ᠣᠷᠣᠢ ᠦᠭᠡᠢ ᠰᠦᠮ᠎ᠡ – ᠬᠣᠷᠢᠨ ᠳᠦᠷᠪᠡ ᠂ ᠲᠤᠯᠤᠮ ᠲᠠᠢ ᠭᠤᠷᠢᠯ ᠢᠶᠠᠷ ᠪᠡᠶ᠎ᠡ ᠪᠡᠨ ᠰᠣᠯᠢᠪᠠ Оройгүй сүм – Хорин дөрөв ᠂ Туламтай гурилаар биеэ солив - Oroigui sum 24
ᠬᠣᠷᠢᠨ ᠳᠦᠷᠪᠡ ᠂ ᠲᠤᠯᠤᠮ ᠲᠠᠢ ᠭᠤᠷᠢᠯ ᠢᠶᠠᠷ ᠪᠡᠶ᠎ᠡ ᠪᠡᠨ ᠰᠣᠯᠢᠪᠠ
ᠦᠭᠡ ᠪᠠᠭ᠎ᠠ ᠴᠤ᠌ ᠬᠡᠷᠡᠭᠦᠯ ᠦ᠋ᠨ ᠰᠢᠯᠲᠠᠭ
ᠦ ᠪᠠᠭ᠎ᠠ ᠴᠤ᠌ ᠭᠠᠵᠢᠬᠤ ᠶ᠋ᠢᠨ ᠰᠢᠯᠲᠠᠭ
ᠲᠡᠷᠡ ᠰᠥᠨᠢ ᠰᠠᠨᠵᠢ ᠶ᠋ᠢᠨ ᠨᠣᠢᠷ ᠬᠦᠷᠦᠭᠰᠡᠨ ᠦᠭᠡᠢ᠃ ᠨᠣᠮ ᠬᠠᠶᠠᠯᠴᠠᠭᠰᠠᠨ ᠤ᠋ ᠤᠯᠠᠮ ᠠ᠋ᠴᠠ ᠰᠡᠳᠬᠢᠯ ᠨᠢ ᠶᠡᠬᠡ ᠯᠡ ᠬᠥᠳᠡᠯᠦᠨ ᠳᠣᠭᠳᠣᠯᠵᠤ᠂ ᠵᠢᠷᠦᠬᠡ ᠨᠢ ᠬᠥᠭᠡᠷᠦᠨ᠂ ᠨᠣᠢᠷ ᠬᠤᠯᠵᠢᠵᠠᠢ᠃ ᠡᠳᠦᠷ ᠦ᠋ᠨ ᠪᠣᠯᠤᠭᠰᠠᠨ ᠶᠠᠪᠤᠳᠠᠯ ᠳᠡᠰ ᠳᠡᠰ ᠢ᠋ᠶ᠋ᠡᠷ ᠢ᠋ᠶ᠋ᠡᠨ ᠨᠢᠳᠦᠨ ᠦ᠌ ᠨᠢ ᠡᠮᠦᠨ᠎ᠡ ᠦᠶ᠎ᠡ ᠦᠶ᠎ᠡ ᠠᠮᠢᠯᠠᠨ ᠬᠠᠷᠠᠭᠳᠠᠬᠤ ᠰᠢᠭ᠋ ᠪᠣᠯᠵᠤ ᠨᠣᠢᠷ ᠢ᠋ ᠨᠢ ᠦᠷᠭᠦᠭᠡᠵᠦ ᠪᠠᠢᠯ᠎ᠠ᠃ ᠬᠡᠳᠦᠨ ᠲᠡᠰᠢ ᠪᠡᠨ ᠬᠠᠷᠠᠨ ᠬᠥᠯᠪᠡᠷᠢᠭᠰᠡᠭᠡᠷ ᠪᠠᠢᠲᠠᠯ᠎ᠠ ᠰᠥᠨᠢ ᠶᠡᠬᠡ ᠣᠷᠣᠢ ᠪᠣᠯᠴᠢᠬᠠᠵᠠᠢ᠃ ᠬᠣᠢᠮᠣᠷ ᠪᠠᠢᠭ᠎ᠠ ᠰᠢᠲᠦᠭᠡᠨ ᠦ᠌ ᠡᠮᠦᠨᠡᠬᠢ ᠵᠤᠯᠠ ᠶ᠋ᠢᠨ ᠭᠣᠣᠯ ᠳ᠋ᠤ᠌ ᠠᠰᠠᠭᠰᠠᠨ ᠭᠡᠷᠡᠯ ᠣᠭᠲᠣ ᠬᠥᠳᠡᠯᠭᠡᠭᠡᠨ ᠦᠭᠡᠢ ᠵᠦᠮᠪᠦᠷᠯᠡᠨ ᠲᠣᠭᠲᠠᠭᠰᠠᠨ ᠶᠤᠮ ᠰᠢᠭ᠋ ᠬᠠᠷᠠᠭᠳᠠᠨ᠎ᠠ᠃ ᠨᠣᠮ ᠬᠠᠶᠠᠯᠴᠠᠵᠤ ᠪᠢᠯᠢᠭ ᠴᠢᠨᠠᠷ ᠤ᠋ᠨ ᠡᠷᠳᠡᠮ ᠰᠤᠷᠤᠭᠰᠠᠨ ᠤ᠋ ᠳᠡᠭᠡᠳᠦ ᠴᠣᠯᠠ ᠬᠡᠷᠬᠡᠮ ᠣᠯᠵᠤ ᠠᠪᠤᠮᠠᠭᠴᠠ ᠪᠠᠨ ᠨᠤᠲᠤᠭ ᠪᠤᠴᠠᠬᠤ ᠪᠠᠷ ᠰᠠᠨᠵᠢ ᠠᠨᠳᠠᠭᠠᠢᠯᠠᠭᠰᠠᠨ ᠪᠢᠯᠡ᠃ ᠣᠳᠣ ᠲᠡᠷᠡ ᠰᠠᠨᠠᠭ᠎ᠠ ᠪᠠᠨ ᠭᠦᠢᠴᠡᠭᠡᠯ᠎ᠡ᠃ ᠡᠢᠮᠦ ᠳ᠋ᠦ᠍ ᠲᠤᠩ ᠴᠤ᠌ ᠤᠳᠠᠯ ᠦᠭᠡᠢ ᠨᠤᠲᠤᠭ ᠣᠷᠣᠨ ᠢ᠋ᠶ᠋ᠠᠨ ᠵᠦᠭᠯᠡᠨ ᠪᠤᠴᠠᠬᠤ ᠪᠣᠯᠤᠨ᠎ᠠ᠃ ᠨᠢᠭᠡᠨ ᠦᠶ᠎ᠡ ᠮᠤᠯᠲᠤᠷᠠᠲᠠᠯ᠎ᠠ ᠤᠷᠲᠤ ᠬᠤᠭᠤᠴᠠᠭᠠᠨ ᠳ᠋ᠤ᠌ ᠪᠠᠷ᠎ᠠ ᠶ᠋ᠢ ᠨᠢ ᠬᠠᠷᠠᠭ᠎ᠠ ᠦᠭᠡᠢ ᠨᠤᠲᠤᠭ ᠤᠰᠤ᠂ ᠬᠥᠭᠰᠢᠨ ᠡᠴᠢᠭᠡ ᠡᠬᠡ ᠳ᠋ᠦ᠍ ᠪᠡᠨ ᠵᠣᠯᠭᠠᠨ᠎ᠠ ᠭᠡᠬᠦ ᠡᠴᠡ ᠲᠡᠭᠦᠨ ᠦ᠌ ᠵᠢᠷᠦᠬᠡ ᠳᠣᠭᠳᠣᠯᠵᠤ ᠪᠥᠭᠡᠮ ᠪᠠᠶᠠᠷ ᠬᠥᠷ ᠳᠡᠭᠳᠡᠵᠦ ᠪᠠᠢᠯ᠎ᠠ᠃ ᠡᠬᠡ᠂ ᠡᠴᠢᠭᠡ ᠪᠡᠨ ᠶᠠᠮᠠᠷᠬᠠᠤ ᠪᠠᠢᠭ᠎ᠠ ᠶ᠋ᠢ ᠮᠥᠷᠭᠥᠯᠴᠢᠨ ᠨᠣᠭᠥᠳ ᠡᠴᠡ ᠰᠣᠨᠣᠰᠳᠠᠭ ᠪᠣᠯᠪᠠᠴᠤ ᠥᠪᠡᠷ ᠦ᠋ᠨ ᠪᠡᠶ᠎ᠡ ᠪᠡᠷ ᠤᠴᠠᠷᠠᠨ ᠠᠭᠤᠯᠵᠠᠬᠤ ᠶ᠋ᠢᠨ ᠬᠦᠰᠡᠯᠡᠩ ᠬᠢᠵᠠᠭᠠᠷ ᠦᠭᠡᠢ ᠶᠡᠬᠡ ᠠᠵᠢ᠃ ᠠᠷᠪᠠᠨ ᠬᠡᠳᠦᠨ ᠵᠢᠯ ᠦ᠋ᠨ ᠳᠠᠷᠠᠭ᠎ᠠ ᠪᠠᠷ ᠡᠷᠭᠢᠵᠦ ᠣᠴᠢᠬᠤ ᠳ᠋ᠤ᠌ ᠬᠥᠮᠦᠰ ᠨᠠᠮᠠᠶ᠋ᠢ ᠪᠠᠷᠤᠭ ᠯᠠ ᠲᠠᠨᠢᠬᠤ ᠦᠭᠡᠢ ᠪᠢᠵᠡ ᠳᠡ ᠭᠡᠵᠦ ᠪᠣᠳᠣᠭᠳᠠᠯ᠎ᠠ᠃ ᠡᠬᠡ᠂ ᠡᠴᠢᠭᠡ ᠨᠢ ᠪᠣᠯ ᠲᠠᠨᠢᠬᠤ ᠶᠣᠰᠣᠲᠠᠢ᠃ ᠡᠬᠡ ᠡᠴᠢᠭᠡ ᠪᠡᠨ ᠴᠦ᠍ ᠬᠦᠦ ᠨᠢ ᠲᠠᠨᠢᠬᠤ ᠤᠴᠢᠷᠲᠠᠢ᠃ ᠵᠢᠵᠢᠭᠬᠡᠨ ᠪᠣᠷᠣ ᠪᠠᠨᠳᠢ ᡀᠠᠰᠠ ᠬᠣᠲᠠᠨ ᠳ᠋ᠤ᠌ ᠠᠩᠬ᠎ᠠ ᠣᠷᠣᠵᠤ ᠢᠷᠡᠭᠰᠡᠨ ᠪᠢᠯᠡ᠃ ᠣᠳᠣ ᠲᠡᠷᠡ ᠪᠠᠨᠳᠢ ᠦᠭᠡᠢ ᠪᠣᠯᠵᠠᠢ᠃ ᠬᠠᠷᠢᠨ ᠲᠡᠭᠦᠨ ᠡᠴᠡ ᠤᠷᠭᠤᠨ ᠥᠰᠦᠭᠰᠡᠨ ᠬᠠᠩᠬᠠᠭᠠᠷ ᠲᠣᠮᠣ ᠪᠡᠶ᠎ᠡ ᠲᠡᠢ᠂ ᠬᠠᠯᠵᠠᠨᠳᠠᠭᠤ ᠲᠣᠯᠣᠭᠠᠢ ᠲᠠᠢ᠂ ᠨᠠᠮᠪᠠ ᠲᠠᠢ ᠨᠠᠮᠤᠭᠤᠨ ᠠᠯᠬᠤᠭ᠎ᠠ ᠲᠠᠢ ᠯᠤᠲᠤ ᠨᠢᠭᠡᠨ ᡀᠠᠷᠠᠮᠪᠠ ᠨᠤᠲᠤᠭ ᠲᠤ᠌ ᠪᠠᠨ ᠡᠷᠭᠢᠵᠦ ᠣᠴᠢᠬᠤ ᠪᠣᠯᠤᠨ᠎ᠠ᠃ ᠲᠡᠷᠡ ᠪᠦᠷᠢ ᠶ᠋ᠢ ᠡᠷᠭᠢᠴᠡᠭᠦᠯᠦᠨ ᠪᠣᠳᠣᠵᠤ ᠬᠡᠪᠲᠡᠲᠡᠯ᠎ᠡ ᠭᠠᠳᠠᠭ᠎ᠠ ᠬᠠᠰᠢᠶ᠎ᠠ ᠳᠡᠭᠡᠭᠦᠷ ᠬᠡᠨ ᠨᠢᠭᠡᠨ ᠬᠥᠮᠦᠨ ᠰᠡᠮᠬᠡᠨ ᠳᠠᠪᠠᠵᠤ ᠭᠠᠵᠠᠷ ᠲᠤ᠌ ᠳᠠᠪ ᠬᠢᠲᠡᠯ᠎ᠡ ᠪᠠᠭᠤᠬᠤ ᠴᠢᠮᠡᠭᠡ ᠰᠣᠨᠣᠰᠤᠭᠳᠠᠪᠠ᠃ ᠰᠠᠨᠵᠢ ᠴᠣᠴᠢᠨ ᠥᠨᠳᠡᠢᠵᠦ ᠴᠢᠮᠡᠭᠡ ᠴᠢᠩᠨᠠᠯ᠎ᠠ᠃ ᠵᠥᠭᠡᠯᠡᠨ ᠠᠯᠬᠤᠭ᠎ᠠ ᠲᠠᠢ ᠨᠢᠭᠡᠨ ᠬᠥᠮᠦᠨ ᠣᠰᠣᠯᠳᠠᠬᠤ ᠦᠭᠡᠢ ᠯᠡ ᠬᠠᠰᠢᠶ᠎ᠠ ᠳᠠᠪᠠᠭᠠᠳ ᠡᠭᠦᠳᠡ ᠤᠷᠤᠭᠤ ᠨᠢ ᠴᠢᠭᠯᠡᠨ ᠢᠷᠡᠵᠦ ᠶᠠᠪᠤᠬᠤ ᠰᠢᠭ᠋ ᠰᠠᠨᠠᠭᠳᠠᠯ᠎ᠠ᠃ ᠲᠡᠭᠡᠲᠡᠯ᠎ᠡ ᠵᠤᠯᠠ ᠶ᠋ᠢᠨ ᠭᠡᠷᠡᠯ ᠲᠤᠩ ᠦᠯᠦ ᠮᠡᠳᠡᠭ ᠨᠠᠬᠢᠰᠬᠢᠯᠡ᠃ ᠡᠭᠦᠳᠡ ᠰᠠᠮ ᠨᠡᠭᠡᠭᠡᠭᠳᠡᠬᠦ ᠶ᠋ᠢ ᠲᠡᠷᠡᠭᠦᠷ ᠮᠡᠳᠡᠭᠡᠳ ᠰᠠᠨᠵᠢ ᠥᠨᠳᠡᠢᠪᠡ᠃ ᠷᠣᠡᠭ᠌ᠬᠠᠨ ᠢᠶᠠᠷ ᠳᠠᠮᠵᠢᠭᠠᠳ ᠨᠢᠭᠡᠨ ᠬᠥᠮᠦᠨ ᠣᠷᠣᠵᠤ ᠢᠷᠡᠯ᠎ᠡ᠃ ᠵᠤᠯᠠ ᠶ᠋ᠢᠨ ᠭᠡᠷᠡᠯ ᠳ᠋ᠦ᠍ ᠫᠠᠳ ᠬᠠᠷ᠎ᠠ ᠴᠢᠷᠠᠢ ᠲᠠᠢ ᠪᠦᠯᠲᠡᠭᠡᠷ ᠨᠢᠳᠦ ᠲᠡᠢ᠂ ᠰᠢᠷᠦᠭᠦᠨ ᠬᠠᠷᠠᠴᠠ ᠲᠠᠢ ᠴᠢᠷᠠᠢ ᠪᠠᠷ ᠨᠢ ᠰᠢᠮᠬᠠᠨ ᠤ᠋ ᠡᠭᠦᠳᠡ ᠪᠡᠷ ᠱᠠᠭᠠᠢᠩᠭᠤᠲᠠ ᠰᠠᠨᠵᠢ ᠲᠡᠭᠦᠨ ᠢ᠋ ᠲᠠᠨᠢᠪᠠ᠃ ᠳᠣᠲᠣᠷ᠎ᠠ ᠨᠢ ᠡᠪ ᠦᠭᠡᠢ ᠪᠣᠯᠬᠤ ᠰᠢᠭ᠋ ᠳᠠᠪᠠᠲᠠᠯ᠎ᠠ᠃ ᠫᠠᠭ᠍ᠰᠠᠡᠭ ᠠᠵᠠᠢ᠃ ᠡᠷᠲᠡ ᠤᠷᠢᠳᠤ ᠬᠦᠷᠳᠦᠨ ᠳ᠋ᠦ᠍ ᠵᠣᠳᠣᠯᠳᠤᠵᠤ ᠪᠠᠢᠭᠠᠳ ᠳᠤᠬᠤᠨ ᠳᠡᠭᠡᠷ᠎ᠡ ᠨᠢ ᠴᠣᠬᠢᠵᠤ ᠰᠠᠨᠵᠢ ᠶ᠋ᠢᠨ ᠦᠯᠡᠳᠡᠭᠡᠭᠰᠡᠨ ᠦᠯᠦ ᠮᠡᠳᠡᠭ ᠰᠣᠷᠪᠢ ᠵᠤᠯᠠ ᠶ᠋ᠢᠨ ᠭᠡᠷᠡᠯ ᠳ᠋ᠦ᠍ ᠭᠢᠯᠠᠰᠬᠢᠨ ᠲᠣᠳᠣᠷᠠᠬᠤ ᠰᠢᠭ᠋ ᠪᠣᠯᠤᠯ᠎ᠠ᠃《ᠡᠨᠡ ᠣᠳᠣ ᠶᠠᠭᠤ ᠬᠢᠵᠦ ᠶᠠᠪᠤᠭ᠎ᠠ ᠶᠤᠮ ᠪᠣᠢ? ᠡᠳᠦᠷ ᠠᠳᠬᠠᠭ ᠤ᠋ᠨ ᠬᠤᠷ᠎ᠠ ᠶ᠋ᠢᠨ ᠲᠤᠬᠠᠢ ᠬᠠᠴᠢᠨ ᠦᠭᠡ ᠰᠢᠪᠡᠨᠡᠭᠡᠳ ᠪᠠᠢᠭᠰᠠᠨ ᠪᠢᠰᠢ ᠤᠤ?》ᠭᠡᠵᠦ ᠰᠠᠨᠵᠢ ᠪᠣᠳᠣᠭᠠᠳ ᠤᠬᠤᠰᠬᠢᠨ ᠪᠣᠰᠤᠯ᠎ᠠ᠃ ᠫᠠᠭ᠍ᠰᠠᠡᠭ ᠭᠠᠷ ᠢ᠋ᠶ᠋ᠠᠷ ᠢ᠋ᠶ᠋ᠠᠨ ᠵᠠᠩᠭᠠᠵᠤ᠂
