ᠰᠠᠷᠬᠤᠳ ᠤᠨ ᠳᠡᠭᠡᠵᠢ ᠪᠠᠷᠢᠬᠤ ᠦᠭᠡᠰ Сархдын дээж барих үгс
ᠰᠠᠷᠬᠤᠳ ᠤᠨ ᠳᠡᠭᠡᠵᠢ ᠪᠠᠷᠢᠬᠤ ᠦᠭᠡᠰ
ᠵᠠ᠂ ᠲᠥᠭᠥᠷᠢᠭ ᠴᠠᠭᠠᠨ ᠦᠷᠭᠦᠭᠡᠨ ᠦ᠌ ᠲᠥᠪ ᠳᠤᠮᠳᠠ
ᠲᠦᠪᠰᠢᠨ ᠰᠠᠢᠬᠠᠨ ᠲᠥᠷᠥᠯ ᠨᠥᠬᠥᠳ ᠦ᠋ᠨ ᠢ᠋ᠶ᠋ᠡᠨ ᠳᠡᠷᠭᠡᠳᠡ
ᠪᠠᠶᠠᠯᠢᠭ ᠤ᠋ᠨ ᠮᠠᠩᠯᠠᠢ ᠪᠣᠯᠤᠭᠰᠠᠨ
ᠪᠠᠶᠠᠰᠬᠤᠯᠠᠩ ᠦᠯᠡᠮᠵᠢ ᠴᠣᠭᠴᠠᠯᠠᠭᠰᠠᠨ ᠭᠡᠷ ᠦ᠋ᠨ ᠳᠣᠲᠣᠷ᠎ᠠ
ᠪᠠᠢᠰᠢᠩ ᠮᠡᠲᠦ ᠪᠠᠢᠭᠤᠯᠤᠭᠰᠠᠨ ᠵᠤᠤᠬᠠᠨ ᠳ᠋ᠤ᠌
ᠪᠠᠭᠴᠠ ᠪᠠᠭᠴᠠ ᠪᠠᠷ ᠪᠠᠭᠰᠢᠷᠠᠭᠤᠯᠤᠭᠰᠠᠨ ᠲᠦᠯᠡᠰᠢ ᠪᠡᠨ
ᠪᠢᠯᠬᠠᠯᠵᠠᠲᠠᠯᠠ ᠨᠢ ᠲᠦᠯᠡᠵᠦ
ᠪᠠᠳᠠᠷᠠᠭᠰᠠᠨ ᠤᠯᠠᠭᠠᠨ ᠭᠠᠯ ᠢ᠋ ᠳᠦᠷᠡᠯᠵᠡᠭᠦᠯᠵᠦ
ᠪᠠᠲᠤ ᠰᠢᠷᠡᠮᠦᠨ ᠲᠣᠭᠣᠭ᠎ᠠ ᠶ᠋ᠢ ᠪᠡᠨ ᠲᠠᠯᠪᠢᠭᠠᠳ
ᠪᠢᠯᠬᠠᠵᠤ ᠴᠠᠯᠭᠢᠭᠰᠠᠨ ᠪᠡᠯᠡᠭ ᠠᠢᠷᠠᠭ ᠢ᠋ᠶ᠋ᠠᠨ ᠳᠦᠭᠦᠷᠭᠡᠵᠦ
ᠪᠢᠳᠡ ᠪᠦᠬᠦᠨ ᠳ᠋ᠦ᠍ ᠬᠠᠢᠷᠠᠯᠠᠬᠤ ᠭᠡᠭᠴᠢ ᠨᠢ
ᠪᠠᠳᠮ᠎ᠠ ᠰᠠᠷᠠᠨ ᠪᠦᠷᠭᠡᠷ ᠢ᠋ ᠲᠠᠯᠪᠢᠵᠤ
ᠪᠠᠰᠠ ᠳᠠᠷᠠᠭᠠᠯᠠᠨ ᠵᠢᠯᠠᠪᠴᠢ ᠶ᠋ᠢ ᠴᠣᠭᠴᠠᠯᠠᠵᠤ
ᠬᠥᠨᠳᠡᠯᠡᠨ ᠶᠡᠬᠡ ᠣᠷᠢᠶᠠᠯᠲᠠ ᠪᠠᠷ ᠣᠷᠢᠶᠠᠵᠤ
ᠬᠦᠢᠲᠡᠨ ᠰᠠᠢᠬᠠᠨ ᠤᠰᠤ ᠳᠦᠭᠦᠷᠭᠡᠵᠦ
ᠰᠢᠯᠤᠭᠤᠬᠠᠨ ᠰᠠᠢᠬᠠᠨ ᠴᠣᠷᠭᠠ ᠶ᠋ᠢ ᠬᠢᠵᠦ
ᠰᠢᠳᠤᠷᠭᠤ ᠰᠠᠢᠬᠠᠨ ᠬᠠᠯᠪᠠᠭ᠎ᠠ ᠶ᠋ᠢ ᠲᠣᠰᠴᠤ
ᠴᠢᠨ ᠪᠠᠲᠤ ᠯᠣᠩᠬᠣᠨ ᠳ᠋ᠤ᠌ ᠰᠥᠩᠨᠡᠵᠦ ᠠᠪᠤᠭᠰᠠᠨ
ᠰᠢᠬᠢᠷ ᠪᠤᠷᠠᠮ ᠤ᠋ᠨ ᠠᠮᠲᠠ ᠨᠠᠢᠷᠠᠯᠳᠤᠭᠰᠠᠨ ᠮᠡᠲᠦ
ᠰᠠᠢᠬᠠᠨ ᠠᠷᠢᠬᠢ ᠶ᠋ᠢ
ᠠ ᠦᠰᠦᠭ ᠦ᠋ᠨ ᠴᠢᠨᠠᠷ ᠲᠣᠭᠲᠠᠭᠰᠠᠨ
ᠠᠷᠪᠠᠨ ᠰᠠᠯᠠᠭᠠᠲᠦ ᠮᠣᠳᠣᠷ ᠲᠤ᠌ ᠲᠠᠨᠢ
ᠠᠭᠠᠷᠤ ᠽᠠᠨᠳᠠᠨ ᠬᠤᠨᠳᠠᠭᠠᠨ ᠳ᠋ᠤ᠌
ᠠᠮᠠᠰᠠᠷ ᠲᠡᠭᠰᠢ ᠳᠦᠭᠦᠷᠭᠡᠵᠦ
ᠠᠷᠢᠭᠤᠯᠠᠨ ᠳᠡᠪᠰᠢᠭᠦᠯᠦᠭᠡᠳ
ᠠᠢᠯ ᠤ᠋ᠨ ᠮᠠᠩᠯᠠᠢ
