠵᠤ ᠪᠠᠢᠭᠰᠠᠨ ᠬᠠᠮᠤᠭ ᠤ᠋ᠨ ᠵᠢᠷᠭᠠᠯᠲᠠᠢ ᠵᠢᠭᠠᠯ ᠤ᠋ᠳ ᠪᠠᠢᠯ᠎ᠠ᠃ ᠪᠥᠵᠢᠭᠯᠡᠭᠰᠡᠨ ᠦ᠌ ᠪᠡᠨ ᠳᠠᠷᠠᠭ᠎ᠠ ᠠᠨᠠᠬᠠᠢ ᠨᠠᠷ ᠰᠢᠷᠡᠭᠡᠨ ᠳᠡᠭᠡᠷ᠎ᠡ ᠰᠠᠭᠤᠵᠤ ᠭᠤᠲᠤᠯ ᠬᠢᠵᠦ ᠡᠬᠢᠯᠡᠯ᠎ᠡ᠃ ᠲᠡᠳᠡ ᠵᠦᠰᠦᠵᠦ ᠂ ᠣᠶᠣᠵᠤ ᠂ᠪᠣᠳᠣᠵᠤ ᠂ ᠪᠣᠳᠣᠭᠰᠠᠨ ᠭᠤᠲᠤᠯ  ‍ᠤᠳ ᠢ᠋ ᠨᠢᠭᠡ ᠨᠢᠭᠡ ᠪᠡᠷ ᠨᠢ ᠴᠡᠪᠡᠷᠯᠡᠵᠦ ᠪᠠᠢᠪᠠ᠃ ᠭᠤᠲᠤᠯᠴᠢᠨ ᠡᠬᠡᠨᠡᠷ ᠲᠡᠢ ᠪᠡᠨ ᠬᠠᠮᠲᠤ ᠲᠡᠳᠡᠨ ᠢ᠋ ᠪᠠᠶᠠᠷᠯᠠᠨ ᠬᠠᠷᠠᠵᠤ ᠪᠠᠢᠯ᠎ᠠ᠃ ᠭᠤᠲᠤᠯᠴᠢᠨ ᠲᠡᠳᠡᠨ ᠦ᠌ ᠭᠤᠲᠤᠯ ᠬᠢᠬᠦ ᠴᠢᠳᠠᠪᠤᠷᠢ ᠶ᠋ᠢ ᠬᠠᠷᠠᠭᠠᠳ ᠶᠡᠬᠡᠳᠡ ᠠᠯᠮᠠᠢᠷᠠᠪᠠ᠃ ᠤᠳᠠᠯ ᠦᠭᠡᠢ ᠪᠠᠰᠠ ᠨᠢᠭᠡᠨ ᠬᠣᠣᠰ ᠭᠤᠲᠤᠯ ᠡᠮᠦᠰᠬᠦ ᠳ᠋ᠦ᠍ ᠪᠡᠯᠡᠨ ᠪᠣᠯᠵᠠᠢ᠃ ᠠᠨᠠᠬᠠᠢ ᠨᠠᠷ ᠴᠣᠩᠬᠣ ᠪᠠᠷ ᠦᠰᠦᠷᠴᠦ ᠭᠠᠷᠤᠭᠠᠳ ᠠᠯᠠᠭ᠎ᠠ ᠪᠣᠯᠵᠠᠢ᠃
ᠡᠬᠡᠨᠡᠷ᠄ ᠠᠨᠠᠬᠠᠢ ᠨᠠᠷ ᠪᠠᠢᠵᠠᠢ᠂ ᠡᠳᠦᠷ ᠪᠦᠷᠢ ᠪᠢᠳᠡᠨ ᠳ᠋ᠦ᠍ ᠲᠤᠰᠠᠯᠠᠬᠤ ᠪᠠᠷ ᠢᠷᠡᠳᠡᠭ᠂ ᠲᠡᠳᠡᠨ ᠳ᠋ᠦ᠍ ᠲᠠᠯᠠᠷᠬᠠᠬᠤ ᠠᠷᠭ᠎ᠠ ᠣᠯᠬᠤ ᠬᠡᠷᠡᠭᠲᠡᠢ ᠃
ᠭᠤᠲᠤᠯᠴᠢᠨ᠄ ᠲᠡᠢᠮᠦ ᠠ᠋᠂ ᠳᠡᠭᠡᠯ ᠦᠭᠡᠢ ᠶᠠᠭᠠᠬᠢᠬᠤᠪ᠂ ᠭᠡᠪᠡᠴᠦ ᠪᠢᠳᠡ ᠲᠡᠳᠡᠨ ᠦ᠌ ᠲᠥᠯᠥᠭᠡ ᠶᠠᠭᠤ ᠬᠢᠵᠦ ᠴᠢᠳᠠᠬᠤ ᠪᠢᠯᠡ?
