ᠡᠳᠦᠷ ᠦᠨ ᠳᠢᠭᠯᠢᠮӨдрийн дэглэм ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠳᠦᠷ ᠦᠨ ᠳᠢᠭᠯᠢᠮӨдрийн дэглэм

ᠡᠳᠦᠷ ᠦᠨ ᠳᠢᠭᠯᠢᠮӨдрийн дэглэм

2023-04-16

735

ᠡᠳᠦᠷ ᠦ᠋ᠨ ᠳᠢᠭᠯᠢᠮ

ᠮᠠᠷᠵᠠᠬᠠᠢ 
ᠮᠡᠳᠡᠭᠦᠯᠵᠦ ᠪᠠᠢᠨ᠎ᠠ 
ᠡᠳᠦᠷ ᠦ᠋ᠨ ᠳᠢᠭᠯᠢᠮ ᠰᠠᠢᠨ ᠪᠠᠢᠵᠠᠭᠠᠨ᠎ᠠ ᠤᠤ? ᠬᠡᠦᠬᠡᠳ ᠦ᠋ᠳ ᠠ᠋ ᠨᠠᠮ᠎ᠠ ᠶ᠋ᠢ ᠲᠡᠮᠦᠯᠡᠨ ᠭᠡᠳᠡᠭ᠃ ᠥᠨᠥᠳᠥᠷ ᠮᠢᠨᠦ ᠡᠳᠦᠷ ᠦ᠋ᠨ ᠳᠢᠭᠯᠢᠮ ᠲᠡᠢ ᠲᠨᠨᠢᠯᠴᠠᠵᠠᠭᠠᠶ᠎ᠠ 
ᠥᠷᠯᠥᠭᠡ ᠳᠣᠯᠣᠭᠠᠨ ᠴᠠᠭ ᠲᠤ᠌ ᠪᠣᠰᠴᠤ ᠣᠷᠣ ᠪᠠᠨ ᠬᠤᠷᠢᠶᠠᠳᠠᠭ ᠳᠣᠯᠣᠭᠠᠨ ᠴᠠᠭ ᠠᠷᠪᠠᠨ ᠮᠢᠨᠦ᠋ᠲ ᠲᠦ᠍ ᠥᠷᠯᠥᠭᠡ ᠶ᠋ᠢᠨ ᠳᠠᠰᠬᠠᠯ ᠢ᠋ᠶ᠋ᠠᠨ ᠬᠢᠳᠡᠭ᠃
ᠥᠷᠯᠥᠭᠡ ᠪᠣᠯᠭᠠᠨ ᠳᠠᠰᠬᠠᠯ ᠢ᠋ᠶ᠋ᠠᠨ ᠰᠠᠢᠨ ᠬᠢᠬᠦ ᠶᠦᠮ ᠪᠣᠯ ᠡᠪᠡᠳᠬᠦ ᠦᠭᠡᠢ ᠡᠷᠡᠭᠦᠯ ᠭᠣᠶᠣ ᠪᠡᠶ᠎ᠡ ᠲᠡᠢ ᠪᠣᠯᠤᠨ᠎ᠠ ᠭᠡᠵᠦ ᠡᠵᠢ ᠮᠠᠨᠢ ᠲᠠᠩᠳᠠ ᠬᠡᠯᠡᠳᠡᠭ ᠶᠦᠮ᠃