- ᠪᠢᠲᠡᠭᠡᠢ ᠠᠶᠤ! ᠬᠡᠪᠲᠡ᠂ ᠬᠡᠪᠲᠡ! ᠪᠢ ᠡᠨᠡᠦᠬᠡᠨ ᠳ᠋ᠦ᠍ ᠰᠠᠭᠤᠭᠠᠳ ᠬᠡᠯᠡᠬᠦ ᠭᠡᠰᠡᠨ ᠶᠠᠭᠤᠮ᠎ᠠ ᠪᠠᠨ ᠬᠡᠯᠡᠭᠡᠳ ᠭᠠᠷᠤᠨ᠎ᠠ ᠭᠡᠵᠦ ᠰᠥᠭᠡᠩᠭᠢᠳᠡᠭᠦᠦ ᠪᠡᠷᠰᠡᠭᠦᠦ ᠲᠡᠢ ᠬᠣᠭᠣᠯᠠᠢ ᠪᠠᠷ ᠬᠡᠯᠡᠪᠡ᠃ ᠰᠠᠨᠵᠢ ᠶ᠋ᠢᠨ ᠰᠡᠳᠬᠢᠯ ᠪᠠᠭ᠎ᠠ ᠵᠡᠷᠭᠡ ᠲᠠᠢᠪᠤᠰᠢᠷᠠᠯ᠎ᠠ᠃
- ᠪᠢ ᠡᠳᠦᠷ ᠴᠢᠮ᠎ᠠ ᠳ᠋ᠤ᠌ ᠶᠠᠭᠤ ᠭᠡᠵᠦ ᠬᠡᠯᠡᠭᠰᠡᠨ ᠪᠢᠯᠡ? ᠭᠡᠵᠦ ᠫᠠᠭ᠍ᠰᠠᠡᠭ ᠠᠰᠠᠭᠤᠭᠰᠠᠨ ᠢ᠋ᠶ᠋ᠠᠨ ᠬᠠᠷᠢᠭᠤᠯᠬᠤ ᠵᠠᠪ ᠥᠭᠭᠦᠯ ᠦᠭᠡᠢ ᠪᠡᠷ ᠴᠢᠨᠠᠭᠰᠢ ᠦᠷᠭᠦᠯᠵᠢᠯᠡᠭᠦᠯᠦᠨ᠂
- ᠪᠢᠯᠢᠭ ᠦ᠋ᠨ ᠶᠡᠬᠡ ᠬᠠᠯᠠᠭᠤᠨ ᠣᠴᠢ ᠠᠰᠤᠷᠤ ᠠᠳᠬᠠᠭ ᠤ᠋ᠨ ᠵᠥᠭᠡᠯᠡᠨ ᠬᠤᠷ᠎ᠠ ᠪᠠᠭᠤᠬᠤ ᠶ᠋ᠢ ᠶᠡᠷᠦᠨᠳᠡᠭᠯᠡᠨᠡ! ᠭᠡᠵᠦ ᠪᠢ ᠴᠢᠮ᠎ᠠ ᠳ᠋ᠤ᠌ ᠬᠡᠯᠡᠭᠰᠡᠨ ᠳᠡ᠃ ᠲᠡᠷᠡ ᠶ᠋ᠢ ᠴᠦ᠍ ᠣᠢᠯᠠᠭᠠᠭᠰᠠᠨ ᠪᠠᠢᠬ᠎ᠠ᠃ ᠵᠠ ᠲᠡᠭᠡᠬᠦᠯᠡᠷ ᠣᠳᠣ ᠲᠡᠷᠡ ᠠᠲᠠᠭᠠᠨ ᠤ᠋ ᠵᠥᠭᠡᠯᠡᠨ ᠬᠤᠷ᠎ᠠ ᠴᠢᠮ᠎ᠠ ᠳᠡᠭᠡᠷ᠎ᠡ ᠪᠠᠭᠤᠬᠤ ᠭᠡᠵᠦ ᠪᠠᠢᠨ᠎ᠠ ᠭᠡᠬᠦ ᠳ᠋ᠦ᠍ ᠨᠢ ᠰᠠᠨᠵᠢ ᠴᠣᠴᠢᠵᠤ᠂ ᠶᠡᠬᠡᠳᠡ ᠪᠣᠯᠭᠣᠮᠵᠢᠲᠠᠢ ᠡᠰᠢ ᠲᠡᠰᠢ ᠬᠠᠷᠠᠪᠠ᠃
- ᠡᠰᠢ ᠲᠡᠰᠢ ᠪᠤᠤ ᠬᠠᠷ᠎ᠠ! ᠥᠨᠥᠳᠥᠷ ᠲᠡᠷᠡ ᠬᠤᠷ᠎ᠠ ᠪᠠᠭᠤᠬᠤ ᠦᠭᠡᠢ᠃ ᠬᠡᠷᠪᠡ ᠴᠢᠮᠠᠶ᠋ᠢ ᠨᠤᠲᠤᠭ ᠪᠤᠴᠠᠬᠤ ᠰᠤᠷᠠᠭ ᠯᠠ ᠭᠠᠷᠪᠠᠯ ᠲᠡᠷᠡ ᠰᠥᠨᠢ ᠳ᠋ᠦ᠍ ᠪᠠᠨ ᠯᠠ ᠪᠠᠭᠤᠨ᠎ᠠ! ᠭᠡᠵᠦ ᠫᠠᠭ᠍ᠰᠠᠡᠭ ᠬᠡᠯᠡᠪᠡ᠃ ᠲᠡᠭᠦᠨ ᠢ᠋ ᠰᠠᠨᠵᠢ ᠰᠠᠢᠨ ᠣᠢᠯᠠᠭᠠᠭᠰᠠᠨ ᠦᠭᠡᠢ᠃
- ᠶᠠᠮᠠᠷ ᠬᠤᠷ᠎ᠠ ᠪᠣᠢ? ᠭᠡᠵᠦ ᠥᠪᠡᠷ ᠦ᠋ᠨ ᠡᠷᠬᠡ ᠦᠭᠡᠢ ᠠᠰᠠᠭᠤᠬᠤ ᠳ᠋ᠤ᠌᠂
- ᠥᠨᠥᠳᠥᠷ ᠨᠣᠮ ᠬᠠᠶᠠᠯᠴᠠᠭᠰᠠᠨ ᠤ᠋ ᠳᠠᠷᠠᠭ᠎ᠠ ᠬᠢᠷᠭᠠᠴᠢ ᠨᠤᠭᠤᠳ ᠤ᠋ᠨ ᠬᠣᠭᠣᠷᠣᠨᠳᠣ ᠪᠠᠨ ᠶᠠᠷᠢᠭᠰᠠᠨ ᠶᠠᠭᠤᠮ᠎ᠠ ᠶ᠋ᠢ ᠪᠢ ᠴᠢᠮ᠎ᠠ ᠳ᠋ᠤ᠌ ᠬᠡᠯᠡᠬᠦ ᠪᠡᠷ ᠢᠷᠡᠯ᠎ᠡ᠃ ᠲᠡᠳᠡ ᠯᠢᠨᠰᠠᠷᠠᠢ ᠭᠠᠪᠵᠤ ᠶ᠋ᠢᠨ ᠥᠷᠥᠭᠡᠨ ᠳ᠋ᠦ᠍ ᠵᠥᠪᠯᠡᠯᠳᠦᠵᠦ ᠪᠠᠢᠬᠤ ᠶ᠋ᠢ ᠪᠢ ᠰᠡᠮᠡᠬᠡᠨ ᠰᠣᠨᠣᠰᠤᠭᠰᠠᠨ ᠶᠤᠮ᠃ ᠴᠢᠮ᠎ᠠ ᠳ᠋ᠤ᠌ ᠬᠡᠲᠦᠷᠬᠡᠢ ᠶᠡᠬᠡ ᠶᠠᠭᠤᠮ᠎ᠠ ᠵᠢᠭᠠᠵᠤ ᠰᠤᠷᠭᠠᠵᠠᠢ ᠭᠡᠵᠦ ᠲᠡᠳᠡ ᠯᠢᠨᠰᠠᠷᠠᠢ ᠭᠠᠪᠵᠤ ᠯᠦᠨᠳᠥᠭᠵᠤᠨᠠᠢ ᠶ᠋ᠢ ᠵᠢᠮᠡᠯᠡᠵᠦ ᠪᠠᠢᠨ᠎ᠠ ᠪᠢᠯᠡ᠃ ᠪᠤᠷᠬᠠᠨ ᠱᠠᠵᠢᠨ ᠤ᠋ ᠬᠠᠮᠤᠭ ᠨᠢᠭᠤᠴᠠ ᠶ᠋ᠢ ᠮᠡᠳᠡᠭᠰᠡᠨ ᠬᠥᠮᠦᠨ ᠢ᠋ ᠲᠥᠪᠡᠳ ᠣᠷᠣᠨ ᠠ᠋ᠴᠠ ᠭᠠᠷᠭᠠᠵᠤ ᠪᠣᠯᠬᠤ ᠦᠭᠡᠢ ᠨᠢᠭᠤᠴᠠ ᠬᠠᠤᠯᠢ ᠲᠠᠢ ᠶ᠋ᠢ ᠴᠢ ᠶᠠᠭᠠᠬᠢᠵᠤ ᠮᠡᠳᠡᠬᠦ ᠪᠣᠢ ᠳᠠ᠃ ᠣᠷᠣᠢ ᠦᠭᠡᠢ ᠡᠷᠳᠡᠮ ᠰᠤᠷᠤᠭᠰᠠᠨ ᠭᠠᠳᠠᠨ᠎ᠠ ᠶ᠋ᠢᠨ ᠬᠥᠮᠦᠨ ᠳ᠋ᠦ᠍ ᠬᠣᠶᠠᠷ ᠵᠠᠮ ᠪᠠᠢᠳᠠᠭ᠃ ᠨᠢᠭᠡ ᠪᠣᠯ ᠪᠦᠬᠦ ᠨᠠᠰᠤ ᠪᠠᠷ ᠢ᠋ᠶ᠋ᠠᠨ ᡀᠠᠰᠠ ᠳ᠋ᠤ᠌ ᠰᠠᠭᠤᠵᠤ ᠡᠷᠳᠡᠮ ᠢ᠋ᠶ᠋ᠡᠨ ᠡᠷᠭᠢᠭᠡᠳ ᠲᠥᠪᠡᠳ ᠬᠥᠮᠦᠨ ᠳ᠋ᠦ᠍ ᠵᠢᠭᠠᠵᠤ ᠪᠠᠢᠭᠰᠠᠭᠠᠷ ᠶᠠᠰᠤ ᠪᠠᠨ ᠲᠠᠯᠪᠢᠬᠤ᠂ ᠨᠢᠭᠡ ᠪᠣᠯ ᠨᠤᠲᠤᠭ ᠪᠤᠴᠠᠬᠤ ᠶ᠋ᠢᠨ ᠢ᠋ᠶ᠋ᠡᠨ ᠡᠮᠦᠨᠡᠬᠡᠨ ᠲᠥᠪᠡᠳ ᠬᠥᠮᠦᠨ ᠦ᠌ ᠭᠠᠷ ᠲᠤ᠌ ᠶᠠᠰᠤ ᠪᠠᠨ ᠲᠠᠯᠪᠢᠬᠤ᠂ ᠡᠢᠮᠦ ᠯᠡ ᠬᠣᠶᠠᠷᠬᠠᠨ ᠲᠠᠪᠢᠯᠠᠩ ᠲᠠᠢ ᠶᠤᠮ᠃ ᠴᠢ ᠠᠯᠢ ᠶ᠋ᠢ ᠨᠢ ᠰᠣᠩᠭᠣᠵᠤ ᠠᠪᠬᠤ ᠪᠠᠨ ᠥᠪᠡᠷ ᠢ᠋ᠶ᠋ᠡᠨ ᠮᠡᠳᠡ᠃ ᠪᠦᠬᠦ ᠨᠠᠰᠤ ᠪᠠᠷ ᠢ᠋ᠶ᠋ᠠᠨ ᠲᠥᠪᠡᠳ ᠲᠦ᠍ ᠰᠠᠭᠤᠬᠤ ᠪᠠᠷ ᠰᠢᠢᠳᠪᠡᠯ ᠴᠢᠮ᠎ᠠ ᠳ᠋ᠤ᠌ ᠠᠶᠤᠬᠤ ᠶᠠᠭᠤᠮ᠎ᠠ ᠪᠠᠢᠬᠤ ᠦᠭᠡᠢ᠃ ᠬᠠᠷᠢᠨ ᠮᠣᠩᠭᠣᠯ ᠭᠠᠵᠠᠷ ᠢ᠋ᠶ᠋ᠠᠨ ᠪᠤᠴᠠᠬᠤ ᠪᠠᠷ ᠵᠠᠪᠳᠤᠪᠠᠯ ᠴᠢᠮᠠᠶ᠋ᠢ ᠶᠠᠪᠤᠬᠤ ᠶ᠋ᠢᠨ ᠴᠢᠨᠢ ᠤᠷᠢᠳᠤ ᠰᠥᠨᠢ ᠶᠠᠭ ᠯᠠ ᠥᠨᠥᠳᠥᠷ ᠮᠢᠨᠦ ᠣᠷᠣᠵᠤ ᠢᠷᠡᠭᠰᠡᠨ ᠰᠢᠭ ᠭᠡᠷ ᠲᠦ᠍ ᠴᠢᠨᠢ ᠣᠷᠣᠵᠤ ᠢᠷᠡᠭᠡᠳ ᠣᠷᠣᠨ ᠳ᠋ᠤ᠌ ᠴᠢᠨᠢ ᠳᠠᠭᠤᠰᠬᠠᠨ᠎ᠠ᠃ ᠡᠭᠦᠨ ᠢ᠋ ᠯᠡ ᠪᠢ ᠴᠢᠮ᠎ᠠ ᠳ᠋ᠤ᠌ ᠬᠡᠯᠡᠬᠦ ᠭᠡᠰᠡᠨ ᠶᠦ᠍ᠮ᠃ ᠨᠢᠭᠡᠨ ᠵᠢᠡᠭ᠌ᠳᠠᠭᠠᠨ ᠳ᠋ᠤ᠌ ᠨᠢᠭᠡᠨ ᠦᠶ᠎ᠡ ᠶ᠋ᠢ ᠡᠯᠡᠭᠡᠭᠰᠡᠨ ᠦ᠌ ᠪᠡᠨ ᠤᠴᠢᠷ ᠡᠭᠦᠨ ᠢ᠋ ᠪᠢ ᠬᠡᠯᠡᠬᠦ ᠦᠭᠡᠢ ᠪᠠᠢᠵᠤ ᠴᠢᠳᠠᠭᠰᠠᠨ ᠦᠭᠡᠢ᠃ ᠴᠢ ᠨᠠᠮᠠᠶ᠋ᠢ ᠮᠠᠭᠤ ᠬᠥᠮᠦᠨ ᠭᠡᠵᠦ ᠪᠣᠳᠣᠳᠠᠭ ᠪᠠᠢᠬ᠎ᠠ᠃ ᠲᠡᠭᠡᠪᠡᠯ ᠪᠢ ᠥᠪᠡᠷ ᠢ᠋ ᠪᠡᠨ ᠴᠢᠮ᠎ᠠ ᠳ᠋ᠤ᠌ ᠴᠠᠭᠠᠳᠬᠠᠬᠤ ᠤᠴᠢᠷᠲᠠᠢ᠃ ᠪᠣᠯᠭᠣᠮᠵᠢᠲᠠᠢ ᠪᠠᠢ! ᠭᠡᠵᠦ ᠫᠠᠭ᠍ᠰᠠᠡᠭ ᠬᠡᠯᠡᠭᠡᠳ ᠰᠢᠭᠤᠳᠬᠠᠨ ᠪᠣᠰᠴᠤ ᠭᠠᠳᠠᠭᠰᠢ ᠪᠠᠨ ᠭᠠᠷᠤᠯ᠎ᠠ᠃ ᠰᠠᠨᠵᠢ ᠶᠠᠭᠠᠬᠢᠬᠤ ᠴᠤ᠌ ᠤᠴᠢᠷ ᠢ᠋ᠶ᠋ᠠᠨ ᠣᠯᠤᠭᠰᠠᠨ ᠦᠭᠡᠢ《ᠬᠦᠢ ᠫᠠᠭ᠍ᠰᠠᠡᠭ》 ᠭᠡᠵᠦ ᠳᠠᠭᠤᠳᠠᠭᠰᠠᠨ ᠴᠢᠨᠢ ᠲᠡᠷᠡ ᠠᠯᠢ ᠬᠡᠳᠦᠢᠨ ᠬᠠᠰᠢᠶ᠎ᠠ ᠳᠠᠪᠠᠭᠠᠳ ᠬᠠᠷᠠᠩᠭᠤᠢ ᠭᠤᠳᠤᠮᠵᠢ ᠤᠷᠤᠭᠤ ᠵᠢᠪᠦᠨ ᠦᠵᠡᠭᠳᠡᠬᠦ ᠦᠭᠡᠢ ᠪᠣᠯᠪᠠ᠃
ᠰᠡᠳᠬᠢᠯ ᠢ᠋ ᠨᠢ ᠪᠦᠷᠢᠮᠦᠰᠦᠨ ᠬᠢᠮᠤᠷᠠᠭᠤᠯᠤᠭᠰᠠᠨ ᠲᠡᠷᠡ ᠶᠠᠷᠢᠶᠠᠨ ᠠ᠋ᠴᠠ ᠪᠣᠯᠤᠭᠠᠳ ᠰᠠᠨᠵᠢ ᠰᠥᠨᠢᠵᠢᠨ ᠡᠯᠳᠡᠪ ᠢ᠋ ᠪᠣᠳᠣᠯ᠎ᠠ᠃《ᠨᠣᠮ ᠳ᠋ᠤ᠌ ᠶᠡᠬᠡ ᠰᠠᠢᠵᠢᠷᠠᠭᠰᠠᠨ ᠬᠠᠷᠢ ᠶ᠋ᠢᠨ ᠬᠥᠮᠦᠨ ᠢ᠋ ᠨᠤᠲᠤᠭ ᠲᠤ᠌ ᠨᠢ ᠪᠤᠴᠠᠭᠠᠬᠤ ᠳᠤᠷ᠎ᠠ ᠦᠭᠡᠢ》 ᠭᠡᠰᠡᠨ ᠳᠠᠮ ᠦᠭᠡ ᠶ᠋ᠢ ᠰᠠᠨᠵᠢ ᠠᠯᠢ ᠬᠡᠳᠦᠢᠨ ᠰᠣᠨᠣᠰᠴᠤ ᠮᠡᠳᠡᠭᠰᠡᠨ ᠪᠠᠢᠯ᠎ᠠ᠃ ᠲᠡᠭᠦᠪᠡᠷ ᠴᠦ᠍ ᠪᠠᠷᠠᠬᠤ ᠦᠭᠡᠢ ᠶᠠᠭᠠᠬᠢᠵᠤ᠂ ᠶᠠᠮᠠᠷ ᠠᠷᠭ᠎ᠠ ᠪᠠᠷ ᠲᠡᠢᠮᠦ ᠬᠥᠮᠦᠨ ᠢ᠋ ᠦᠭᠡᠢ ᠬᠢᠳᠡᠭ ᠲᠤᠬᠠᠢ ᠴᠤ᠌ ᠵᠠᠷᠢᠮ ᠨᠢᠭᠡ ᠬᠠᠴᠢᠨ ᠶᠠᠷᠢᠶ᠎ᠠ ᠶ᠋ᠢ ᠲᠡᠷᠡ ᠤᠷᠢᠳᠤ ᠨᠢ ᠰᠣᠨᠣᠰᠤᠭᠰᠠᠨ ᠪᠠᠢᠵᠠᠢ᠃ ᠭᠡᠪᠡᠴᠦ ᠲᠡᠭᠦᠨ ᠳ᠋ᠦ᠍ ᠢᠲᠡᠭᠡᠳᠡᠭ ᠦᠭᠡᠢ ᠶᠠᠪᠤᠵᠠᠢ᠃ ᠣᠳᠣ ᠪᠣᠯᠬᠣᠷ ᠰᠢᠭᠤᠳ ᠯᠠ ᠥᠪᠡᠷ ᠲᠦ᠍ ᠨᠢ ᠬᠣᠯᠪᠣᠭᠳᠠᠬᠤ ᠬᠡᠷᠡᠭ ᠮᠠᠨᠳᠤᠵᠤ ᠪᠠᠢᠭ᠎ᠠ ᠨᠢ ᠡᠨᠡ ᠶᠦ᠍ᠮ ᠪᠣᠯᠪᠠ ᠤᠤ ᠭᠡᠵᠦ ᠡᠷᠡᠭᠡᠯᠵᠡᠬᠦ ᠡᠴᠡ ᠥᠭᠡᠷ᠎ᠡ ᠦᠭᠡᠢ ᠳ᠋ᠦ᠍ ᠬᠦᠷᠴᠡᠢ᠃ ᠶᠠᠮᠠᠷ ᠠᠷᠭ᠎ᠠ ᠪᠠᠷ ᠰᠠᠨᠵᠢ ᠶ᠋ᠢ ᠦᠭᠡᠢ ᠬᠢᠬᠦ ᠪᠣᠯ ᠭᠡᠳᠡᠭ ᠢ᠋ ᠥᠴᠢᠨᠡᠨ ᠣᠯᠠᠨ ᠬᠤᠪᠢᠯᠪᠤᠷᠢ ᠪᠠᠷ ᠲᠥᠯᠥᠪᠯᠡᠨ ᠪᠣᠳᠣᠪᠠ᠃
-《ᠶᠠᠭᠤᠨ ᠤ᠋ ᠤᠷᠢᠳᠤ ᠨᠠᠮᠠᠶ᠋ᠢ ᠨᠤᠲᠤᠭ ᠪᠤᠴᠠᠬᠤ ᠡᠰᠡᠬᠦ ᠶ᠋ᠢ ᠲᠡᠩᠨᠡᠵᠦ ᠮᠡᠳᠡᠬᠦ ᠪᠠᠢᠬ᠎ᠠ᠃ ᠬᠡᠨ ᠠᠩᠬ᠎ᠠ ᠲᠡᠢᠮᠦ ᠦᠭᠡ ᠠᠰᠠᠭᠤᠬᠤ ᠶ᠋ᠢ ᠰᠠᠢᠨ ᠠᠵᠢᠵᠤ ᠪᠣᠯᠭᠣᠮᠵᠢᠯᠠᠬᠤ ᠨᠢ ᠵᠥᠪ》 ᠭᠡᠵᠦ ᠰᠠᠨᠵᠢ ᠪᠣᠳᠣᠯ᠎ᠠ᠃ 《ᠨᠤᠲᠤᠭ ᠶᠠᠪᠤᠬᠤ ᠶ᠋ᠢ ᠮᠡᠳᠡᠭᠰᠡᠨ ᠦ᠌ ᠪᠡᠨ ᠳᠠᠷᠠᠭ᠎ᠠ ᠶᠠᠭᠠᠬᠢᠵᠤ ᠦᠭᠡᠢ ᠬᠢᠬᠦ ᠪᠣᠯ! ᠰᠥᠨᠢ ᠤᠨᠲᠠᠵᠤ ᠪᠠᠢᠬᠤ ᠳ᠋ᠤ᠌ ᠥᠨᠥᠳᠥᠷ ᠦ᠋ᠨ ᠫᠠᠭ᠍ᠰᠠᠡᠭ ᠰᠢᠭ᠋ ᠣᠷᠣᠵᠤ ᠢᠷᠡᠭᠡᠳ ᠰᠢᠯᠤᠭᠤᠬᠠᠨ ᠴᠠᠰᠢ ᠬᠠᠷᠠᠭᠤᠯᠬᠤ ᠪᠠᠢᠬ᠎ᠠ᠃ ᠲᠡᠭᠡᠪᠡᠯ ᠶᠠᠭᠠᠬᠢᠬᠤ ᠪᠣᠢ?》 ᠭᠡᠵᠦ ᠰᠠᠨᠵᠢ ᠪᠣᠳᠣᠯ᠎ᠠ᠃ 《ᠡᠭᠦᠳᠡᠨ ᠳ᠋ᠦ᠍ ᠪᠡᠨ ᠲᠦᠭᠵᠢᠶ᠎ᠡ ᠬᠢᠬᠦ ᠤᠤ? ᠲᠦᠭᠵᠢᠶ᠎ᠡ ᠶ᠋ᠢ ᠰᠤᠭᠤ ᠲᠠᠲᠠᠭᠠᠳ ᠯᠠ ᠣᠷᠣᠵᠤ ᠢᠷᠡᠨ᠎ᠡ᠃ ᠲᠡᠢᠮᠦ ᠳ᠋ᠦ᠍ ᠪᠡᠨ ᠲᠤᠯᠤᠭᠰᠠᠨ ᠬᠥᠮᠦᠰ ᠶᠠᠭᠤ ᠴᠤ᠌ ᠬᠢᠬᠦ ᠡᠴᠡ ᠪᠤᠴᠠᠬᠤ ᠦᠭᠡᠢ᠃ ᠲᠡᠭᠡᠪᠡᠯ ᠶᠠᠭᠠᠬᠢᠬᠤ ᠪᠣᠢ? ᠰᠡᠮᠬᠡᠨ ᠤᠷᠭᠤᠬᠤ ᠤᠤ? ᠳᠣᠣᠷ᠎ᠠ ᠨᠢ ᠭᠦᠢᠴᠡᠭᠡᠳ ᠪᠠᠷᠢᠵᠤ ᠠᠪᠬᠤ ᠪᠠᠢᠯᠭᠦᠢ᠃ ᠬᠠᠯᠬ᠎ᠠ ᠮᠢᠴᠠᠡᠭ ᠳᠤ ᠣᠴᠢᠵᠤ ᠨᠢᠭᠤᠭᠳᠠᠬᠤ ᠤᠤ? ᠪᠠᠰᠠ ᠯᠠ ᠳᠣᠣᠷ᠎ᠠ ᠪᠠᠨ ᠢᠯᠡᠷᠡᠬᠦ ᠪᠠᠢᠯᠭᠦᠢ》 ᠭᠡᠵᠦ ᠰᠠᠨᠵᠢ ᠲᠠᠯ᠎ᠠ ᠪᠦᠷᠢ ᠡᠴᠡ ᠡᠷᠭᠢᠴᠡᠭᠦᠯᠦᠨ ᠪᠣᠳᠣᠬᠤ ᠳ᠋ᠤ᠌ ᠭᠠᠷᠬᠤ ᠭᠠᠵᠠᠷ ᠦᠭᠡᠢ ᠮᠡᠲᠦ ᠪᠠᠢᠯ᠎ᠠ᠃
《ᠨᠠᠮᠠᠶ᠋ᠢ ᠥᠭᠡᠷ᠎ᠡ ᠶᠠᠮᠠᠷ ᠠᠷᠭ᠎ᠠ ᠪᠠᠷ ᠦᠭᠡᠢ ᠬᠢᠬᠦ ᠪᠣᠯ? ᠭᠤᠳᠤᠮᠵᠢᠨ ᠳ᠋ᠤ᠌ ᠶᠠᠪᠤᠵᠤ ᠪᠠᠢᠲᠠᠯ᠎ᠠ ᠳᠡᠭᠡᠷᠡᠮᠴᠢᠨ ᠦ᠌ ᠳᠦᠷᠢ ᠪᠡᠷ ᠳᠠᠭᠠᠷᠢᠨ ᠶᠡᠭᠦᠳᠬᠡᠬᠦ ᠤᠤ? ᠲᠡᠭᠡᠵᠦ ᠮᠡᠳᠡᠬᠦ ᠯᠡ ᠶᠦ᠍ᠮ᠃ ᠡᠰᠡᠪᠡᠯ ᠭᠦᠷᠢᠮ ᠴᠣᠢᠷᠣ᠎ᠠ ᠶ᠋ᠢᠨ ᠦᠶ᠎ᠡ ᠪᠡᠷ ᠬᠣᠣᠷ ᠲᠠᠢ ᠲᠠᠷᠠᠭ ᠢᠳᠡᠭᠦᠯᠬᠦ ᠪᠣᠯᠪᠠ ᠤᠤ? ᠲᠡᠷᠡ ᠴᠦ᠍ ᠪᠠᠰᠠ ᠪᠣᠯᠬᠤ ᠯᠠ ᠶᠤᠮ᠃ ᠭᠡᠬᠦ ᠳ᠋ᠦ᠍ ᠪᠡᠨ ᠬᠣᠣᠷᠲᠠᠨ ᠦᠬᠦᠭᠰᠡᠨ ᠢ᠋ ᠬᠡᠨ ᠬᠥᠮᠦᠨ ᠦᠭᠡᠢ ᠮᠡᠳᠡᠵᠦ ᠪᠥᠭᠡᠮ ᠶᠠᠷᠢᠶ᠎ᠠ ᠳᠡᠭᠳᠡᠬᠦ ᠪᠢᠵᠡ᠃ ᠲᠡᠭᠦᠨ ᠡᠴᠡ ᠰᠡᠪᠳᠡᠭᠡ ᠦᠭᠡᠢ ᠥᠭᠡᠷ᠎ᠡ ᠨᠠᠷᠢᠨ ᠠᠷᠭ᠎ᠠ ᠪᠣᠳᠣᠵᠤ ᠣᠯᠬᠤ ᠪᠠᠢᠯᠭᠦᠢ ᠳᠡ》 ᠭᠡᠵᠦ ᠪᠠᠰᠠ ᠪᠣᠳᠣᠯ᠎ᠠ᠃ ᠶᠡᠭᠦᠳᠬᠡᠨ ᠦᠭᠡᠢ ᠪᠣᠯᠭᠠᠵᠤ ᠪᠣᠯᠬᠤ ᠪᠦᠬᠦ ᠠᠷᠭ᠎ᠠ ᠶ᠋ᠢ ᠴᠥᠮ ᠢ᠋ ᠵᠢᠭᠰᠠᠭᠠᠨ ᠦᠵᠡᠭᠡᠳ ᠴᠥᠮ ᠦ᠋ᠨ ᠬᠢ ᠨᠢ ᠡᠰᠡᠷᠭᠦ ᠠᠷᠭ᠎ᠠ ᠰᠢᠷᠬᠡ ᠲᠥᠯᠥᠪᠯᠡᠬᠦ ᠪᠡᠷ ᠰᠢᠢᠳᠪᠡ᠃ ᠬᠠᠮᠤᠭ ᠤ᠋ᠨ ᠡᠬᠢᠯᠡᠭᠡᠳ ᠰᠥᠨᠢ ᠤᠨᠲᠠᠵᠤ ᠪᠠᠢᠬᠤ ᠦᠶ᠎ᠡ ᠪᠡᠷ ᠭᠡᠷ ᠲᠦ᠍ ᠨᠢ ᠨᠡᠪᠲᠡᠷᠡᠨ ᠣᠷᠣᠵᠤ ᠬᠥᠨᠥᠭᠡᠬᠦ ᠪᠣᠯᠵᠣᠰᠢ ᠦᠭᠡᠢ ᠠᠶᠤᠯ ᠤ᠋ᠨ ᠡᠰᠡᠷᠭᠦ ᠨᠠᠷᠢᠪᠴᠢᠯᠠᠭᠰᠠᠨ ᠠᠷᠭ᠎ᠠ ᠰᠢᠷᠬᠡ ᠪᠣᠳᠣᠵᠤ ᠵᠣᠬᠢᠶᠠᠬᠤ ᠪᠠᠷ ᠣᠷᠣᠯᠳᠣᠯ᠎ᠠ᠃ ᠬᠣᠶᠠᠷ ᠭᠤᠷᠪᠠᠨ ᠠᠷᠭ᠎ᠠ ᠣᠯᠤᠭᠰᠠᠨ ᠠ᠋ᠴᠠ ᠨᠢᠭᠡ ᠶ᠋ᠢ ᠨᠢ ᠰᠢᠯᠢᠵᠦ ᠠᠪᠤᠯ᠎ᠠ᠃ ᠲᠡᠢᠨ ᠬᠦ᠌ ᠰᠢᠨᠠᠯᠤᠭᠰᠠᠭᠠᠷ ᠪᠠᠢᠭᠠᠳ ᠪᠠᠷᠤᠭ ᠦᠷ ᠴᠦᠷ ᠢ᠋ᠶ᠋ᠡᠷ ᠪᠠᠭᠠᠬᠠᠨ ᠳᠤᠭᠭᠢᠵᠤ ᠤᠨᠲᠠᠬᠤ ᠳ᠋ᠤ᠌ ᠪᠠᠨ ᠶᠠᠳᠠᠵᠤ ᠬᠠᠷ᠎ᠠ ᠳᠠᠷᠤᠵᠤ ᠵᠡᠭᠦᠳᠦᠯᠡᠨ ᠰᠡᠷᠢᠵᠡᠢ᠃
ᠮᠠᠷᠭᠠᠰᠢ ᠨᠢ ᠨᠤᠲᠤᠭ ᠪᠤᠴᠠᠬᠤ ᠳ᠋ᠤ᠌ ᠬᠡᠷᠡᠭ ᠲᠡᠢ ᠶᠠᠭᠤᠮ᠎ᠠ ᠪᠠᠨ ᠵᠡᠬᠡᠵᠦ ᠪᠠᠵᠠᠭᠠᠬᠤ ᠪᠠᠷ ᠪᠤᠰᠤᠳ ᠲᠤ᠌ ᠠᠵᠢᠭᠯᠠᠭᠳᠠᠬᠤ ᠦᠭᠡᠢ ᠪᠡᠷ ᠭᠡᠷ ᠲᠦ᠍ ᠪᠡᠨ ᠨᠡᠯᠢᠶᠡᠳ ᠠᠵᠢᠯ ᠠᠮᠵᠢᠭᠤᠯᠵᠠᠢ᠃ ᠲᠡᠷᠡ ᠡᠳᠦᠷ ᠬᠤᠷᠠᠯ ᠨᠣᠮ ᠦᠭᠡᠢ ᠪᠠᠢᠭᠰᠠᠨ ᠢ᠋ ᠳᠠᠯᠢᠮᠳᠠᠭᠤᠯᠤᠨ ᠵᠢᠭᠠᠯ ᠵᠢᠭᠤᠯ ᠬᠡᠷᠡᠭ ᠢ᠋ᠶ᠋ᠡᠨ ᠪᠦᠲᠦᠭᠡᠯ᠎ᠡ᠃ ᠨᠥᠭᠥᠭᠡᠳᠦᠷ ᠨᠢ ᠰᠠᠨᠵᠢ ᠬᠤᠷᠠᠯ ᠨᠣᠮ ᠳ᠋ᠤ᠌ ᠪᠠᠨ ᠣᠴᠢᠬᠤ ᠪᠠᠷ ᠶᠠᠪᠤᠵᠤ ᠪᠠᠢᠲᠠᠯ᠎ᠠ ᠪᠠᠷᠠᠪᠡᠡᠭ ᠬᠡᠢᠳ ᠦ᠋ᠨ ᠭᠣᠷᠢᠯᠣᠮ ᠳ᠋ᠤ᠌ ᠣᠷᠣᠬᠤ ᠶ᠋ᠢᠨ ᠡᠮᠦᠨᠡᠬᠡᠨ ᠴᠣᠭ᠍ᠰᠤᠡᠭ ᠤᠭᠲᠤᠨ ᠢᠷᠡᠵᠦ ᠨᠢᠯᠤᠭᠤᠨ ᠢ᠋ᠶ᠋ᠠᠷ ᠢᠨᠢᠶᠡᠮᠰᠦᠭᠯᠡᠨ ᠮᠡᠨᠳᠦ ᠶ᠋ᠢ ᠮᠡᠳᠡᠵᠦ᠂
- ᡀᠠᠷᠠᠮᠪᠠ ᠰᠠᠨᠵᠢᠳᠠᠯᠪᠢᠴᠣᠢᠵᠠᠮᠰᠤ ᠲᠠᠨ ᠤ᠋ ᠠᠮᠤᠭᠤᠯᠠᠩ ᠢ᠋ ᠠᠢᠯᠠᠳᠬᠠᠶ᠎ᠠ! ᠭᠡᠮᠡᠨ ᠪᠥᠬᠥᠯᠵᠡᠯᠡ᠃
- ᡀᠠᠷᠠᠮᠪᠠ ᠭᠡᠳ ᠪᠠᠢᠬᠤ ᠴᠤ᠌ ᠪᠣᠯᠤᠭ᠎ᠠ ᠦᠭᠡᠢ ᠶᠦ᠍ᠮ ᠪᠢᠰᠢ ᠤᠤ? ᠭᠡᠵᠦ ᠰᠠᠨᠵᠢ ᠳᠤᠷ᠎ᠠ ᠦᠭᠡᠢᠴᠡᠬᠦ ᠳ᠋ᠦ᠍ ᠴᠣᠭᠰᠣᠩ ᠬᠤᠳᠠᠯ ᠢ᠋ᠶ᠋ᠠᠷ ᠢᠨᠢᠶᠡᠵᠦ᠂
- ᠪᠣᠯᠤᠯ ᠦᠭᠡᠢ ᠶᠠᠭᠠᠬᠢᠬᠤ ᠪᠣᠢ? ᡀᠠᠰᠠ ᠵᠣᠣ ᠪᠠᠷ ᠯᠠ ᠨᠢᠭᠡ ᠶᠠᠷᠢᠵᠤ ᠪᠠᠢᠬᠤ ᠳ᠋ᠤ᠌ ᠵᠢᠡᠭ᠌ᠳᠠᠭᠠᠨ ᠤ᠋ ᠴᠢᠨᠢ ᠨᠥᠬᠥᠷ ᠶᠠᠭᠠᠬᠢᠭᠠᠳ ᠬᠡᠯᠡᠵᠦ ᠪᠣᠯᠳᠠᠭ ᠦᠭᠡᠢ ᠶᠦ᠍ᠮ ᠪᠣᠢ? ᠭᠡᠪᠡ᠃ ᠲᠡᠷᠡ ᠬᠣᠶᠠᠷ ᠬᠡᠢᠳ ᠲᠦ᠍ ᠣᠢᠷᠠᠳᠴᠤ ᠶᠠᠪᠤᠲᠠᠯ᠎ᠠ ᠴᠣᠭᠰᠣᠩ᠂
- ᡀᠠᠷᠠᠮᠪᠠ ᠴᠣᠯᠠ ᠶ᠋ᠢ ᠬᠦᠷᠲᠡᠵᠦ ᠰᠠᠨᠵᠢᠳᠠᠯᠪᠢᠴᠣᠢᠵᠠᠮᠰᠤ ᠨᠡᠷ᠎ᠡ ᠡᠷᠭᠦᠮᠵᠢᠯᠡᠭᠳᠡᠭᠰᠡᠨ ᠲᠠ ᠣᠳᠣ ᠪᠤᠷᠬᠠᠨ ᠤ᠋ ᠣᠷᠣᠨ ᠲᠥᠪᠡᠳ ᠭᠠᠵᠠᠷ ᠦᠷᠭᠦᠯᠵᠢᠯᠡᠨ ᠰᠠᠭᠤᠵᠤ ᠲᠥᠪᠡᠳ᠂ ᠲᠠᠩᠭᠤᠳ᠂ ᠲᠠᠪᠤᠨ ᠬᠡᠯᠡ ᠶ᠋ᠢᠨ ᠠᠮᠢᠲᠠᠳ ᠨᠣᠮ ᠵᠢᠭᠠᠨ ᠰᠣᠶᠣᠷᠬᠠᠬᠤ ᠪᠢᠵᠡ ᠳᠡ ᠭᠡᠵᠦ ᠨᠢᠭᠡᠨ ᠵᠢᠡᠭ᠌ᠳᠠᠭᠠᠨ ᠤ᠋ ᠬᠢᠨ ᠴᠢᠨᠢ ᠢᠳᠡᠭᠡᠨ ᠭᠣᠷᠢᠳᠠᠵᠤ ᠪᠠᠢᠭ᠎ᠠ ᠶ᠋ᠢ ᠬᠡᠯᠡᠬᠦ ᠶᠠᠭᠤᠨ? ᠭᠡᠪᠡ᠃ ᠰᠠᠨᠵᠢ ᠲᠡᠭᠦᠨ ᠦ᠌ ᠦᠭᠡᠨ ᠳ᠋ᠦ᠍ ᠰᠡᠵᠢᠭ ᠲᠥᠷᠥᠵᠦ᠂
- ᠲᠥᠷᠥᠭᠰᠡᠨ ᠨᠤᠲᠤᠭ᠂ ᠲᠥᠷᠥᠭᠦᠯᠦᠭᠰᠡᠨ ᠡᠴᠢᠭᠡ ᠡᠬᠡ ᠪᠡᠨ ᠬᠠᠷᠠᠭᠰᠠᠨ ᠦᠭᠡᠢ ᠪᠦᠬᠦᠯᠢ ᠪᠦᠲᠦᠨ ᠦᠶ᠎ᠡ ᠥᠩᠭᠡᠷᠡᠯ᠎ᠡ᠃ ᠡᠷᠳᠡᠮ ᠦ᠋ᠨ ᠮᠥᠷ ᠬᠥᠭᠡᠭᠡᠵᠦ ᠰᠠᠭᠤᠭᠰᠠᠭᠠᠷ ᠶᠡᠬᠡ ᠴᠢᠯᠡᠯᠡ᠃ ᠨᠤᠲᠤᠭ ᠣᠷᠣᠨ ᠲᠥᠷᠥᠯ ᠲᠥᠷᠥᠭᠰᠡᠳ ᠦ᠋ᠨ ᠢ᠋ᠶ᠋ᠡᠨ ᠪᠠᠷ᠎ᠠ ᠶ᠋ᠢ ᠨᠢᠭᠡᠨ ᠤᠳᠠᠭ᠎ᠠ ᠳ᠋ᠠᠭᠠᠨ ᠡᠷᠭᠢᠵᠦ ᠬᠠᠷᠠᠭᠠᠳ ᠪᠤᠴᠠᠵᠤ ᠢᠷᠡᠳᠡᠭ ᠶᠦ᠍ᠮ ᠪᠢᠯᠢᠤ ᠳᠠ ᠭᠡᠵᠦ ᠪᠣᠳᠣᠬᠤ ᠶᠤᠮ ᠬᠡᠮᠡᠬᠦ ᠳ᠋ᠦ᠍᠂
- ᠨᠤᠲᠤᠭ ᠶᠠᠪᠤᠬᠤ ᠭᠡᠳᠡᠭ ᠴᠢᠨᠢ ᠪᠤᠷᠤᠭᠤ ᠦᠭᠡᠢ᠃ ᠭᠡᠬᠦ ᠳ᠋ᠦ᠍ ᠪᠡᠨ ᠡᠷᠭᠢᠵᠦ ᠢᠷᠡᠨ᠎ᠡ ᠪᠢᠵᠡ ᠳᠡ᠃ ᠲᠡᠭᠡᠬᠦ ᠦᠭᠡᠢ ᠪᠣᠯ ᠵᠢᠡᠭ᠌ᠳᠠᠭᠠᠨ ᠤ᠋ ᠬᠢᠨ ᠪᠢᠳᠡ ᠴᠢᠨᠢ ᠥᠨᠥᠴᠢᠷᠡᠨ᠎ᠡ ᠰᠢᠦ ᠳᠡ ᠭᠡᠵᠦ ᠴᠣᠭᠰᠣᠩ ᠶᠠᠷᠢᠯ᠎ᠠ᠃ ᠲᠡᠭᠡᠭᠡᠳ ᠰᠦᠮ᠎ᠡ ᠶ᠋ᠢᠨ ᠡᠭᠦᠳᠡ ᠬᠦᠷᠲᠡᠯ᠎ᠡ ᠲᠡᠳᠡ ᠳᠠᠭᠤ ᠦᠭᠡᠢ ᠶᠠᠪᠤᠵᠠᠭᠠᠯ᠎ᠠ᠃ ᠰᠦᠮ᠎ᠡ ᠳ᠋ᠦ᠍ ᠣᠷᠣᠬᠤ ᠶ᠋ᠢᠨ ᠡᠮᠦᠨ᠎ᠡ ᠴᠣᠭᠰᠣᠩ᠂
- ᠦᠨᠡᠬᠡᠷ ᠴᠢ ᠨᠤᠲᠤᠭ ᠶᠠᠪᠤᠬᠤ ᠪᠠᠷ ᠰᠢᠢᠳᠦᠭᠡ ᠤᠤ? ᠬᠡᠵᠢᠶ᠎ᠡ? ᠭᠡᠵᠦ ᠲᠤᠯᠭᠠᠨ ᠠᠰᠠᠭᠤᠵᠠᠢ᠃ ᠲᠡᠷᠡ ᠴᠦ᠍ ᠠᠷᠭ᠎ᠠ ᠦᠭᠡᠢ ᠯᠡ ᠰᠡᠵᠢᠭ ᠲᠥᠷᠥᠭᠦᠯᠦᠭᠰᠡᠨ ᠠᠰᠠᠭᠤᠯᠲᠠ ᠪᠠᠢᠪᠠ᠃
- ᠤᠳᠠᠬᠤ ᠦᠭᠡᠢ ᠶᠠᠪᠤᠨ᠎ᠠ᠃ ᠭᠡᠬᠦ ᠳ᠋ᠦ᠍ ᠪᠡᠨ ᠪᠢ ᠡᠷᠭᠢᠵᠦ ᠢᠷᠡᠨ᠎ᠡ ᠰᠢᠦ ᠳᠡ! ᠭᠡᠵᠦ ᠰᠠᠨᠵᠢ ᠬᠠᠶᠠᠭ᠎ᠠ ᠪᠠᠨ ᠮᠠᠨᠠᠭᠰᠠᠨ ᠦᠭᠡ ᠬᠡᠯᠡᠪᠡ᠃《ᠫᠠᠭᠰᠠᠩ ᠤ᠋ᠨ ᠬᠡᠯᠡᠳᠡᠭ ᠦᠨᠡᠨ ᠪᠣᠯᠤᠯ᠎ᠠ᠃ ᠡᠨᠡ ᠴᠣᠭᠰᠣᠩ ᠨᠠᠮᠠᠶ᠋ᠢ ᠨᠤᠲᠤᠭ ᠪᠤᠴᠠᠬᠤ ᠡᠰᠡᠬᠦ ᠶ᠋ᠢ ᠲᠡᠩᠨᠡᠵᠦ ᠶᠠᠪᠤᠨ᠎ᠠ》 ᠭᠡᠵᠦ ᠰᠠᠨᠵᠢ ᠰᠡᠵᠢᠭᠯᠡᠨ ᠪᠣᠳᠣᠯ᠎ᠠ᠃
ᠲᠡᠷᠡ ᠰᠥᠨᠢ ᠡᠴᠡ ᠡᠬᠢᠯᠡᠨ ᠪᠣᠯᠭᠣᠮᠵᠢᠲᠠᠢ ᠪᠠᠢᠬᠤ ᠪᠠᠷ ᠰᠠᠨᠵᠢ ᠰᠢᠢᠳᠦᠯ᠎ᠡ᠃ ᠰᠥᠨᠢᠵᠢᠨ ᠵᠤᠯᠠ ᠲᠠᠢ ᠤᠨᠲᠠᠳᠠᠭ ᠪᠣᠯᠪᠠ᠃ ᠲᠤᠭᠤᠯ ᠤ᠋ᠨ ᠠᠷᠠᠰᠤ ᠪᠠᠷ ᠬᠢᠭᠰᠡᠨ ᠲᠤᠯᠤᠮ ᠲᠠᠢ ᠵᠠᠮᠪᠠᠭ᠎ᠠ ᠭᠤᠯᠢᠷ ᠢ᠋ᠶ᠋ᠠᠨ ᠳᠦᠭᠦᠷᠭᠡᠵᠦ ᠠᠮᠠ ᠶ᠋ᠢ ᠨᠢ ᠪᠣᠭᠣᠯᠠ᠃ ᠲᠡᠭᠡᠭᠡᠳ ᠬᠥᠨᠵᠢᠯᠡ ᠳᠣᠲᠣᠷ᠎ᠠ ᠪᠠᠨ ᠬᠢᠵᠦ ᠬᠤᠴᠢᠪᠠ᠃ ᠵᠤᠯᠠ ᠶ᠋ᠢᠨ ᠭᠡᠷᠡᠯ ᠳ᠋ᠦ᠍ ᠶᠠᠭ ᠯᠠ ᠬᠥᠮᠦᠨ ᠤᠨᠲᠠᠵᠤ ᠪᠠᠢᠭ᠎ᠠ ᠶᠤᠮ ᠰᠢᠭ᠋ ᠬᠠᠷᠠᠭᠳᠠᠬᠤ ᠪᠠᠷ ᠵᠠᠰᠠᠯ᠎ᠠ᠃ ᠥᠪᠡᠷ ᠢ᠋ᠶ᠋ᠡᠨ ᠰᠢᠲᠦᠭᠡᠨ ᠦ᠌ ᠰᠢᠷᠡᠭᠡᠨ ᠳᠣᠣᠭᠤᠷ ᠣᠷᠣᠵᠤ ᠰᠠᠭᠤᠭ᠎ᠠ ᠪᠠᠷ ᠢ᠋ᠶ᠋ᠠᠨ ᠤᠨᠲᠠᠬᠤ ᠪᠠᠢᠷᠢ ᠵᠠᠰᠠᠵᠤ᠂ ᠭᠦᠡᠭ᠌ᠭᠠᠷᠪᠠ ᠲᠠᠢ ᠰᠢᠷᠡᠭᠡᠨ ᠦ᠌ ᠤᠷᠢᠳᠤ ᠤᠷᠤᠭᠤ ᠤᠨᠵᠢᠭᠤᠯᠤᠭᠰᠠᠨ ᠴᠠᠮᠪᠠᠨ ᠬᠥᠰᠢᠭᠡᠨ ᠦ᠌ ᠪᠠᠷᠠᠭᠤᠨ ᠥᠨᠴᠥᠭ ᠲᠦ᠍ ᠨᠢ ᠦᠯᠦ ᠮᠡᠳᠡᠭᠳᠡᠬᠦ ᠵᠢᠵᠢᠭᠬᠡᠨ ᠨᠦᠬᠡ ᠭᠠᠷᠭᠠᠯ᠎ᠠ᠃ ᠠᠩᠬᠠᠨ ᠤ᠋ ᠰᠥᠨᠢ ᠶᠠᠭᠤ ᠴᠤ᠌ ᠪᠣᠯᠤᠭᠰᠠᠨ ᠦᠭᠡᠢ᠃ ᠰᠠᠨᠵᠢ ᠰᠢᠲᠦᠭᠡᠨ ᠦ᠌ ᠪᠡᠨ ᠥᠨᠳᠥᠷ ᠰᠢᠷᠡᠭᠡᠨ ᠳᠣᠣᠭᠤᠷ ᠣᠷᠣᠵᠤ ᠰᠠᠭᠤᠭ᠎ᠠ ᠪᠠᠷ ᠢ᠋ᠶ᠋ᠠᠨ ᠬᠣᠨᠣᠯ᠎ᠠ᠃ ᠲᠤᠷᠭᠢᠮ ᠤ᠋ᠨ ᠳᠡᠭᠡᠷᠡᠬᠢ ᠵᠤᠯᠠ ᠶ᠋ᠢᠨ ᠪᠦᠳᠡᠭᠢ ᠭᠡᠷᠡᠯ ᠳ᠋ᠦ᠍ ᠰᠢᠮᠠᠬᠠᠨ ᠳᠣᠲᠣᠷᠠᠬᠢ ᠶᠠᠭᠤᠮ᠎ᠠ ᠪᠦᠬᠦᠨ ᠢᠯᠭᠠᠭᠳᠠᠬᠤ ᠲᠡᠳᠦᠢ ᠭᠡᠷᠡᠯᠲᠡᠢ ᠬᠠᠷᠠᠭᠳᠠᠨ᠎ᠠ᠃ ᠴᠠᠮᠪᠠᠨ ᠤᠨᠵᠢᠯᠭᠠᠨ ᠤ᠋ ᠪᠠᠷᠠᠭᠤᠨ ᠳᠡᠭᠡᠳᠦ ᠥᠨᠴᠥᠭ ᠲᠡᠬᠢ ᠦᠯᠦ ᠶᠠᠯᠢᠬᠠᠨ ᠵᠢᠵᠢᠭ ᠨᠦᠬᠡ ᠪᠡᠷ ᠬᠠᠷᠠᠬᠤ ᠳ᠋ᠤ᠌ ᠰᠢᠮᠠᠬᠠᠨ ᠳᠣᠲᠣᠷᠠᠬᠢ ᠶᠠᠭᠤᠮᠠᠰ ᠴᠥᠮ ᠪᠠᠭᠲᠠᠨ ᠦᠵᠡᠭᠳᠡᠵᠦ ᠪᠠᠢᠯ᠎ᠠ᠃
