ᠨᠠᠩᠰᠤᠯᠮ᠎ᠠ ᠶᠢ ᠰᠤᠯᠠᠯᠠᠬᠤ ᠲᠡᠮᠡᠴᠡᠯ – ᠰ ᠂ ᠫᠦᠷᠪᠦ Нансулмааг суллах тэмцэл – С ᠂ Пүрэв
ᠨᠠᠩᠰᠤᠯᠮ᠎ᠠ ᠶᠢ ᠰᠤᠯᠠᠯᠠᠬᠤ ᠲᠡᠮᠡᠴᠡᠯ
ᠰ᠂ ᠫᠦᠷᠪᠦ
( ᠬᠣᠱᠣᠩ ᠥᠭᠦᠯᠡᠯᠭᠡ)
ᠠᠮᠠᠷᠠᠯᠲᠠ ᠪᠦᠬᠦᠨ ᠥᠪᠡᠷ ᠥᠪᠡᠷ ᠦ᠋ᠨ ᠳᠤᠷᠠᠲᠠᠢ ᠠᠮᠠᠷᠠᠭᠴᠢ᠂ ᠥᠪᠡᠷ ᠦ᠋ᠨ ᠱᠣᠭ ᠬᠣᠱᠣᠩ ᠶᠠᠷᠢᠶ᠎ᠠ᠂ ᠠᠳᠠᠯ ᠶᠠᠪᠤᠳᠠᠯ᠂ ᠢᠨᠢᠶᠡᠳᠦ ᠨᠠᠷᠭᠢᠶᠠᠨ ᠲᠠᠢ ᠪᠠᠢᠳᠠᠭ᠃ ᠨᠠᠷᠠᠰᠤᠲᠤ ᠴᠤ᠌ ᠪᠠᠰᠠ ᠲᠡᠢᠮᠦ᠃ ᠲᠡᠷᠡ ᠵᠢᠯ ᠪᠢᠳᠡᠨ ᠦ᠌ ᠲᠠᠷᠭᠤᠨ ᠲᠤᠷᠠᠩᠬᠠᠢ᠂ ᠵᠢᠷᠭᠤᠭᠠᠨ ᠳᠣᠬᠢ ᠡᠷ᠎ᠡ᠂ ᠵᠢᠷᠤᠭ ᠰᠢᠭ᠋ ᠭᠠᠭᠴᠠ ᠬᠡᠦᠬᠡᠨ᠂ ᠪᠣᠲᠣᠭᠣᠨ ᠤ᠋ ᠲᠤᠬᠠᠢ ᠰᠢᠨᠡᠬᠡᠨ ᠳᠠᠭᠤᠤ ᠶ᠋ᠢ ᠳᠤᠷᠠᠯᠠᠯ ᠤ᠋ᠨ ᠳᠠᠭᠤᠤ ᠮᠡᠲᠦ ᠰᠦᠵᠢᠷᠡᠨ ᠳᠠᠭᠤᠯᠵᠤ᠂ ᠴᠡᠨ ᠴᠠᠨ ᠤ᠋ ᠪᠣᠷᠣᠭ᠎ᠠ ᠲᠩᠷᠢ ᠡᠴᠡ ᠳᠤᠰᠤᠯᠠᠭᠤᠯᠤᠭᠰᠠᠭᠠᠷ ᠨᠠᠷᠠᠰᠤᠲᠤ ᠳ᠋ᠤ᠌ ᠲᠠᠯᠪᠢᠭᠠᠳ ᠪᠠᠭᠤᠴᠢᠬᠠᠯ᠎ᠠ᠃ ᠲᠡᠭᠦᠨ ᠢ᠋ ᠪᠡᠨ ᠨᠠᠰᠤᠨ ᠤ᠋ ᠵᠢᠷᠭᠠᠯ ᠭᠡᠵᠦ ᠰᠠᠨᠠᠵᠤ ᠪᠠᠢᠭᠰᠠᠨ ᠢ᠋ᠶ᠋ᠠᠨ ᠨᠢᠭᠤᠭᠠᠳ ᠶᠠᠭᠠᠬᠢᠬᠤᠪ᠃ ᠪᠦᠲᠦᠨ ᠵᠢᠯ ᠪᠡᠶ᠎ᠡ ᠪᠡᠶ᠎ᠡ ᠪᠡᠨ ᠤᠲᠠᠰᠤ ᠪᠠᠷ ᠳᠠᠭᠤᠳᠠᠵᠤ ᠠᠯᠪᠠᠨ ᠭᠠᠵᠠᠷ ᠠᠷᠠᠭᠠᠳᠠᠵᠤ᠂ ᠳᠠᠷᠤᠭ᠎ᠠ ᠨᠠᠷ ᠢ᠋ᠶ᠋ᠠᠨ ᠭᠣᠶᠣᠵᠤ᠂ ᠡᠴᠦᠰ ᠲᠤᠨᠢ ᠡᠭᠡᠯᠵᠢ ᠶᠢᠨ ᠠᠮᠠᠷᠠᠯᠲᠠ ᠪᠠᠨ ᠪᠦᠭᠦᠳᠡ ᠬᠠᠮᠲᠤ ᠠᠪᠤᠵᠠᠭᠠᠨ ᠠᠮᠠᠷᠠᠬᠤ ᠡᠷᠬᠡ ᠶᠢᠨ ᠪᠢᠴᠢᠭ ᠰᠠᠯᠭᠠᠭᠰᠠᠨ ᠤᠯᠤᠰ ᠴᠢᠨᠢ ᠪᠠᠶᠠᠷᠯᠠᠬᠤ ᠨᠢ ᠵᠥᠪ ᠪᠢᠵᠡ? ᠵᠥᠪ ᠰᠢᠦ ᠳᠡ᠃
ᠠᠮᠠᠷᠠᠯᠲᠠ ᠶ᠋ᠢᠨ ᠭᠣᠣᠯ ᠬᠠᠭᠠᠯᠭᠠᠨ ᠳᠡᠭᠡᠷ᠎ᠡ ᠲᠠᠷᠭᠤᠯᠠᠵᠤ ᠲᠣᠰᠢᠢᠭᠰᠠᠨ ᠬᠡᠳᠦᠨ ᠭᠣᠯᠢᠭᠠᠷ ᠬᠦᠷᠡᠩ ᠵᠠᠯᠠᠭᠤ ᠵᠡᠷᠭᠡᠯᠡᠨ ᠵᠣᠭᠰᠣᠵᠤ ᠠᠦ᠋ᠲ᠋ᠣᠪᠦ᠋ᠰ ᠡᠴᠡ ᠪᠠᠭᠤᠵᠠᠭᠠᠬᠤ ᠪᠢᠳᠡᠨ ᠢ᠋ ᠬᠠᠷᠠᠨ ᠭᠠᠷ ᠬᠤᠷᠤᠭᠤ ᠪᠠᠷ ᠢ᠋ᠶ᠋ᠠᠨ ᠴᠡᠭᠡᠷ ᠦᠭᠡᠢ ᠵᠢᠭᠠᠵᠤ ᠴᠢᠩᠭ᠎ᠠ ᠴᠢᠩᠭ᠎ᠠ ᠬᠥᠬᠥᠷᠡᠯᠳᠦᠨᠡ᠃
ᠪᠢᠳᠡ ᠠᠮᠠᠷᠠᠭᠴᠢᠳ ᠤ᠋ᠨ ᠤᠯᠠᠮᠵᠢᠯᠠᠯ ᠢ᠋ ᠡᠪᠳᠡᠭᠰᠡᠨ ᠦᠭᠡᠢ᠂ ᠥᠷᠥᠭᠡ ᠪᠠᠢᠷᠢ ᠲᠠᠢ ᠪᠣᠯᠵᠤ ᠠᠪᠤᠭᠠᠳ《 ᠴᠸᠮᠤᠳᠠ( ᠠᠶᠠᠨ ᠤ᠋ ᠬᠠᠢᠷᠴᠠᠭ) ᠤ᠋ᠨ ᠪᠠᠶᠠᠷ》 ᠭᠡᠳᠡᠭ ᠦ᠋ᠨ ᠶᠣᠰᠣ ᠪᠠᠷ ᠡᠬᠢᠯᠡᠵᠡᠢ᠃ ᠪᠣᠷᠣᠭᠠᠨ ᠲᠠᠢ ᠳ᠋ᠤ᠌ ᠲᠡᠷᠡ ᠨᠢ ᠴᠦ᠍ ᠵᠦᠭᠡᠷ ᠶᠦᠮ ᠰᠢᠭ᠃ ᠭᠡᠮ ᠨᠢ ᠤᠮᠠᠭᠠᠷ ᠵᠢᠵᠢᠭ ᠥᠷᠥᠭᠡᠨ ᠳ᠋ᠦ᠍ ᠤᠲᠤᠭ᠎ᠠ ᠰᠤᠭᠤᠨᠠᠭᠯᠠᠵᠤ᠂ ᠬᠡᠳᠦ ᠬᠡᠳᠦᠨ ᠬᠣᠭᠣᠰᠣᠨ ᠯᠣᠩᠬᠣ ᠪᠠᠨ ᠨᠢᠭᠡᠨ ᠪᠣᠯᠭᠣᠮᠵᠢ ᠦᠭᠡᠢ ᠡᠲᠡᠭᠡᠳ ᠦ᠋ᠨ ᠬᠠᠨᠴᠤᠢ ᠬᠣᠷᠮᠣᠢ ᠳ᠋ᠤ᠌ ᠥᠷᠭᠡᠨ ᠱᠠᠯᠠ ᠳᠡᠭᠡᠷ᠎ᠡ ᠭᠠᠰᠠᠯᠠᠩ ᠲᠠᠢ ᠤᠨᠠᠪᠠ᠃ ᠪᠢᠳᠡᠨ ᠳᠠᠭᠤ ᠴᠢᠩᠭᠠᠷᠠᠵᠤ᠂ ᠠᠯᠢᠶ᠎ᠠ ᠬᠣᠱᠣᠩ ᠶᠠᠷᠢᠶ᠎ᠠ ᠭᠠᠯ ᠰᠢᠭ᠋ ᠳᠦᠷᠡᠯᠵᠡᠨ ᠪᠠᠢᠲᠠᠯ᠎ᠠ ᠨᠢᠭᠡ ᠶᠡᠬᠡ ᠪᠣᠯᠭᠣᠮᠵᠢ ᠲᠠᠢ ᠬᠥᠮᠦᠨ ᠬᠠᠭᠠᠯᠭ᠎ᠠ ᠲᠣᠭᠰᠢᠪᠠ᠃ ᠤᠷᠲᠤ ᠦᠰᠦᠲᠡᠢ᠂ ᠥᠨᠳᠥᠷ ᠬᠦᠵᠦᠭᠦᠦ ᠲᠡᠢ ᠴᠠᠭᠠᠨ ᠵᠠᠯᠠᠭᠤ ᠣᠷᠣᠵᠤ ᠢᠷᠡᠨ ᠡᠭᠦᠳᠡᠨ ᠳ᠋ᠦ᠍ ᠵᠣᠭᠰᠣᠭᠠᠳ᠄
— ᠴᠸᠮᠤᠲᠠ ᠶ᠋ᠢᠨ ᠪᠠᠶᠠᠷ ᠢ᠋ᠶ᠋ᠠᠨ ᠬᠢᠵᠦ ᠪᠠᠢᠨ᠎ᠠ ᠤᠤ ᠭᠡᠵᠦ ᠪᠠᠬᠠᠲᠤᠬᠤ ᠠᠶᠠᠰ ᠲᠠᠢ ᠠᠰᠠᠭᠤᠪᠠ᠃
ᠪᠢ ᠲᠡᠭᠦᠨ ᠢ᠋ ᠲᠦᠷᠦᠭᠦᠬᠡᠨ ᠪᠣᠷᠣᠭᠠᠨ ᠳᠤᠮᠳᠠ ᠪᠢᠳᠡᠨ ᠢ᠋ ᠤᠭᠲᠤᠨ ᠵᠣᠭᠰᠣᠭᠰᠠᠨ ᠮᠥᠨᠥᠬᠢ《 ᠰᠠᠢᠬᠠᠨ ᠰᠡᠳᠬᠢᠯᠲᠦ》 ᠬᠥᠮᠦᠰ ᠦ᠋ᠨ ᠨᠢᠭᠡ ᠨᠢ ᠮᠥᠨ ᠭᠡᠳᠡᠭ ᠢ᠋ ᠬᠠᠷᠠᠭᠠᠳ ᠯᠠ ᠲᠠᠨᠢᠪᠠ᠃ ᠲᠡᠭᠦᠨ ᠦ᠌ ᠵᠠᠯᠢᠬᠠᠢ ᠬᠣᠷᠣᠨ ᠬᠣᠶᠠᠷ ᠨᠢᠳᠦ ᠬᠡᠳᠦᠨᠲᠡ ᠭᠢᠯᠠᠯᠵᠠᠨ ᠬᠠᠷᠠᠴᠠ ᠨᠢ ᠮᠠᠨ ᠤ᠋ ᠭᠠᠭᠴᠠ ᠬᠡᠦᠬᠡᠨ ᠦ᠌ ᠬᠠᠰ ᠴᠠᠭᠠᠨ ᠴᠢᠷᠠᠢ ᠳᠡᠭᠡᠷ᠎ᠡ ᠬᠠᠯᠲᠤᠴᠢᠨᠠ᠃ ᠢᠷᠠᠭᠤ ᠨᠠᠢᠷᠠᠭᠴᠢ ᠵᠠᠯᠠᠭᠤ ᠮᠠᠨᠢ᠄
— ᠲᠡᠭᠡᠭᠰᠡᠨ ᠯᠡ ᠪᠣᠯᠵᠤ ᠪᠠᠢᠨ᠎ᠠ ᠭᠡᠭᠰᠡᠭᠡᠷ ᠲᠠᠮᠠᠬᠢ ᠪᠠᠨ ᠰᠣᠷᠣᠨ ᠤᠲᠤᠭ᠎ᠠ ᠶ᠋ᠢ ᠨᠢ ᠬᠠᠮᠠᠷ ᠢ᠋ᠶ᠋ᠠᠷ ᠢ᠋ᠶ᠋ᠠᠨ ᠦᠯᠢᠶᠡᠬᠦ ᠳ᠋ᠦ᠍ ᠳᠡᠭᠡᠳᠦ ᠤᠷᠤᠭᠤᠯ ᠤ᠋ᠨ ᠬᠡᠳᠦᠨ ᠰᠡᠷᠪᠡᠭᠡᠷ ᠰᠠᠬᠠᠯ ᠳ᠋ᠤᠨᠢ ᠵᠢᠭᠤᠷᠠᠯᠳᠤᠨ ᠰᠠᠪᠰᠠᠨ᠎ᠠ᠃ ᠭᠠᠳᠠᠨ᠎ᠠ ᠠ᠋ᠴᠠ ᠣᠷᠣᠵᠤ ᠢᠷᠡᠭᠰᠡᠨ ᠵᠠᠯᠠᠭᠤ ᠪᠢᠳᠡᠨ ᠦ᠌ ᠬᠡᠰᠢᠭ ᠢ᠋ ᠬᠦᠷᠲᠡᠭᠡᠳ ᠨᠢᠳᠦ ᠨᠢ ᠵᠠᠯᠢᠲᠠᠢ ᠪᠠᠷ ᠡᠷᠭᠢᠯᠳᠦᠨ᠄
— ᠲᠠ ᠨᠠᠷ ᠢᠩᠭᠢᠵᠦ ᠰᠠᠭᠤᠬᠤ ᠳ᠋ᠠᠭᠠᠨ ᠬᠤᠪᠴᠠᠰᠤᠨ ