ᠲᠣᠭᠣᠭ᠎ᠠ ᠨᠡᠷᠡᠬᠦ ᠶᠢᠨ ᠢᠷᠥᠭᠡᠯ– ᠬᠣᠶᠠᠷ Тогоо нэрэхийн ерөөл –2
ᠲᠣᠭᠣᠭ᠎ᠠ ᠨᠡᠷᠡᠬᠦ ᠶᠢᠨ ᠢᠷᠥᠭᠡᠯ – ᠬᠣᠶᠠᠷ
ᠨᠠᠷᠠᠨ ᠲᠢᠪ ᠦ᠋ᠨ ᠢᠯᠴᠢᠨ ᠡᠴᠡ ᠬᠠᠯᠠᠭᠰᠠᠨ
ᠨᠠᠷᠢᠨ ᠬᠤᠷ᠎ᠠ ᠶ᠋ᠢᠨ ᠴᠢᠭᠢᠭ ᠡᠴᠡ ᠤᠷᠭᠤᠭᠰᠠᠨ
ᠨᠠᠪᠴᠢ ᠨᠣᠭᠣᠭᠠᠨ ᠤ᠋ ᠰᠢᠮ᠎ᠡ ᠡᠴᠡ ᠳᠡᠯᠭᠡᠷᠡᠭᠰᠡᠨ
ᠡᠭᠦᠯᠡ ᠪᠣᠷᠣᠭᠠᠨ ᠤ᠋ ᠬᠤᠷ᠎ᠠ ᠠ᠋ᠴᠠ ᠤᠷᠭᠤᠭᠰᠠᠨ
ᠦᠨᠢᠶ᠎ᠡ ᠮᠠᠯ ᠤ᠋ᠨ ᠰᠢᠮ᠎ᠡ ᠡᠴᠡ ᠳᠡᠯᠭᠡᠷᠡᠭᠰᠡᠨ
ᠦᠷ᠎ᠡ ᠰᠢᠮ᠎ᠡ ᠶ᠋ᠢᠨ ᠢᠳᠡᠭᠡ ᠪᠠᠢᠨ᠎ᠠ᠃
ᠵᠠᠭᠠᠨ ᠤ᠋ ᠠᠷᠠᠰᠤᠨ ᠬᠥᠬᠦᠦᠷ ᠲᠡᠢ
ᠽᠠᠨᠳᠠᠨ ᠮᠣᠳᠣᠨ ᠪᠦᠯᠢᠭᠦᠷ ᠲᠡᠢ
ᠤᠭᠠᠯᠵᠠ ᠶ᠋ᠢᠨ ᠡᠪᠡᠷ ᠤᠳᠬᠤᠭᠤᠷ ᠲᠠᠢ
ᠤᠭᠠᠯᠵᠠ ᠲᠠᠢ ᠮᠣᠳᠣᠨ ᠬᠠᠷ᠎ᠠ ᠲᠠᠢ
ᠤᠳᠠᠭ᠎ᠠ ᠳᠠᠷᠠᠭ᠎ᠠ ᠪᠠᠷ ᠤᠭᠰᠠᠷᠠᠭᠰᠠᠨ
ᠢᠳᠡᠭᠡᠨ ᠦ᠌ ᠪᠡᠨ ᠳᠡᠭᠡᠵᠢ ᠶ᠋ᠢ ᠠᠪᠴᠤ
ᠪᠠᠳᠠᠷᠠᠭᠤᠯᠤᠭᠰᠠᠨ ᠶᠡᠬᠡ ᠲᠣᠭᠣᠭᠠᠨ ᠳ᠋ᠤ᠌ ᠪᠠᠨ ᠳᠦᠭᠦᠷᠭᠡᠵᠦ
ᠪᠠᠲᠤ ᠴᠠᠭᠠᠨ ᠪᠦᠷᠭᠡᠷ ᠢ᠋ᠶ᠋ᠡᠨ ᠰᠠᠭᠤᠯᠭᠠᠭᠠᠳ
ᠰᠢᠯᠢ ᠰᠠᠢᠬᠠᠨ ᠴᠣᠷᠭᠣᠨ ᠳ᠋ᠤ᠌ ᠪᠠᠨ
ᠰᠢᠳᠤᠷᠭᠤ ᠴᠠᠭᠠᠨ ᠬᠤᠪᠢᠩ ᠢ᠋ ᠲᠣᠰᠴᠤ
ᠬᠥᠬᠡ ᠰᠢᠷᠡᠮᠦᠨ ᠵᠢᠯᠠᠪᠴᠢ ᠪᠠᠨ ᠤᠭᠰᠠᠷᠠᠵᠤ
ᠬᠥᠩᠭᠡᠨ ᠴᠠᠭᠠᠨ ᠣᠷᠢᠶᠠᠯᠲᠠ ᠪᠠᠷ ᠣᠷᠢᠶᠠᠵᠤ
ᠱᠠᠩᠳᠠ ᠪᠤᠯᠠᠭ ᠤ᠋ᠨ ᠡᠬᠢᠨ ᠳᠡᠭᠡᠵᠢ ᠡᠴᠡ ᠠᠪᠤᠭᠰᠠᠨ
ᠤᠨᠳᠤᠷᠤᠮᠠᠯ ᠰᠠᠢᠬᠠᠨ ᠷᠠᠰᠢᠶᠠᠨ ᠢ᠋ᠶ᠋ᠠᠷ
ᠡᠬᠢᠨ ᠦ᠌ ᠤᠰᠤ ᠶ᠋ᠢ ᠭᠤᠷᠪᠠ ᠪᠠᠷ
ᠡᠴᠦᠰ ᠦ᠋ᠨ ᠤᠰᠤ ᠶ᠋ᠢ ᠳᠥᠷᠪᠡ ᠪᠡᠷ
ᠠᠪᠴᠤ ᠭᠠᠷᠭᠠᠭᠰᠠᠨ
ᠠᠷᠢᠬᠢ ᠨᠡᠷ᠎ᠡ ᠲᠡᠢ
ᠠᠷᠢᠭᠤᠨ ᠴᠢᠨᠠᠷ ᠲᠠᠢ
ᠳᠠᠷᠠᠰᠤ ᠨᠡᠷ᠎ᠡ ᠲᠡᠢ
ᠳᠣᠭᠰᠢᠨ ᠴᠢᠨᠠᠷᠲᠠᠢ ᠢᠳᠡᠭᠡ ᠶ᠋ᠢ
ᠴᠢᠨ ᠪᠠᠲᠤ ᠯᠣᠩᠬᠣᠨ ᠳ᠋ᠤ᠌ ᠪᠠᠨ ᠰᠥᠩᠨᠡᠭᠡᠳ