ᠲᠡᠷᠡᠴᠢᠯᠡᠨ ᠢ᠋ᠶ᠋ᠡᠷ ᠭᠤᠷᠪᠠᠨ ᠰᠥᠨᠢ ᠥᠩᠭᠡᠷᠡᠯ᠎ᠡ᠃ ᠶᠠᠮᠠᠷ ᠨᠢᠭᠡᠨ ᠠᠶᠤᠯᠲᠠᠢ ᠶᠠᠭᠤᠮ᠎ᠠ ᠲᠣᠬᠢᠶᠠᠯᠳᠤᠭᠰᠠᠨ ᠦᠭᠡᠢ᠃ ᠰᠠᠨᠵᠢ ᠭᠠᠳᠠᠭᠤᠷ ᠭᠠᠷᠬᠤ ᠳ᠋ᠤ᠌ ᠪᠠᠨ ᠭᠠᠭᠴᠠᠭᠠᠷ ᠢ᠋ᠶ᠋ᠠᠨ ᠶᠠᠪᠤᠬᠤ ᠦᠭᠡᠢ ᠶ᠋ᠢ ᠬᠢᠴᠢᠶᠡᠵᠦ ᠪᠠᠢᠯ᠎ᠠ᠃ ᠪᠠᠰᠠ ᠱᠣᠭᠠ ᠴᠣᠢᠷᠣ᠎ᠠ ᠭᠡᠳᠡᠭ ᠥᠷᠯᠥᠭᠡᠨ ᠦ᠌ ᠤᠩᠰᠢᠯᠭ᠎ᠠ᠂ ᠭᠦᠨᠴᠢᠭ ᠴᠣᠢᠷᠣ᠎ᠠ ᠭᠡᠳᠡᠭ ᠡᠳᠦᠷ ᠦ᠋ᠨ ᠤᠩᠰᠢᠯᠭ᠎ᠠ᠂ ᠭᠦᠷᠢᠮ ᠴᠣᠢᠷᠣ᠎ᠠ ᠭᠡᠳᠡᠭ ᠣᠷᠣᠢ ᠶ᠋ᠢᠨ ᠤᠩᠰᠢᠯᠭ᠎ᠠ ᠶ᠋ᠢᠨ ᠳᠠᠷᠠᠭ᠎ᠠ ᠮᠠᠩᠵᠠ᠂ ᠭᠣᠡᠭ᠌ᠵᠠ ᠶ᠋ᠢᠨ ᠠᠯᠢᠨ ᠢ᠋ ᠴᠦ᠍ ᠠᠮᠠᠨ ᠳ᠋ᠤ᠌ ᠪᠠᠨ ᠬᠦᠷᠭᠡᠬᠦ ᠦᠭᠡᠢ ᠪᠠᠢᠯ᠎ᠠ᠃ ᠲᠡᠷᠡ ᠬᠣᠭᠣᠷᠣᠨᠳᠣ ᠨᠤᠲᠤᠭ ᠪᠤᠴᠠᠬᠤ ᠪᠦᠬᠦ ᠪᠡᠯᠡᠳᠬᠡᠯ ᠢ᠋ ᠬᠢᠵᠦ ᠬᠠᠯᠬ᠎ᠠ ᠮᠢᠽᠠᠨ ᠤ᠋ ᠨᠢᠭᠡ ᠨᠠᠢᠵᠠ ᠲᠠᠢ ᠪᠠᠨ ᠬᠠᠮᠲᠤᠷᠠᠨ ᠶᠠᠪᠤᠬᠤ ᠪᠠᠷ ᠪᠡᠯᠡᠳᠴᠡᠢ᠃
᠁ ᠳᠥᠷᠪᠡᠳᠡᠬᠢ ᠰᠥᠨᠢ ᠳᠤᠮᠳᠠ ᠪᠠᠨ ᠣᠷᠣᠵᠤ ᠪᠠᠢᠯ᠎ᠠ᠃ ᠰᠠᠨᠵᠢ ᠶ᠋ᠢᠨ ᠨᠣᠢᠷ ᠶᠡᠬᠡ ᠠᠮᠠᠷᠬᠠᠨ ᠬᠤᠯᠵᠢᠳᠠᠭ ᠪᠣᠯᠤᠭᠠᠳ ᠪᠠᠢᠭᠰᠠᠨ ᠦᠶ᠎ᠡ ᠪᠢᠯᠡ᠃ ᠬᠡᠨ ᠨᠢᠭᠡᠨ ᠬᠥᠮᠦᠨ ᠬᠠᠰᠢᠶ᠎ᠠ ᠶ᠋ᠢ ᠨᠢ ᠳᠠᠪᠠᠬᠤ ᠰᠢᠭ᠋ ᠪᠣᠯᠬᠤ ᠳ᠋ᠤ᠌ ᠰᠠᠨᠵᠢ ᠰᠡᠷᠡᠵᠦ ᠴᠢᠮᠡᠭᠡ ᠴᠢᠩᠨᠠᠪᠠ᠃ ᠳᠠᠬᠢᠭᠠᠳ ᠨᠢᠭᠡ ᠬᠥᠮᠦᠨ ᠬᠠᠰᠢᠶ᠎ᠠ ᠳᠠᠪᠠᠬᠤ ᠰᠢᠭ᠋ ᠪᠣᠯᠤᠯ᠎ᠠ᠃ ᠵᠢᠭᠠᠬᠠᠨ ᠪᠠᠢᠵᠤ ᠪᠠᠢᠭᠰᠠᠨ ᠢ᠋ᠶ᠋ᠠᠨ ᠭᠤᠷᠪᠠᠳᠠᠬᠢ ᠬᠥᠮᠦᠨ ᠬᠠᠰᠢᠶ᠎ᠠ ᠳᠠᠪᠠᠨ ᠣᠷᠣᠵᠤ ᠢᠷᠡᠬᠦ ᠰᠢᠭ ᠪᠣᠯᠤᠯ᠎ᠠ᠃ ᠰᠠᠨᠵᠢ ᠰᠢᠲᠦᠭᠡᠨ ᠳᠣᠣᠭᠤᠷ ᠢ᠋ᠶ᠋ᠠᠨ ᠵᠠᠪᠢᠯᠠᠨ ᠰᠠᠭᠤᠭᠰᠠᠨ ᠴᠢᠭ ᠲᠦ᠍ ᠪᠡᠨ ᠴᠢᠮᠡᠭᠡ ᠴᠢᠩᠨᠠᠵᠤ᠂ ᠪᠠᠷᠠᠭᠤᠨ ᠭᠠᠷ ᠲᠤ᠌ ᠪᠠᠨ ᠭᠤᠷᠪᠠᠨ ᠦᠵᠦᠭᠦᠷ ᠲᠡᠢ ᠵᠡᠰᠦᠮ ᠪᠠᠷᠢᠭᠠᠳ ᠬᠦᠯᠢᠶᠡᠵᠦ ᠰᠠᠭᠤᠯ᠎ᠠ᠃ ᠬᠠᠰᠢᠶ᠎ᠠ ᠳᠠᠪᠠᠭᠰᠠᠨ ᠬᠥᠮᠦᠰ ᠰᠡᠮᠡᠭᠡᠷᠬᠡᠨ ᠭᠡᠲᠡᠬᠦ ᠮᠠᠢᠭ ᠢ᠋ᠶ᠋ᠠᠷ ᠶᠠᠪᠤᠵᠠᠭᠠᠵᠤ ᠪᠠᠢᠬᠤ ᠶ᠋ᠢ ᠰᠠᠨᠵᠢ ᠶᠡᠬᠡ ᠯᠡ ᠲᠣᠳᠣ ᠰᠣᠨᠣᠰᠴᠤ᠂ ᠠᠢᠳᠠᠰ ᠨᠢ ᠬᠦᠷᠬᠦ ᠰᠢᠭ ᠪᠣᠯᠤᠯ᠎ᠠ᠃ ᠬᠠᠭᠠᠯᠭ᠎ᠠ ᠨᠢ ᠲᠤᠩ ᠠᠶᠠᠷᠬᠠᠨ ᠨᠡᠭᠡᠭᠡᠭᠳᠡᠬᠦ ᠶ᠋ᠢ ᠪᠠᠰᠠ ᠮᠡᠳᠡᠷᠡᠪᠡ᠃ ᠴᠠᠮᠪᠠᠨ ᠤᠨᠵᠢᠯᠭᠠᠨ ᠤ᠋ ᠪᠠᠷᠠᠭᠤᠨ ᠳᠡᠭᠡᠳᠦ ᠬᠡᠰᠡᠭ ᠲᠡᠬᠢ ᠵᠢᠵᠢᠭᠬᠡᠨ ᠨᠦᠬᠡ ᠪᠡᠷ ᠰᠠᠨᠵᠢ ᠠᠵᠢᠭᠯᠠᠵᠤ ᠪᠠᠢᠯ᠎ᠠ᠃ ᠥᠨᠥᠴᠢᠨ ᠵᠤᠯᠠ ᠶ᠋ᠢᠨ ᠭᠡᠷᠡᠯ ᠳ᠋ᠦ᠍ ᠰᠢᠮᠠᠬᠠᠨ ᠳᠣᠲᠣᠷᠠᠬᠢ ᠪᠦᠳᠡᠭᠢᠬᠡᠨ ᠬᠠᠷᠠᠭᠳᠠᠵᠤ ᠪᠠᠢᠪᠠ᠃ ᠭᠤᠷᠪᠠᠨ ᠬᠥᠮᠦᠨ ᠴᠤᠪᠤᠨ ᠣᠷᠣᠵᠤ ᠢᠷᠡᠯ᠎ᠡ᠃ ᠰᠠᠨᠵᠢ ᠵᠣᠯ ᠲᠠᠢ ᠯᠠ ᠳᠠᠭᠤ ᠠᠯᠳᠠᠴᠢᠬᠠᠭᠰᠠᠨ ᠦᠭᠡᠢ᠃ ᠤᠴᠢᠷ ᠨᠢ ᠬᠠᠮᠤᠭ ᠤ᠋ᠨ ᠲᠦᠷᠦᠭᠦᠨ ᠳ᠋ᠦ᠍ ᠨᠠᠢᠷᠰᠠᠭ ᠨᠠᠢᠵᠠ ᠴᠣᠭᠰᠣᠩ ᠨᠢ ᠣᠷᠣᠵᠤ ᠢᠷᠡᠵᠡᠢ᠃ ᠲᠡᠭᠦᠨ ᠦ᠌ ᠦᠷᠭᠦᠯᠵᠢ ᠢᠨᠢᠶᠡᠪᠬᠢᠯᠡᠵᠦ ᠶᠠᠪᠤᠳᠠᠭ ᠰᠢᠷᠠᠮᠠᠨ ᠴᠢᠷᠠᠢ ᠨᠢ ᠠᠶᠤᠮᠰᠢᠭᠲᠠᠢ ᠲᠣᠭᠰᠢᠨ ᠪᠠᠢᠳᠠᠯ ᠲᠠᠢ ᠪᠣᠯᠤᠭᠰᠠᠨ ᠬᠠᠷᠠᠭᠳᠠᠪᠠ᠃ ᠬᠠᠴᠢᠨ ᠪᠠᠷᠠᠭᠠᠨ ᠬᠤᠪᠴᠠᠰᠤ ᠡᠮᠦᠰᠦᠭᠡᠳ ᠨᠢᠭᠤᠷ ᠤᠷᠤᠭᠤ ᠪᠠᠨ ᠬᠠᠷ᠎ᠠ ᠬᠢᠯᠭᠠᠰᠤᠨ ᠰᠠᠩᠭᠠᠰᠪᠠ ᠤᠨᠵᠢᠭᠤᠯᠵᠠᠢ᠃ ᠲᠡᠷᠡ ᠲᠣᠯᠣᠭᠠᠢ ᠶ᠋ᠢ ᠪᠡᠨ ᠭᠡᠳᠡᠷᠭᠦ ᠰᠠᠪᠠᠵᠤ ᠰᠠᠩᠭᠠᠰᠪᠠ ᠶ᠋ᠢ ᠪᠡᠨ ᠳᠤᠬᠤᠨ ᠳᠡᠭᠡᠭᠦᠷ ᠢ᠋ᠶ᠋ᠡᠨ ᠬᠣᠢᠰᠢ ᠨᠢ ᠰᠡᠬᠦᠵᠦ ᠨᠢᠭᠤᠷ ᠢ᠋ᠶ᠋ᠠᠨ ᠢᠯᠡ ᠭᠠᠷᠭᠠᠭ᠎ᠠ ᠦᠭᠡᠢ ᠪᠣᠯ ᠰᠠᠨᠵᠢ ᠲᠠᠨᠢᠬᠤ ᠦᠭᠡᠢ ᠥᠩᠭᠡᠷᠡᠵᠦ ᠪᠣᠯᠬᠤ ᠠᠵᠠᠢ᠃ ᠤᠷᠲᠤ ᠭᠡᠭᠴᠢ ᠶ᠋ᠢᠨ ᠰᠡᠯᠡᠮ᠎ᠡ ᠪᠥᠰᠡᠨ ᠡᠴᠡ ᠪᠡᠨ ᠵᠡᠭᠦᠵᠡᠢ᠃ ᠲᠡᠭᠦᠨ ᠦ᠌ ᠪᠡᠨ ᠡᠰᠢᠨ ᠡᠴᠡ ᠪᠠᠷᠠᠭᠤᠨ ᠭᠠᠷ ᠢ᠋ᠶ᠋ᠠᠷ ᠢ᠋ᠶ᠋ᠠᠨ ᠠᠳᠬᠤᠭᠰᠠᠨ ᠪᠠᠢᠯ᠎ᠠ᠃ ᠬᠣᠢᠨ᠎ᠠ ᠠ᠋ᠴᠠ ᠨᠢ ᠳᠠᠭᠠᠵᠤ ᠢᠷᠡᠭᠰᠡᠨ ᠬᠣᠶᠠᠷ ᠬᠥᠮᠦᠨ ᠨᠢ ᠣᠭᠲᠣ ᠲᠠᠨᠢᠬᠤ ᠦᠭᠡᠢ ᠤᠯᠤᠰ ᠪᠠᠢᠯ᠎ᠠ᠃ ᠲᠡᠷᠡ ᠭᠤᠷᠪᠠ ᠡᠩᠨᠡᠨ ᠵᠣᠭᠰᠣᠯ᠎ᠠ᠃ ᠲᠡᠭᠡᠮᠡᠭᠴᠡ ᠭᠤᠷᠪᠠᠭᠤᠯᠠ ᠪᠠᠨ ᠠᠮᠠᠨ ᠳᠣᠲᠣᠷ᠎ᠠ ᠪᠠᠨ ᠮᠠᠨᠢ ᠰᠢᠪᠡᠨᠡᠨ ᠤᠩᠰᠢᠪᠠ᠃ ᠳᠠᠷᠠᠭ᠎ᠠ ᠨᠢ ᠴᠣᠭᠰᠣᠩ ᠰᠡᠯᠡᠮ᠎ᠡ ᠪᠡᠨ ᠭᠡᠷ ᠡᠴᠡ ᠨᠢ ᠰᠤᠭᠤᠯᠤᠨ ᠠᠪᠬᠤ ᠶ᠋ᠢ ᠰᠠᠨᠵᠢ ᠵᠤᠯᠠ ᠶ᠋ᠢᠨ ᠪᠦᠳᠡᠭᠢ ᠭᠡᠷᠡᠯ ᠳ᠋ᠦ᠍ ᠲᠣᠳᠣ ᠬᠠᠷᠠᠯ᠎ᠠ᠃ ᠪᠣᠯᠣᠳ ᠲᠡᠮᠦᠷ ᠢᠯᠳᠦ ᠨᠢ ᠭᠢᠯᠠᠰᠬᠢᠨ ᠬᠠᠷᠠᠭᠳᠠᠬᠤ ᠲᠡᠷᠡ ᠮᠥᠴᠡ ᠳ᠋ᠦ᠍ ᠰᠠᠨᠵᠢ ᠶ᠋ᠢᠨ ᠳᠣᠲᠣᠷ᠎ᠠ ᠫᠠᠯᠬᠢᠬᠤ ᠰᠢᠭ᠋ ᠪᠣᠯᠤᠯ᠎ᠠ᠃ ᠴᠣᠭᠰᠣᠩ ᠰᠡᠯᠡᠮ᠎ᠡ ᠪᠡᠨ ᠪᠠᠷᠠᠭᠤᠨ ᠭᠠᠷ ᠲᠤ᠌ ᠪᠠᠨ ᠡᠷᠭᠦᠵᠦ᠂ ᠰᠠᠨᠵᠢ ᠶ᠋ᠢᠨ ᠣᠷᠣᠨ ᠳᠠᠰᠢ ᠬᠤᠯᠤᠭᠠᠨ᠎ᠠ ᠳ᠋ᠤ᠌ ᠭᠡᠲᠡᠭᠰᠡᠨ ᠮᠤᠤᠷ ᠰᠢᠭ᠋ ᠰᠠᠮ ᠰᠠᠮ ᠠᠯᠬᠤᠨ ᠣᠢᠷᠠᠳᠴᠤ ᠣᠴᠢᠭᠠᠳ ᠭᠤᠷᠪᠠᠨ ᠤᠳᠠᠭ᠎ᠠ ᠲᠣᠬᠢᠬᠤ ᠰᠢᠭ᠋ ᠪᠣᠯᠪᠠ᠃ ᠰᠡᠭᠦᠯᠴᠢ ᠶ᠋ᠢᠨ ᠬᠢ ᠳ᠋ᠦ᠍ ᠨᠢ ᠪᠢᠲᠡᠭᠦᠦ ᠲᠦᠩᠰᠢᠬᠦ ᠮᠡᠲᠦ ᠴᠢᠮᠡᠭᠡ ᠭᠠᠷᠤᠯ᠎ᠠ᠃ ᠴᠣᠭᠰᠣᠩ ᠲᠡᠷᠡ ᠭᠤᠷᠪᠠ ᠳᠠᠬᠢᠨ ᠮᠠᠨᠢ ᠤᠩᠰᠢᠵᠤ᠂ ᠭᠤᠷᠪᠠᠨᠲᠠ ᠵᠠᠯᠪᠠᠷᠢᠯ ᠦᠢᠯᠡᠳᠦᠭᠡᠳ ᠰᠠᠮ ᠰᠠᠮ ᠠᠯᠬᠤᠯᠠᠨ ᠭᠠᠷᠴᠤ ᠶᠠᠪᠤᠵᠠᠭᠠᠯ᠎ᠠ᠃ ᠪᠦᠬᠦ ᠪᠡᠶ᠎ᠡ ᠡᠴᠡ ᠨᠢ ᠬᠦᠢᠲᠡᠨ ᠬᠥᠯᠥᠰᠥ ᠭᠠᠷᠴᠤ ᠪᠠᠢᠬᠤ ᠶ᠋ᠢ ᠰᠠᠨᠵᠢ ᠮᠡᠳᠡᠵᠦ᠂ ᠠᠶᠤᠵᠤ ᠲᠡᠪᠡᠳᠡᠨ᠂ ᠪᠡᠶ᠎ᠡ ᠪᠡᠨ ᠪᠠᠷᠢᠭᠰᠠᠨ ᠬᠦᠯᠢᠶᠡᠭᠰᠡᠨ ᠡᠴᠡ ᠪᠡᠨ ᠰᠠᠢ ᠯᠠ ᠮᠤᠯᠲᠤᠷᠠᠬᠤ ᠰᠢᠭ᠋ ᠪᠣᠯᠵᠠᠢ᠃《ᠬᠠᠮᠤᠭ ᠤ᠋ᠨ ᠰᠠᠢᠨ ᠨᠠᠢᠵᠠ ᠰᠢᠭ᠋ ᠮᠢᠨᠢ ᠨᠠᠭᠠᠯᠳᠤᠵᠤ ᠪᠠᠢᠭᠰᠠᠨ ᠥᠨᠥᠬᠢ ᠴᠣᠭᠰᠣᠩ ᠭᠠᠢᠬᠠᠯ ᠯᠠ ᠨᠠᠮᠠᠶ᠋ᠢ ᠪᠠᠨ ᠬᠥᠨᠥᠭᠡᠬᠦ ᠪᠡᠷ ᠢᠷᠡᠳᠡᠭ ᠪᠠᠢᠨ᠎ᠠ ᠰᠢᠦ! ᠭᠡᠲᠡᠯ᠎ᠡ ᠬᠠᠮᠤᠭ ᠤ᠋ᠨ ᠮᠠᠭᠤ ᠨᠠᠢᠵᠠ ᠰᠢᠭ᠋ ᠪᠠᠢᠭᠰᠠᠨ ᠫᠠᠭ᠍ᠰᠠᠡᠭ ᠪᠣᠯᠬᠣᠷ ᠨᠠᠮᠠᠶ᠋ᠢ ᠪᠠᠨ ᠠᠪᠤᠷᠠᠬᠤ ᠭᠡᠵᠦ ᠪᠣᠳᠣᠵᠤ ᠶᠠᠪᠤᠳᠠᠭ ᠪᠠᠢᠨ᠎ᠠ ᠰᠢᠦ! ᠣᠷᠴᠢᠯᠠᠩ ᠭᠡᠳᠡᠭ ᠡᠢᠮᠦ ᠠᠵᠠᠢ᠃ ᠡᠷᠭᠢᠵᠦ ᠬᠥᠷᠪᠡᠵᠦ ᠪᠠᠢᠳᠠᠭ ᠪᠠᠢᠵᠠᠢ!》 ᠭᠡᠵᠦ ᠰᠠᠨᠵᠢ ᠪᠣᠳᠣᠭᠠᠳ ᠰᠢᠲᠦᠭᠡᠨ ᠦ᠌ ᠰᠢᠷᠡᠭᠡᠨ ᠳᠣᠣᠭᠤᠷ ᠠ᠋ᠴᠠ ᠭᠠᠷᠴᠤ ᠴᠢᠮᠡᠭᠡ ᠴᠢᠩᠨᠠᠪᠠ᠃ ᠢᠷᠡᠭᠰᠡᠨ ᠬᠥᠮᠦᠰ ᠬᠠᠰᠢᠶ᠎ᠠ ᠳᠠᠪᠠᠭᠠᠳ ᠴᠢᠮᠡᠭᠡ ᠰᠤᠷᠠᠭ ᠦᠭᠡᠢ ᠠᠯᠠᠭ᠎ᠠ ᠪᠤᠯᠵᠠᠭᠠᠯ᠎ᠠ᠃
ᠰᠠᠨᠵᠢ ᠪᠣᠯᠭᠣᠮᠵᠢᠲᠠᠢ ᠠᠯᠬᠤᠯᠠᠨ ᠣᠷᠣᠨ ᠤ᠋ ᠪᠠᠨ ᠳᠡᠷᠭᠡᠳᠡ ᠣᠴᠢᠭᠠᠳ ᠬᠥᠨᠵᠢᠯᠡ ᠪᠡᠨ ᠰᠡᠬᠦᠨ ᠦᠵᠡᠪᠡᠯ ᠲᠤᠯᠤᠮ ᠲᠠᠢ ᠵᠠᠮᠪᠠᠭ᠎ᠠ ᠭᠤᠷᠪᠠᠨ ᠭᠠᠵᠠᠷ ᠢ᠋ᠶ᠋ᠠᠷ ᠬᠠᠭᠠᠰ ᠵᠦᠰᠦᠭᠳᠡᠭᠡᠳ ᠳᠣᠲᠣᠷᠠᠬᠢ ᠭᠤᠯᠢᠷ ᠨᠢ ᠭᠣᠭᠣᠵᠢᠵᠤ ᠪᠠᠢᠬᠤ ᠶ᠋ᠢ ᠣᠯᠵᠤ ᠬᠠᠷᠠᠭᠠᠳ 《ᠪᠢ ᠡᠨᠳᠡ ᠪᠠᠢᠭᠰᠠᠨ ᠪᠣᠯ ᠢᠩᠭᠢᠭᠡᠳ ᠯᠡ ᠭᠤᠷᠪᠠᠨ ᠬᠦᠷᠳᠦ ᠪᠡᠷ ᠢ᠋ᠶ᠋ᠡᠨ ᠳᠡᠰ ᠴᠠᠪᠴᠢᠭᠳᠠᠭᠠᠳ ᠥᠩᠭᠡᠷᠡᠬᠦ ᠪᠠᠢᠵᠠᠢ》 ᠭᠡᠵᠦ ᠪᠣᠳᠣᠭᠠᠳ ᠰᠠᠨᠵᠢ ᠠᠶᠤᠨ ᠵᠢᠬᠡᠭᠦᠳᠡᠰᠦ ᠬᠦᠷᠬᠦ ᠰᠢᠭ ᠪᠣᠯᠤᠯ᠎ᠠ᠃
ᠲᠡᠷᠡ ᠳᠠᠷᠤᠢ ᠲᠤᠯᠤᠮ ᠲᠠᠢ ᠭᠤᠯᠢᠷ ᠢ᠋ᠶ᠋ᠠᠨ ᠣᠷᠣᠨ ᠳᠣᠲᠣᠷ᠎ᠠ ᠠ᠋ᠴᠠ ᠪᠠᠨ ᠭᠠᠷᠭᠠᠨ ᠰᠢᠭᠤᠳᠠᠢ ᠳ᠋ᠤ᠌ ᠳᠠᠯᠳᠠ ᠬᠢᠯ᠎ᠡ᠃《ᠮᠠᠷᠭᠠᠰᠢ ᠥᠷᠯᠥᠭᠡ ᠯᠡ ᠡᠳᠡ ᠨᠠᠷ ᠡᠭᠦᠪᠡᠷ ᠢᠷᠡᠵᠦ ᠰᠢᠨᠵᠢᠯᠡᠨ ᠰᠢᠯᠭᠠᠨ᠎ᠠ᠃ ᠲᠡᠭᠡᠭᠡᠳ ᠨᠠᠮᠠᠶ᠋ᠢ ᠠᠮᠢᠳᠤ ᠦᠯᠡᠳᠡᠭᠰᠡᠨ ᠢ᠋ ᠮᠡᠳᠡᠪᠡᠯ ᠮᠥᠷᠳᠡᠨ ᠬᠥᠭᠡᠭᠡᠵᠦ ᠡᠬᠢᠯᠡᠨ᠎ᠡ᠃ ᠡᠢᠮᠦ ᠳ᠋ᠦ᠍ ᠤᠯᠠ ᠮᠥᠷ ᠢ᠋ ᠰᠠᠶᠢᠲᠤᠷ ᠪᠠᠯᠠᠯᠬᠤ ᠨᠢ ᠵᠥᠪ》ᠭᠡᠵᠦ ᠰᠠᠨᠵᠢ ᠪᠣᠳᠣᠭᠠᠳ ᠱᠠᠯᠠᠮᠠᠭᠠᠢᠯᠠᠨ ᠬᠥᠳᠡᠯᠵᠦ ᠪᠦᠬᠦ ᠶᠠᠭᠤᠮ᠎ᠠ ᠶ᠋ᠢ ᠰᠠᠨᠠᠭᠰᠠᠨ ᠶᠣᠰᠣᠭᠠᠷ ᠢ᠋ᠶ᠋ᠠᠨ ᠶᠠᠩᠵᠤᠯᠠᠪᠠ᠃ ᠲᠡᠭᠡᠭᠡᠳ ᠪᠡᠷᠢᠮᠦᠭ ᠡᠮᠡᠭᠡᠨ ᠦ᠌ ᠵᠠᠬᠢᠵᠤ ᠪᠠᠢᠭᠰᠠᠨ ᠦᠭᠡ ᠶ᠋ᠢ ᠳᠠᠭᠠᠬᠤ ᠪᠠᠷ ᠰᠢᠢᠳᠪᠡ᠃ ᠲᠠᠯᠢᠢᠭᠠᠴᠢ ᠡᠮᠡᠭᠡᠨ ᠦ᠌ ᠦᠯᠡᠳᠡᠭᠡᠭᠰᠡᠨ ᠰᠢᠷᠢᠨ ᠠᠪᠳᠠᠷ᠎ᠠ ᠳᠣᠲᠣᠷ᠎ᠠ ᠠ᠋ᠴᠠ ᠲᠡᠭᠦᠨ ᠦ᠌ ᠵᠠᠯᠠᠭᠤ ᠴᠠᠭ ᠲᠤ᠌ ᠪᠠᠨ ᠡᠮᠦᠰᠴᠦ ᠪᠠᠢᠭᠰᠠᠨ ᠰᠢᠮᠨᠠᠨᠼ ᠤ᠋ᠨ ᠬᠤᠪᠴᠠᠰᠤ ᠶ᠋ᠢ ᠭᠠᠷᠭᠠᠵᠤ ᠠᠪᠤᠯ᠎ᠠ᠃ ᠲᠡᠷᠡ ᠬᠦ᠌ ᠰᠢᠮᠨᠠᠨᠼ ᠤ᠋ᠨ ᠬᠤᠪᠴᠠᠰᠤ ᠶ᠋ᠢ ᠡᠮᠦᠰᠴᠦ ᠭᠡᠯᠦᠩᠮᠠ ᠪᠣᠯᠤᠨ ᠬᠤᠪᠢᠷᠠᠬᠤ ᠪᠠᠷ ᠲᠡᠷᠡ ᠤᠷᠢᠳᠠ ᠠ᠋ᠴᠠ ᠪᠣᠳᠣᠵᠤ ᠣᠯᠤᠭᠰᠠᠨ ᠪᠠᠢᠯ᠎ᠠ᠃ ᠵᠡᠬᠡᠵᠦ ᠪᠡᠯᠡᠳᠬᠡᠭᠰᠡᠨ ᠪᠤᠰᠤᠳ ᠶᠠᠭᠤᠮ᠎ᠠ ᠪᠠᠨ ᠠᠪᠤᠭᠠᠳ ᠪᠠᠢᠰᠢᠩ᠂ ᠬᠠᠰᠢᠶ᠎ᠠ ᠬᠣᠶᠠᠷ ᠢ᠋ᠶ᠋ᠠᠨ ᠠᠯᠢ ᠠᠯᠢ ᠶ᠋ᠢ ᠭᠠᠳᠠᠨ᠎ᠠ ᠠ᠋ᠴᠠ ᠨᠢ ᠲᠣᠮᠣ ᠴᠣᠣᠵᠢ ᠪᠠᠷ ᠴᠣᠣᠵᠢᠯᠠᠭᠠᠳ ᠨᠢᠭᠡ ᠭᠤᠳᠤᠮᠵᠢᠨ ᠤ᠋ ᠴᠠᠭᠠᠨ᠎ᠠ ᠰᠢᠪᠠᠷ ᠲᠠᠭᠠᠵᠠᠨ ᠳ᠋ᠤ᠌ ᠬᠦᠯᠢᠶᠡᠵᠦ ᠪᠠᠢᠭᠰᠠᠨ ᠨᠥᠬᠥᠷ ᠦ᠋ᠨ ᠳ᠋ᠦ᠍ ᠪᠡᠨ ᠰᠠᠨᠵᠢ ᠬᠦᠷᠴᠦ ᠣᠴᠢᠯ᠎ᠠ᠃ ᠨᠥᠬᠥᠷ ᠨᠢ ᠳᠣᠯᠳᠣᠢ ᠲᠠᠢ ᠪᠠᠳᠢᠷᠴᠢᠨ ᠪᠣᠯᠵᠤ᠂ ᠥᠪᠡᠷ ᠢ᠋ᠶ᠋ᠡᠨ ᠲᠡᠭᠦᠨ ᠢ᠋ ᠳᠠᠭᠠᠭᠰᠠᠨ ᠰᠢᠮᠨᠠᠨᠼ ᠤ᠋ᠨ ᠳᠦᠷᠢ ᠪᠡᠷ ᠰᠠᠨᠵᠢ ᠤᠷᠭᠤᠨ ᠵᠠᠢᠯᠬᠤ ᠪᠠᠷ ᠰᠢᠢᠳᠴᠡᠢ᠃
