ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ (ᠳᠥᠷᠪᠡ)Шинэ жил цагаан сарын уянга
ᠰᠢᠨ᠎ᠡ ᠵᠢᠯ᠂ ᠴᠠᠭᠠᠨ ᠰᠠᠷ᠎ᠠ ᠶ᠋ᠢᠨ ᠬᠣᠣᠰ ᠤᠶᠠᠩᠭ᠎ᠠ (ᠳᠥᠷᠪᠡ)
ᠰᠠᠮᠪᠠᠢ ᠬᠠᠳᠠᠭ ᠰᠠᠭᠠᠯᠢ ᠶ᠋ᠢᠨ ᠠᠷᠢᠬᠢ ᠴᠠᠭᠠᠨ ᠰᠠᠷ᠎ᠠ ᠶ᠋ᠢᠨ ᠤᠭᠲᠤᠯᠭ᠎ᠠ
ᠰᠠᠷᠬᠤᠳ ᠨᠠᠩᠵᠢᠳ ᠴᠠᠭᠠᠨ ᠢᠳᠡᠭᠡ ᠰᠢᠨ᠎ᠡ ᠬᠠᠪᠤᠷ ᠤ᠋ᠨ ᠮᠡᠳᠡᠭᠡ
ᠵᠠᠮ ᠰᠠᠷᠠᠭᠤᠯ ᠦᠢᠯᠡᠰ ᠮᠥᠩᠬᠡ ᠣᠨ ᠣᠨ ᠡᠰᠡᠷᠡᠭ
ᠵᠢᠯᠣᠭᠣᠳᠤᠯᠭ᠎ᠠ ᠮᠡᠷᠭᠡᠨ ᠪᠣᠳᠣᠯᠭ᠎ᠠ ᠲᠥᠪ ᠵᠢᠯ ᠵᠢᠯ ᠥᠭᠡᠳᠡ
ᠰᠢᠨᠵᠢᠯᠡᠬᠦ ᠤᠬᠠᠭᠠᠨ ᠢ᠋ ᠡᠷᠬᠢᠮᠯᠡᠪᠡᠯ ᠣᠨ ᠣᠨ ᠥᠭᠡᠳᠡ
ᠰᠢᠷᠭᠠᠭᠤ ᠬᠥᠳᠡᠯᠮᠦᠷᠢ ᠶ᠋ᠢ ᠲᠦᠰᠢᠭᠯᠡᠪᠡᠯ ᠵᠢᠯ ᠵᠢᠯ ᠡᠰᠡᠷᠡᠭ
ᠦᠢᠯᠡᠰ ᠪᠦᠲᠦᠭᠡᠯ ᠭᠢᠯᠠᠯᠵᠠᠭᠰᠠᠨ ᠥᠷᠨᠢᠭᠦᠨ ᠰᠠᠢᠬᠠᠨ ᠵᠢᠯ
ᠥᠯᠵᠡᠢ ᠬᠤᠲᠤᠭ ᠣᠷᠣᠰᠢᠭᠰᠠᠨ ᠥᠨᠢᠷ ᠤᠷᠢᠨ ᠬᠠᠪᠤᠷ
ᠮᠥᠰᠥᠲᠦ ᠣᠷᠭᠢᠯ ᠳ᠋ᠤᠷ ᠮᠠᠴᠤᠨ ᠭᠠᠷᠴᠤ ᠤᠷᠢᠨ ᠬᠠᠪᠤᠷ ᠢ᠋ᠶ᠋ᠠᠨ ᠤᠭᠲᠤᠨᠠᠮ
ᠮᠥᠩᠭᠥᠨ ᠬᠤᠨᠳᠠᠭ᠎ᠠ ᠪᠠᠨ ᠡᠷᠭᠦᠨ ᠪᠠᠷᠢᠵᠤ ᠴᠠᠭᠠᠨ ᠰᠠᠷ᠎ᠠ ᠶ᠋ᠢ ᠪᠡᠯᠭᠡᠯᠡᠨᠡᠮ
ᠦᠷ ᠴᠠᠢᠮᠠᠭᠴᠠ ᠪᠠᠶᠠᠷ ᠤ᠋ᠨ ᠫᠤᠤᠵᠢᠩ ᠢ᠋ᠶ᠋ᠠᠷ ᠡᠩᠬᠡ ᠵᠢᠯ ᠢ᠋ ᠪᠡᠯᠭᠡᠳᠡᠨᠡᠮ
ᠡᠭᠦᠳᠡ ᠰᠡᠬᠦᠮᠡᠬᠴᠡ ᠪᠢᠯᠢᠭ ᠦ᠋ᠨ ᠬᠠᠳᠠᠭ ᠢ᠋ᠶ᠋ᠠᠷ ᠡᠯᠪᠡᠭ ᠣᠨ ᠢ᠋ ᠵᠥᠩᠨᠡᠨᠡᠮ
ᠪᠡᠯᠭᠡᠲᠦ ᠢᠷᠭᠤᠢ ᠮᠦᠰᠢᠶᠡᠨ ᠳᠡᠯᠭᠡᠷᠡᠬᠦᠶ᠎ᠡ ᠬᠠᠪᠤᠷ ᠤ᠋ᠨ ᠠᠮᠢᠰᠬᠤᠯ ᠪᠢᠯᠬᠠᠮ᠎ᠠ
ᠪᠢᠯᠢᠭᠲᠦ ᠰᠠᠷ᠎ᠠ ᠠᠢᠯᠴᠢᠯᠠᠨ ᠰᠠᠭᠠᠳᠠᠬᠤᠶᠠ ᠪᠠᠶᠠᠷ ᠵᠢᠷᠭᠠᠯ ᠬᠠᠯᠭᠢᠮ᠎ᠠ
ᠡᠶᠡᠪᠡᠷᠭᠦᠦ ᠰᠠᠯᠬᠢᠨ ᠤ᠋ ᠢᠯᠪᠢᠯᠲᠡ ᠪᠡᠷ ᠡᠬᠡ ᠬᠣᠷᠸ᠎ᠠ ᠮᠦᠰᠢᠶᠡᠪᠡᠢ
ᠡᠩᠬᠡ ᠲᠥᠷᠥ ᠶ᠋ᠢᠨ ᠢᠪᠡᠭᠡᠯᠲᠡ ᠪᠡᠷ ᠡᠷᠦᠬᠡ ᠪᠣᠯᠭᠠᠨ ᠵᠢᠷᠭᠠᠪᠠᠢ
ᠡᠶᠡᠪᠡᠷᠭᠦᠦ ᠰᠠᠯᠬᠢᠨ ᠠᠶᠠᠷᠬᠠᠨ ᠦᠯᠢᠶᠡᠵᠦ ᠬᠠᠭᠤᠴᠢᠨ ᠵᠢᠯ ᠢ᠋ᠶ᠋ᠡᠨ ᠦᠳᠡᠨᠡᠮ
ᠥᠯᠵᠡᠢᠲᠦ ᠴᠠᠰᠤᠨ ᠨᠠᠮᠢᠷᠠᠨ ᠬᠠᠶᠠᠯᠠᠵᠤ ᠰᠢᠨ᠎ᠡ ᠣᠨ ᠢ᠋ᠶ᠋ᠠᠨ ᠤᠭᠲᠤᠨᠠᠮ
ᠤᠯᠠᠷᠢᠯ ᠡᠷᠭᠢᠵᠦ ᠵᠢᠯ ᠰᠣᠯᠢᠭᠳᠠᠭᠠᠳ ᠥᠯᠵᠡᠢ ᠪᠡᠯᠭᠡ ᠦᠯᠡᠮᠵᠢ
ᠠᠮᠵᠢᠯᠲᠠ ᠥᠨᠳᠥᠷᠯᠡᠵᠦ ᠦᠢᠯᠡᠰ ᠰᠢᠨᠡᠳᠦᠭᠡᠳ ᠵᠢᠷᠭᠠᠯ ᠤ᠋ᠨ ᠵᠠᠮ ᠳᠠᠷᠳᠠᠩ
ᠬᠥᠭᠰᠡᠨ ᠪᠠᠯᠭᠤᠭᠰᠠᠨ ᠠᠮᠲᠠᠲᠤ ᠰᠠᠷᠬᠤᠳ ᠨᠠᠰᠤ ᠨᠡᠮᠡᠭᠰᠡᠨ ᠨᠠᠢᠷ
ᠬᠥᠷ ᠪᠢᠯᠬᠠᠭᠰᠠᠨ ᠠᠷᠠᠳ ᠤ᠋ᠨ ᠳᠠᠭᠤᠤ ᠵᠢᠯ ᠤᠭᠲᠤᠭᠰᠠᠨ ᠤᠶᠠᠩᠭ᠎ᠠ
ᠬᠡᠢ ᠮᠣᠷᠢ ᠰᠦᠯᠳᠡ ᠲᠡᠢ ᠪᠠᠶᠠᠷᠲᠤ ᠣᠨ
ᠬᠡᠰᠢᠭ ᠥᠯᠵᠡᠢ ᠲᠡᠢ ᠪᠠᠶᠠᠵᠢᠯᠲᠠ ᠵᠢᠯ
ᠥᠭᠡᠷᠡᠴᠢᠯᠡᠯᠲᠡ ᠰᠢᠨᠡᠴᠢᠯᠡᠯᠲᠡ ᠶ᠋ᠢᠨ ᠬᠦᠴᠦᠷᠬᠡᠭ ᠠᠯᠬᠤᠭ᠎ᠠ ᠰᠢᠨ᠎ᠡ ᠡᠷᠢᠨ ᠦ᠌ ᠨᠠᠢᠷᠠᠭ
ᠦᠢᠯᠡᠰ ᠪᠦᠲᠦᠭᠡᠯ ᠦ᠋ᠨ ᠠᠤᠭ᠎ᠠ ᠠᠮᠵᠢᠯᠲᠠ ᠰᠢᠨ᠎ᠡ ᠵᠢᠯ ᠦ᠋ᠨ ᠪᠡᠯᠡᠭ
ᠲᠡᠭᠦᠰ ᠵᠢᠷᠭᠠᠯᠠᠩ ᠢᠪᠡᠭᠡᠭᠰᠡᠨ ᠥᠯᠵᠡᠢᠲᠦ ᠴᠠᠭᠠᠨ ᠰᠠᠷ᠎ᠠ
ᠲᠦᠮᠡᠨ ᠦᠵᠡᠮᠵᠢ ᠪᠦᠷᠢᠳᠦᠭᠰᠡᠨ ᠪᠠᠶᠠᠨ ᠲᠠᠩᠰᠤᠭ ᠬᠠᠪᠤᠷ
ᠪᠠᠶᠠᠵᠢᠯ ᠤ᠋ᠨ ᠵᠠᠮ ᠳᠤᠷᠠᠢᠭᠰᠠᠨ ᠪᠡᠯᠭᠡᠲᠦ ᠰᠢᠨ᠎ᠡ ᠵᠢᠯ
ᠪᠠᠶᠠᠷ ᠤ᠋ᠨ ᠠᠭᠤᠷ ᠪᠢᠯᠬᠠᠭᠰᠠᠨ ᠪᠤᠶᠠᠨᠲᠤ ᠴᠠᠭᠠᠨ ᠰᠠᠷ᠎ᠠ
ᠬᠡᠢ ᠮᠣᠷᠢ ᠳᠡᠭᠵᠢᠭᠦᠨ ᠬᠡᠰᠢᠭ ᠳᠡᠯᠭᠡᠷ ᠵᠢᠯ ᠦ᠋ᠨ ᠥᠩᠭᠡ ᠰᠠᠢᠨ
ᠦᠢᠯᠡᠰ ᠬᠥᠭᠵᠢᠭᠦᠨ ᠠᠵᠢᠯ ᠤᠷᠤᠭᠰᠢᠲᠠᠢ ᠣᠨ ᠤ᠋ ᠲᠠᠪᠢᠯᠠᠩ ᠦᠯᠡᠮᠵᠢ
ᠡᠭᠡᠯᠢᠲᠦ ᠡᠭᠦᠳᠡ ᠪᠡᠨ ᠨᠡᠭᠡᠭᠡᠭᠰᠡᠨ ᠵᠣᠯ ᠪᠠᠳᠠᠷᠠᠬᠤ ᠭᠣᠯᠣᠮᠲᠠ
ᠡᠵᠢ ᠠᠪᠤ ᠪᠠᠨ ᠠᠴᠢᠯᠠᠭᠰᠠᠨ ᠮᠣᠷᠠᠯ ᠡᠯᠪᠡᠷᠢᠯᠳᠦ ᠡᠷᠦᠬᠡ
ᠦᠷ ᠦ᠋ᠨ ᠲᠡᠭᠷᠢ ᠳ᠋ᠡᠭᠡᠨ ᠭᠡᠢᠭᠰᠡᠨ ᠰᠢᠨ᠎ᠡ ᠶ᠋ᠢᠨ ᠴᠠᠢᠯᠭᠠᠨ ᠥᠷᠯᠥᠭᠡ
ᠡᠭᠦᠳᠡ ᠪᠡᠨ ᠵᠣᠴᠢᠨ ᠳ᠋ᠠᠭᠠᠨ ᠰᠡᠬᠦᠭᠰᠡᠨ ᠲᠠᠯ᠎ᠠ ᠶ᠋ᠢᠨ ᠴᠠᠭᠠᠨ ᠥᠷᠭᠥᠭᠡ
ᠬᠤᠷᠤᠢᠯᠠᠬᠤ ᠲᠦᠮᠡᠨ ᠰᠦᠷᠦᠭ ᠰᠠᠨᠰᠠᠷ ᠤ᠋ᠨ ᠵᠢᠸ᠎ᠠ ᠣᠳᠣᠨ
ᠬᠤᠷᠳᠤᠯᠠᠬᠤ ᠬᠥᠭᠵᠢᠯ ᠦ᠋ᠨ ᠵᠢᠭᠦᠷ ᠵᠠᠭᠤᠨ ᠢ᠋ ᠲᠣᠪᠴᠢᠯᠠᠬᠤ ᠨᠠᠷᠠᠨ
ᠳᠠᠶᠠᠭᠠᠷ ᠣᠯᠠᠨ ᠢ᠋ ᠪᠠᠶᠠᠰᠬᠠᠭᠰᠠᠨ ᠴᠠᠭᠠᠨ ᠰᠠᠷ᠎ᠠ ᠶ᠋ᠢᠨ ᠨᠠᠢᠷ
ᠳᠠᠷᠬᠠᠨ ᠲᠥᠷᠥ ᠶ᠋ᠢ ᠮᠠᠨᠳᠤᠭᠤᠯᠤᠭᠰᠠᠨ ᠰᠢᠨᠵᠢᠯᠡᠬᠦ ᠤᠬᠠᠭᠠᠨ ᠤ᠋ ᠬᠠᠪᠤᠷ
ᠮᠥᠩᠬᠡ ᠲᠡᠭᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ
ᠮᠣᠩᠭᠣᠯ ᠤ᠋ᠨ ᠰᠠᠢᠬᠠᠨ ᠣᠷᠣᠨ ᠳ᠋ᠤ᠌ ᠵᠢᠯ ᠵᠢᠯ ᠳᠡᠯᠭᠡᠷ
ᠠᠭᠤᠯᠠ ᠬᠥᠬᠡ ᠤᠰᠤᠨ ᠨᠣᠭᠣᠭᠠᠨ ᠬᠠᠪᠤᠷ ᠤ᠋ᠨ ᠮᠡᠳᠡᠭᠡ ᠰᠢᠨ᠎ᠡ
ᠣᠭᠲᠠᠷᠭᠤᠢ ᠴᠡᠯᠮᠡᠭ ᠨᠠᠷᠠᠨ ᠲᠤᠩᠭᠠᠯᠠᠭ ᠵᠢᠯ ᠦ᠋ᠨ ᠥᠩᠭᠡ ᠨᠠᠢᠷᠠᠮᠳᠠᠭᠤ
ᠬᠤᠨᠳᠠᠭ᠎ᠠ ᠳᠦᠭᠦᠷᠡᠩ ᠠᠷᠠᠵᠠ ᠪᠢᠯᠬᠠᠷᠠᠭᠰᠠᠨ ᠡᠯᠪᠡᠭ ᠵᠢᠯ ᠦ᠋ᠨ ᠨᠠᠢᠷ
ᠬᠣᠲᠠ ᠳᠦᠭᠦᠷᠡᠩ ᠬᠤᠭᠤᠷ ᠬᠦᠩᠭᠢᠨᠡᠭᠰᠡᠨ ᠴᠠᠭᠠᠨ ᠰᠠᠷ᠎ᠠ ᠶ᠋ᠢᠨ ᠪᠠᠶᠠᠷ
ᠤᠯᠤᠰ ᠡᠩᠬᠡ ᠠᠷᠠᠳ ᠲᠦᠪᠰᠢᠨ ᠥᠯᠵᠡᠢᠲᠦ ᠬᠠᠪᠤᠷ ᠢ᠋ ᠤᠭᠲᠤᠮᠤᠢ
ᠤᠳᠬ᠎ᠠ ᠳᠡᠯᠭᠡᠷᠡᠨ ᠰᠣᠶᠣᠯ ᠬᠥᠭᠵᠢᠵᠦ ᠪᠠᠶᠠᠷᠲᠤ ᠵᠢᠯ ᠢ᠋ ᠤᠷᠢᠮᠤᠢ
ᠲᠠᠩᠰᠤᠭ ᠪᠠᠶᠠᠨ ᠰᠦᠷᠦᠭ ᠲᠠᠯ᠎ᠠ ᠳᠦᠭᠦᠷᠦᠭᠰᠡᠨ ᠵᠢᠯ
ᠲᠠᠪᠤᠨ ᠲᠠᠷᠢᠶᠠᠨ ᠤ᠋ ᠦᠷ᠎ᠡ ᠰᠠᠩ ᠳᠦᠭᠦᠷᠦᠭᠰᠡᠨ ᠣᠨ
ᠲᠡᠷᠭᠡ ᠮᠣᠷᠢ ᠲᠦᠮᠡᠨ ᠭᠠᠵᠠᠷ ᠶᠠᠪᠤᠪᠠᠴᠤ ᠡᠩᠬᠡ ᠠᠮᠤᠭᠤᠯᠠᠩ
ᠬᠥᠮᠦᠨ ᠪᠣᠳᠠᠰ ᠳᠥᠷᠪᠡᠨ ᠴᠠᠭ ᠤᠯᠠᠷᠢᠪᠠᠴᠤ ᠥᠯᠵᠡᠢ ᠬᠡᠰᠢᠭ
ᠰᠢᠯᠢᠳᠡᠭ ᠠᠮᠵᠢᠯᠲᠠ ᠪᠠᠷ ᠰᠢᠨ᠎ᠡ ᠵᠢᠯ ᠢ᠋ᠶ᠋ᠡᠨ ᠤᠭᠲᠤᠰᠤᠭᠠᠢ
ᠰᠢᠷᠭᠠᠭᠤ ᠬᠥᠳᠡᠯᠮᠦᠷᠢ ᠪᠡᠷ ᠰᠢᠨ᠎ᠡ ᠡᠭᠦᠷᠭᠡ ᠪᠡᠨ ᠪᠡᠶᠡᠯᠡᠭᠦᠯᠰᠦᠭᠡᠢ
ᠬᠤᠷ᠎ᠠ ᠪᠣᠷᠣᠭᠠᠨ ᠬᠥᠷᠥᠰᠥᠲᠦ ᠭᠠᠵᠠᠷ ᠢ᠋ ᠤᠮᠳᠠᠯᠠᠭᠠᠳ ᠬᠣᠷᠸ᠎ᠠ ᠳᠡᠯᠡᠬᠡᠢ ᠲᠡᠨᠢᠭᠦᠨ
ᠬᠣᠯᠠ ᠣᠢᠷ᠎ᠠ ᠶ᠋ᠢᠨ ᠰᠠᠳᠤᠨ ᠲᠥᠷᠥᠯ ᠵᠣᠯᠭᠠᠯᠴᠠᠭᠠᠳ ᠡᠷᠦᠬᠡ ᠪᠦᠬᠦᠨ ᠨᠠᠢᠷᠰᠠᠭ
ᠠᠮᠵᠢᠯᠲᠠ ᠢᠯᠠᠯᠲᠠ ᠪᠠᠨ ᠳ᠋ᠦᠩᠨᠡᠵᠦ ᠬᠠᠭᠤᠴᠢᠨ ᠵᠢᠯ ᠢ᠋ᠶ᠋ᠡᠨ ᠦᠳᠡᠶ᠎ᠡ
ᠠᠬᠢᠯᠲᠠ ᠳᠠᠪᠰᠢᠯᠲᠠ ᠪᠠᠨ ᠵᠥᠩᠨᠡᠵᠦ ᠰᠢᠨ᠎ᠡ ᠵᠢᠯ ᠢ᠋ᠶ᠋ᠡᠨ ᠤᠭᠲᠤᠶ᠎ᠠ
ᠨᠠᠰᠤᠲᠠᠨ ᠪᠤᠭᠤᠷᠤᠯ ᠰᠡᠷᠵᠢᠮ ᠡᠷᠭᠦᠨ ᠣᠨ ᠤ᠋ ᠰᠠᠢᠨ ᠢ᠋ ᠵᠥᠩᠨᠡᠨᠡᠮ
ᠨᠢᠯᠬ᠎ᠠ ᠬᠡᠦᠬᠡᠳ ᠫᠤᠤᠵᠢᠩ ᠲᠠᠯᠪᠢᠨ ᠴᠠᠭ ᠤ᠋ᠨ ᠰᠠᠢᠨ ᠳ᠋ᠤ᠌ ᠪᠡᠶᠡᠰᠦᠨᠡᠮ
ᠰᠠᠷᠬᠤᠳ ᠨᠠᠩᠵᠢᠳ ᠰᠢᠷᠡᠭᠡ ᠳᠦᠭᠦᠷᠡᠩ ᠰᠢᠨ᠎ᠡ ᠵᠢᠯ ᠦ᠋ᠨ ᠨᠠᠢᠷ
ᠰᠣᠷᠭᠣᠭ ᠴᠡᠴᠡᠭ ᠬᠦᠷᠢᠶ᠎ᠡ ᠳᠦᠭᠦᠷᠡᠩ ᠰᠢᠨ᠎ᠡ ᠬᠠᠪᠤᠷ ᠤ᠋ᠨ ᠪᠡᠯᠭᠡᠳᠡᠯ
ᠥᠯᠵᠡᠢᠲᠦ ᠴᠠᠰᠤᠨ ᠨᠠᠮᠢᠷᠠᠬᠤᠶᠠ ᠡᠪᠦᠯ ᠡᠭᠡᠵᠦ ᠬᠠᠪᠤᠷ ᠢᠷᠡᠨ᠎ᠡ
ᠤᠷᠢᠬᠠᠨ ᠰᠠᠯᠬᠢ ᠢᠯᠪᠢᠬᠦᠶ᠎ᠡ ᠤᠯᠠᠷᠢᠯ ᠰᠣᠯᠢᠭᠳᠠᠵᠤ ᠨᠠᠰᠤ ᠨᠡᠮᠡᠭᠳᠡᠨ᠎ᠡ
ᠮᠣᠷᠢᠨ ᠬᠤᠭᠤᠷ ᠤ᠋ᠨ ᠬᠦᠩᠭᠢᠨᠡᠩᠬᠡᠨ ᠳ᠋ᠦ᠍ ᠰᠠᠭᠠᠯᠢ ᠶ᠋ᠢᠨ ᠠᠷᠢᠬᠢ ᠪᠢᠯᠬᠠᠮ᠎ᠠ
ᠮᠣᠩᠭᠣᠯ ᠨᠤᠲᠤᠭ ᠤ᠋ᠨ ᠬᠥᠭᠵᠢᠯ ᠳ᠋ᠦ᠍ ᠤᠶᠠᠩᠭ᠎ᠠ ᠰᠢᠯᠦᠭ ᠣᠨᠳᠣᠷᠣᠮᠠ
ᠡᠯᠪᠡᠭ ᠳᠡᠯᠪᠡᠭ ᠪᠠᠶᠠᠨ ᠴᠠᠭᠠᠨ ᠰᠠᠷ᠎ᠠ
ᠡᠩᠬᠡ ᠲᠦᠪᠰᠢᠨ ᠠᠮᠤᠭᠤᠯᠠᠩ ᠰᠠᠢᠨ ᠬᠠᠪᠤᠷ
ᠨᠠᠪᠴᠢ ᠴᠡᠴᠡᠭ ᠳᠡᠯᠭᠡᠷᠡᠭᠰᠡᠨ ᠪᠠᠶᠠᠨ ᠡᠷᠬᠢᠮ ᠵᠢᠯ ᠣᠨ
ᠨᠠᠷᠠ ᠬᠤᠷ᠎ᠠ ᠲᠡᠩᠴᠡᠭᠰᠡᠨ ᠡᠯᠪᠡᠭ ᠲᠠᠩᠰᠤᠭ ᠣᠨ ᠰᠠᠷ᠎ᠠ
ᠤᠷᠤᠭᠰᠢᠯᠠᠵᠤ ᠳᠠᠪᠰᠢᠬᠤ ᠠᠯᠬᠤᠭ᠎ᠠ ᠪᠠᠨ ᠤᠯᠠᠮ ᠬᠤᠷᠳᠤᠳᠬᠠᠬᠤ ᠵᠢᠯ
ᠥᠭᠡᠷᠡᠴᠢᠯᠡᠯᠲᠡ ᠰᠢᠪᠲᠤᠯᠤᠯᠲᠠ ᠶ᠋ᠢᠨ ᠨᠠᠢᠷᠠᠯ ᠢ᠋ᠶ᠋ᠠᠨ ᠳᠠᠶᠠᠭᠠᠷ ᠬᠥᠭᠵᠢᠮᠳᠡᠬᠦ ᠣᠨ
ᠬᠥᠭᠵᠢᠮ ᠠᠶᠠᠯᠵᠤ ᠤᠶᠠᠩᠭ᠎ᠠ ᠳᠠᠭᠤᠷᠢᠰᠬᠤ ᠪᠠᠶᠠᠷ ᠨᠠᠢᠷ ᠲᠠᠢ ᠴᠠᠭ
ᠤᠷᠮᠠᠰ ᠬᠥᠭᠵᠢᠨ ᠨᠠᠢᠷᠠᠭ ᠤᠶᠠᠩᠭᠠᠯᠠᠬᠤ ᠰᠢᠯᠦᠭ ᠬᠣᠯᠪᠣᠭ᠎ᠠ ᠲᠠᠢ ᠮᠥᠴᠡ
ᠦᠢᠯᠡᠳᠪᠦᠷᠢᠯᠡᠯ ᠦ᠋ᠨ ᠲᠤᠷᠰᠢᠯᠭ᠎ᠠ ᠪᠠᠨ ᠳ᠋ᠦᠩᠨᠡᠵᠦ ᠬᠠᠭᠤᠴᠢᠨ ᠵᠢᠯ ᠢ᠋ᠶ᠋ᠡᠨ ᠦᠳᠡᠶ᠎ᠡ
ᠢᠷᠡᠭᠡᠳᠦᠢ ᠶ᠋ᠢᠨ ᠠᠮᠵᠢᠯᠲᠠ ᠪᠠᠨ ᠪᠠᠷᠠᠯᠠᠵᠤ ᠰᠢᠨ᠎ᠡ ᠣᠨ ᠢ᠋ᠶ᠋ᠠᠨ ᠤᠭᠲᠤᠶ᠎ᠠ
ᠡᠯᠪᠡᠭ ᠬᠤᠷᠢᠶᠠᠯᠲᠠ ᠪᠠᠨ ᠪᠡᠯᠭᠡᠯᠡᠵᠦ ᠬᠠᠭᠤᠴᠢᠨ ᠵᠢᠯ ᠢ᠋ᠶ᠋ᠡᠨ ᠦᠳᠡᠶ᠎ᠡ
ᠡᠰᠡᠨᠢᠯ ᠬᠥᠭᠵᠢᠯ ᠢ᠋ᠶ᠋ᠡᠨ ᠵᠥᠩᠨᠡᠵᠦ ᠰᠢᠨ᠎ᠡ ᠣᠨ ᠢ᠋ᠶ᠋ᠠᠨ ᠤᠭᠲᠤᠶ᠎ᠠ
ᠪᠠᠶᠠᠷ ᠨᠠᠢᠷ ᠤ᠋ᠨ ᠣᠨᠳᠣᠷᠣᠯᠭ᠎ᠠ ᠲᠠᠢ ᠪᠡᠯᠭᠡ ᠲᠡᠭᠦᠰ ᠣᠨ
ᠪᠠᠢᠭᠠᠯᠢ ᠨᠡᠢᠭᠡᠮ ᠦ᠋ᠨ ᠦᠵᠡᠮᠦᠷᠢ ᠲᠡᠢ ᠪᠠᠶᠠᠨ ᠡᠯᠪᠡᠭ ᠵᠢᠯ
ᠲᠡᠭᠷᠢ ᠶ᠋ᠢᠨ ᠬᠦᠯᠦᠭ ᠦ᠋ᠨ ᠦᠦᠷᠰᠡᠭᠡ ᠰᠢᠨ᠎ᠡ ᠵᠢᠯ ᠢ᠋ ᠤᠭᠲᠤᠨᠠᠮ
ᠲᠡᠬᠷᠢᠯᠢᠭ ᠮᠣᠩᠭᠣᠯ ᠤ᠋ᠨ ᠦᠷᠡᠰ ᠰᠢᠨ᠎ᠡ ᠦᠢᠯᠡᠰ ᠢ᠋ ᠪᠦᠲᠦᠭᠡᠨᠡᠮ
ᠪᠤᠶᠠᠨᠲᠤ ᠣᠨ ᠤ᠋ ᠥᠯᠵᠡᠢ ᠳ᠋ᠦ᠍ᠷ ᠡᠳ᠋ ᠬᠥᠷᠥᠩᠭᠡ ᠠᠷᠪᠢᠳᠤᠮᠤᠢ
ᠴᠡᠩᠭᠡᠯᠲᠦ ᠵᠢᠯ ᠦ᠋ᠨ ᠪᠡᠯᠭᠡ ᠳ᠋ᠦ᠍ᠷ ᠠᠴᠢ ᠦᠷ᠎ᠡ ᠳᠡᠯᠭᠡᠷᠡᠮᠦᠢ
ᠭᠡᠷ ᠮᠣᠷᠢ ᠳᠡᠭᠵᠢᠭᠦᠨ ᠬᠡᠰᠢᠭ ᠳᠡᠯᠭᠡᠷ ᠵᠢᠯ ᠦ᠋ᠨ ᠥᠩᠭᠡ ᠰᠠᠢᠬᠠᠨ
ᠦᠢᠯᠡᠰ ᠬᠥᠭᠵᠢᠭᠦᠨ ᠠᠵᠢᠯ ᠤᠷᠤᠭᠰᠢᠲᠠᠢ ᠣᠨ ᠤ᠋ ᠲᠠᠪᠢᠯᠠᠩ ᠦᠯᠡᠮᠵᠢ
ᠥᠯᠵᠡᠢ ᠬᠤᠲᠤᠭ ᠣᠷᠣᠰᠢᠭᠰᠠᠨ ᠪᠤᠶᠠᠨ ᠢᠪᠡᠭᠡᠯᠲᠦ ᠵᠢᠯ