ᠠᠯᠲᠠᠨ ᠠᠮᠠ ᠲᠠᠢ᠂ ᠮᠥᠩᠭᠥᠨ ᠳᠣᠲᠣᠷ ᠲᠠᠢ
ᠠᠭᠠᠷᠤ ᠵᠠᠪᠢᠶ᠎ᠠ ᠬᠤᠨᠳᠠᠭᠠᠨ ᠳ᠋ᠤ᠌ ᠪᠠᠨ ᠳᠦᠭᠦᠷᠭᠡᠵᠦ
ᠡᠷᠭᠦᠨ ᠳᠡᠪᠰᠢᠭᠦᠯᠵᠦ ᠪᠠᠷᠢᠬᠤ ᠶ᠋ᠢᠨ ᠤᠴᠢᠷ ᠪᠣᠯᠪᠠᠯ᠄
ᠡᠨᠡ ᠭᠣᠣᠯ ᠤ᠋ᠨ ᠡᠬᠢᠨ ᠳ᠋ᠦ᠍
ᠡᠩᠨᠡᠨ ᠰᠠᠭᠤᠵᠤ᠂ ᠰᠥᠩᠨᠡᠨ ᠨᠠᠢᠢᠷᠯᠠᠵᠤ
ᠡᠩ ᠦ᠋ᠨ ᠰᠠᠢᠬᠠᠨ ᠵᠢᠷᠭᠠᠯᠠᠩ ᠤ᠋ᠨ ᠴᠡᠩᠭᠡᠯ ᠶᠦᠮ ᠭᠡᠨ᠎ᠡ᠃
ᠡᠨᠡ ᠪᠡᠯᠡᠭ ᠦ᠋ᠨ ᠬᠦᠴᠦ ᠪᠡᠷ
ᠡᠷᠬᠢᠮ ᠬᠦᠨᠳᠦᠳᠦ ᠠᠬ᠎ᠠ ᠲᠠ ᠨᠠᠷ
ᠭᠣᠣᠯ ᠮᠥᠷᠡᠨ ᠦ᠌ ᠤᠷᠤᠰᠬᠠᠯ ᠮᠡᠲᠦ ᠣᠨᠳᠣᠷᠴᠤ
ᠭᠠᠯ ᠤᠯᠠᠭᠠᠨ ᠬᠤᠪᠢᠰᠬᠠᠯ ᠤ᠋ᠨ ᠣᠴᠢ ᠮᠡᠲᠦ ᠪᠠᠳᠠᠷᠠᠵᠤ
ᠬᠥᠮᠦᠨ ᠪᠦᠬᠦᠨ ᠳ᠋ᠦ᠍ ᠬᠦᠰᠡᠭᠳᠡᠵᠦ
ᠠᠮᠢᠲᠠᠨ ᠪᠦᠬᠦᠨ ᠳ᠋ᠦ᠍ ᠭᠠᠢᠬᠠᠭᠳᠠᠵᠤ
ᠠᠯᠢᠪᠠ ᠰᠠᠨᠠᠭᠰᠠᠨ ᠦᠢᠯᠡᠰ ᠴᠢᠨᠢ
ᠠᠶᠠᠨᠳᠠᠭᠠᠨ ᠪᠦᠲᠦᠵᠦ
ᠠᠯᠳᠠᠷ ᠶᠡᠬᠡ ᠨᠡᠷ᠎ᠡ ᠴᠢᠨᠢ
ᠠᠢᠮᠠᠭ ᠰᠤᠮᠤᠨ ᠳ᠋ᠤ᠌ ᠪᠠᠨ ᠳᠤᠷᠠᠰᠤᠭᠳᠠᠵᠤ
ᠠᠷᠠᠳ ᠤ᠋ᠨ ᠡᠷᠬᠡ ᠲᠡᠢ
ᠠᠭᠤᠤ ᠶᠡᠬᠡ ᠲᠥᠷᠥ ᠶ᠋ᠢᠨ ᠳᠤᠮᠳᠠ
ᠠᠮᠤᠷ ᠵᠢᠷᠭᠠᠯᠲᠠᠢ
ᠠᠵᠤ ᠲᠥᠷᠥᠨ᠂ ᠴᠡᠩᠭᠡᠵᠦ ᠰᠠᠭᠤᠬᠤ ᠶ᠋ᠢᠨ
ᠰᠠᠢᠬᠠᠨ ᠢᠷᠦᠭᠡᠯ ᠢ᠋ ᠳᠡᠪᠰᠢᠭᠦᠯᠦᠶ᠎ᠡ ᠃
Тогоо нэрэхийн ерөөл –2
Наран тивийн илчнээс халсан
Нарийн хурын чийгээс ургасан
Навч ногооны шимээс дэлгэрсэн
Үүл борооны хураас ургасан
Үнээ малын шимээс дэлгэрсэн
Үр шимийн идээ байна.
Зааны арьсан хөхүүртэй
Зандан модон бүлүүртэй
Угалзын эвэр утгууртай
Угалзтай модон хараатай