ᠳᠣᠯᠣᠭᠠᠨ ᠴᠠᠭ ᠬᠣᠷᠢᠨ ᠮᠢᠨᠦ᠋ᠲ ᠭᠡᠬᠦ ᠳ᠋ᠦ᠍ ᠪᠢ ᠰᠢᠲᠦ ᠪᠡᠨ ᠰᠠᠢᠨ ᠤᠬᠢᠶᠠᠭᠠᠳ᠂ ᠠᠮᠠ ᠪᠠᠨ ᠵᠠᠢᠯᠠᠭᠠᠳ ᠨᠢᠭᠤᠷ ᠢ᠋ᠶ᠋ᠠᠨ ᠤᠬᠢᠶᠠᠵᠤ ᠦᠰᠦ ᠪᠡᠨ ᠰᠠᠮᠨᠠᠳᠠᠭ᠂ ᠥᠷᠯᠥᠭᠡ ᠨᠢᠭᠤᠷ ᠢ᠋ᠶ᠋ᠠᠨ ᠤᠬᠢᠶᠠᠳᠠᠭ ᠦᠭᠡᠢ ᠬᠡᠦᠬᠡᠳ ᠬᠠᠯᠲᠠᠷ ᠮᠠᠭᠤᠬᠠᠢ ᠬᠠᠷᠠᠭᠳᠠᠳᠠᠭ ᠲᠡᠢᠮᠦ ᠪᠢᠵᠡ ᠳᠡ ᠨᠠᠢᠵᠠ ᠨᠤᠭᠤᠳ ᠠ᠋᠃
ᠳᠣᠯᠣᠭᠠᠨ ᠴᠠᠭ ᠭᠤᠴᠢᠨ ᠮᠢᠨᠦ᠋ᠲ ᠭᠡᠬᠦ ᠳ᠋ᠦ᠍ ᠥᠷᠯᠥᠭᠡᠨ ᠦ᠌ ᠴᠠᠢ ᠪᠠᠨ ᠤᠤᠭᠤᠳᠠᠭ ᠮᠢᠨᠦ ᠡᠵᠢ ᠶ᠋ᠢᠨ ᠪᠡᠯᠡᠳᠬᠡᠵᠦ ᠥᠭᠳᠡᠭ ᠥᠷᠯᠥᠭᠡ ᠶ᠋ᠢᠨ ᠴᠠᠢ ᠶᠡᠬᠡ ᠠᠮᠲᠠᠲᠠᠢ᠂ ᠡᠳᠦᠷ ᠰᠡᠷᠭᠦᠯᠡᠩ᠂ ᠶᠠᠳᠠᠷᠠᠬᠤ ᠦᠭᠡᠢ ᠪᠠᠢᠬᠤ ᠶ᠋ᠢᠨ ᠲᠤᠯᠠ ᠥᠷᠯᠥᠭᠡᠨ ᠦ᠌ ᠴᠠᠢ ᠪᠠᠨ ᠰᠠᠢᠨ ᠤᠤᠭᠤᠬᠤ ᠬᠡᠷᠡᠭᠲᠡᠢ᠃
ᠳᠣᠯᠣᠭᠠᠨ ᠴᠠᠭ ᠳᠥᠴᠢᠨ ᠮᠢᠨᠦ᠋ᠲ ᠲᠦ᠍ ᠬᠤᠪᠴᠠᠰᠤ ᠪᠠᠨ ᠡᠮᠦᠰᠦᠭᠡᠳ ᠬᠢᠴᠢᠶᠡᠯ ᠳ᠋ᠡᠭᠡᠨ ᠶᠠᠪᠤᠳᠠᠭ᠃ ᠡᠷᠳᠡᠮᠲᠡᠢ᠂ ᠤᠬᠠᠭᠠᠨᠲᠠᠢ ᠬᠥᠮᠦᠨ ᠪᠣᠯᠬᠤ ᠶ᠋ᠢᠨ ᠲᠤᠯᠠ ᠪᠢ ᠬᠢᠴᠢᠶᠡᠯ ᠡᠴᠡ ᠪᠡᠨ ᠬᠣᠴᠣᠷᠴᠤ ᠪᠣᠯᠬᠤ ᠦᠭᠡᠢ ᠭᠡᠵᠦ ᠪᠣᠳᠣᠳᠠᠭ ᠨᠢᠭᠡ ᠴᠠᠭ ᠭᠡᠬᠦ ᠳ᠋ᠦ᠍ ᠮᠢᠨᠦ ᠬᠢᠴᠢᠶᠡᠯ ᠲᠠᠷᠬᠠᠳᠠᠭ᠃ ᠲᠡᠭᠡᠭᠡᠳ ᠰᠢᠭᠤᠳ ᠰᠤᠷᠭᠠᠭᠤᠯᠢ ᠠ᠋ᠴᠠ ᠬᠠᠷᠢᠨ᠎ᠠ ᠳᠠ