ᠡᠬᠡᠨᠡᠷ᠄ ᠲᠡᠳᠡ ᠬᠠᠭᠤᠴᠢᠷᠠᠵᠤ ᠤᠷᠠᠭᠳᠠᠭᠰᠠᠨ ᠬᠤᠪᠴᠠᠰᠤ ᠡᠮᠦᠰᠦᠭᠰᠡᠨ ᠪᠠᠢᠭᠰᠠᠨ᠂ ᠲᠡᠳᠡᠨ ᠳ᠋ᠦ᠍ ᠬᠤᠪᠴᠠᠰᠤ ᠣᠶᠣᠵᠤ ᠥᠭᠴᠦ ᠪᠣᠯᠤᠨ᠎ᠠ ᠰᠢᠦ ᠳᠡ᠃
ᠭᠤᠲᠤᠯᠴᠢᠨ᠄ ᠦ᠂ ᠰᠠᠢᠬᠠᠨ ᠰᠠᠨᠠᠭ᠎ᠠ ᠪᠠᠢᠨ᠎ᠠ᠂ ᠪᠢ ᠲᠡᠳᠡᠨ ᠳ᠋ᠦ᠍ ᠰᠢᠨ᠎ᠡ ᠭᠤᠲᠤᠯ ᠣᠶᠣᠵᠤ ᠥᠭᠭᠦᠨ᠎ᠡ ᠃
ᠡᠬᠡᠨᠡᠷ᠄ ᠪᠢ ᠲᠡᠳᠡᠨ ᠳ᠋ᠦ᠍ ᠳᠤᠯᠠᠭᠠᠬᠠᠨ ᠰᠠᠢᠬᠠᠨ ᠬᠤᠪᠴᠠᠰᠤ ᠣᠶᠣᠨ᠎ᠠ᠃
  ᠲᠡᠷᠡ ᠬᠣᠶᠠᠷ ᠠᠨᠠᠬᠠᠢ ᠨᠠᠷ ᠲᠤ᠌ ᠪᠡᠯᠡᠭ ᠬᠢᠬᠦ ᠪᠡᠷ ᠠᠵᠢᠯᠯᠠᠪᠠ᠃ ᠳᠣᠯᠣᠭ᠎ᠠ ᠬᠣᠨᠣᠭ ᠤ᠋ᠨ ᠳᠠᠷᠠᠭ᠎ᠠ ᠭᠤᠲᠤᠯᠴᠢᠨ ᠦᠰᠦ ᠪᠡᠷ ᠡᠮᠵᠢᠭᠰᠡᠨ ᠬᠣᠶᠠᠷ ᠰᠠᠢᠬᠠᠨ ᠭᠤᠲᠤᠯ ᠣᠶᠣᠵᠤ ᠳᠠᠭᠤᠰᠬᠠᠯ᠎ᠠ᠃ ᠭᠤᠲᠤᠯᠴᠢᠨ ᠤ᠋ ᠡᠬᠡᠨᠡᠷ ᠬᠣᠶᠠᠷ ᠵᠢᠵᠢᠭᠬᠡᠨ ᠨᠡᠬᠡᠢ ᠳᠡᠪᠡᠯ᠂ ᠬᠣᠣᠰ ᠴᠠᠮᠴᠠ᠂ ᠳᠤᠯᠠᠭᠠᠨ ᠬᠥᠪᠥᠩ ᠥᠮᠥᠳᠥ ᠣᠶᠣᠵᠠᠢ᠃
ᠡᠬᠡᠨᠡᠷ᠄ ᠡᠨᠡ ᠭᠤᠲᠤᠯ ᠬᠤᠪᠴᠠᠰᠤ ᠪᠢᠴᠢᠬᠠᠨ ᠠᠨᠠᠬᠠᠢ ᠨᠠᠷ ᠲᠤ᠌ ᠶᠡᠬᠡ ᠰᠠᠢᠬᠠᠨ ᠬᠠᠷᠠᠭᠳᠠᠨ᠎ᠠ᠂ ᠲᠡᠳᠡᠨ ᠢ᠋ ᠡᠨᠡ ᠬᠤᠪᠴᠠᠰᠤ ᠶ᠋ᠢ ᠡᠮᠦᠰᠬᠦ ᠶ᠋ᠢ ᠬᠠᠷᠠᠬᠤ ᠰᠠᠨ ᠭᠡᠵᠦ ᠪᠢ ᠳᠣᠭᠳᠣᠯᠵᠤ ᠪᠠᠢᠨ᠎ᠠ ᠃
