ᠬᠠᠷᠠᠮᠰᠠᠯ ᠤᠨ ᠲᠤᠤᠯᠢ - ᠫ ᠂ ᠫᠦᠷᠪᠦᠰᠦ᠋ᠷᠦᠩ Харамслын тууль - П ᠂ Пүрэвсүрэн
ᠫ᠊᠂ ᠫᠥᠷᠪᠥᠰᠥ᠋ᠷᠦᠩ
ᠠᠨᠳᠠ ᠶ᠋ᠢᠨ ᠮᠢᠨᠢ ᠠᠮᠢᠳᠤᠷᠠᠯ
ᠠᠯᠬᠤᠮ ᠠᠯᠬᠤᠮ ᠢ᠋ᠶ᠋ᠠᠷ ᠳᠡᠪᠵᠢᠭᠰᠡᠨ ᠶᠦᠮ᠃
ᠠᠭᠠᠰᠢ ᠠᠷᠠᠨᠰᠢᠨ ᠨᠢ ᠴᠦ᠍ ᠪᠠᠰᠠ
ᠠᠭᠠᠵᠢᠮ ᠠᠭᠠᠵᠢᠮ ᠢ᠋ᠶ᠋ᠠᠷ ᠳᠡᠭᠡᠭᠰᠢᠯᠡᠭᠰᠡᠨ ᠶᠦᠮ᠃
ᠪᠡᠶ᠎ᠡ ᠪᠡᠶ᠎ᠡ ᠪᠡᠨ ᠬᠠᠷᠠᠩᠭᠤᠲᠠ ᠪᠢᠳᠡ
ᠪᠠᠷᠢᠯᠳᠤᠬᠤ ᠪᠥᠬᠡ ᠰᠢᠭ ᠪᠣᠯᠳᠠᠭ ᠰᠠᠨ᠃
ᠬᠠᠮᠢᠭ᠎ᠠ ᠬᠣᠯᠠ ᠠ᠋ᠴᠠ ᠨᠢᠭᠡ ᠶ᠋ᠢ ᠪᠡᠨ ᠳᠠᠭᠤᠳᠠᠵᠤ
ᠬᠠᠷᠠᠢᠵᠤ ᠣᠴᠢᠭᠠᠳ ᠲᠡᠪᠡᠷᠢᠯᠳᠦᠳᠡᠭ ᠶᠦᠮ᠃
ᠳᠡᠭᠡᠳᠦ ᠰᠤᠷᠭᠠᠭᠤᠯᠢ ᠲᠡᠭᠦᠰᠦᠭᠰᠡᠨ ᠡᠴᠡ ᠬᠣᠢᠰᠢ
ᠲᠠᠪᠠᠲᠠᠢ ᠴᠤ᠌ ᠠᠭᠤᠯᠵᠠᠯᠳᠤᠬᠤ ᠪᠠᠨ ᠪᠣᠯᠢᠯ᠎ᠠ᠃
ᠰᠠᠢᠬᠠᠨ ᠵᠠᠪᠰᠢᠶᠠᠨ ᠢᠶᠠᠷ ᠲᠠᠭᠠᠷᠠᠯᠳᠤᠪᠠᠯ
《 ᠰᠠᠢᠨ ᠤᠤ 》 ᠲᠠᠢ ᠯᠠ ᠵᠦᠷᠢᠳᠡᠭ ᠪᠣᠯᠣᠯ᠎ᠠ᠃
ᠠᠨᠳᠠ ᠶ᠋ᠢᠨ ᠮᠢᠨᠢ ᠬᠠᠷᠠᠴᠠ ᠲᠡᠭᠡᠬᠦ ᠳ᠋ᠦ᠍
ᠠᠵᠢᠯᠴᠢᠨ ᠮᠢᠨᠦᠬᠢ ᠲᠡᠢ ᠴᠠᠴᠠᠤ ᠪᠠᠢᠯ᠎ᠠ᠃
ᠡᠷᠬᠢᠮ ᠨᠥᠬᠥᠷ ᠦ᠋ᠨ ᠨᠢᠭᠤᠷ ᠲᠤ ᠪᠠᠰᠠ
ᠡᠶᠡᠯᠳᠡᠭᠬᠡᠨ ᠮᠦᠰᠢᠶᠡᠯ ᠦᠯᠡᠳᠡᠭᠰᠡᠨ ᠪᠠᠢᠯ᠎ᠠ᠃