ᠨᠢᠭᠡ ᠴᠠᠭ ᠭᠤᠴᠢᠨ ᠮᠢᠨᠦ᠋ᠲ ᠪᠢ ᠭᠡᠷ ᠲᠡᠭᠡᠨ ᠢᠷᠡᠯ᠎ᠡ ᠣᠳᠣ ᠭᠡᠷ ᠦ᠋ᠨ ᠢ᠋ᠶ᠋ᠡᠨ ᠬᠤᠪᠴᠠᠰᠤ ᠶ᠋ᠢ ᠡᠮᠦᠰᠦᠭᠡᠳ ᠨᠢᠭᠤᠷ ᠭᠠᠷ ᠢ᠋ᠶ᠋ᠠᠨ ᠤᠬᠢᠶᠠᠨ᠎ᠠ ᠭᠠᠳᠠᠭᠤᠷ ᠶᠠᠪᠤᠭᠰᠠᠨ ᠤᠴᠢᠷ ᠠ᠋ᠴᠠ ᠮᠢᠨᠦ ᠭᠠᠷ ᠪᠣᠬᠢᠷ ᠪᠠᠢᠭ᠎ᠠ ᠪᠠᠺᠲ᠋ᠧᠷᠢ ᠶᠡᠬᠡ ᠪᠠᠢᠭ᠎ᠠ ᠭᠡᠰᠡᠨ ᠦᠭᠡ᠂ ᠪᠠᠺᠲ᠋ᠧᠷᠢ ᠨᠢ ᠡᠪᠡᠳᠴᠢᠨ ᠲᠤᠰᠬᠤ ᠭᠣᠣᠯ ᠰᠢᠯᠲᠠᠭᠠᠨ ᠪᠣᠯᠳᠠᠭ ᠤᠴᠢᠷ ᠠ᠋ᠴᠠ ᠵᠠᠪᠠᠯ ᠭᠠᠳᠠᠨ᠎ᠠ ᠠ᠋ᠴᠠ ᠣᠷᠣᠵᠤ ᠢᠷᠡᠬᠦ ᠪᠡᠷ ᠢ᠋ᠶ᠋ᠡᠨ ᠭᠠᠷ ᠢ᠋ᠶ᠋ᠠᠨ ᠤᠬᠢᠶᠠᠵᠤ ᠵᠠᠩᠰᠢᠭᠠᠷᠠᠢ ᠨᠠᠢᠵᠠ ᠨᠤᠭᠤᠳ ᠠ᠋
ᠨᠢᠭᠡ ᠴᠠᠭ ᠭᠤᠴᠢᠨ ᠮᠢᠨᠦ᠋ᠲ ᠭᠡᠬᠦ ᠳ᠋ᠦ᠍ ᠪᠢ ᠡᠳᠦᠷ ᠦ᠋ᠨ ᠬᠣᠭᠣᠯᠠ ᠪᠠᠨ ᠢᠳᠡᠭᠡᠳ ᠰᠦ ᠪᠡᠨ ᠤᠤᠭᠤᠳᠠᠭ᠂ ᠰᠦ ᠤᠤᠭᠤᠬᠤ ᠪᠠᠷ ᠶᠡᠬᠡ ᠬᠤᠷᠳᠤᠨ ᠲᠣᠮᠣ ᠪᠣᠯᠳᠠᠭ ᠭᠡᠰᠡᠨ
ᠨᠢᠭᠡ ᠴᠠᠭ ᠲᠠᠪᠢᠨ ᠮᠢᠨᠦ᠋ᠲ ᠲᠦ᠍ ᠪᠢ ᠭᠡᠷ ᠢ᠋ᠶ᠋ᠡᠨ ᠴᠡᠪᠡᠷᠯᠡᠳᠡᠭ᠂ ᠨᠠᠮ᠎ᠠ ᠶ᠋ᠢ ᠭᠡᠷ ᠢ᠋ᠶ᠋ᠡᠨ ᠴᠡᠪᠡᠷᠯᠡᠭᠰᠡᠨ ᠪᠠᠢᠬᠤ ᠳ᠋ᠤ᠌ ᠡᠵᠢ ᠠᠪᠤ ᠮᠠᠨᠢ ᠬᠠᠷᠠᠭᠠᠳ ᠬᠡᠴᠢᠨᠡᠨ ᠶᠡᠬᠡ ᠪᠠᠶᠠᠷᠯᠠᠳᠠᠭ ᠭᠡᠵᠦ ᠮᠢᠨᠦ ᠥᠬᠢᠨ ᠮᠤᠨᠳᠠᠭ᠂ ᠠᠵᠢᠯᠰᠠᠭ ᠰᠠᠢᠨ ᠬᠡᠦᠬᠡᠳ ᠰᠢᠦ ᠭᠡᠳ ᠯᠡ