ᠭᠤᠲᠤᠯᠴᠢᠨ᠄ ᠮᠠᠷᠭᠠᠰᠢ ᠵᠤᠯᠠ ᠰᠠᠷ᠎ᠠ ᠶ᠋ᠢᠨ ᠤᠷᠢᠳ ᠡᠳᠦᠷ᠂ ᠮᠤᠬᠤᠯᠠᠭ ᠢ᠋ᠶ᠋ᠠᠨ ᠵᠤᠯᠠ ᠰᠠᠷ᠎ᠠ ᠶ᠋ᠢᠨ ᠴᠢᠮᠡᠭᠯᠡᠯ ᠢ᠋ᠶ᠋ᠡᠷ ᠴᠢᠮᠡᠭᠯᠡᠵᠦ ᠂ ᠡᠨᠡ ᠪᠡᠯᠡᠭ ᠢ᠋ᠶ᠋ᠡᠨ ᠠᠵᠢᠯ ᠤ᠋ᠨ ᠰᠢᠷᠡᠭᠡᠨ ᠳᠡᠭᠡᠷ᠎ᠡ ᠮᠢᠨᠢ ᠤᠷᠭᠢᠶ᠎ᠠ᠃
  ᠲᠡᠷᠡ ᠬᠤᠶᠠᠭᠤᠯᠠ ᠮᠤᠬᠤᠯᠠᠭ ᠢ᠋ᠶ᠋ᠠᠨ ᠵᠤᠯᠠ ᠰᠠᠷ᠎ᠠ ᠶ᠋ᠢᠨ ᠴᠢᠮᠡᠭᠯᠡᠯ ᠢ᠋ᠶ᠋ᠡᠷ ᠴᠢᠮᠡᠭᠡᠳ᠂ ᠪᠡᠯᠡᠭ ᠢ᠋ᠶ᠋ᠡᠨ ᠠᠵᠢᠯ ᠤ᠋ᠨ ᠰᠢᠷᠡᠭᠡᠨ ᠳᠡᠭᠡᠷ᠎ᠡ ᠲᠠᠯᠪᠢᠪᠠ᠃ ᠰᠥᠨᠢ ᠳᠤᠮᠳᠠ ᠪᠣᠯᠬᠤ ᠳ᠋ᠤ᠌ ᠲᠡᠷᠡ ᠬᠤᠶᠠᠭᠤᠯᠠ ᠠᠨᠠᠬᠠᠢ ᠨᠠᠷ ᠤ᠋ᠨ ᠬᠣᠭᠣᠯᠠᠢ ᠶ᠋ᠢ ᠰᠣᠨᠣᠰᠤᠯ᠎ᠠ᠃ ᠠᠨᠠᠭᠠᠢ ᠨᠠᠷ ᠡᠮᠦᠨᠡᠬᠢ ᠰᠢᠭ ᠢ᠋ᠶ᠋ᠡᠨ ᠰᠦᠷᠵᠢᠨ ᠣᠷᠣᠵᠤ ᠢᠷᠡᠪᠡ᠃ ᠲᠡᠳᠡ ᠪᠠᠶᠠᠷᠯᠠᠨ ᠪᠥᠵᠢᠵᠦ ᠪᠠᠢᠯ᠎ᠠ᠃ ᠭᠡᠪᠡᠴᠦ ᠰᠢᠷᠡᠭᠡ ᠶ᠋ᠢ ᠬᠠᠷᠠᠭᠠᠳ ᠲᠡᠳᠡ ᠶᠡᠬᠡ ᠭᠠᠢᠬᠠᠵᠠᠢ ᠃
ᠳᠡᠭᠦᠦ ᠠᠨᠠᠬᠠᠢ᠄ ᠥᠨᠥᠳᠥᠷ ᠦ᠋ᠨ ᠠᠵᠢᠯ ᠬᠠᠮᠢᠭ᠎ᠠ ᠪᠠᠢᠨ᠎ᠠ?