Удаа дараагаар угсарсан
Идээнийхээ дээжийг авч
Бадруулсан их тогоондоо дүүргэж
Бат цагаан бүрхээрээ суулгаад
Шил сайхан цоргондоо
Шударга цагаан хувинг тосож
Хөх ширмэн жалавчаа угсарч
Хөнгөн цагаан ороолтоор ороож
Шанд булгийн эхэн дээжээс авсан
Ундармал сайхан рашаанаар
Эхний усыг гурваар
Эцсийн усыг дөрвөөр авч гаргасан
Архи нэртэй ариун чанартай
Дарс нэртэй догшин чанартай идээг
Чин бат лонхондоо сөгнөөд
Алтан амтай, мөнгөн дотортой
Агар завъяа хундагандаа дүүргэж
Өргөн дэвшүүлж барихын учир болбол:
Энэ голын эхэнд
Эгнэн сууж, сөгнөн найрлаж
Энгийн сайхан жаргалангийн цэнгэл юм гэнэ.
Энэ бэлгийн хүчээр
Эрхэм хүндэт ах та нар
Гол мөрний урсгал мэт ундарч
Гал улаан хувьсгалын оч мэт бадарч
Хүн бүхэнд хүсэгдэж
Амьтан бүхэнд гайхагдаж
Аливаа санасан үйлс чинь
Аяндаа бүтэж
Алдар их нэр чинь
Аймаг сумандаа дурсагдаж
Ардын эрхтэй
Агуу их төрийн дундАмар жаргалтай
Аж төрөн, цэнгэж суухын
Сайхан ерөөлийг дэвшүүльеэ