ᠬᠣᠶᠠᠷ ᠴᠠᠭ ᠭᠤᠴᠢᠨ ᠮᠢᠨᠦ᠋ᠲ ᠭᠡᠬᠦ ᠳ᠋ᠦ᠍ ᠭᠡᠷ ᠦ᠋ᠨ ᠳᠠᠭᠠᠭᠠᠯᠭᠠᠪᠤᠷᠢ ᠪᠠᠨ ᠬᠢᠳᠡᠭ ᠣᠨᠴᠠ ᠰᠤᠷᠬᠤ ᠶ᠋ᠢᠨ ᠲᠤᠯᠠ ᠲᠣᠭᠲᠠᠮᠠᠯ ᠭᠡᠷ ᠦ᠋ᠨ ᠳᠠᠭᠠᠭᠠᠯᠭᠠᠪᠤᠷᠢ ᠪᠠᠨ ᠬᠢᠬᠦ ᠬᠡᠷᠡᠭᠲᠡᠢ ᠥᠨᠥᠳᠥᠷ ᠦ᠋ᠨ ᠦᠯᠡᠳᠡᠭᠰᠡᠨ ᠬᠢᠴᠢᠶᠡᠯ ᠦ᠋ᠨ ᠢ᠋ᠶ᠋ᠡᠨ ᠳᠠᠭᠠᠭᠠᠯᠭᠠᠪᠤᠷᠢ ᠪᠠᠨ ᠬᠢᠴᠢᠬᠡᠭᠡᠳ ᠮᠠᠷᠭᠠᠰᠢ ᠶ᠋ᠢᠨ ᠬᠢᠴᠢᠶᠡᠯ ᠢ᠋ᠶ᠋ᠡᠨ ᠳᠠᠬᠢᠨ ᠨᠢᠭᠡ ᠤᠳᠠᠭ᠎ᠠ ᠤᠩᠰᠢᠨ᠎ᠠ ᠳᠠ
ᠳᠥᠷᠪᠡ ᠬᠠᠭᠠᠰ ᠭᠡᠬᠦ ᠳ᠋ᠦ᠍ ᠭᠡᠷ ᠦ᠋ᠨ ᠳᠠᠭᠠᠭᠠᠯᠭᠠᠪᠤᠷᠢ ᠪᠠᠨ ᠳᠠᠭᠤᠰᠬᠠᠭᠠᠳ ᠲᠣᠭᠯᠠᠳᠠᠭ᠃ ᠡᠨᠡ ᠪᠣᠯ ᠮᠢᠨᠦ ᠬᠠᠮᠤᠭ ᠤ᠋ᠨ ᠳᠤᠷ᠎ᠠ ᠲᠠᠢ ᠴᠠᠭ ᠶᠠᠭᠠᠬᠢᠭᠠᠳ ᠭᠡᠪᠡᠯ ᠨᠠᠢᠵᠠ ᠨᠤᠭᠤᠳ ᠲᠠᠢ ᠪᠠᠨ ᠬᠠᠮᠲᠤ ᠲᠣᠭᠯᠠᠬᠤ ᠦᠨᠡᠬᠡᠷ ᠬᠥᠭᠵᠢᠯᠲᠡᠢ᠃
ᠵᠢᠷᠭᠤᠭᠠᠨ ᠴᠠᠭ ᠭᠡᠬᠦ ᠳ᠋ᠦ᠍ ᠪᠢ ᠭᠡᠷ ᠲᠡᠭᠡᠨ ᠵᠢᠷᠤᠭᠲᠤ ᠪᠠᠷ ᠬᠡᠦᠬᠡᠳ ᠦ᠋ᠨ ᠨᠡᠪᠲᠡᠷᠡᠭᠦᠯᠭᠡ ᠦᠵᠡᠳᠡᠭ᠃ ᠬᠡᠦᠬᠡᠳ ᠦ᠋ᠨ ᠨᠡᠪᠲᠡᠷᠡᠭᠦᠯᠭᠡ ᠡᠴᠡ ᠪᠢ ᠣᠯᠠᠨ ᠵᠦᠢᠯ ᠢ᠋ ᠮᠡᠳᠡᠳᠡᠭ ᠳᠣᠯᠣᠭᠠᠨ ᠴᠠᠭ ᠭᠡᠬᠦ ᠳ᠋ᠦ᠍ ᠠᠪᠤ ᠡᠵᠢ ᠮᠠᠨᠢ ᠠᠵᠢᠯ ᠠ᠋ᠴᠠ ᠪᠠᠨ ᠢᠷᠡᠵᠦ᠂ ᠪᠢ ᠲᠡᠳᠡᠨ ᠢ᠋ ᠪᠡᠨ ᠤᠭᠲᠤᠵᠤ ᠠᠪᠳᠠᠭ ᠃
ᠬᠠᠷᠢᠨ ᠳᠣᠯᠣᠭᠠᠨ ᠴᠠᠭ ᠭᠤᠴᠢᠨ ᠮᠢᠨᠦ᠋ᠲ ᠭᠡᠬᠦ ᠳ᠋ᠦ᠍ ᠣᠷᠣᠢ ᠶ᠋ᠢᠨ ᠬᠣᠭᠣᠯᠠᠨ ᠤ᠋ ᠴᠠᠭ ᠪᠣᠯᠳᠠᠭ ᠡᠨᠡ ᠦᠶ᠎ᠡ ᠳ᠋ᠦ᠍ ᠡᠵᠢ ᠶ᠋ᠢᠨ ᠮᠠᠨᠢ ᠬᠢᠵᠦ ᠥᠭᠭᠦᠭᠰᠡᠨ ᠬᠣᠭᠣᠯᠠ ᠶ᠋ᠢ ᠠᠪᠤ ᠲᠠᠢ ᠪᠠᠨ ᠤᠷᠤᠯᠳᠤᠵᠤ ᠢᠳᠡᠬᠦ ᠦᠨᠡᠬᠡᠷ ᠬᠥᠭᠵᠢᠯᠲᠡᠢ ᠪᠠᠢᠳᠠᠭ ᠰᠢᠦ
ᠨᠠᠢ᠍ᠮᠠᠨ ᠴᠠᠭ ᠮᠢᠨᠦ ᠴᠢᠯᠥᠭᠡᠲᠦ ᠴᠠᠭ ᠪᠢ ᠴᠢᠯᠥᠭᠡᠲᠦ ᠴᠠᠭ ᠢ᠋ᠶ᠋ᠠᠷ ᠢ᠋ᠶ᠋ᠠᠨ ᠨᠣᠮ ᠤᠩᠰᠢᠵᠤ᠂ ᠵᠢᠷᠤᠭ ᠵᠢᠷᠤᠵᠤ ᠪᠠᠰᠠ ᠠᠪᠤ ᠡᠵᠢ ᠲᠡᠢ ᠪᠡᠨ ᠱᠠᠭ᠎ᠠ ᠪᠠᠷ ᠮᠣᠷᠢ ᠤᠷᠤᠯᠳᠤᠭᠤᠯᠵᠤ ᠲᠣᠭᠯᠠᠬᠤ ᠬᠠᠶᠠ ᠨᠢᠭᠡ ᠭᠠᠷ ᠤᠲᠠᠰᠤ ᠪᠠᠷ ᠲᠣᠭᠯᠠᠭᠠᠮ ᠲᠣᠭᠯᠠᠳᠠᠭ ᠯᠠ ᠳᠠ᠃
ᠶᠢᠰᠦ ᠭᠤᠴᠢ ᠭᠡᠬᠦ ᠳ᠋ᠦ᠍ ᠰᠢᠲᠦ ᠪᠡᠨ ᠤᠬᠢᠶᠠᠭᠠᠳ ᠣᠷᠣᠨ ᠳ᠋ᠤ᠌ ᠪᠠᠨ ᠣᠷᠣᠬᠤ ᠪᠠᠷ ᠪᠡᠯᠡᠳᠬᠡᠳᠡᠭ᠂ ᠨᠠᠢᠵᠠ ᠨᠤᠭᠤᠳ ᠠ᠋᠂ ᠲᠠ ᠨᠠᠷ ᠲᠤ᠌ ᠭᠡᠵᠦ ᠵᠥᠪᠯᠡᠬᠦ ᠳ᠋ᠦ᠍ ᠤᠨᠲᠠᠬᠤ ᠠ᠋ᠴᠠ ᠡᠮᠦᠨ᠎ᠡ ᠵᠠᠪᠠᠯ ᠰᠢᠲᠦ ᠪᠡᠨ ᠤᠬᠢᠶᠠᠵᠤ ᠪᠠᠢᠭᠠᠷᠠᠢ᠃ ᠰᠢᠲᠦ ᠪᠡᠨ ᠰᠠᠢᠨ ᠤᠬᠢᠶᠠᠬᠤ ᠶᠤᠮ ᠪᠣᠯ ᠡᠪᠡᠳᠬᠦ ᠦᠭᠡᠢ ᠰᠢᠦ ᠳᠡ
ᠡᠨᠡ ᠪᠣᠯ ᠮᠢᠨᠦ ᠪᠠᠷᠢᠮᠲᠠᠯᠠᠳᠠᠭ ᠡᠳᠦᠷ ᠦ᠋ᠨ ᠳᠢᠭᠯᠢᠮ᠃ ᠲᠠ ᠨᠠᠷ ᠤ᠋ᠨ ᠡᠳᠦᠷ ᠦ᠋ᠨ ᠳᠢᠭᠯᠢᠮ ᠲᠡᠢ ᠲᠠᠭᠠᠷᠠᠵᠤ ᠪᠠᠢᠨ᠎ᠠ ᠤᠤ? ᠥᠪᠡᠷ ᠦ᠋ᠨ ᠭᠡᠰᠡᠨ ᠡᠳᠦᠷ ᠦ᠋ᠨ ᠳᠢᠭᠯᠢᠮ ᠲᠡᠢ ᠪᠠᠢᠬᠤ ᠨᠢ ᠰᠠᠢᠨ ᠬᠡᠦᠬᠡᠳ ᠪᠣᠯᠬᠤ ᠡᠬᠢᠯᠡᠯ ᠠ᠋ ᠭᠡᠵᠦ ᠠᠪᠤ ᠮᠠᠨᠢ ᠲᠠᠩᠳᠠ ᠬᠡᠯᠡᠳᠡᠭ ᠬᠡᠷᠪᠡ ᠨᠠᠢᠵᠠ ᠮᠢᠨᠢ ᠴᠢᠮ᠎ᠠ ᠳ᠋ᠤ᠌ ᠡᠳᠦᠷ ᠦ᠋ᠨ ᠳᠢᠭᠯᠢᠮ ᠪᠠᠢᠬᠤ ᠦᠭᠡᠢ ᠪᠣᠯ ᠴᠠᠭ ᠤ᠋ᠨ ᠬᠤᠪᠢᠶᠠᠷᠢ ᠭᠠᠷᠭᠠᠵᠤ ᠨᠠᠳᠠ ᠲᠠᠢ ᠠᠳᠠᠯᠢᠬᠠᠨ ᠡᠳᠦᠷ ᠦ᠋ᠨ ᠳᠢᠭᠯᠢᠮ ᠪᠠᠷᠢᠵᠤ ᠰᠤᠷᠤᠭᠠᠷᠠᠢ! ᠪᠠᠶᠠᠷᠲᠠᠢ᠂ ᠨᠠᠢᠵᠠ ᠨᠤᠭᠤᠳ ᠠ᠋

   ᠦᠰᠦᠭ ᠬᠠᠲᠠᠭᠰᠠᠨ ᠨᠢ ᠨᠣᠮᠢᠨ
   ᠦᠰᠦᠭ ᠠᠮᠢᠯᠠᠭᠤᠯᠤᠭᠰᠠᠨ ᠨᠢ ᠨᠣᠮᠢᠨ
   ᠬᠢᠨᠠᠭᠴᠢ ᠪᠠᠭᠰᠢ᠄ ᠳᠡᠭᠵᠢᠨ᠂ ᠵ·ᠴᠡᠴᠡᠭ᠂ ᠡᠷᠳᠡᠨᠢᠪᠢᠯᠢᠭ᠂ ᠵᠠᠷᠮᠤᠳ ᠥᠯᠵᠡᠢ᠂ ᠬᠦᠳᠡᠷᠪᠣᠯᠤᠳ