ᠡᠵᠢ ᠶ᠋ᠢ ᠪᠡᠨ ᠬᠠᠢᠷᠠᠯᠠᠵᠤ ᠶᠠᠪᠤᠭᠠᠷᠠᠢ-ᠬᠠᠲᠠᠨᠪᠠᠭᠠᠲᠤᠷЭэжийгээ хайрлаж яваарай-Хатанбаатар
ᠡᠵᠢ ᠶ᠋ᠢ ᠪᠡᠨ ᠬᠠᠢᠷᠠᠯᠠᠵᠤ ᠶᠠᠪᠤᠭᠠᠷᠠᠢ
ᠬᠠᠲᠠᠨᠪᠠᠭᠠᠲᠤᠷ
ᠰᠢᠨ᠎ᠡ ᠬᠣᠷᠢᠶᠠᠯᠠᠯ ᠤ᠋ᠨ ᠬᠣᠷᠢᠨ ᠵᠢᠷᠭᠤᠳᠤᠭᠠᠷ ᠪᠠᠢᠰᠢᠩ ᠤ᠋ᠨ ᠬᠠᠵᠠᠭᠤ ᠪᠠᠷ ᠥᠩᠭᠡᠷᠡᠬᠦ ᠪᠣᠯᠭᠠᠨ ᠳ᠋ᠤ᠌ ᠰᠡᠳᠬᠢᠯ ᠮᠢᠨᠢ ᠲᠠᠩᠳᠠ ᠪᠠᠨ ᠡᠮᠵᠡᠭᠯᠡᠳᠡᠭ ᠶᠦᠮ᠂ ᠡᠨᠡ ᠪᠠᠢᠰᠢᠩ ᠤ᠋ᠨ ᠠᠷᠪᠠᠨ ᠨᠢᠭᠡᠨ ᠳᠠᠪᠬᠤᠷ ᠲᠤ ᠡᠵᠢ ᠮᠢᠨᠢ ᠠᠢᠯ ᠤ᠋ᠨ ᠬᠠᠵᠠᠭᠤ ᠥᠷᠥᠭᠡᠨ ᠳ᠋ᠦ᠍ ᠰᠠᠭᠤᠳᠠᠭ ᠪᠠᠢᠭᠰᠠᠨ ᠶᠤᠮ᠂ ᠬᠠᠶᠠ ᠵᠠᠪ ᠭᠠᠷᠭᠠᠭᠠᠳ ᠡᠵᠢ ᠳᠡᠭᠡᠷ᠎ᠡ ᠪᠡᠨ ᠣᠴᠢᠬᠤ ᠪᠠᠷ ᠬᠠᠴᠢᠨ ᠶᠡᠬᠡ ᠪᠠᠶᠠᠷᠯᠠᠨ᠎ᠠ᠂ ᠠᠯᠠᠭᠠᠨ ᠴᠢᠨᠡᠭᠡᠨ ᠵᠢᠵᠢᠭᠬᠡᠨ ᠥᠷᠥᠭᠡᠨ ᠳ᠋ᠦ᠍ᠨᠢ ᠠᠯᠢ ᠳᠡᠭᠡᠷ᠎ᠡ ᠦᠶ᠎ᠡ ᠳ᠋ᠦ᠍ ᠠᠪᠤᠭᠰᠠᠨ ᠡᠪᠬᠡᠳᠡᠭ ᠰᠢᠷᠡᠭᠡᠨ ᠦ᠌ ᠬᠣᠶᠠᠷ ᠲᠠᠯ᠎ᠠ ᠳ᠋ᠤ᠌ ᠰᠠᠭᠤᠴᠢᠬᠠᠭᠠᠳ ᠤᠭᠤᠷᠠᠭ ᠤᠯᠠᠭᠠᠨ ᠴᠠᠢ ᠪᠠᠨ ᠤᠤᠭᠤᠵᠤ ᠭᠠᠩᠭᠠᠷ ᠭᠤᠩᠭᠠᠷ ᠭᠡᠳ ᠬᠣᠶᠠᠷ ᠪᠠᠶᠠᠨ ᠢ᠋ᠶ᠋ᠠᠨ ᠪᠠᠶᠠᠰᠬᠠᠵᠤ ᠰᠠᠭᠤᠳᠠᠭ ᠰᠠᠨ᠂ ᠣᠴᠢᠬᠤ ᠪᠣᠯᠭᠠᠨ ᠳ᠋ᠤ᠌ ᠮᠠᠭᠤ ᠡᠵᠢ ᠮᠢᠨᠢ ᠨᠠᠳᠠᠳᠤ ᠰᠢᠬᠢᠷ ᠥᠭᠭᠦᠨ᠎ᠡ᠂ ᠶᠠᠪᠤᠬᠤ ᠪᠣᠯᠬᠣᠷ ᠡᠪᠦᠷ ᠲᠤ ᠬᠢᠨ᠎ᠡ᠂ ᠵᠠ᠂ ᠡᠵᠢ ᠠ᠋᠂ ᠪᠢ ᠶᠠᠮᠠᠷ ᠬᠡᠦᠬᠡᠳ ᠪᠢᠰᠢ ᠳᠡ᠂ ᠭᠡᠬᠦ ᠪᠡᠷ᠂ ᠢᠰᠢ ᠮᠢᠨᠦ ᠮᠠᠭᠤ ᠥᠬᠢᠨ ᠬᠡᠦᠬᠡᠳ ᠭᠡᠨ᠎ᠡ ᠰᠢᠦ᠂ ᠮᠠᠷᠭᠠᠰᠢ ᠮᠢᠨᠦ ᠥᠬᠢᠨ ᠭᠦᠶᠦᠭᠡᠳ ᠢᠷᠡᠬᠦ ᠤᠤ? ᠮᠠᠷᠭᠠᠰᠢ ᠨᠢ ᠪᠢ ᠵᠠᠪ ᠦᠭᠡᠢ ᠪᠣᠯᠴᠢᠬᠠᠨ᠎ᠠ᠂ ᠴᠣᠬᠣᠮ ᠶᠠᠭᠠᠬᠢᠭᠠᠳ ᠵᠠᠪ ᠦᠭᠡᠢ ᠪᠠᠢᠭᠰᠠᠨ ᠢ᠋ᠶ᠋ᠠᠨ ᠣᠳᠣ ᠬᠦᠷᠲᠡᠯ᠎ᠡ ᠪᠢ ᠪᠣᠳᠣᠭᠠᠳ ᠪᠣᠳᠣᠭᠠᠳ ᠣᠯᠳᠠᠭ ᠦᠭᠡᠢ ᠶᠦᠮ᠂ ᠶᠠᠪᠤᠭᠠᠳ ᠣᠴᠢᠲᠠᠯ᠎ᠠ ᠴᠠᠬᠢᠯᠭᠠᠨ ᠱᠠᠲᠤ ᠨᠢ ᠠᠵᠢᠯᠯᠠᠬᠤ ᠦᠭᠡᠢ ᠪᠠᠢᠵᠤ ᠲᠠᠭᠠᠷᠠᠪᠠᠯ ᠶᠠᠷᠰᠢᠭ ᠲᠠᠢ ᠶᠤᠮ ᠠ᠋ ᠭᠡᠵᠦ ᠪᠤᠭᠤᠷᠤᠯ ᠡᠵᠢ ᠶ᠋ᠢ ᠪᠡᠨ ᠪᠤᠷᠤᠭᠤᠳᠬᠠᠨ ᠬᠡᠳᠦᠬᠡᠨ ᠮᠥᠴᠡ ᠬᠦᠯᠢᠶᠡᠬᠦ ᠡᠴᠡ ᠪᠡᠨ ᠵᠠᠯᠬᠠᠭᠤᠷᠠᠭᠠᠳ ᠰᠢᠦ ᠳᠧ᠂ ᠢᠩᠭᠢᠭᠡᠳ ᠯᠡ ᠥᠨᠳᠥᠷ ᠬᠠᠷᠰᠢ ᠶ᠋ᠢᠨ ᠳᠡᠷᠭᠡᠳᠡᠭᠦᠷ ᠶᠡᠬᠡ ᠢᠷᠡᠭᠡᠳᠦᠢ ᠳ᠋ᠦ᠍ ᠶᠠᠭᠠᠷᠠᠨ᠎ᠠ᠂ ᠵᠣᠭᠰᠣᠪᠠᠯ ᠠᠯᠭᠠᠰᠠᠵᠤ ᠣᠳᠬᠤ ᠪᠤᠤᠬᠢᠶ᠎ᠠ ᠲᠡᠷᠭᠡ ᠰᠢᠭ ᠯᠡ ᠥᠩᠭᠡᠷᠡᠳᠡᠭ ᠪᠠᠢᠯ᠎ᠠ᠂ ᠡᠨᠡ ᠪᠣᠯᠭᠠᠨ ᠳ᠋ᠤ᠌ ᠮᠠᠭᠤ ᠡᠵᠢ ᠮᠢᠨᠢ ᠭᠠᠷ ᠢ᠋ᠶ᠋ᠠᠨ ᠭᠠᠷᠭᠠᠵᠤ ᠬᠢᠭᠰᠡᠨ ᠴᠠᠢ ᠬᠣᠭᠣᠯᠠ ᠪᠠᠨ ᠳᠠᠬᠢᠨ ᠳᠠᠬᠢᠨ ᠬᠠᠯᠠᠭᠠᠵᠤ ᠬᠥᠮᠦᠨ ᠦ᠌ ᠬᠥᠯ ᠦ᠋ᠨ ᠴᠢᠮᠡᠭᠡ ᠴᠢᠩᠨᠠᠵᠤ ᠰᠠᠭᠤᠭᠰᠠᠨ ᠪᠠᠢᠬᠤ ᠳᠠ᠂ ᠢᠩᠭᠢᠵᠦ ᠪᠣᠳᠣᠬᠤ ᠪᠠᠷ ᠵᠢᠷᠦᠬᠡ ᠰᠢᠮᠰᠢᠷᠡᠳᠡᠭ ᠶᠦᠮ᠂ ᠠᠷᠪᠠᠨ ᠨᠢᠭᠡᠨ ᠳᠠᠪᠬᠤᠷ ᠤ᠋ᠨ ᠱᠠᠲᠤ ᠪᠠᠷ ᠬᠠᠷᠪᠤᠭᠰᠠᠨ ᠰᠤᠮᠤ ᠰᠢᠭ᠋ ᠭᠦᠶᠦᠵᠦ ᠣᠴᠢᠭᠰᠠᠨ ᠨᠠᠮᠤᠷ ᠤ᠋ᠨ ᠲᠡᠷᠡ ᠲᠦᠨᠡᠷ ᠬᠠᠷᠠᠩᠭᠤᠢ ᠰᠥᠨᠢ ᠶ᠋ᠢ ᠪᠢ ᠮᠠᠷᠲᠠᠭ᠎ᠠ ᠦᠭᠡᠢ᠂ ᠶᠠᠭᠠᠬᠢᠵᠤ ᠴᠤ᠌ ᠮᠠᠷᠲᠠᠬᠤ ᠪᠢᠯᠡ ᠳᠠ᠂ ᠰᠥᠨᠢ ᠳᠤᠮᠳᠠᠭᠤᠷ ᠢᠷᠡᠵᠦ ᠨᠠᠮ᠎ᠠ ᠶ᠋ᠢ ᠰᠡᠷᠢᠭᠡᠭᠰᠡᠨ ᠲᠡᠷᠡ ᠬᠥᠮᠦᠨ ᠡᠵᠢ ᠳ᠋ᠡᠭᠡᠨ ᠣᠴᠢᠯ ᠦᠭᠡᠢ ᠪᠣᠯᠬᠤ ᠦᠭᠡᠢ ᠨᠢ ᠭᠡᠰᠡᠨ ᠭᠤᠷᠪᠠᠬᠠᠨ ᠦᠭᠡ ᠶ᠋ᠢ ᠨᠠᠳᠠᠳᠤ ᠶᠠᠮᠠᠷ ᠲᠦᠭᠰᠢᠭᠦᠷᠢᠲᠡᠢ ᠬᠡᠯᠡᠭᠰᠡᠨ ᠭᠡᠵᠦ ᠰᠠᠨᠠᠨ᠎ᠠ᠂ ᠲᠡᠷᠡ ᠦᠶ᠎ᠡ ᠳ᠋ᠦ᠍ ᠪᠢ ᠠᠩᠬ᠎ᠠ ᠤᠳᠠᠭ᠎ᠠ ᠪᠠᠨ ᠠᠩᠬ᠎ᠠ ᠤᠳᠠᠭ᠎ᠠ ᠪᠠᠨ ᠠᠷᠪᠠᠨ ᠨᠢᠭᠡᠨ ᠳᠠᠪᠬᠤᠷ ᠤ᠋ᠨ ᠱᠠᠲᠤ ᠪᠠᠷ ᠬᠠᠷᠪᠤᠭᠰᠠᠨ ᠰᠤᠮᠤ ᠰᠢᠭ᠋ ᠯᠡ ᠭᠦᠶᠦᠵᠦ ᠣᠴᠢᠭᠰᠠᠨ ᠶᠤᠮ᠂ ᠬᠠᠷᠠᠮᠰᠠᠯᠲᠠᠢ ᠨᠢ ᠪᠢ ᠡᠭᠦᠷᠢᠳᠡ ᠬᠣᠵᠢᠮᠳᠠᠭᠰᠠᠨ ᠪᠠᠢᠭᠰᠠᠨ᠂ ᠡᠭᠦᠷᠢᠳᠡ ᠭᠡᠳ ᠪᠣᠳᠣ ᠳᠠ᠂ ᠲᠡᠷᠡ ᠦᠶ᠎ᠡ ᠳ᠋ᠦ᠍ ᠨᠠᠳᠠᠳᠤ ᠠᠷᠪᠠᠨ ᠨᠢᠭᠡᠨ ᠳᠠᠪᠬᠤᠷ ᠤ᠋ᠨ ᠱᠠᠲᠤ ᠪᠠᠷ ᠭᠠᠷᠬᠤ ᠰᠢᠭ᠋ ᠠᠮᠠᠷᠬᠠᠨ ᠶᠠᠭᠤᠮ᠎ᠠ ᠳᠠᠩᠴᠤ ᠪᠠᠢᠭ᠎ᠠ ᠦᠭᠡᠢ᠂ ᠡᠵᠢ ᠴᠢᠨᠢ ᠬᠣᠯᠠ ᠶ᠋ᠢᠨ ᠣᠳᠣᠨ ᠳ᠋ᠤ᠌ ᠪᠠᠢᠨ᠎ᠠ᠂ ᠢᠷᠡᠵᠦ ᠠᠭᠤᠯᠵᠠ ᠭᠡᠵᠦ ᠬᠡᠯᠡᠭᠦᠯᠵᠡᠢ ᠭᠡᠪᠡᠯ ᠶᠠᠭ ᠣᠳᠣ ᠶᠠᠭ ᠣᠳᠣ ᠪᠣᠰᠤᠭᠠᠳ ᠬᠣᠯᠠ ᠶ᠋ᠢᠨ ᠠᠶᠠᠨ ᠤ᠋ ᠵᠠᠮ ᠳ᠋ᠤ᠌ ᠭᠠᠷᠬᠤ ᠳ᠋ᠤ᠌ ᠪᠡᠯᠡᠨ ᠪᠠᠢᠨ᠎ᠠ᠂ ᠭᠡᠪᠡᠴᠦ ᠲᠡᠨᠳᠡ ᠡᠵᠢ ᠮᠢᠨᠢ ᠪᠠᠢᠬᠤ ᠦᠭᠡᠢ ᠰᠢᠦ ᠳᠡ᠂ ᠡᠵᠢ ᠶ᠋ᠢ ᠪᠡᠨ ᠠᠴᠢ ᠡᠯᠪᠡᠷᠢᠯ ᠢ᠋ ᠴᠠᠭ ᠲᠤᠨᠢ ᠤᠬᠠᠭᠠᠷᠠᠭ᠎ᠠ ᠦᠭᠡᠢ ᠦᠷ᠎ᠡ ᠶ᠋ᠢᠨ ᠲᠣᠭ᠎ᠠ ᠨᠠᠳᠠ ᠪᠠᠷ ᠲᠡᠭᠦᠰᠬᠦ ᠪᠣᠯᠲᠤᠭᠠᠢ! ᠪᠢ ᠡᠵᠢ ᠶ᠋ᠢ ᠪᠡᠨ ᠶᠠᠭᠠᠬᠢᠬᠤ ᠭᠡᠵᠦ ᠲᠡᠭᠡᠵᠦ ᠭᠣᠮᠣᠳᠠᠭᠠᠳᠠᠭ ᠪᠠᠢᠭᠰᠠᠨ ᠪᠣᠯ ᠠ᠋᠂ ᠪᠢ ᠡᠵᠢ ᠶ᠋ᠢ ᠪᠡᠨ ᠶᠠᠭᠠᠬᠢᠬᠤ ᠭᠡᠵᠦ ᠲᠡᠭᠡᠵᠦ ᠭᠠᠭᠴᠠᠭᠠᠷᠳᠠᠭᠤᠯᠳᠠᠭ ᠪᠠᠢᠭᠰᠠᠨ ᠪᠣᠯ ᠠ᠋᠂ ᠪᠢ ᠡᠵᠢ ᠳ᠋ᠡᠭᠡᠨ ᠶᠠᠭᠠᠬᠢᠬᠤ ᠭᠡᠵᠦ ᠲᠡᠷᠡ ᠶᠡᠬᠡ ᠮᠠᠭᠤᠬᠠᠢ ᠬᠠᠲᠠᠭᠤ ᠦᠭᠡ ᠶ᠋ᠢ ᠬᠡᠯᠡᠳᠡᠭ ᠪᠠᠢᠭᠰᠠᠨ ᠪᠣᠯ ᠠ᠋᠂ ᠬᠥᠮᠦᠨ ᠦ᠌ ᠡᠵᠢ ᠳ᠋ᠦ᠍ ᠮᠠᠷᠭᠠᠰᠢ ᠭᠡᠵᠦ ᠪᠠᠢᠳᠠᠭ ᠦᠭᠡᠢ ᠶᠦᠮ ᠪᠢᠯᠡ᠂ ᠬᠠᠷᠢᠨ ᠪᠢᠳᠡᠨᠡᠷ ᠲᠤ ᠪᠣᠯ ᠮᠠᠷᠭᠠᠰᠢ᠂ ᠨᠥᠭᠥᠭᠡᠳᠦᠷ᠂ ᠨᠥᠭᠥᠭᠡᠳᠦᠷ ᠦ᠋ᠨ ᠴᠠᠭᠠᠳᠤ ᠡᠳᠦᠷ ᠴᠤ᠌ ᠭᠡᠵᠦ ᠪᠠᠢᠭ᠎ᠠ᠂ ᠪᠤᠭᠤᠷᠤᠯᠬᠠᠨ ᠡᠵᠢ ᠮᠢᠨᠢ ᠲᠡᠨᠡᠭᠬᠡᠨ ᠥᠬᠢᠨ ᠢ᠋ᠶ᠋ᠡᠨ ᠥᠷᠥᠰᠢᠶᠡᠭᠡᠷᠡᠢ! ᠥᠬᠢᠨ ᠴᠢᠨᠢ ᠲᠠᠨ ᠤ᠋ ᠡᠵᠡᠭᠦᠢ ᠳ᠋ᠦ᠍ ᠬᠠᠢᠷ᠎ᠠ ᠪᠠᠷ ᠮᠥᠨᠴᠥ ᠶᠡᠬᠡ ᠳᠤᠲᠠᠵᠤ ᠶᠠᠪᠤᠨ᠎ᠠ ᠰᠢᠦ!
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠲᠠᠭᠴᠢ᠄ ᠣᠳᠬᠣᠨᠴᠡᠴᠡᠭ
ᠬᠢᠨᠠᠭᠴᠢ᠄ ᠰᠡᠷᠭᠦᠯᠡᠩ