ᠲᠠᠰᠤᠭ ᠤ᠋ᠨ ᠳᠠᠷᠤᠭ᠎ᠠ ᠪᠣᠯᠤᠭᠰᠠᠨ ᠠ᠋ᠴᠠ
ᠳᠠᠬᠢᠭᠠᠳ ᠨᠢᠭᠡ ᠲᠠᠭᠠᠷᠠᠯᠳᠤᠯ᠎ᠠ᠃
ᠲᠠᠨᠢᠳᠠᠭ ᠨᠥᠬᠥᠷ ᠦ᠋ᠨ ᠶᠣᠰᠣ ᠪᠠᠷ ᠲᠡᠷᠡ
ᠲᠣᠯᠣᠭᠠᠢ ᠳᠣᠬᠢᠭᠠᠳ ᠥᠩᠭᠡᠷᠡᠯ᠎ᠡ᠃
ᠠᠢᠯ ᠳ᠋ᠤ᠌ ᠰᠡᠭᠦᠯ ᠳ᠋ᠦ᠍ᠨᠢ ᠠᠭᠤᠯᠵᠠᠯ᠎ᠠ
ᠠᠨᠳᠠ ᠮᠢᠨᠢ ᠨᠠᠮ᠎ᠠ ᠶ᠋ᠢ ᠬᠠᠷᠠᠭᠰᠠᠨ ᠦᠭᠡᠢ᠃
ᠠᠮᠢᠲᠠᠨ ᠬᠥᠮᠦᠨ ᠲᠡᠢ ᠰᠦᠵᠢᠷᠬᠡᠯ ᠦᠭᠡᠢ
ᠠᠳᠠᠭᠠᠷ ᠰᠢᠷᠳᠡᠭᠰᠡᠭᠡᠷ ᠪᠠᠢᠭᠠᠳ ᠭᠠᠷᠤᠯ᠎ᠠ᠃
ᠬᠡᠯᠲᠡᠰ ᠦ᠋ᠨ ᠳᠠᠷᠤᠭ᠎ᠠ ᠪᠠᠷ ᠳᠠᠪᠰᠢᠭᠰᠠᠨ ᠭᠡᠵᠦ
ᠬᠡᠨ ᠨᠢᠭᠡᠨ ᠡᠴᠡ ᠬᠣᠵᠢᠮ ᠰᠣᠨᠣᠰᠤᠯ᠎ᠠ᠃
《 ᠠᠯᠤᠰ ᠬᠠᠷᠠᠳᠠᠭ ᠪᠣᠯᠤᠭᠰᠠᠨ》 ᠭᠡᠵᠦ
ᠠᠨᠳᠠ ᠶ᠋ᠢ ᠮᠢᠨᠢ ᠤᠯᠤᠰ ᠱᠣᠣᠯᠠᠨ᠎ᠠ᠃
ᠰᠠᠢᠬᠠᠨ ᠢᠨᠢᠶᠡᠮᠰᠦᠭᠯᠡᠯ ᠢ᠋ᠶ᠋ᠡᠨ ᠲᠡᠷᠡ
ᠰᠠᠬᠠᠯ ᠲᠠᠢ ᠪᠠᠨ ᠬᠠᠮᠲᠤ ᠬᠤᠰᠤᠵᠤ
ᠶᠠᠮᠠᠷ ᠴᠠᠭ ᠲᠤ ᠬᠥᠭᠡᠷᠦᠬᠦᠢ ᠮᠢᠨᠢ
ᠢᠷᠪᠠᠢᠵᠤ ᠶᠠᠪᠤᠬᠤ ᠪᠣᠯᠤᠯ᠎ᠠ᠃
ᠬᠠᠶᠠ ᠨᠢᠭᠡ ᠲᠠᠭᠠᠷᠠᠯᠳᠤᠬᠤ ᠳ᠋ᠤ᠌
ᠬᠠᠷᠠᠴᠠ ᠨᠢ ᠡᠭᠦᠯᠡᠨ ᠴᠢᠨᠠᠳᠤ ᠴᠢᠭᠯᠡᠵᠦ
ᠬᠠᠵᠠᠭᠤ ᠪᠠᠷ ᠨᠢ ᠥᠩᠭᠡᠷᠡᠭᠰᠡᠨ ᠨᠠᠳᠠ ᠳ᠋ᠤ᠌
ᠬᠠᠮᠠᠷ ᠤ᠋ᠨ ᠨᠦᠬᠡ ᠨᠢ ᠯᠡ ᠬᠠᠷᠠᠭᠳᠠᠬᠤ ᠪᠣᠯᠤᠯ᠎ᠠ᠃
ᠡᠴᠦᠰ ᠲᠡᠭᠡᠨ ᠪᠦᠷ ᠳᠡᠭᠡᠭᠰᠢ ᠪᠡᠨ ᠰᠢᠷᠳᠡᠵᠦ
