ᠲᠣᠭᠣᠭ᠎ᠠ ᠨᠡᠷᠡᠬᠦ ᠶᠢᠨ ᠢᠷᠥᠭᠡᠯ – ᠨᠢᠭᠡ Тогоо нэрэхийн ерөөл –1
ᠲᠣᠭᠣᠭ᠎ᠠ ᠨᠡᠷᠡᠬᠦ ᠶᠢᠨ ᠢᠷᠦᠭᠡᠯ – ᠨᠢᠭᠡ
ᠲᠥᠪ ᠰᠠᠢᠬᠠᠨ ᠦᠷᠭᠦᠭᠡᠨ ᠦ᠌ ᠳᠤᠮᠳᠠ
ᠲᠦᠪᠰᠢᠨ ᠰᠠᠢᠬᠠᠨ ᠲᠤᠯᠭ᠎ᠠ ᠲᠤᠯᠤᠭᠠᠳ
ᠪᠠᠲᠤ ᠶᠡᠬᠡ ᠲᠣᠭᠣᠭ᠎ᠠ ᠶ᠋ᠢ ᠪᠡᠨ ᠲᠠᠯᠪᠢᠭᠠᠳ
ᠪᠠᠶᠠᠨ ᠲᠡᠭᠦᠰ ᠠᠢᠷᠠᠭ ᠢ᠋ᠶ᠋ᠠᠨ ᠳᠦᠭᠦᠷᠭᠡᠭᠡᠳ
ᠪᠠᠳᠮ᠎ᠠ ᠪᠦᠰᠡᠯᠡᠭᠦᠷ ᠲᠦ᠍ ᠪᠦᠷᠬᠡ ᠪᠡᠷ ᠢ᠋ᠶ᠋ᠡᠨ ᠲᠠᠯᠪᠢᠭᠠᠳ
ᠲᠦᠮᠡᠨ ᠰᠣᠯᠬᠢᠶᠠ ᠳ᠋ᠤ᠌ ᠬᠠᠯᠪᠠᠭ᠎ᠠ ᠪᠠᠨ ᠲᠣᠰᠤᠭᠠᠳ
ᠲᠦᠭᠡᠮᠡᠯ ᠤᠷᠲᠤ ᠴᠣᠷᠭᠣ ᠶ᠋ᠢ ᠨᠢ ᠵᠡᠭᠦᠭᠡᠳ
ᠬᠥᠯᠰᠡ ᠶᠡᠬᠡ ᠲᠡᠢ ᠵᠢᠯᠠᠪᠴᠢ ᠪᠠᠨ ᠲᠠᠯᠪᠢᠭᠠᠳ
ᠬᠥᠨᠳᠡᠯᠡᠨ ᠰᠠᠢᠬᠠᠨ ᠣᠷᠢᠶᠠᠯᠲᠠ ᠪᠠᠷ ᠨᠢ ᠣᠷᠢᠶᠠᠭᠠᠳ
ᠬᠦᠢᠲᠡᠨ ᠰᠡᠷᠢᠭᠦᠨ ᠤᠰᠤᠨ ᠠ᠋ᠴᠠ ᠪᠠᠨ ᠬᠢᠭᠡᠳ
ᠭᠠᠩᠭᠠᠷ ᠮᠡᠲᠦ ᠯᠣᠩᠬᠣᠨ ᠳ᠋ᠤ᠌ ᠨᠢ ᠭᠣᠭᠣᠵᠢᠭᠤᠯᠵᠤ
ᠭᠠᠪᠤᠷ ᠦᠨᠦᠷ ᠲᠡᠢ ᠠᠷᠠᠵᠠ ᠶᠢ ᠨᠢ ᠨᠡᠷᠡᠵᠦ
ᠣᠯᠠᠨ ᠲᠦᠮᠡᠨ ᠢ᠋ᠶ᠋ᠡᠷ ᠢ᠋ᠶ᠋ᠡᠨ ᠴᠡᠩᠭᠡᠨ ᠵᠢᠷᠭᠠᠶ᠎ᠠ᠃
Тогоо нэрэхийн ерөөл –1
Төв сайхан өргөөний дунд
Түвшин сайхан тулга тулаад
Бат их тогоогоо тавиад
Баян төгс айргаа дүүргээд
Бадам бүслүүрт бүрхээрээ тавиад
Түмэн солхиот халбагаа тосоод
Түгээмэл урт цоргы нь зүүгээд
Хөлс ихтэй жалавчаа тавиад
Хөндлөн сайхан ороолтоор нь ороогоод
Хүйтэн сэрүүн уснаасаа хийгээд
Гангар мэт лонхонд нь гоожуулж
Гавар үнэртэй арзы нь нэрж
Олон түмнээрээ цэнгэн жаргаяа.
