ᠴᠢᠰᠤᠨ ᠤ ᠳᠠᠷᠤᠯᠲᠠ - ᠳ᠋᠊ ᠂ ᠫᠦᠷᠪᠦᠳᠣᠷᠵᠢ Цусны даралт - Д ᠂ Пүрэвдорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠰᠤᠨ ᠤ ᠳᠠᠷᠤᠯᠲᠠ - ᠳ᠋᠊ ᠂ ᠫᠦᠷᠪᠦᠳᠣᠷᠵᠢ Цусны даралт - Д ᠂ Пүрэвдорж

ᠴᠢᠰᠤᠨ ᠤ ᠳᠠᠷᠤᠯᠲᠠ - ᠳ᠋᠊ ᠂ ᠫᠦᠷᠪᠦᠳᠣᠷᠵᠢ Цусны даралт - Д ᠂ Пүрэвдорж

ᠠᠩᠭᠢᠯᠠᠯ:ᠬᠣᠱᠣᠩ ᠱᠣᠭ
2024-01-24

339

ᠴᠢᠰᠤᠨ ᠤ ᠳᠠᠷᠤᠯᠲᠠ


                            ᠳ· ᠫᠦᠷᠪᠦᠳᠣᠷᠵᠢ     
                                 ( ᠱᠣᠭ ᠥᠭᠦᠯᠡᠯᠭᠡ)  

       ᠪᠠᠶᠠᠷ ᠭᠤᠸᠠᠢ ᠶ᠋ᠢᠨ ᠮᠠᠨ ᠤ᠋ ᠬᠢᠨ ᠣᠯᠠᠨ ᠵᠢᠯ ᠠᠢᠯ ᠠᠢᠮᠠᠭ ᠶᠠᠪᠤᠭᠰᠠᠨ ᠶᠤᠮ᠃ ᠠᠮᠤᠭᠤᠯᠠᠩ ᠪᠠᠶᠠᠷ ᠭᠡᠵᠦ ᠠᠶᠠᠭᠦᠢ ᠪᠣᠯ ᠲᠠ ᠨᠠᠷ ᠲᠤᠭᠤᠯᠤᠭᠰᠠᠨ ᠪᠠᠢᠬ᠎ᠠ᠃ ᠭᠠᠢᠬᠠᠯᠲᠠᠢ ᠲᠠᠢᠪᠤᠩ ᠬᠥᠮᠦᠨ ᠳᠡ᠃ ᠶᠠᠮᠠᠷ ᠰᠠᠢᠨ ᠳ᠋ᠠᠭᠠᠨ ᠮᠠᠯᠠᠭᠠᠢ ᠨᠢ ᠰᠢᠲᠠᠵᠤ ᠪᠠᠢᠬᠤ ᠳ᠋ᠤ᠌ ᠲᠣᠯᠣᠭᠠᠢ ᠳ᠋ᠤ᠌ ᠨᠢ ᠬᠦᠷᠲᠡᠯ᠎ᠡ ᠯᠠᠢ ᠴᠦ᠍ ᠪᠠᠢᠨ᠎ᠠ᠂ ᠵᠠᠢ ᠴᠦ᠍ ᠪᠠᠢᠨ᠎ᠠ ᠭᠡᠳ ᠲᠠᠮᠠᠬᠢ ᠪᠠᠨ ᠨᠡᠷᠡᠵᠦ ᠰᠠᠭᠤᠭᠰᠠᠨ ᠭᠡᠯᠴᠡᠳᠡᠭ᠃ ᠭᠡᠪᠡᠴᠦ ᠲᠡᠭᠡᠬᠦ ᠶ᠋ᠢ ᠨᠢ ᠪᠢ ᠦᠵᠡᠭᠡ ᠦᠭᠡᠢ᠂ ᠤᠷᠢᠳᠤ ᠭᠠᠬᠠᠢ ᠮᠠᠯᠯᠠᠵᠤ ᠪᠠᠢᠵᠤ ᠠᠭᠤᠷ ᠢ᠋ᠶ᠋ᠠᠨ ᠪᠠᠷᠠᠴᠢᠬᠠᠭᠰᠠᠨ ᠶᠤᠮ ᠭᠡᠨ᠎ᠡ ᠯᠡ ᠴᠦ᠍ ᠭᠡᠳᠡᠭ ᠶᠦᠮ᠃ ᠶᠠᠮᠠᠷ ᠴᠦ᠍ ᠭᠡᠰᠡᠨ ᠭᠣᠢᠳᠠ ᠲᠠᠢᠪᠤᠩ ᠬᠥᠮᠦᠨ ᠭᠡᠳᠡᠭ ᠢ᠋ ᠪᠢ ᠪᠠᠲᠤᠯᠠᠨ᠎ᠠ᠃ 
       ᠬᠠᠷᠢᠨ ᠣᠢᠷ᠎ᠠ ᠠ᠋ᠴᠠ ᠪᠠᠶᠠᠷ ᠭᠤᠸᠠᠢ ᠶ᠋ᠢᠨ ᠴᠢᠰᠤᠨ ᠳᠠᠷᠤᠯᠲᠠ ᠶᠡᠬᠡᠰᠬᠦ ᠪᠣᠯᠪᠠ᠃ ᠡᠨᠡ ᠴᠦ᠍ ᠶᠠᠮᠠᠷ ᠭᠠᠢᠬᠠᠮᠠᠷ ᠶᠠᠭᠤᠮ᠎ᠠ ᠪᠢᠰᠢ ᠳᠡ᠃ ᠭᠡᠪᠡᠴᠦ ᠤᠴᠢᠷ ᠪᠠᠢᠭ᠎ᠠ ᠶᠤᠮ᠂ ᠲᠡᠭᠦᠨ ᠦ᠌ ᠳᠠᠷᠤᠯᠲᠠ ᠥᠷᠯᠥᠭᠡ ᠬᠡᠪ ᠦ᠋ᠨ ᠪᠠᠢᠭᠰᠠᠨ ᠠᠲᠠᠯ᠎ᠠ ᠣᠷᠣᠢ ᠦᠵᠡᠬᠦ ᠳ᠋ᠦ᠍ ᠯᠡ ᠠᠷᠢᠯᠤᠭᠠᠳ ᠥᠭᠭᠦᠭᠰᠡᠨ ᠪᠠᠢᠳᠠᠭ ᠪᠣᠯᠤᠯ᠎ᠠ᠃ ᠪᠢ ᠰᠢᠨᠡᠬᠡᠨ ᠡᠮᠴᠢ ᠪᠣᠯᠬᠤ ᠪᠠᠷ ᠪᠠᠬᠠᠨ ᠭᠠᠢᠬᠠᠵᠤ ᠡᠰᠡᠨ ᠪᠣᠰᠤᠨ ᠤ᠋ ᠡᠮ ᠪᠢᠴᠢᠭᠰᠡᠨ ᠪᠣᠯᠪᠠᠴᠤ ᠪᠠᠶᠠᠷ ᠭᠤᠸᠠᠢ ᠲᠡᠭᠦᠨ ᠢ᠋ ᠮᠠᠨᠢ ᠬᠡᠷᠡᠭᠰᠡᠵᠦ ᠥᠭᠭᠦᠭᠰᠡᠨ ᠦᠭᠡᠢ᠃ ᠲᠡᠭᠡᠭᠡᠳ ᠥᠩᠭᠡᠷᠡᠭᠰᠡᠨ ᠰᠠᠢᠨ ᠡᠳᠦᠷ ᠪᠢ ᠥᠪᠡᠷ ᠦ᠋ᠨ ᠲᠠᠭᠠᠮᠠᠭᠯᠠᠭᠰᠠᠨ ᠣᠨᠣᠰᠢ ᠶ᠋ᠢ ᠰᠢᠯᠭᠠᠬᠤ ᠪᠠᠷ ᠪᠣᠯᠵᠤ ᠡᠷᠲᠡ ᠨᠢᠭᠡ ᠶᠠᠩᠵᠤ ᠶ᠋ᠢᠨ ᠡᠪᠡᠳᠴᠢᠨ ᠦ᠌ ᠲᠡᠦᠬᠡ ᠨᠡᠬᠡᠭᠰᠡᠨ ᠮᠢᠨᠢ ᠡᠨᠡ᠃  