ᠠᠬ᠎ᠠ ᠠᠨᠠᠬᠠᠢ᠄ ᠬᠠᠷᠠ ᠳᠠ ᠳᠡᠭᠦᠦ ᠮᠢᠨᠢ ᠡᠨᠡ ᠭᠤᠲᠤᠯ ᠬᠤᠪᠴᠠᠰᠤ ᠶᠠᠮᠠᠷ ᠭᠣᠶᠣ ᠶᠤᠮ ᠪᠣᠢ ?
ᠳᠡᠭᠦᠦ ᠠᠨᠠᠬᠠᠢ᠄ ᠬᠡ ᠬᠡ ᠬᠡ ᠂ ᠪᠠᠰᠠ ᠥᠩᠭᠡᠯᠢᠭ ᠶᠠᠭᠤᠮ᠎ᠠ ᠪᠠᠢᠨ᠎ᠠ᠃
ᠠᠬ᠎ᠠ ᠠᠨᠠᠬᠠᠢ᠄ ᠭᠤᠲᠤᠯᠴᠢᠨ ᠪᠢᠳᠡᠨ ᠳ᠋ᠦ᠍ ᠲᠠᠯᠠᠷᠬᠠᠬᠤ ᠭᠡᠵᠦ ᠡᠭᠦᠨ ᠢ᠋ ᠥᠭᠭᠦᠭᠰᠡᠨ ᠪᠠᠢᠬᠤ ᠠ᠋᠃
ᠳᠡᠭᠦᠦ ᠠᠨᠠᠬᠠᠢ᠄ ᠪᠢᠳᠡᠨ ᠦ᠌ ᠠᠵᠢᠯ ᠳ᠋ᠤ᠌ ᠲᠠᠯᠠᠷᠬᠠᠵᠤ ᠪᠠᠢᠭ᠎ᠠ ᠪᠠᠢᠬᠤ ᠨᠢ᠃
ᠠᠬ᠎ᠠ ᠠᠨᠠᠬᠠᠢ᠄ ᠲᠡᠢᠮᠦ ᠠ᠋᠂ ᠬᠡ ᠬᠠ ᠬᠠ᠂ ᠡᠮᠦᠰᠴᠦ ᠦᠵᠡᠶ᠎ᠡ᠃
  ᠠᠨᠠᠬᠠᠢ ᠨᠠᠷ ᠭᠤᠲᠤᠯ ᠬᠤᠪᠴᠠᠰᠤ ᠶ᠋ᠢ ᠡᠮᠦᠰᠴᠦ ᠦᠵᠡᠪᠡ᠂ ᠶᠠᠭ ᠰᠠᠢᠬᠠᠨ ᠲᠠᠭᠠᠷᠠᠵᠠᠢ᠃
ᠳᠡᠭᠦᠦ ᠠᠨᠠᠬᠠᠢ᠄ ᠲᠠ ᠶᠡᠬᠡ ᠰᠠᠢᠬᠠᠨ ᠬᠠᠷᠠᠭᠳᠠᠵᠤ ᠪᠠᠢᠨ᠎ᠠ᠃
ᠠᠬ᠎ᠠ ᠠᠨᠠᠬᠠᠢ᠄ ᠪᠠᠰᠠ᠂ ᠴᠢ ᠴᠦ᠍ ᠭᠡᠰᠡᠨ ᠶᠠᠩᠵᠤ ᠲᠠᠢ ᠬᠠᠷᠠᠭᠳᠠᠵᠤ ᠪᠠᠢᠨ᠎ᠠ᠂ ᠦᠨᠡᠬᠡᠷ ᠰᠠᠢᠬᠠᠨ ᠬᠤᠪᠴᠠᠰᠤ ᠪᠠᠢᠨ᠎ᠠ᠃