ᠠᠬ᠎ᠠ ᠶ᠋ᠢᠨ ᠳᠡᠭᠡᠳᠦ
ᠠᠷᠪᠢᠨ ᠪᠤᠶᠠᠨ ᠲᠠᠢ
ᠠᠭᠯᠠᠭᠠ ᠶ᠋ᠢᠨ ᠢᠷᠦᠭᠡᠯ ᠲᠡᠢ ᠲᠠᠩᠳᠠ
ᠠᠩᠬ᠎ᠠ ᠲᠡᠷᠢᠭᠦᠨ ᠠᠮᠰᠠᠬᠤ ᠶ᠋ᠢ
ᠠᠢᠯᠠᠳᠬᠠᠵᠤ ᠡᠷᠭᠦᠨ ᠳᠡᠪᠰᠢᠭᠦᠯᠦᠶ᠎ᠡ᠃
Сархдын дээж барих үгс
За, төгрөг цагаан өргөөний төв дунд
Түвшин сайхан төрөл нөхдийнхөө дэргэд
Баялгийн манлай болсон
Баясгалан үлэмж цогцолсон гэрийн дотор
Байшин мэт байгуулсан зууханд
Багц багцаар багшруулсан түлшээ
Бялхалзтал нь түлж
Бадарсан улаан галыг дүрэлзүүлж
Бат ширмэн тогоогоо тавиад
Бялхаж цалгисан бэлэг айргаа дүүргэж
Бид бүхэнд хайрлах гэгч нь
Бадам саран бүрхээрийг талбиж
Бас дараалан жалавчийг цогцолж
Хөндлөн их ороолтоор ороож
Хүйтэн сайхан ус дүүргэж
Шулуухан сайхан цоргыг хийж
Шударга сайхан халбагыг тосож
Чин бат лонхонд сөгнөж авсан
Чихэр бурмын амт найралдсан мэт
Сайхан архийг
А үсгийн чанар тогтсон
Арван салаат мутарт тань
Агар зандан хундаганд
Амсар тэгш дүүргэж
Ариулан дэвшүүлээд
Айлын манлай
Ахын дээд
Арвин буянтай
Аглагын ерөөлтэй танд
Анх тэргүүн амсахыг
Айлтгаж өргөн дэвшүүлье.