       ᠁ ᠡᠨᠡ ᠡᠳᠦᠷ ᠦ᠋ᠨ ᠥᠷᠯᠥᠭᠡ ᠶ᠋ᠢᠨ ᠨᠠᠢ᠍ᠮᠠᠨ ᠴᠠᠭ ᠲᠤ ᠡᠪᠡᠳᠴᠢᠲᠡᠨ ᠪᠠᠶᠠᠷ ᠤ᠋ᠨ ᠴᠢᠰᠤᠨ ᠤ᠋ ᠳᠠᠷᠤᠯᠲᠠ 70—110 ᠪᠠᠢᠪᠠ᠂ ᠭᠡᠲᠡᠯ᠎ᠡ ᠠᠷᠪᠠᠨ ᠴᠠᠭ ᠤ᠋ᠨ ᠣᠷᠴᠢᠮ ᠬᠣᠶᠠᠷ ᠯᠢᠲ᠋ᠷ ᠰᠦ ᠪᠠᠷᠢᠵᠤ ᠢᠷᠡᠭᠰᠡᠨ ᠦ᠌ ᠳᠠᠷᠠᠭ᠎ᠠ90—130 ᠪᠣᠯᠵᠠᠢ᠃ ᠤᠴᠢᠷ ᠢ᠋ ᠨᠢ ᠯᠠᠪᠯᠠᠪᠠᠯ ᠡᠪᠡᠳᠴᠢᠲᠡᠨ ᠥᠭᠦᠯᠡᠭᠰᠡᠨ ᠨᠢ᠄ 
       — ᠡᠭᠡᠯᠵᠢ ᠳᠠᠷᠠᠭ᠎ᠠ ᠪᠠᠨ ᠪᠤᠯᠢᠶᠠᠯᠳᠤᠨ ᠬᠣᠶᠠᠷ ᠠᠪᠠᠭᠠᠢ ᠰᠦᠷᠡᠬᠡᠢ ᠮᠠᠭᠤᠳᠠᠯᠴᠠᠬᠤ ᠶ᠋ᠢ ᠴᠢᠩᠨᠠᠭᠰᠠᠨ᠃ ᠪᠠᠰᠠ ᠬᠤᠳᠠᠯᠳᠤᠭᠴᠢ ᠬᠡᠦᠬᠡᠨ ᠢ᠋ ᠬᠦᠦ ᠮᠢᠨᠢ ᠠᠷᠠᠢ ᠳᠤᠮᠳᠠ ᠤᠳᠬᠤᠵᠤ ᠪᠠᠢᠭ᠎ᠠ ᠶᠤᠮ ᠪᠢᠰᠢ ᠪᠢᠵᠡ ᠭᠡᠰᠡᠨ ᠳ᠋ᠦ᠍᠄ 
       — ᠳᠤᠮᠳᠠ ᠠ᠋ᠴᠠ ᠳᠦᠭᠦᠷᠴᠦ ᠳᠤᠲᠠᠭᠤ ᠠ᠋ᠴᠠ ᠭᠦᠢᠴᠡᠳᠡᠭ ᠶᠦᠮ᠂ ᠰᠢᠩᠭᠡᠨ ᠶᠠᠭᠤᠮ᠎ᠠ ᠪᠢᠰᠢ ᠰᠠᠨ ᠪᠣᠯ ᠣᠪᠣᠭᠠᠯᠠᠭᠠᠳ ᠥᠭᠭᠦᠮᠡᠷ ᠰᠢᠭᠢᠷ᠎ᠡ ᠲᠣᠯᠣᠭᠠᠢ ᠶᠤᠮ ᠰᠠᠨᠵᠠᠢ᠃ ᠢᠩᠭᠢᠯ᠎ᠡ ᠭᠡᠳ ᠶᠡᠬᠡ ᠶᠠᠭᠤᠮ᠎ᠠ ᠶᠠᠷᠢᠮᠠᠷ ᠪᠠᠢᠭ᠎ᠠ ᠪᠣᠯ ᠶᠠᠷᠢᠵᠤ ᠰᠤᠷᠴᠤ ᠳᠠᠪᠠᠵᠤ ᠵᠠᠭᠠᠯᠳᠤ ᠭᠡᠮᠡᠨ ᠤᠷᠲᠤ ᠡᠰᠢ ᠲᠡᠢ ᠬᠡᠮᠵᠢᠭᠦᠷ ᠢ᠋ᠶ᠋ᠡᠨ ᠨᠢᠭᠤᠷ ᠤᠷᠤᠭᠤ ᠴᠢᠴᠢᠨ ᠶᠡᠬᠡᠳᠡ ᠬᠢᠯᠢᠩᠨᠡᠨ ᠵᠠᠩᠨᠠᠭᠰᠠᠨ ᠠ᠋ᠴᠠ ᠥᠭᠡᠷ᠎ᠡ ᠶᠠᠭᠤᠮ᠎ᠠ ᠦᠭᠡᠢ ᠭᠡᠰᠡᠨ ᠢ᠋ ᠡᠪᠡᠳᠴᠢᠨ ᠦ᠌ ᠲᠡᠦᠬᠡᠨ ᠳ᠋ᠦ᠍ ᠪᠢᠴᠢᠪᠡ᠃ 
       ᠠᠷᠪᠠᠨ ᠬᠣᠶᠠᠷ ᠴᠠᠭ ᠤ᠋ᠨ ᠣᠷᠴᠢᠮ ᠪᠠᠶᠠᠷ ᠭᠤᠸᠠᠢ ᠲᠠᠯᠬ᠎ᠠ᠂ ᠪᠠᠢᠼᠠᠢ᠂ ᠰᠣᠩᠭᠢᠨ᠎ᠠ᠂ ᠥᠷᠭᠡᠰᠦᠲᠦ ᠬᠡᠮᠬᠡ ᠲᠡᠷᠢᠭᠦᠲᠡᠨ ᠢ᠋ ᠲᠤᠤᠷᠤᠨ ᠰᠠᠪᠠᠨ ᠳ᠋ᠠᠭᠠᠨ ᠴᠢᠬᠢᠵᠦ ᠬᠥᠯᠥᠰᠥ ᠪᠡᠨ ᠠᠷᠴᠢᠭᠰᠠᠭᠠᠷ ᠢᠷᠡᠪᠡ᠃ ᠲᠡᠭᠦᠨ ᠦ᠌ ᠳᠠᠷᠤᠯᠲᠠ100—140 ᠪᠣᠯᠤᠭᠰᠠᠨ ᠪᠠᠢᠪᠠ᠃ 
       ᠤᠴᠢᠷ ᠢ᠋ ᠯᠠᠪᠯᠠᠪᠠᠯ ᠡᠪᠡᠳᠴᠢᠲᠡᠨ ᠦ᠌ ᠥᠭᠦᠯᠡᠭᠰᠡᠨ ᠨᠢ᠄ 
       — ᠬᠡᠳᠦ ᠬᠡᠳᠦᠨ ᠶᠠᠩᠵᠤ ᠶ᠋ᠢᠨ ᠨᠣᠭᠣᠭ᠎ᠠ ᠠᠪᠬᠤ ᠳ᠋ᠠᠭᠠᠨ ᠬᠠᠷᠠᠭᠠᠳ ᠪᠠᠢᠪᠠᠯ ᠵᠢᠩ ᠦ᠋ᠨ ᠬᠢᠨᠢ ᠬᠣᠰᠢᠭᠤ ᠶᠡᠷᠦ ᠠᠭᠤᠯᠵᠠᠬᠤ ᠦᠭᠡᠢ ᠶᠦᠮ᠃ ᠲᠤᠤᠬᠠᠢ ᠲᠠᠯᠪᠢᠭᠠᠳ ᠬᠡᠳᠦᠨ ᠲᠥᠮᠥᠰᠥ ᠴᠢᠯᠠᠭᠤᠳᠠᠩᠭᠤᠲᠠ ᠰᠣᠯᠣᠭᠠᠢ ᠭᠠᠷ ᠨᠢ ᠲᠤᠤᠬᠠᠢ ᠪᠠᠨ ᠡᠯᠢᠶ᠎ᠡ ᠰᠢᠭ ᠰᠢᠭᠦᠷᠡᠨ ᠠᠮᠠ ᠨᠢ ᠶᠠᠮᠠᠷ ᠨᠢᠭᠡᠨ ᠲᠣᠭ᠎ᠠ ᠬᠡᠯᠡᠬᠦ ᠶᠦᠮ᠃ ᠲᠡᠭᠡᠬᠦ ᠪᠡᠷ ᠵᠢᠭᠠᠬᠠᠨ ᠭᠠᠢᠬᠠᠭᠠᠳ ᠬᠡᠮᠵᠢᠶ᠎ᠡ ᠳᠠᠮᠵᠢᠶ᠎ᠠ ᠨᠢ ᠲᠠᠭᠠᠷᠠᠵᠤ ᠯᠠ ᠪᠠᠢᠳᠠᠭ ᠶᠤᠮ ᠪᠠᠢᠬ᠎ᠠ ᠳᠠ ᠭᠡᠴᠢᠬᠡᠭᠰᠡᠨ ᠴᠢᠨᠢ ᠬᠤᠳᠠᠯᠳᠤᠭᠴᠢ ᠬᠠᠷ᠎ᠠ ᠬᠦᠦ ᠶ᠋ᠢᠨ  ᠠᠭᠤᠷ ᠰᠢᠲᠠᠵᠤ᠄ 