ᠳᠡᠭᠦᠦ ᠠᠨᠠᠬᠠᠢ᠄ ᠪᠠᠰᠠ ᠶᠡᠬᠡ ᠭᠣᠶᠣ ᠭᠤᠲᠤᠯ ᠪᠠᠢᠨ᠎ᠠ᠂ ᠪᠥᠵᠢᠭᠯᠡᠮᠡᠷ ᠰᠠᠨᠠᠭᠳᠠᠴᠢᠬᠠᠯ᠎ᠠ᠂ ᠠ !
ᠠᠬ᠎ᠠ ᠠᠨᠠᠬᠠᠢ᠄ ᠪᠥᠵᠢᠭᠯᠡᠶ᠎ᠡ ᠳᠡᠭᠦᠦ ᠮᠢᠨᠢ !
  ᠲᠡᠳᠡ ᠳᠠᠬᠢᠭᠠᠳ ᠯᠠ ᠤᠷᠢᠳᠤ ᠶ᠋ᠢᠨ ᠠᠳᠠᠯᠢ ᠪᠠᠶᠠᠷᠲᠠᠢ ᠪᠠᠷ ᠪᠥᠵᠢᠭᠯᠡᠪᠡ᠃ ᠠᠨᠠᠬᠠᠢ ᠨᠠᠷ ᠲᠤ᠌ ᠰᠢᠨ᠎ᠡ ᠬᠤᠪᠴᠠᠰᠤ ᠨᠢ ᠲᠠᠭᠠᠯᠠᠭᠳᠠᠭᠰᠠᠨ ᠢ᠋ ᠦᠵᠡᠭᠡᠳ ᠭᠤᠲᠤᠯᠴᠢᠨ ᠪᠣᠯᠤᠨ ᠭᠤᠲᠤᠯᠴᠢᠨ ᠤ᠋ ᠡᠬᠡᠨᠡᠷ ᠮᠠᠰᠢ ᠶᠡᠬᠡ ᠪᠠᠶᠠᠷᠯᠠᠪᠠ᠂ ᠬᠡᠰᠡᠭ ᠬᠤᠭᠤᠴᠠᠭᠠᠨ ᠤ᠋ ᠳᠠᠷᠠᠭ᠎ᠠ ᠠᠨᠠᠬᠠᠢ ᠨᠠᠷ ᠴᠣᠩᠬᠣ ᠪᠠᠷ ᠦᠰᠦᠷᠴᠦ ᠭᠠᠷᠤᠭᠠᠳ ᠰᠠᠷᠠᠨ ᠤ᠋ ᠭᠡᠷᠡᠯ ᠳ᠋ᠦ᠍ ᠠᠯᠠᠭ᠎ᠠ ᠪᠣᠯᠪᠠ᠃ ᠭᠤᠲᠤᠯᠴᠢᠨ ᠡᠬᠡᠨᠡᠷ ᠲᠡᠢ ᠪᠡᠨ ᠬᠠᠮᠲᠤ ᠨᠢᠭᠤᠭᠳᠠᠭᠰᠠᠨ ᠭᠠᠵᠠᠷ᠎ᠠ᠋ᠴᠠ ᠪᠠᠨ ᠭᠠᠷᠴᠤ ᠢᠷᠡᠯ᠎ᠡ᠃
ᠡᠬᠡᠨᠡᠷ᠄ᠬᠦ ᠬᠦ ᠬᠦ ᠂ ᠲᠩᠷᠢ ᠮᠢᠨᠢ! ᠪᠢᠳᠡᠨ ᠦ᠌ ᠪᠡᠯᠡᠭ ᠲᠡᠳᠡᠨ ᠳ᠋ᠦ᠍ ᠲᠠᠭᠠᠯᠠᠭᠳᠠᠭᠰᠠᠨ ᠳ᠋ᠤ᠌ ᠪᠢ ᠦᠨᠡᠬᠡᠷ ᠪᠠᠶᠠᠷᠲᠠᠢ ᠪᠠᠢᠨ᠎ᠠ᠃