- ᠬᠥᠮᠦᠨ ᠦ᠌ ᠠᠩᠬᠠᠷᠤᠯ ᠲᠠᠲᠠᠬᠤ ᠦᠭᠡᠢ ᠪᠡᠷ ᠬᠤᠷᠳᠤᠨ ᠬᠣᠯᠠᠳᠠᠵᠤ᠂ ᠬᠡᠨ ᠴᠦ᠍ ᠰᠠᠨᠠᠭ᠎ᠠ ᠦᠭᠡᠢ ᠵᠠᠮ ᠢ᠋ᠶ᠋ᠠᠷ ᠶᠠᠪᠤᠪᠠᠯ ᠳᠡᠭᠡᠷ᠎ᠡ ᠪᠠᠢᠬ᠎ᠠ ᠭᠡᠵᠦ ᠪᠣᠳᠣᠭᠠᠳ ᠦᠢᠴᠦᠦ ᠮᠥᠷᠡᠨ ᠢ᠋ᠶ᠋ᠡᠷ ᠤᠷᠤᠭᠤᠳᠠᠵᠤ ᠬᠡᠰᠡᠭ ᠬᠣᠯᠠᠳᠠᠭᠠᠳ ᠳᠠᠷᠠᠭ᠎ᠠ ᠨᠢ ᠠᠭᠠᠵᠢᠮ ᠢ᠋ᠶ᠋ᠠᠷ ᠵᠡᠭᠦᠨ ᠬᠣᠢᠰᠢ ᠵᠦᠭᠯᠡᠶᠡ ᠭᠡᠵᠦ ᠪᠣᠳᠣᠯ᠎ᠠ᠃ ᠦᠢᠴᠦᠦ ᠮᠥᠷᠡᠨ ᠦ᠌ ᠨᠢᠭᠡ ᠨᠤᠭᠤᠯᠠᠨ ᠳ᠋ᠤ᠌ ᠰᠢᠷᠢᠨ ᠵᠠᠪᠢ ᠲᠠᠯᠪᠢᠭᠠᠰᠤᠲᠠᠢ ᠪᠠᠢᠭ᠎ᠠ᠃ ᠣᠳᠣ ᠲᠦᠷᠭᠡᠯᠡᠬᠦ ᠦᠭᠡᠢ ᠪᠣᠯ ᠦᠷ ᠬᠠᠶᠠᠭᠠᠷᠠᠴᠢᠬᠠᠨᠠ᠃ ᠦᠷ ᠬᠠᠶᠠᠭᠠᠷᠠᠬᠤ ᠠ᠋ᠴᠠ ᠡᠮᠦᠨ᠎ᠡ ᡀᠠᠰᠠ ᠠ᠋ᠴᠠ ᠨᠡᠯᠢᠶᠡᠳ ᠬᠣᠯᠠᠳᠠᠭᠠᠳ ᠠᠪᠤᠮᠠᠷ ᠪᠠᠢᠨ᠎ᠠ ᠭᠡᠮᠡᠨ ᠨᠠᠢᠵᠠ ᠨᠢ ᠤᠭᠲᠤᠨ ᠠᠭᠤᠯᠵᠠᠮᠠᠭᠴᠠ ᠰᠠᠨᠵᠢ ᠳ᠋ᠤ᠌ ᠬᠡᠯᠡᠬᠦ ᠳ᠋ᠦ᠍ ᠲᠡᠷᠡ ᠴᠦ᠍ ᠵᠥᠪ ᠶᠦ᠍ᠮ ᠭᠡᠵᠦ ᠵᠥᠪᠰᠢᠶᠡᠷᠡᠵᠡᠢ᠃ ᠦᠨᠡᠬᠡᠷ ᠰᠠᠨᠠᠭᠰᠠᠨ ᠶᠣᠰᠣᠭᠠᠷ ᠢ᠋ᠶ᠋ᠠᠨ ᠪᠣᠯᠵᠤ ᠲᠡᠳᠡ ᠦᠢᠴᠦᠦ ᠮᠥᠷᠡᠨ ᠦ᠌ ᠨᠠᠮᠤᠭᠤᠬᠠᠨ ᠤᠰᠤᠨ ᠳᠡᠭᠡᠭᠦᠷ ᠰᠠᠷᠯᠤᠭ ᠤ᠋ᠨ ᠠᠷᠠᠰᠤᠨ ᠵᠠᠪᠢ ᠪᠠᠷ ᠬᠡᠨ ᠳ᠋ᠦ᠍ ᠴᠦ᠍ ᠮᠡᠳᠡᠭᠳᠡᠬᠦ ᠦᠭᠡᠢ ᠪᠡᠷ ᠰᠥᠨᠢ ᠶ᠋ᠢᠨ ᠲᠦᠨᠡᠷ ᠬᠠᠷᠠᠩᠭᠤᠢ ᠳ᠋ᠤ᠌ ᠬᠤᠴᠢᠭᠳᠠᠨ ᠬᠥᠪᠴᠦ ᠣᠳᠤᠯ᠎ᠠ᠃ ᠤᠷᠤᠰᠬᠠᠯ ᠤ᠋ᠨ ᠳᠠᠭᠠᠤ ᠪᠣᠯᠬᠣᠷ ᠵᠠᠪᠢ ᠨᠢ ᠠᠶᠠᠨᠳᠠᠭᠠᠨ ᠬᠥᠪᠦᠨ ᠤᠷᠤᠭᠤᠳᠠᠵᠤ ᠪᠠᠢᠯ᠎ᠠ᠃ ᡀᠠᠰᠠ ᠬᠣᠲᠠ ᠬᠠᠷᠠᠩᠭᠤᠢ ᠳᠤᠮᠳᠠ ᠨᠠᠪᠰᠠᠢᠨ ᠪᠠᠷᠠᠭᠠᠨᠲᠤᠵᠤ᠂ ᠬᠠᠶᠠ ᠨᠢᠭᠡ ᠳᠤᠭᠠᠩ᠂ ᠳ᠋ᠠᠴᠠᠩ ᠤ᠋ᠨ ᠪᠦᠳᠡᠭᠢ ᠵᠤᠯᠠ ᠶ᠋ᠢᠨ ᠭᠡᠷᠡᠯ ᠦᠯᠦ ᠮᠡᠳᠡᠭ ᠶᠣᠯᠲᠣᠢᠭᠰᠠᠭᠠᠷ ᠬᠣᠴᠣᠷᠤᠯ᠎ᠠ᠃
ᠲᠡᠷᠲᠡᠭᠡ ᠣᠯᠠᠨ ᠵᠢᠯ ᠦ᠋ᠨ ᠡᠮᠦᠨ᠎ᠡ ᠠᠩᠬ᠎ᠠ ᠤᠳᠠᠭ᠎ᠠ ᠡᠨᠡ ᠮᠥᠷᠦᠨ ᠳᠡᠭᠡᠭᠦᠷ ᠮᠥᠨ ᠡᠢᠮᠦ ᠨᠢᠭᠡᠨ ᠵᠠᠪᠢ ᠪᠠᠷ ᠬᠥᠪᠴᠦ ᠶᠠᠪᠤᠭᠰᠠᠨ ᠨᠢ ᠰᠠᠨᠵᠢ ᠶ᠋ᠢᠨ ᠰᠠᠨᠠᠭᠠᠨ ᠳ᠋ᠤ᠌ ᠣᠷᠣᠯ᠎ᠠ᠃ ᠲᠥᠪᠡᠳ ᠦ᠋ᠨ ᠠᠷᠢᠭᠤᠨ ᠰᠢᠲᠦᠭᠡᠨ ᠪᠣᠯᠤᠭᠰᠠᠨ ᠭᠠᠵᠠᠷ ᠤᠳ ᠢ᠋ᠶ᠋ᠠᠷ ᠤᠳᠬᠤᠨ ᠬᠡᠦᠬᠡᠨ ᠢ᠋ ᠮᠥᠷᠭᠥᠭᠦᠯᠵᠦ᠂ ᠦᠷ᠎ᠡ ᠶ᠋ᠢᠨ ᠬᠤᠲᠤᠭ ᠣᠯᠭᠣᠬᠤ ᠳ᠋ᠤ᠌ ᠲᠤᠰᠠ ᠬᠦᠷᠭᠡᠬᠦ ᠪᠡᠷ ᠶᠠᠪᠤᠵᠤ ᠪᠠᠢᠭᠰᠠᠨ ᠲᠡᠷᠡ ᠴᠠᠭ ᠤ᠋ᠨ ᠶᠠᠪᠤᠳᠠᠯ ᠣᠳᠣ ᠴᠤ᠌ ᠮᠠᠷᠲᠠᠭᠳᠠᠭ᠎ᠠ ᠦᠭᠡᠢ ᠬᠡᠪ ᠢ᠋ᠶ᠋ᠡᠷ ᠪᠠᠢᠯ᠎ᠠ᠃ ᠤᠳᠬᠤᠨ ᠬᠡᠦᠬᠡᠨ ᠳ᠋ᠦ᠍ ᠬᠠᠷᠢ ᠭᠠᠵᠠᠷ ᠤ᠋ᠨ ᠡᠯᠳᠡᠪ ᠰᠢᠲᠦᠭᠡᠨ ᠦ᠌ ᠠᠯᠢ ᠨᠢ ᠴᠦ᠍ ᠲᠤᠰᠠ ᠪᠣᠯᠤᠭᠰᠠᠨ ᠦᠭᠡᠢ᠃ ᠲᠡᠭᠦᠨ ᠳ᠋ᠦ᠍ ᠦᠷ᠎ᠡ ᠵᠠᠶᠠᠭᠠᠭᠰᠠᠨ ᠦᠭᠡᠢ᠃ ᠲᠡᠭᠦᠪᠡᠷ ᠴᠦ᠍ ᠪᠠᠷᠠᠭᠰᠠᠨ ᠦᠭᠡᠢ ᠵᠠᠶᠠᠭᠠᠭᠰᠠᠨ ᠨᠥᠬᠥᠷ ᠡᠴᠡ ᠪᠡᠨ ᠬᠣᠶᠠᠷᠳᠠᠬᠢ ᠤᠳᠠᠭ᠎ᠠ ᠡᠨᠡ ᠭᠠᠵᠠᠷ ᠬᠠᠭᠠᠴᠠᠨ ᠰᠠᠯᠵᠠᠢ᠃ ᠨᠢᠭᠡ ᠨᠢ ᠮᠥᠩᠬᠡ ᠪᠤᠰᠤ ᠶ᠋ᠢ ᠦᠵᠡᠭᠦᠯᠦᠭᠰᠡᠨ᠃ ᠨᠥᠭᠦᠭᠡ ᠨᠢ ᠲᠥᠪᠡᠳ ᠦ᠋ᠨ ᠱᠣᠷᠣᠩ ᠳ᠋ᠤ᠌ ᠣᠷᠣᠵᠤ᠂ ᠴᠡᠷᠢᠭ ᠲᠦ᠍ ᠳᠠᠢᠴᠢᠯᠠᠭᠳᠠᠭᠠᠳ ᠳᠠᠷᠠᠭ᠎ᠠ ᠨᠢ ᠤᠤᠯ ᠤ᠋ᠨ ᠳᠡᠭᠡᠷᠡᠮᠴᠢᠨ ᠦ᠌ ᠰᠦᠷᠦᠭ ᠲᠦ᠍ ᠨᠡᠢᠯᠡᠵᠦ ᠰᠤᠷᠠᠭ ᠦᠭᠡᠢ ᠠᠯᠠᠭ᠎ᠠ ᠪᠣᠯᠤᠭᠰᠠᠨ᠃ ᠣᠳᠣ ᠲᠡᠷᠡ ᠵᠣᠪᠠᠯᠠᠩᠲᠤ ᠡᠮᠡᠭᠲᠡᠢ ᠬᠠᠮᠢᠭᠠᠬᠠᠨ ᠭᠠᠵᠠᠷ ᠶᠠᠭᠤᠬᠠᠨ ᠬᠢᠵᠦ ᠶᠠᠪᠤᠳᠠᠭ ᠢ᠋ ᠰᠠᠨᠵᠢ ᠮᠡᠳᠡᠬᠦ ᠪᠡᠨ ᠪᠣᠯᠢᠭᠠᠳ ᠨᠡᠯᠢᠶᠡᠨ ᠬᠡᠳᠦᠨ ᠵᠢᠯ ᠥᠩᠭᠡᠷᠡᠵᠡᠢ᠃
《ᠦᠷ᠎ᠡ ᠶ᠋ᠢᠨ ᠬᠤᠲᠤᠭ ᠵᠠᠶᠠᠭᠠᠭᠰᠠᠨ ᠦᠭᠡᠢ ᠳ᠋ᠦ᠍ ᠶᠡᠬᠡ ᠯᠡ ᠭᠣᠮᠣᠳᠠᠵᠤ ᠶᠠᠪᠤᠳᠠᠭ ᠲᠡᠷᠡ ᠪᠦᠰᠡᠭᠦᠢ ᠣᠳᠣ ᠬᠠᠮᠢᠭ᠎ᠠ ᠶᠠᠪᠤᠳᠠᠭ ᠪᠣᠯ ᠳᠠ᠃ ᠤᠤᠯ ᠨᠢ ᡀᠠᠩᠲᠤᠪᠠᠴᠢᠮᠪᠣ ᠶ᠋ᠢᠨ ᠤᠬᠠᠭᠠᠨ ᠰᠤᠳᠤᠯᠤᠭᠰᠠᠨ ᠬᠣᠢᠨ᠎ᠠ ᠮᠢᠨᠢ᠂ ᠡᠳᠦᠢ ᠦᠶ᠎ᠡ ᠳ᠋ᠦ᠍ ᠰᠠᠨ ᠪᠣᠯ ᠴᠤ᠌ ᠪᠢ ᠲᠡᠭᠦᠨ ᠳ᠋ᠦ᠍ ᠲᠤᠰᠠ ᠪᠣᠯᠬᠤ ᠶ᠋ᠢ ᠣᠷᠣᠯᠳᠣᠭᠠᠳ ᠦᠵᠡᠪᠡᠯ ᠬᠣᠭᠣᠰᠣᠨ ᠶᠤᠮ ᠪᠣᠯᠬᠤ ᠦᠭᠡᠢ ᠴᠦ᠍ ᠪᠠᠢᠵᠤ ᠮᠡᠳᠡᠬᠦ ᠰᠠᠨ ᠪᠢᠯᠡ᠃ ᠵᠠ ᠲᠡᠷᠡ ᠴᠦ᠍ ᠥᠩᠭᠡᠷᠡᠵᠡᠢ》 ᠭᠡᠵᠦ ᠰᠠᠨᠵᠢ ᠬᠡᠪ ᠭᠡᠨᠡᠳᠲᠡ ᠰᠠᠨᠠᠭᠠᠨ ᠳ᠋ᠤ᠌ ᠨᠢ ᠣᠷᠣᠭᠰᠠᠨ ᠲᠡᠷᠡ ᠨᠢᠭᠡᠨ ᠪᠦᠰᠡᠭᠦᠢ ᠶ᠋ᠢᠨ ᠲᠤᠬᠠᠢ ᠪᠣᠳᠣᠯ᠎ᠠ᠃ ᠭᠡᠪᠡᠴᠦ ᠣᠳᠣ ᠲᠡᠷᠡ ᠥᠪᠡᠷ ᠢ᠋ᠶ᠋ᠡᠨ ᠪᠡᠷᠢᠮᠦᠭ ᠡᠮᠡᠭᠡᠨ ᠦ᠌ ᠰᠢᠮᠨᠠᠨᠼ ᠬᠤᠪᠴᠠᠰᠤ ᠡᠮᠦᠰᠦᠭᠡᠳ ᠡᠷ᠎ᠡ ᠮᠥᠷᠲᠡᠯ᠎ᠡ ᠡᠮ᠎ᠡ ᠶ᠋ᠢᠨ ᠳᠦᠷᠢ ᠶ᠋ᠢ ᠦᠵᠡᠭᠦᠯᠦᠨ ᠶᠠᠪᠤᠵᠤ ᠪᠠᠢᠨ᠎ᠠ᠃ ᠪᠤᠷᠬᠠᠨ ᠤ᠋ ᠰᠠᠢᠨ ᠱᠠᠪᠢ ᠪᠣᠯᠵᠤ᠂ ᠶᠡᠬᠡ ᠡᠷᠳᠡᠮ ᠰᠤᠷᠬᠤ ᠪᠠᠷ ᠰᠦᠰᠦᠭᠯᠡᠨ ᠵᠣᠷᠢᠵᠤ ᠢᠷᠡᠭᠰᠡᠨ ᠭᠠᠵᠠᠷ ᠠ᠋ᠴᠠ ᠪᠠᠨ ᠣᠳᠣ ᠵᠢᠰᠦ ᠪᠤᠷᠤᠭᠤᠯᠠᠨ ᠵᠢᠭᠤᠲᠠᠵᠤ ᠶᠠᠪᠤᠨ᠎ᠠ᠃ ᠦᠢᠴᠦᠦ ᠮᠥᠷᠡᠨ ᠦ᠌ ᠬᠠᠷ᠎ᠠ ᠪᠠᠷᠠᠭᠠᠨ ᠤᠰᠤ ᠦᠶ᠎ᠡ ᠦᠶ᠎ᠡ ᠳᠣᠯᠭᠢᠯᠠᠬᠤ ᠠ᠋ᠴᠠ ᠥᠭᠡᠷ᠎ᠡ ᠶᠠᠭᠤ ᠴᠤ᠌ ᠰᠣᠨᠣᠰᠤᠭᠳᠠᠬᠤ ᠦᠭᠡᠢ ᠳᠦᠩᠰᠦᠭᠡᠷ ᠰᠥᠨᠢ ᠶ᠋ᠢᠨ ᠳᠦᠯᠡᠢ ᠴᠢᠮᠡᠭᠡ ᠦᠭᠡᠢ ᠳ᠋ᠦ᠍ ᠣᠷᠭᠣᠳᠣᠤᠯ ᠬᠣᠶᠠᠷ ᠥᠴᠦᠬᠡᠨ ᠴᠦ᠍ ᠳᠠᠭᠤ ᠴᠢᠮᠡᠭᠡ ᠭᠠᠷᠭᠠᠬᠤ ᠦᠭᠡᠢ ᠶ᠋ᠢ ᠬᠢᠴᠢᠶᠡᠵᠦ ᠰᠠᠭᠤᠯ᠎ᠠ᠃ ᠲᠦᠨᠡᠷ ᠬᠠᠷᠠᠩᠭᠤᠢ ᠰᠥᠨᠢ ᠶ᠋ᠢᠨ ᠨᠠᠮ ᠭᠦᠨ ᠳ᠋ᠦ᠍ ᠲᠦᠮᠡᠨ ᠵᠦᠢᠯ ᠦ᠋ᠨ ᠳᠤᠷᠠᠳᠬᠠᠯ ᠠᠮᠢᠯᠠᠨ ᠰᠡᠷᠢᠵᠦ᠂ ᠡᠯᠳᠡᠪ ᠢ᠋ ᠡᠷᠭᠢᠴᠡᠭᠦᠯᠬᠦ ᠡᠴᠡ ᠥᠭᠡᠷ᠎ᠡ ᠬᠢᠬᠦ ᠶᠠᠭᠤᠮ᠎ᠠ ᠦᠭᠡᠢ ᠲᠤᠯᠠ ᠰᠠᠨᠵᠢ ᠪᠣᠳᠣᠯ ᠳ᠋ᠤ᠌ ᠳᠠᠷᠤᠭᠳᠠᠯ᠎ᠠ᠃ ᠥᠪᠡᠷ ᠬᠣᠭᠣᠷᠣᠨᠳᠣ ᠪᠠᠨ ᠶᠠᠷᠢᠬᠤ ᠴᠤ᠌ ᠪᠣᠯᠤᠯᠴᠠᠭ᠎ᠠ ᠦᠭᠡᠢ ᠲᠡᠷᠡ ᠠᠶᠠᠨ ᠰᠠᠨᠵᠢ ᠶ᠋ᠢᠨ ᠲᠤᠭᠤᠯᠵᠤ ᠥᠩᠭᠡᠷᠡᠭᠦᠯᠦᠭᠰᠡᠨ ᠬᠠᠮᠤᠭ ᠠᠮᠢᠳᠤᠷᠠᠯ ᠤ᠋ᠨ ᠵᠠᠮ ᠢ᠋ ᠨᠢ ᠡᠷᠭᠢᠨ ᠰᠠᠨᠠᠭᠤᠯᠬᠤ ᠭᠡᠰᠡᠨ ᠶᠦ᠍ᠮ ᠰᠢᠭ ᠶᠡᠷᠦ ᠪᠤᠰᠤ ᠶ᠋ᠢᠨ ᠮᠥᠷᠳᠡᠯ᠎ᠡ ᠶᠡᠷᠦ ᠶ᠋ᠢᠨ ᠠᠵᠠᠢ᠃ ᠱᠠᠪᠢᠯᠠᠨ ᠰᠠᠭᠤᠬᠤ ᠪᠠᠷ ᠠᠩᠬ᠎ᠠ ᠡᠨᠡ ᠭᠠᠵᠠᠷ ᠢᠷᠡᠭᠰᠡᠨ ᠴᠠᠭ ᠤ᠋ᠨ ᠶᠠᠭᠤᠮ᠎ᠠ ᠴᠥᠮ ᠯᠡ ᠰᠠᠨᠠᠭᠠᠨ ᠤ᠋ ᠳᠣᠲᠣᠷ᠎ᠠ ᠢᠯᠡᠬᠡᠨ᠃ ᠯᠦᠨᠳᠥᠭᠵᠤᠨᠠᠢ ᠭᠠᠪᠵᠤ᠂ ᠫᠦᠷᠪᠦᠳᠣᠨᠣᠢ ᠮᠠᠷᠠᠮᠪᠠ ᠠ᠋ᠴᠠ ᠡᠬᠢᠯᠡᠭᠡᠳ ᠨᠢᠭᠡᠨ ᠵᠢᠡᠭ᠌ᠳᠠᠭᠠᠨ ᠤ᠋ ᠬᠢᠨ ᠨᠢ ᠢᠯᠠᠩᠭᠤᠶ᠎ᠠ ᠴᠣᠭᠰᠣᠩ᠂ ᠫᠠᠭ᠍ᠰᠠᠡᠭ ᠬᠣᠶᠠᠷ ᠤ᠋ᠨ ᠠᠭᠠᠰᠢ ᠠᠷᠠᠨᠰᠢᠨ᠂ ᠬᠥᠮᠦᠨ ᠦ᠌ ᠶᠠᠰᠤᠨ ᠳ᠋ᠤ᠌ ᠰᠢᠨᠤᠵᠤ ᠶᠠᠪᠤᠳᠠᠭ ᠵᠢᠩᠵᠠᠢ ᠯᠠᠮᠠ ᠵᠠᠯᠰᠠᠡᠭ᠂ ᡀᠠᠰᠠ ᠬᠣᠲᠠ ᠶ᠋ᠢᠨ ᠠᠶᠤᠮᠰᠢᠭᠲᠤ ᠱᠣᠷᠣᠩ ᠴᠥᠮ ᠯᠡ ᠳᠠᠷᠠᠭ᠎ᠠ ᠳᠠᠷᠠᠭ᠎ᠠ ᠪᠠᠷ ᠰᠠᠨᠠᠭᠠᠨ ᠳ᠋ᠤ᠌ ᠣᠷᠣᠯ᠎ᠠ᠃ ᠳᠣᠯᠣᠭᠠᠨ ᠲᠠᠮᠢᠷ ᠰᠤᠯᠠᠳᠠᠭᠰᠠᠨ ᠢ᠋ ᠡᠳᠡᠭᠡᠭᠡᠨ᠎ᠡ ᠭᠡᠵᠦ ᠲᠦᠮᠡᠨ ᠵᠦᠢᠯ ᠦ᠋ᠨ ᠠᠷᠭ᠎ᠠ ᠰᠢᠷᠬᠡ ᠬᠢᠭᠡᠳ ᠳᠡᠢᠯᠦᠭᠡ ᠦᠭᠡᠢ ᠯᠠᠮᠠ ᠪᠠᠭᠰᠢ ᠨᠠᠷ ᠤ᠋ᠨ ᠪᠠᠢᠳᠠᠯ ᠢ᠋ ᠣᠳᠣ ᠴᠤ᠌ ᠲᠡᠷᠡ ᠮᠠᠷᠲᠠᠭ᠎ᠠ ᠦᠭᠡᠢ ᠪᠠᠢᠨ᠎ᠠ᠃ ᠡᠷᠳᠡᠮᠲᠦ ᠯᠠᠮᠠ ᠨᠠᠷ ᠤ᠋ᠨ ᠭᠦᠨ ᠤᠬᠠᠭᠠᠨ ᠠ᠋ᠴᠠ ᠭᠠᠷᠤᠭ᠎ᠠ ᠦᠭᠡᠢ ᠶᠠᠭᠤᠮ᠎ᠠ ᠡᠷᠳᠡᠮ ᠦᠭᠡᠢ ᠰᠢᠮᠨᠠᠨᠼ ᠪᠡᠷᠢᠮᠦᠭ ᠡᠮᠡᠭᠡᠨ ᠬᠡᠷᠬᠢᠨ ᠰᠡᠢᠯᠵᠦ ᠰᠠᠨᠵᠢ ᠶ᠋ᠢ ᠳᠣᠣᠷ᠎ᠠ ᠨᠢ ᠡᠳᠡᠭᠡᠭᠡᠨ ᠲᠡᠩᠬᠡᠷᠡᠭᠦᠯᠵᠦ ᠠᠪᠤᠭᠰᠠᠨ ᠲᠤᠬᠠᠢ ᠶ᠋ᠢ ᠴᠦ᠍ ᠲᠡᠷᠡ ᠰᠠᠢᠨ ᠰᠠᠨᠠᠵᠤ ᠪᠠᠢᠯ᠎ᠠ᠃ ᠲᠡᠭᠦᠰᠬᠡᠯ ᠦᠭᠡᠢ ᠡᠷᠳᠡᠮᠲᠦ ᠮᠠᠰᠢ ᠬᠡᠲᠦᠷᠡᠭᠰᠡᠨ᠂ ᠠᠷᠪᠠᠨ ᠪᠡᠷᠬᠡᠲᠦ ᠭᠡᠬᠦᠴᠢᠯᠡᠨ ᠰᠦᠷᠲᠡᠢ ᠯᠤᠲᠤ ᠴᠣᠯᠠ ᠬᠡᠷᠬᠡᠮ ᠲᠡᠢ ᠣᠯᠠᠨ ᠯᠠᠮᠠ ᠨᠠᠷ ᠤ᠋ᠨ ᠣᠷᠣᠩᠨᠠᠬᠤ ᠭᠠᠵᠠᠷ ᠪᠣᠯᠤᠭᠰᠠᠨ ᡀᠠᠰᠠ ᠵᠣᠣ ᠳ᠋ᠤ᠌ ᠨᠢᠭᠦᠯᠲᠦ ᠦᠢᠯᠡᠰ ᠣᠭᠲᠣᠬᠠᠨ ᠴᠤ᠌ ᠭᠠᠷᠤᠮᠠᠷ ᠦᠭᠡᠢ ᠠᠲᠠᠯ᠎ᠠ ᠡᠳᠦᠷ ᠪᠦᠷᠢ ᠬᠥᠮᠦᠨ ᠦ᠌ ᠰᠠᠨᠠᠭᠠᠨ ᠳ᠋ᠤ᠌ ᠣᠷᠣᠮ᠎ᠠ ᠦᠭᠡᠢ ᠶᠠᠭᠤᠮᠠᠰ ᠪᠣᠯᠵᠤ ᠪᠠᠢᠳᠠᠭ ᠢ᠋ ᠣᠳᠣ ᠰᠠᠨᠵᠢ ᠰᠠᠢᠨ ᠮᠡᠳᠡᠵᠦ ᠪᠠᠢᠯ᠎ᠠ᠃《ᠡᠷᠳᠡᠮ ᠨᠣᠮ ᠶᠡᠬᠡ ᠰᠤᠷᠤᠯ᠎ᠠ》 ᠭᠡᠰᠡᠨ ᠰᠢᠯᠲᠠᠭ ᠢ᠋ᠶ᠋ᠠᠷ ᠬᠠᠷᠢ ᠭᠠᠵᠠᠷ ᠤ᠋ᠨ ᠬᠥᠮᠦᠨ ᠢ᠋ ᠬᠢᠬᠠᠨ ᠬᠥᠨᠥᠭᠡᠳᠡᠭ ᠪᠤᠰᠤᠷᠮᠠᠭ ᠪᠤᠷᠤᠩᠬᠤᠢ ᠵᠠᠩᠰᠢᠯ ᠪᠢᠴᠢᠭᠳᠡᠭᠡ ᠦᠭᠡᠢ ᠬᠠᠤᠯᠢ ᠪᠣᠯᠤᠨ ᠡᠨᠡ ᠭᠠᠵᠠᠷ ᠨᠣᠶᠠᠯᠠᠵᠤ ᠪᠠᠢᠳᠠᠭ ᠢ᠋ ᠰᠠᠨᠵᠢ ᠣᠳᠣ ᠥᠪᠡᠷ ᠦ᠋ᠨ ᠪᠡᠶ᠎ᠡ ᠪᠡᠷ ᠦᠵᠡᠵᠦ ᠠᠮᠰᠠᠯ᠎ᠠ᠃
ᠶᠠᠭᠤᠮ᠎ᠠ ᠯᠠ ᠪᠣᠯ ᠮᠠᠯᠠᠭᠠᠢ ᠶ᠋ᠢ ᠪᠡᠨ ᠠᠪᠴᠤ ᠬᠡᠯᠡ ᠪᠡᠨ ᠭᠠᠷᠭᠠᠨ ᠬᠣᠶᠠᠷ ᠡᠷᠡᠬᠡᠢ ᠪᠡᠨ ᠭᠣᠵᠣᠶᠢᠯᠭᠠᠵᠤ᠂ ᠰᠢᠯᠢ ᠪᠡᠨ ᠮᠠᠭᠠᠵᠢᠨ 《ᠬᠦᠱᠣᠣ᠂ ᠬᠦᠱᠣᠣ》 (ᠳᠡᠭᠡᠳᠦᠰ᠂ ᠳᠡᠭᠡᠳᠦᠰ) ᠭᠡᠵᠦ ᠪᠤᠰᠤᠳ ᠤ᠋ᠨ ᠡᠮᠦᠨ᠎ᠡ ᠪᠥᠬᠥᠯᠵᠡᠨ ᠪᠢᠯᠳᠠᠤᠴᠢᠯᠠᠵᠤ ᠦᠷᠭᠦᠯᠵᠢ ᠲᠣᠯᠢᠭᠠᠨᠠᠨ ᠶᠠᠪᠤᠳᠠᠭ ᠲᠥᠪᠡᠳ ᠬᠥᠮᠦᠰ ᠦ᠋ᠨ ᠳᠣᠲᠣᠷ᠎ᠠ ᠪᠠᠨ ᠶᠠᠭᠤ ᠪᠣᠳᠣᠵᠤ ᠪᠠᠢᠳᠠᠭ ᠢ᠋ ᠴᠣᠭᠰᠣᠩ ᠪᠣᠳᠢᠫᠠ ᠶ᠋ᠢᠨ ᠲᠥᠷᠬᠦ ᠪᠡᠷ ᠰᠠᠨᠵᠢ ᠲᠥᠰᠦᠭᠡᠯᠡᠨ ᠪᠣᠳᠣᠭᠠᠳ ᠭᠠᠢᠬᠠᠰᠢ ᠲᠥᠷᠥᠵᠦ ᠪᠠᠢᠯ᠎ᠠ᠃ ᠲᠡᠷᠡ ᠪᠦᠬᠦᠢ ᠯᠡ ᠮᠠᠢᠭ ᠨᠢ ᠵᠠᠷᠢᠮ ᠳ᠋ᠤ᠌ ᠪᠠᠨ ᠠᠶᠢᠬᠤᠪᠲᠤᠷ ᠥᠩᠭᠡᠴᠡ ᠶᠦ᠍ᠮ ᠪᠠᠢᠭᠰᠠᠨ ᠠᠵᠢ᠃ ᠣᠳᠣ ᠲᠡᠳᠡᠨ ᠦ᠌ ᠭᠠᠷ ᠲᠤ᠌ ᠥᠷᠲᠥᠯ ᠦᠭᠡᠢ ᠪᠡᠷ ᠡᠬᠡ ᠨᠤᠲᠤᠭ ᠤ᠋ᠨ ᠢ᠋ᠶ᠋ᠠᠨ ᠪᠠᠷ᠎ᠠ ᠶ᠋ᠢ ᠬᠠᠷᠠᠬᠤ ᠶᠣᠰᠣᠲᠠᠢ᠃ ᠬᠠᠷᠢ ᠶ᠋ᠢᠨ ᠬᠥᠮᠦᠨ ᠡᠴᠡ ᠬᠠᠷᠠᠮᠯᠠᠵᠤ ᠪᠠᠢᠭ᠎ᠠ ᠲᠡᠷᠡ ᠡᠷᠳᠡᠮ ᠨᠣᠮ ᠤ᠋ᠨ ᠢ᠋ᠶ᠋ᠠᠨ ᠦᠷ᠎ᠡ ᠰᠢᠮ᠎ᠡ ᠶ᠋ᠢ ᠨᠤᠲᠤᠭ ᠤ᠋ᠨ ᠬᠢᠨ ᠳ᠋ᠦ᠍ ᠪᠡᠨ ᠬᠦᠷᠭᠡᠵᠦ ᠥᠭᠬᠦ ᠤᠴᠢᠷᠲᠠᠢ᠃ ᠲᠡᠭᠡᠬᠦ ᠦᠭᠡᠢ ᠪᠣᠯ ᠣᠯᠠᠨ ᠵᠢᠯ ᠦ᠋ᠨ ᠲᠤᠷᠰᠢ ᠵᠣᠪᠠᠨ ᠵᠦᠳᠡᠷᠡᠵᠦ ᠨᠣᠮ ᠤ᠋ᠨ ᠮᠥᠷ ᠬᠥᠭᠡᠭᠡᠭᠰᠡᠨ ᠦ᠌ ᠬᠡᠷᠡᠭ ᠶᠠᠭᠤᠬᠠᠨ ᠪᠢᠯᠡ? ᠰᠠᠨᠵᠢ ᠡᠨᠡ ᠪᠦᠬᠦᠨ ᠢ᠋ ᠡᠷᠭᠢᠴᠡᠭᠦᠯᠦᠨ ᠪᠣᠳᠣᠵᠤ ᠰᠥᠨᠢ ᠶ᠋ᠢᠨ ᠵᠢᠬᠡᠭᠦᠨ ᠳ᠋ᠦ᠍ ᠭᠣᠣᠯ ᠤ᠋ᠨ ᠤᠰᠤᠨ ᠠ᠋ᠴᠠ ᠴᠢᠭᠢᠭ ᠠᠪᠬᠤ ᠶ᠋ᠢ ᠮᠡᠳᠡᠷᠡᠵᠦ ᠵᠢᠬᠡᠭᠦᠳᠡᠰᠦ ᠨᠢ ᠬᠦᠷᠬᠦ ᠶ᠋ᠢ ᠠᠩᠵᠠᠭᠠᠷᠠᠭᠰᠠᠨ ᠦᠭᠡᠢ᠃ ᠪᠡᠷᠢᠮᠦᠭ ᠡᠮᠡᠭᠡᠨ ᠦ᠌ ᠬᠤᠪᠴᠠᠰᠤ ᠲᠡᠭᠦᠨ ᠳ᠋ᠦ᠍ ᠳᠠᠪᠴᠢᠳᠠᠨ ᠨᠢᠮᠭᠡᠳᠡᠵᠦ ᠪᠠᠢᠯ᠎ᠠ᠃ ᠣᠳᠣ ᠪᠠᠷ ᠬᠤᠪᠴᠠᠰᠤ ᠪᠢᠰᠢ ᠬᠠᠷᠢᠨ ᠴᠠᠭ ᠬᠣᠵᠢᠬᠤ ᠨᠢ ᠶᠠᠭᠤᠨ ᠠ᠋ᠴᠠ ᠴᠤ᠌ ᠣᠨᠴᠠᠭᠠᠢ ᠴᠢᠬᠤᠯᠠ ᠪᠠᠢᠯ᠎ᠠ᠃ ᠬᠣᠶᠠᠷ ᠣᠷᠭᠣᠳᠣᠤᠯ ᠶᠠᠭᠠᠷᠠᠬᠤ ᠶ᠋ᠢᠨ ᠲᠤᠢᠯ ᠳ᠋ᠤ᠌ ᠬᠦᠷᠴᠦ ᠪᠠᠢᠪᠠ᠃