ᠡᠷᠡᠦ ᠨᠢ ᠬᠠᠮᠠᠷ ᠤ᠋ᠨ ᠨᠦᠬᠡ ᠪᠡᠨ ᠬᠠᠭᠠᠵᠤ
《 ᠰᠠᠢᠨ ᠨᠥᠬᠥᠷ》 ᠦ᠋ᠨ ᠬᠠᠭᠤᠴᠢᠨ ᠴᠢᠷᠠᠢ ᠠ᠋ᠴᠠ
ᠰᠠᠢᠲᠤᠷ ᠬᠤᠰᠤᠭᠰᠠᠨ ᠬᠣᠭᠣᠯᠠᠢ ᠨᠢ ᠴᠦ᠍ ᠦᠵᠡᠭᠳᠡᠨ᠎ᠡ᠃
ᠲᠡᠭᠡᠲᠡᠯ᠎ᠡ ᠰᠠᠶᠢᠬᠠᠨ ᠭᠠᠢ ᠳᠠᠭᠠᠷᠢᠵᠤ
ᠲᠡᠷᠡ ᠮᠢᠨᠢ ᠨᠢᠭᠡᠨᠲᠡ《 ᠣᠢᠴᠢᠵᠤ》
ᠡᠷᠡᠭᠦᠯ ᠰᠠᠢᠬᠠᠨ ᠪᠡᠶ᠎ᠡ ᠪᠡᠨ ᠪᠡᠷᠲᠡᠭᠡᠵᠦ
ᠡᠮᠨᠡᠯᠭᠡ ᠳ᠋ᠦ᠍ ᠣᠴᠢᠭᠰᠠᠨ ᠰᠤᠷᠠᠭ ᠲᠠᠢ᠃
ᠣᠷᠣᠨ ᠬᠣᠲᠠ ᠪᠠᠨ ᠪᠢᠳᠡ ᠪᠦᠬᠦᠨ ᠦ᠌
ᠣᠢᠵᠢᠭᠤᠯᠬᠤ ᠪᠠᠷ ᠤᠬᠤᠭᠰᠠᠨ ᠨᠦᠬᠡ ᠶ᠋ᠢ
ᠲᠩᠷᠢ ᠰᠢᠷᠳᠡᠵᠦ ᠶᠠᠪᠤᠭᠠᠳ ᠵᠠᠢᠯᠠᠭᠤᠯ ①
ᠲᠡᠷᠡ ᠮᠢᠨᠢ ᠬᠠᠷᠠᠯ ᠦᠭᠡᠢ《 ᠬᠢᠰᠭᠡᠴᠡᠭᠡᠵᠠᠢ》
ᠬᠤᠭᠤᠷᠠᠭᠰᠠᠨ ᠬᠥᠯ ᠨᠢ ᠡᠮᠨᠡᠯᠭᠡ ᠶ᠋ᠢᠨ ᠬᠦᠴᠦᠨ ᠳ᠋ᠦ᠍
ᠬᠠᠭᠤᠴᠢᠨ ᠰᠢᠭ᠋ ᠢ᠋ᠶ᠋ᠡᠨ ᠡᠳᠡᠭᠡᠨ᠎ᠡ ᠠ᠋ ᠡᠳᠡᠭᠡᠨ᠎ᠡ᠃
ᠲᠩᠷᠢ ᠲᠠᠩᠳᠠ ᠰᠢᠷᠳᠡᠬᠦ ᠪᠣᠯᠤᠭᠰᠠᠨ
ᠲᠡᠷᠡ ᠡᠪᠡᠳᠴᠢᠨ ᠯᠡ ᠬᠠᠮᠲᠤ ᠡᠲᠡᠭᠡᠰᠡᠢ᠃
- - - -
① ᠥᠷᠥᠪᠳᠦᠩᠬᠦᠢ ᠠᠶᠠᠯᠭ᠎ᠠ ᠦᠭᠡ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ
ᠬᠢᠨᠠᠭ᠍ᠴᠢ : ᠳᠠᠪᠰᠢᠯᠲᠤ
2023᠂12᠂ 28 ᠦ᠌ ᠡᠳᠦᠷ