       — ᠠᠯᠲᠠ ᠵᠠᠷᠤᠭ᠎ᠠ ᠦᠭᠡᠢ ᠨᠣᠭᠣᠭ᠎ᠠ ᠵᠠᠷᠤᠵᠤ ᠪᠠᠢᠨ᠎ᠠ᠃ ᠡᠳᠦᠢ ᠪᠣᠯᠲᠠᠯ᠎ᠠ ᠶᠠᠭᠤᠮ᠎ᠠ ᠦᠵᠡᠵᠦ  ᠥᠩᠭᠥᠷ  ᠰᠠᠭᠤᠭ᠎ᠠ ᠦᠭᠡᠢ ᠬᠠᠮᠢᠭ᠎ᠠ ᠶᠠᠪᠤᠭᠰᠠᠨ ᠠᠮᠢᠲᠠᠨ ᠪᠣᠢ᠃ ᠴᠢᠷᠠᠢ ᠠᠯᠳᠠᠭᠠᠳ ᠪᠠᠢᠪᠠᠯ ᠴᠠᠢᠯᠠᠭᠠᠳ ᠥᠭᠭᠦᠶ᠎ᠡ ᠭᠡᠵᠦ  ᠣᠮᠣᠭᠲᠠᠨ ᠬᠡᠳᠦᠨ ᠰᠢᠷᠣᠢ ᠲᠠᠢ ᠲᠥᠮᠥᠰᠥ ᠰᠢᠲᠦᠬᠦ ᠳ᠋ᠦ᠍ᠨᠢ ᠰᠡᠩᠳᠡ ᠮᠡᠩᠳᠡ ᠵᠢᠭᠤᠲᠠᠵᠤ ᠭᠠᠷᠪᠠ ᠭᠡᠰᠡᠨ ᠢ᠋ ᠡᠪᠡᠳᠴᠢᠲᠡᠨ ᠦ᠌ ᠲᠡᠦᠬᠡᠨ ᠳ᠋ᠦ᠍ ᠪᠢᠴᠢᠪᠡ᠃ 
       ᠪᠠᠶᠠᠷ ᠭᠤᠸᠠᠢ ᠶᠠᠭᠠᠬᠢᠬᠤ ᠡᠢᠬᠦ ᠶ᠋ᠢᠨ ᠵᠠᠪ ᠦᠭᠡᠢ ᠳᠠᠬᠢᠨ ᠭᠠᠷᠴᠤ ᠨᠢᠭᠡ ᠬᠡᠰᠡᠭ ᠠᠯᠠᠭ᠎ᠠ ᠪᠣᠯᠤᠭᠠᠳ ᠬᠣᠶᠠᠷ ᠴᠠᠭ ᠤ᠋ᠨ ᠣᠷᠴᠢᠮ ᠬᠣᠨᠢᠨ ᠤ᠋ ᠲᠠᠷᠭᠤᠨ ᠭᠤᠶ᠎ᠠ ᠬᠦᠵᠦᠭᠦᠦ ᠳᠠᠢᠪᠤᠷᠢ ᠲᠠᠢ ᠪᠠᠷᠢᠭᠰᠠᠭᠠᠷ ᠨᠡᠯᠢᠶᠡᠳ ᠰᠤᠯᠠᠳᠠᠭᠰᠠᠨ ᠴᠢᠷᠠᠢ ᠲᠠᠢ ᠣᠷᠣᠵᠤ ᠢᠷᠡᠪᠡ᠃ ᠳᠠᠷᠤᠯᠲᠠ ᠨᠢ100—170 ᠪᠣᠯᠵᠠᠢ᠃ ᠤᠴᠢᠷ ᠢ᠋ ᠯᠠᠪᠯᠠᠪᠠᠯ ᠡᠪᠡᠳᠴᠢᠲᠡᠨ ᠥᠭᠦᠯᠡᠭᠰᠡᠨ ᠨᠢ᠄ 
       —  ᠠᠷᠤ ᠥᠪᠥᠷ ᠦ᠋ᠨ ᠬᠠᠭᠠᠯᠭ᠎ᠠ ᠠᠯᠢᠪᠠ ᠶ᠋ᠢ ᠲᠡᠪᠴᠢᠨ ᠠᠷᠠᠢ ᠭᠡᠵᠦ ᠡᠭᠡᠯᠵᠢ ᠪᠣᠯᠤᠨ ᠮᠢᠬ᠎ᠠ ᠪᠠᠨ ᠵᠢᠩᠨᠡᠭᠦᠯᠵᠦ ᠠᠪᠬᠤ ᠳ᠋ᠠᠭᠠᠨ ᠠᠮᠠ ᠠᠯᠳᠠᠵᠤ ᠬᠣᠨᠢ ᠬᠣᠶᠠᠷ ᠭᠤᠶ᠎ᠠ ᠲᠠᠢ ᠨᠢᠭᠡ ᠬᠦᠵᠦᠭᠦᠦ ᠲᠡᠢ ᠪᠠᠢᠳᠠᠭ ᠠᠲᠠᠯ᠎ᠠ ᠬᠣᠷᠰᠢᠶᠠᠨ ᠤ᠋ ᠬᠦᠵᠦᠭᠦᠦ ᠶᠠᠭᠠᠬᠢᠭᠠᠳ ᠡᠢᠮᠦ ᠣᠯᠠᠨ ᠪᠠᠢᠳᠠᠭ ᠶᠤᠮ ᠪᠣᠯ ᠳᠠ ᠭᠡᠴᠢᠬᠡᠭᠰᠡᠨ ᠴᠢᠨᠢ ᠵᠠᠯᠠᠭᠤᠬᠠᠨ ᠱᠣᠪᠣᠭᠣᠷ ᠴᠠᠭᠠᠨ ᠬᠡᠦᠬᠡᠨ ᠦ᠌ ᠴᠢᠷᠠᠢ ᠳᠣᠣᠷᠠᠬᠠᠨ ᠢ᠋ᠶ᠋ᠠᠨ ᠴᠢᠪᠠᠭ᠎ᠠ ᠰᠢᠭ᠋ ᠤᠯᠠᠭᠠᠨ ᠪᠣᠯᠵᠤ᠄ 
       — ᠭᠤᠶ᠎ᠠ ᠳᠠᠭᠠᠵᠤ ᠬᠦᠵᠦᠭᠦᠦ᠂ ᠨᠢᠭᠤᠷ ᠳᠠᠭᠠᠵᠤ ᠪᠢᠯᠠᠭᠤ ᠭᠡᠵᠦ ᠣᠳᠣ ᠪᠣᠯᠲᠠᠯ᠎ᠠ ᠮᠡᠳᠡᠬᠦ ᠦᠭᠡᠢ ᠬᠠᠮᠢᠭᠠᠭᠤᠷ ᠶᠠᠪᠤᠭᠰᠠᠨ ᠬᠠᠷ᠎ᠠ ᠮᠠᠨᠤᠤᠬᠠᠢ ᠪᠣᠢ᠂  ᠠᠪᠤᠪᠠᠯ ᠠᠪ᠂ ᠠᠪᠬᠤ ᠦᠭᠡᠢ ᠪᠣᠯ ᠪᠠᠢ! ᠠᠯᠪᠠᠳᠠᠬᠤ ᠦᠭᠡᠢ᠂ ᠡᠷᠡᠦ ᠴᠢᠨᠢ ᠴᠢᠯᠡᠬᠦ ᠦᠭᠡᠢ ᠡᠬᠡᠨᠡᠷ ᠴᠢᠨᠢ ᠵᠠᠩᠨᠠᠬᠤ ᠦᠭᠡᠢ ᠪᠣᠯ ᠳᠣᠣᠷ᠎ᠠ ᠪᠠᠨ ᠵᠣᠭᠰᠣᠭᠠᠳ ᠳᠣᠩᠭᠣᠰᠴᠤ ᠯᠠ ᠪᠠᠢ ᠭᠡᠬᠦᠴᠢᠯᠡᠨ ᠲᠦᠮᠡᠨ ᠲᠤᠭᠤᠷᠭ᠎ᠠ ᠦᠭᠡᠢ ᠲᠦᠷᠢᠮᠳᠡᠨ ᠵᠠᠩᠨᠠᠭᠰᠠᠨ ᠳ᠋ᠤ᠌ ᠤᠬᠠᠭᠠᠨ ᠭᠠᠷᠲᠠᠯ᠎ᠠ ᠠᠶᠤᠨ ᠭᠠᠷᠴᠤ ᠢᠷᠡᠪᠡ ᠭᠡᠰᠡᠨ ᠢ᠋ ᠡᠪᠡᠳᠴᠢᠨ ᠦ᠌ ᠲᠡᠦᠬᠡᠨ ᠳ᠋ᠦ᠍ ᠪᠢᠴᠢᠵᠦ ᠳᠠᠬᠢᠨ ᠭᠠᠳᠠᠭᠤᠷ ᠭᠠᠷᠬᠤ ᠶ᠋ᠢ ᠨᠢ ᠬᠠᠲᠠᠭᠤ ᠬᠣᠷᠢᠭᠯᠠᠪᠠ᠃ ᠭᠡᠪᠡᠴᠦ ᠪᠠᠶᠠᠷ ᠭᠤᠸᠠᠢ ᠮᠢᠨᠦ ᠦᠭᠡᠨ ᠳ᠋ᠦ᠍ ᠣᠷᠣᠬᠤ ᠦᠭᠡᠢ ᠠᠨᠠᠢ ᠯᠠ ᠭᠠᠷᠤᠭᠠᠳ ᠥᠭᠴᠡᠢ᠃ 
       ᠣᠷᠣᠢ ᠶ᠋ᠢᠨ ᠳᠣᠯᠣᠭᠠᠨ ᠴᠠᠭ ᠣᠷᠴᠢᠮ ᠶᠠᠮᠠᠷ ᠨᠢᠭᠡᠨ ᠶᠠᠭᠤᠮ᠎ᠠ ᠰᠤᠭᠤᠪᠴᠢᠯᠠᠨ ᠭᠤᠢᠪᠢᠭᠰᠠᠭᠠᠷ  ᠭᠡᠷ ᠲᠡᠭᠡᠨ ᠣᠷᠣᠬᠤ ᠶ᠋ᠢ ᠨᠢ ᠬᠠᠷᠠᠭᠠᠳ ᠳᠠᠷᠤᠯᠲᠠ ᠲᠠᠢ ᠪᠠᠢᠵᠤ ᠪᠠᠰᠠ ᠶᠠᠭᠤᠮ᠎ᠠ ᠪᠠᠯᠭᠤᠭᠰᠠᠨ ᠪᠣᠯᠤᠯᠲᠠᠢ ᠭᠡᠮᠡᠨ ᠳᠤᠷ᠎ᠠ ᠦᠭᠡᠢ ᠬᠦᠷᠴᠦ ᠰᠠᠭᠤᠲᠠᠯ᠎ᠠ ᠡᠬᠡᠨᠡᠷ ᠨᠢ ᠰᠦᠢᠳ ᠮᠡᠢᠳ ᠪᠣᠯᠤᠯ᠎ᠠ ᠭᠡᠵᠦ ᠳᠠᠭᠤ ᠲᠠᠯᠪᠢᠭᠰᠠᠭᠠᠷ ᠣᠷᠣᠵᠤ ᠢᠷᠡᠭᠡᠳ ᠴᠢᠷᠴᠦ ᠠᠪᠠᠴᠢᠪᠠ᠃ ᠲᠡᠭᠦᠨ ᠦ᠌ ᠳᠠᠷᠤᠯᠲᠠ110—240 ᠪᠣᠯᠵᠤ ᠤᠬᠠᠭᠠᠨ ᠪᠠᠯᠠᠷᠳᠠᠵᠠᠢ᠃ ᠡᠬᠡᠨᠡᠷ ᠨᠢ ᠳᠡᠷᠡᠨ ᠦ᠌ ᠠᠪᠳᠠᠷ᠎ᠠ ᠳᠡᠭᠡᠷᠡᠬᠢ ᠳᠤᠭᠤᠢ ᠬᠡ ᠲᠡᠢ ᠬᠦᠷᠡᠩ ᠲᠣᠷᠭ᠎ᠠ ᠶ᠋ᠢ ᠵᠢᠭᠠᠵᠤ᠄ 
       — ᠡᠨᠡ ᠶ᠋ᠢ ᠬᠠᠷᠠᠭᠠᠴᠢ᠂ ᠪᠢ ᠶᠠᠮᠠᠷ ᠢᠳᠡᠬᠦ ᠡᠮᠦᠰᠬᠦ ᠪᠡᠷ ᠳᠤᠲᠠᠭᠰᠠᠨ ᠪᠢᠰᠢ᠃ ᠡᠪᠦᠯ ᠵᠤᠨ ᠤ᠋ ᠬᠡᠳᠦᠨ ᠳᠡᠪᠡᠯ ᠪᠠᠢᠭᠰᠠᠭᠠᠷ ᠪᠠᠢᠲᠠᠯ᠎ᠠ ᠲᠣᠷᠭᠠᠨ ᠤ᠋ ᠲᠥᠯᠥᠭᠡ ᠴᠢᠬᠢᠯᠳᠦᠵᠦ ᠶᠠᠪᠤᠵᠤ ᠡᠨᠡ᠂ ᠭᠠᠭᠴᠠᠬᠠᠨ ᠡᠭᠦᠨ ᠡᠴᠡ ᠪᠣᠯᠤᠯ᠎ᠠ᠁ ᠭᠠᠭᠴᠠᠬᠠᠨ ᠡᠭᠦᠨ ᠡᠴᠡ᠁ ᠭᠡᠵᠦ ᠥᠭᠦᠯᠡᠬᠦ ᠳ᠋ᠦ᠍ ᠪᠠᠶᠠᠷ ᠭᠤᠸᠠᠢ ᠨᠢᠳᠦ ᠪᠡᠨ ᠨᠡᠭᠡᠭᠡᠵᠦ᠄ 