ᠭᠤᠲᠤᠯᠴᠢᠨ᠄ ᠬᠠᠷᠢᠨ ᠲᠡᠢᠮᠦ ᠠ᠋᠂ ᠪᠠᠶᠠᠷ ᠢ᠋ᠶ᠋ᠠᠨ ᠲᠡᠮᠳᠡᠭᠯᠡᠬᠦ ᠴᠠᠭ ᠪᠣᠯᠵᠠᠢ᠂ ᠵᠠ! ᠭᠡᠷ ᠲᠦ᠍ ᠪᠡᠨ ᠬᠠᠷᠢᠵᠠᠭᠠᠶ᠎ᠠ᠃
  ᠵᠤᠯᠠ ᠰᠠᠷ᠎ᠠ ᠶ᠋ᠢᠨ ᠥᠷᠯᠥᠭᠡ ᠪᠣᠯᠵᠤ ᠪᠠᠢᠪᠠ᠂ ᠭᠤᠲᠤᠯᠴᠢᠨ ᠠᠷᠠᠰᠤ ᠪᠠᠨ ᠵᠦᠰᠦᠭᠡᠳ᠂ ᠠᠨᠠᠬᠠᠢ ᠨᠠᠷ ᠲᠤ᠌ ᠵᠣᠷᠢᠭᠤᠯᠵᠤ ᠰᠢᠷᠡᠭᠡᠨ ᠳᠡᠭᠡᠷ᠎ᠡ ᠪᠡᠨ ᠣᠷᠬᠢᠯ᠎ᠠ᠃ ᠭᠡᠪᠡᠴᠦ ᠮᠠᠷᠭᠠᠰᠢ ᠥᠷᠯᠥᠭᠡ ᠨᠢ ᠮᠤᠬᠤᠯᠠᠭ ᠲᠤ᠌ ᠪᠠᠨ ᠢᠷᠡᠲᠡᠯ᠎ᠡ ᠨᠢᠭᠡ ᠴᠦ᠍ ᠭᠤᠲᠤᠯ ᠪᠠᠢᠭᠰᠠᠨ ᠦᠭᠡᠢ᠃ ᠡᠬᠡᠨᠡᠷ ᠲᠦ᠍ ᠪᠡᠨ ᠬᠡᠯᠡᠬᠦ ᠪᠡᠷ ᠭᠡᠷ ᠲᠦ᠍ ᠪᠡᠨ ᠬᠠᠷᠢᠯ᠎ᠠ᠃
ᠭᠤᠲᠤᠯᠴᠢᠨ᠄ ᠨᠥᠭᠦᠭᠡ ᠮᠠᠨ ᠤ᠋ ᠠᠨᠠᠬᠠᠢ ᠨᠠᠷ ᠡᠷᠭᠢᠵᠦ ᠢᠷᠡᠭᠰᠡᠨ ᠦᠭᠡᠢ᠂ ᠨᠢᠭᠡ ᠴᠦ᠍ ᠭᠤᠲᠤᠯ ᠪᠠᠢᠭᠰᠠᠨ ᠦᠭᠡᠢ᠃
ᠡᠬᠡᠨᠡᠷ᠄ ᠵᠦᠭᠡᠷ ᠳᠡ᠂ ᠲᠡᠳᠡ ᠪᠢᠳᠡᠨ ᠳ᠋ᠦ᠍ ᠬᠠᠩᠭᠠᠯᠲᠠ ᠲᠠᠢ ᠲᠤᠰᠠᠯᠠᠭᠰᠠᠨ᠂ ᠴᠢ ᠡᠮᠦᠨᠡᠬᠢ ᠰᠢᠭ ᠢ᠋ᠶ᠋ᠡᠨ ᠯᠡ ᠳᠠᠬᠢᠭᠠᠳ ᠠᠵᠢᠯᠯᠠᠬᠤ ᠬᠡᠷᠡᠭᠲᠡᠢ ᠪᠣᠯᠬᠤ ᠨᠢ᠃