ᠥᠨᠢᠷ ᠵᠢᠷᠭᠠᠯ ᠲᠣᠭᠲᠠᠭᠰᠠᠨ ᠡᠶ᠎ᠡ ᠨᠠᠢᠷᠰᠠᠭ ᠡᠷᠦᠬᠡ
ᠳᠡᠭᠵᠢᠷᠡᠨ ᠮᠠᠨᠳᠤᠬᠤ ᠮᠣᠩᠭᠣᠯ ᠠᠮᠢᠳᠤᠷᠠᠯ ᠪᠤᠶᠠᠨ ᠵᠤᠵᠠᠭᠠᠨ
ᠳᠡᠯᠭᠡᠷᠡᠨ ᠴᠡᠴᠡᠭᠯᠡᠬᠦ ᠰᠢᠨ᠎ᠡ ᠵᠢᠯ ᠬᠡᠰᠢᠭ ᠳᠦᠭᠦᠷᠡᠩ
ᠪᠡᠯᠭᠡᠲᠦ ᠰᠠᠢᠬᠠᠨ ᠴᠠᠭᠠᠨ ᠰᠠᠷ᠎ᠠ ᠪᠠᠶᠠᠷ ᠵᠢᠷᠭᠠᠯ ᠪᠢᠯᠬᠠᠮ᠎ᠠ
ᠪᠤᠶᠠᠨ ᠬᠡᠰᠢᠭᠲᠦ ᠰᠢᠨ᠎ᠡ ᠵᠢᠯ ᠬᠡᠰᠢᠭ ᠪᠤᠶᠠᠨ ᠳᠦᠭᠦᠷᠡᠩ
ᠵᠢᠯ ᠪᠦᠷᠢ ᠰᠡᠳᠬᠢᠯ ᠲᠡᠨᠢᠭᠦᠨ ᠬᠤᠪᠢ ᠵᠠᠶᠠᠭ᠎ᠠ
ᠤᠴᠢᠷ ᠪᠣᠯᠭᠠᠨ ᠪᠦᠲᠦᠮᠵᠢ ᠰᠠᠢᠲᠠᠢ ᠬᠤᠲᠤᠭ ᠪᠤᠶᠠᠨ
ᠵᠢᠯ ᠪᠦᠷᠢ ᠰᠡᠳᠬᠢᠯ ᠲᠡᠨᠢᠭᠦᠨ ᠬᠤᠪᠢ ᠲᠠᠪᠢᠯᠠᠩ ᠰᠠᠢᠨ
ᠤᠴᠢᠷ ᠪᠦᠬᠦᠨ ᠪᠦᠲᠦᠮᠵᠢ ᠰᠠᠢᠲᠠᠢ ᠬᠤᠲᠤᠭ ᠪᠤᠶᠠᠨ ᠵᠤᠵᠠᠭᠠᠨ
ᠥᠭᠡᠳᠡ ᠡᠰᠡᠷᠡᠭ ᠰᠢᠨ᠎ᠡ ᠵᠢᠯ ᠤᠴᠢᠷ ᠪᠦᠬᠦᠨ ᠪᠦᠲᠦᠮᠵᠢᠲᠡᠢ
ᠥᠯᠵᠡᠢ ᠮᠥᠷᠲᠡᠢ ᠡᠷᠦᠬᠡ ᠭᠡᠷ ᠡᠳᠦᠷ ᠪᠦᠷᠢ ᠵᠢᠷᠭᠠᠯᠲᠠᠢ
ᠠᠢᠯ ᠪᠦᠬᠦᠨ ᠪᠠᠶᠠᠷ ᠪᠠᠶᠠᠰᠬᠤᠯᠠᠩ ᠡᠳᠦᠷ ᠡᠳᠦᠷ ᠥᠯᠵᠡᠢ ᠲᠡᠢ
ᠡᠷᠦᠬᠡ ᠪᠣᠯᠭᠠᠨ ᠡᠩᠬᠡ ᠠᠮᠤᠭᠤᠯᠠᠩ ᠰᠠᠷ᠎ᠠ ᠰᠠᠷ᠎ᠠ ᠬᠡᠰᠢᠭ ᠲᠡᠢ
ᠬᠠᠳᠠᠭ ᠡᠷᠭᠦᠨ ᠰᠢᠨᠡᠯᠡᠬᠦ ᠬᠠᠮᠤᠭ ᠮᠣᠩᠭᠣᠯ ᠤ᠋ᠨ ᠵᠠᠩ ᠳᠠᠳᠬᠠᠯ
ᠬᠦᠬᠦᠷ ᠰᠣᠯᠢᠯᠴᠠᠨ ᠮᠡᠨᠳᠦᠯᠡᠬᠦ ᠬᠥᠬᠡ ᠮᠣᠩᠭᠣᠯ ᠤ᠋ᠨ ᠲᠡᠦᠬᠡ ᠤᠯᠠᠮᠵᠢᠯᠠᠯ
ᠬᠡᠰᠢᠭ ᠪᠤᠶᠠᠨ ᠬᠤᠷᠠᠭᠰᠠᠨ ᠪᠠᠶᠠᠨ ᠳᠡᠯᠭᠡᠷ ᠵᠢᠯ
ᠬᠤᠲᠤᠭ ᠥᠯᠵᠡᠢ ᠣᠷᠣᠰᠢᠭᠰᠠᠨ ᠪᠤᠶᠠᠨ ᠵᠢᠷᠭᠠᠯᠲᠤ ᠠᠢᠯ
ᠪᠡᠯᠭᠡᠲᠦ ᠵᠢᠯ ᠳ᠋ᠦ᠍ ᠥᠯᠵᠡᠢ ᠬᠤᠲᠤᠭ ᠪᠠᠲᠤ ᠣᠷᠣᠰᠢᠨᠠᠮ
ᠪᠢᠯᠢᠭᠲᠦ ᠥᠷᠥᠭᠡᠨ ᠳ᠋ᠦ᠍ ᠦᠯᠡᠮᠵᠢ ᠰᠣᠶᠣᠯ ᠪᠠᠳᠠᠷᠠᠨ ᠳᠡᠯᠭᠡᠷᠡᠨᠡᠮ
ᠦᠵᠡᠮᠵᠢᠲᠦ ᠰᠠᠢᠬᠠᠨ ᠠᠭᠤᠯᠠ ᠤᠰᠤ ᠭᠠᠵᠠᠷ ᠪᠣᠯᠭᠠᠨ ᠬᠠᠪᠤᠷ