       — ᠭᠠᠭᠴᠠ ᠴᠦ᠍ ᠡᠭᠦᠨ ᠡᠴᠡ ᠪᠣᠯᠤᠭ᠎ᠠ ᠦᠭᠡᠢ ᠠ᠋᠂ ᠵᠠᠮ ᠳ᠋ᠠᠭᠠᠨ ᠪᠠᠰᠠ ᠠᠦ᠋ᠲ᠋ᠣᠪᠦ᠋ᠰ ᠲᠤ ᠰᠠᠭᠤᠴᠢᠬᠠᠭᠰᠠᠨ ᠶᠤᠮ ᠭᠡᠵᠦ ᠠᠶᠠᠷᠬᠠᠨ ᠥᠭᠦᠯᠡᠪᠡ᠃ ᠪᠢ ᠪᠠᠶᠠᠷ ᠭᠤᠸᠠᠢ ᠳ᠋ᠤ᠌ ᠡᠮ ᠳᠠᠩ ᠥᠭᠴᠦ ᠲᠠᠢᠪᠤᠩ ᠤᠨᠲᠠᠬᠤ ᠶ᠋ᠢ ᠵᠥᠪᠯᠡᠭᠡᠳ ᠭᠡᠷ ᠲᠡᠭᠡᠨ ᠣᠷᠣᠵᠤ ᠨᠥᠭᠥᠭᠡᠬᠢ ᠡᠪᠡᠳᠴᠢᠲᠡᠨ ᠦ᠌ ᠲᠡᠦᠬᠡ ᠪᠡᠨ ᠬᠡᠳᠦᠨᠲᠡ ᠤᠩᠰᠢᠵᠤ ᠦᠵᠡᠭᠰᠡᠨ ᠢ᠋ᠶ᠋ᠡᠨ ᠡᠴᠦᠰ ᠲᠦ《 ᠵᠠᠷᠢᠮ ᠦᠢᠯᠡᠴᠢᠯᠡᠭᠡᠨ ᠦ᠌ ᠭᠠᠵᠠᠷ ᠤ᠋ᠨ ᠬᠢᠨ ᠦ᠌ ᠦᠢᠯᠡᠰ ᠦᠭᠡᠢ᠂ ᠮᠠᠭᠤ ᠠᠳᠠᠢᠷ ᠠᠭᠠᠰᠢ ᠬᠣᠶᠠᠷ ᠠ᠋ᠴᠠ ᠪᠣᠯᠵᠤ ᠡᠨᠡ ᠬᠥᠮᠦᠨ ᠦ᠌ ᠴᠢᠰᠤᠨ ᠳᠠᠷᠤᠯᠲᠠ ᠶᠡᠬᠡᠳᠦᠭᠰᠡᠨ ᠪᠠᠢᠨ᠎ᠠ》 ᠭᠡᠮᠡᠨ ᠴᠣᠬᠣᠭᠠᠳ ᠲᠣᠭᠳᠣᠢ ᠳ᠋ᠤ᠌ ᠬᠢᠵᠦ《 ᠲᠣᠩᠰᠢᠭᠤᠯ》 ᠰᠡᠳᠬᠦᠯ ᠦ᠋ᠨ ᠭᠠᠵᠠᠷ ᠲᠤ ᠬᠠᠶᠢᠭᠯᠠᠭᠰᠠᠨ ᠮᠢᠨᠢ ᠡᠨᠡ ᠪᠢᠯᠡ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠳᠠᠪᠰᠢᠯᠲᠤ
      ᠬᠢᠨᠠᠭ᠍ᠴᠢ : ᠲᠤᠭ᠍ᠴᠢ ᠰᠠᠷᠠᠨ᠎ᠠ
 
                  2023᠂12᠂ 26  ᠦ᠌ ᠡᠳᠦᠷ