ᠭᠤᠲᠤᠯᠴᠢᠨ᠄ ᠲᠡᠢᠮᠦ ᠠ᠋᠂ ᠪᠢ ᠥᠪᠡᠷ ᠢ᠋ᠶ᠋ᠡᠨ ᠠᠵᠢᠯᠯᠠᠨ᠎ᠠ᠂ ᠥᠨᠥᠳᠥᠷ ᠢ᠋ ᠬᠦᠷᠲᠡᠯ᠎ᠡ ᠪᠢ ᠬᠥᠮᠦᠰ ᠶᠠᠭᠤᠨ ᠳ᠋ᠤ᠌ ᠳᠤᠷᠠᠲᠠᠢ᠂ ᠶᠠᠮᠠᠷ ᠨᠢ ᠲᠡᠳᠡᠨ ᠳ᠋ᠦ᠍ ᠲᠠᠭᠠᠯᠠᠭᠳᠠᠳᠠᠭ ᠢ᠋ ᠮᠡᠳᠡᠵᠦ ᠠᠪᠤᠭᠰᠠᠨ᠂ ᠪᠢ ᠬᠠᠮᠤᠭ ᠤ᠋ᠨ ᠰᠠᠢᠨ ᠭᠤᠲᠤᠯ ᠢ᠋ ᠬᠢᠨ᠎ᠡ᠃
  ᠲᠡᠷᠡ ᠠᠨᠠᠬᠠᠢ ᠨᠠᠷ ᠢ᠋ ᠭᠠᠷᠴᠤ ᠢᠷᠡᠬᠦ ᠎ᠠ᠋ᠴᠠ ᠡᠮᠦᠨ᠎ᠡ ᠣᠯᠠᠨ ᠵᠢᠯ ᠦ᠋ᠨ ᠲᠤᠷᠰᠢ ᠬᠢᠳᠡᠭ ᠪᠠᠢᠭᠰᠠᠨ ᠠᠵᠢᠯ ᠳ᠋ᠤ᠌ ᠪᠠᠨ ᠰᠢᠮᠳᠠᠨ ᠣᠷᠣᠯ᠎ᠠ᠃ ᠲᠡᠭᠦᠨ ᠦ᠌ ᠬᠢᠭᠰᠡᠨ ᠭᠤᠲᠤᠯ ᠤ᠋ᠳ ᠶᠠᠭ ᠠᠨᠠᠬᠠᠢ ᠨᠠᠷ ᠤ᠋ᠨ ᠬᠢᠳᠡᠭ ᠪᠠᠢᠭᠰᠠᠨ ᠰᠢᠭ᠋ ᠰᠠᠢᠬᠠᠨ ᠭᠤᠲᠤᠯ ᠪᠣᠯᠵᠤ ᠪᠠᠢᠯ᠎ᠠ᠃

  ᠦᠰᠦᠭ ᠠᠮᠢᠯᠠᠭᠤᠯᠤᠭᠴᠢ ᠂ ᠬᠠᠲᠠᠭᠴᠢ ᠄ᠾᠦᠩ ᠸᠧᠢ
  ᠬᠢᠨᠠᠯᠲᠠ ᠄ᠰᠡᠴᠡᠨᠴᠢᠮᠡᠭ᠂ ᠮᠣᠩᠭᠣᠯ ᠰᠦᠨᠡᠰᠦ ᠂ ᠮᠦᠴᠢᠷ᠃