ᠥᠯᠵᠡᠢ ᠰᠠᠢᠲᠠᠢ ᠪᠠᠶᠠᠨ ᠵᠢᠯ ᠡᠷᠦᠬᠡ ᠪᠣᠯᠭᠠᠨ ᠪᠠᠶᠠᠷ
ᠠᠢᠷᠠᠭ ᠲᠠᠷᠠᠭ ᠠᠮᠢᠳᠤᠷᠠᠯ ᠪᠠᠶᠠᠰᠬᠠᠨ ᠰᠢᠨ᠎ᠡ ᠡᠷᠢᠨ ᠢ᠋ ᠳᠠᠭᠤᠯᠠᠨᠠᠮ
ᠨᠠᠢᠷᠠᠭ ᠰᠢᠯᠦᠭ ᠪᠢᠯᠢᠭ ᠤᠶᠠᠰᠬᠠᠨ ᠢᠷᠡᠭᠡᠳᠦᠢ ᠶ᠋ᠢᠨ ᠲᠥᠰᠥᠪ ᠢ᠋ ᠵᠢᠷᠤᠭᠯᠠᠨᠠᠮ
ᠪᠡᠯᠭᠡᠲᠦ ᠡᠳᠦᠷ ᠦ᠋ᠨ ᠢᠷᠦᠭᠡᠯᠲᠦ ᠠᠮᠢᠳᠤᠷᠠᠯ ᠥᠭᠡᠳᠡᠯᠡᠨ ᠳᠡᠭᠵᠢᠷᠡᠮᠦᠢ
ᠥᠯᠵᠡᠢᠲᠦ ᠰᠠᠷ᠎ᠠ ᠶ᠋ᠢᠨ ᠨᠠᠢᠷ ᠴᠡᠩᠭᠡᠯ ᠳᠡᠭᠡᠵᠢᠯᠡᠨ ᠣᠨᠳᠣᠷᠣᠮᠤᠢ
ᠪᠡᠶ᠎ᠡ ᠡᠷᠡᠭᠦᠯ ᠪᠣᠳᠣᠯᠭ᠎ᠠ ᠲᠡᠨᠢᠭᠦᠨ ᠥᠭᠡᠳᠡ ᠨᠢᠭᠡᠨ ᠵᠢᠯ
ᠡᠳ᠋ ᠡᠯᠪᠡᠭ ᠡᠷᠳᠡᠮ ᠤᠨᠳᠤᠷᠤᠭ ᠡᠰᠡᠷᠡᠭ ᠨᠢᠭᠡᠨ ᠣᠨ
ᠥᠯᠵᠡᠢᠲᠦ ᠰᠠᠷ᠎ᠠ ᠮᠣᠷᠢᠯᠠᠵᠤ ᠰᠢᠨ᠎ᠡ ᠵᠢᠯ ᠲᠡᠷᠭᠡᠯ
ᠪᠡᠯᠭᠡᠲᠦ ᠣᠨ ᠰᠠᠭᠠᠲᠠᠵᠤ ᠪᠠᠶᠠᠷ ᠵᠢᠷᠭᠠᠯ ᠳᠦᠭᠦᠷᠡᠩ
ᠪᠠᠶᠠᠷ ᠤ᠋ᠨ ᠠᠭᠤᠷ ᠪᠢᠯᠬᠠᠭᠰᠠᠨ ᠥᠯᠵᠡᠢᠲᠦ ᠴᠠᠭᠠᠨ ᠰᠠᠷ᠎ᠠ
ᠪᠠᠶᠠᠵᠢᠯ ᠤ᠋ᠨ ᠵᠠᠮ ᠳᠤᠷᠠᠢᠭᠰᠠᠨ ᠪᠡᠯᠭᠡᠲᠦ ᠰᠢᠨ᠎ᠡ ᠣᠨ
ᠨᠠᠪᠲᠠᠭ ᠰᠠᠪᠳᠠᠭ ᠤ᠋ᠨ ᠢᠪᠡᠭᠡᠯ ᠳ᠋ᠦ᠍ ᠨᠤᠲᠤᠭ ᠤᠰᠤ ᠮᠥᠩᠬᠡ ᠠᠮᠤᠭᠤᠯᠠᠩ
ᠨᠠᠮ ᠲᠥᠷᠥ ᠶ᠋ᠢᠨ ᠬᠠᠯᠠᠮᠵᠢᠯᠠᠯ ᠳ᠋ᠤ᠌ ᠮᠠᠨ ᠤ᠋ ᠠᠮᠢᠳᠤᠷᠠᠯ ᠬᠡᠵᠢᠶᠡᠳᠡ ᠡᠰᠡᠷᠡᠭ
ᠡᠳ᠋ ᠲᠠᠸᠠᠷ ᠤᠰᠤᠨ ᠠᠳᠠᠯᠢ ᠥᠷᠥᠭᠡ ᠪᠠᠭᠲᠠᠮ᠎ᠠ ᠪᠢᠯᠬᠠᠨᠠᠮ
ᠥᠪ ᠬᠥᠷᠥᠩᠭᠡ ᠠᠭᠤᠯᠠ ᠮᠡᠲᠦ ᠬᠦᠷᠢᠶ᠎ᠡ ᠳᠦᠭᠦᠷᠡᠩ ᠣᠪᠣᠭᠠᠷᠠᠨᠠᠮ
ᠡᠩᠬᠡ ᠠᠮᠤᠭᠤᠯᠠᠩ ᠵᠢᠷᠭᠠᠬᠤ ᠥᠯᠵᠡᠢ ᠬᠤᠲᠤᠭ ᠣᠷᠣᠰᠢᠭ
ᠡᠯᠪᠡᠭ ᠪᠠᠶᠠᠨ ᠠᠮᠢᠳᠤᠷᠠᠬᠤ ᠢᠷᠦᠭᠡᠯ ᠪᠡᠯᠭᠡ ᠲᠣᠭᠲᠠᠭ
ᠠᠭᠤᠯᠠ ᠤᠰᠤᠨ ᠰᠢᠨᠡᠳᠦᠭᠰᠡᠨ ᠡᠪᠡᠰᠦᠲᠦ ᠬᠠᠪᠤᠷ ᠰᠠᠢᠬᠠᠨ
ᠤᠴᠠᠷᠠᠬᠤ ᠵᠣᠯᠭᠠᠬᠤ ᠬᠣᠣᠰᠯᠠᠭᠰᠠᠨ ᠴᠡᠴᠡᠭᠲᠦ ᠤᠯᠠᠷᠢᠯ ᠭᠣᠶᠣᠬᠠᠨ
ᠬᠠᠳᠠᠭ ᠡᠷᠭᠦᠨ ᠰᠢᠨᠡᠯᠡᠬᠦ ᠬᠠᠮᠤᠭ ᠮᠣᠩᠭᠣᠯ ᠤ᠋ᠨ ᠵᠠᠩ ᠳᠠᠳᠬᠠᠯ ᠰᠠᠢᠬᠠᠨ
ᠬᠦᠬᠦᠷ ᠰᠣᠯᠢᠯᠴᠠᠨ ᠮᠡᠨᠳᠦᠯᠡᠬᠦ ᠬᠥᠬᠡ ᠮᠣᠩᠭᠣᠯ ᠤ᠋ᠨ ᠲᠡᠦᠬᠡ ᠤᠯᠠᠮᠵᠢᠯᠠᠯ ᠮᠥᠩᠬᠡ
ᠥᠯᠵᠡᠢᠲᠦ ᠣᠨ ᠤ᠋ ᠪᠠᠶᠠᠵᠢᠯᠲᠠ ᠡᠷᠦᠬᠡ ᠥᠨᠢᠳᠡ ᠴᠢᠨᠡᠭᠡᠯᠢᠭ
ᠳᠡᠭᠵᠢᠷᠡᠬᠦ ᠵᠢᠯ ᠦ᠋ᠨ ᠵᠢᠷᠭᠠᠯᠲᠤ ᠭᠡᠷ ᠬᠡᠵᠢᠶᠡᠳᠡ ᠠᠮᠤᠭᠤᠯᠠᠩ
ᠪᠡᠯᠭᠡᠲᠦ ᠰᠠᠢᠬᠠᠨ ᠴᠠᠭᠠᠨ ᠰᠠᠷ᠎ᠠ ᠬᠡᠰᠢᠭ ᠪᠤᠶᠠᠨ ᠳᠦᠭᠦᠷᠡᠩ
ᠪᠤᠶᠠᠨ ᠬᠡᠰᠢᠭᠲᠦ ᠰᠢᠨ᠎ᠡ ᠵᠢᠯ ᠪᠠᠶᠠᠷ ᠴᠡᠩᠭᠡᠯ ᠪᠢᠯᠬᠠᠮ᠎ᠠ
ᠰᠢᠨ᠎ᠡ ᠵᠢᠯ ᠪᠡᠯᠭᠡᠲᠦ ᠤᠴᠠᠷᠠᠯ ᠭᠡᠷ ᠬᠣᠲᠠᠯᠠᠭᠠᠷ ᠪᠠᠶᠠᠰᠤᠯ
ᠥᠯᠵᠡᠢᠲᠦ ᠣᠨ ᠪᠤᠶᠠᠨᠲᠤ ᠡᠷᠦᠬᠡ ᠠᠯᠤᠰ ᠢᠷᠡᠭᠡᠳᠦᠢ ᠰᠠᠷᠠᠭᠤᠯ
ᠪᠤᠶᠠᠨ ᠬᠥᠷᠥᠩᠭᠡ ᠨᠡᠮᠡᠭᠳᠡᠵᠦ ᠥᠯᠵᠡᠢ ᠬᠤᠲᠤᠭ ᠣᠷᠣᠰᠢᠲᠤᠭᠠᠢ
ᠬᠡᠰᠢᠭ ᠵᠢᠷᠭᠠᠯ ᠡᠳ᠋ᠯᠡᠵᠦ ᠬᠡᠢ ᠮᠣᠷᠢ ᠵᠣᠯᠪᠣᠭ᠎ᠠ ᠮᠠᠨᠳᠤᠲᠤᠭᠠᠢ
ᠨᠠᠷᠠᠨ ᠲᠤᠶᠠᠭᠠᠷᠠᠵᠤ ᠨᠠᠷᠮᠠᠢ ᠪᠤᠶᠠᠨ ᠳᠡᠯᠭᠡᠷᠡᠭᠰᠡᠨ ᠥᠭᠡᠳᠡ ᠶ᠋ᠢᠨ ᠬᠡᠢ ᠮᠣᠷᠢ ᠲᠠᠢ ᠰᠢᠨ᠎ᠡ ᠵᠢᠯ
ᠰᠠᠷᠠᠨ ᠮᠦᠰᠢᠶᠡᠵᠦ ᠰᠠᠴᠤᠷᠠᠩᠭᠤᠢ ᠦᠢᠯᠡᠰ ᠰᠡᠬᠦᠢᠭᠰᠡᠨ ᠡᠰᠡᠷᠡᠭ ᠦ᠋ᠨ ᠵᠠᠶᠠᠭ᠎ᠠ ᠲᠠᠢ ᠰᠢᠵᠢᠷ ᠣᠨ
ᠬᠠᠭᠤᠴᠢᠨ ᠣᠨ ᠢ᠋ ᠦᠳᠡᠵᠦ ᠵᠢᠷᠭᠠᠯ ᠲᠡᠭᠦᠯᠳᠡᠷ ᠢ᠋ᠶ᠋ᠡᠷ ᠬᠤᠨᠳᠠᠭ᠎ᠠ ᠮᠥᠷᠭᠥᠭᠦᠯᠦᠨ ᠠᠮᠵᠢᠯᠲᠠ ᠶ᠋ᠢᠨ ᠰᠠᠷᠬᠤᠳ ᠢ᠋ᠶ᠋ᠠᠨ ᠳᠡᠪᠰᠢᠭᠦᠯᠦᠨᠡᠮ
ᠰᠢᠨ᠎ᠡ ᠵᠢᠯ ᠢ᠋ ᠤᠭᠲᠤᠵᠤ ᠪᠠᠶᠠᠷᠯᠠᠭᠰᠠᠨ ᠰᠡᠳᠬᠢᠯ ᠢ᠋ᠶ᠋ᠡᠷ ᠬᠣᠭᠣᠯᠠᠢ ᠨᠡᠢᠯᠡᠭᠦᠯᠦᠨ ᠵᠢᠷᠭᠠᠯᠲᠤ ᠠᠮᠢᠳᠤᠷᠠᠯ ᠢ᠋ᠶ᠋ᠠᠨ ᠳᠠᠭᠤᠯᠠᠨᠠᠮ
ᠦᠰᠦᠭ ᠠᠮᠢᠯᠠᠭᠤᠯᠤᠭᠴᠢ᠄ ᠰ ᠳᠠᠯᠠᠨᠪᠠᠶᠠᠷ
ᠬᠢᠨᠠᠭᠴᠢ᠄ ᠣᠳᠬᠠᠨᠰᠸ᠎ᠠ
2024.01.27
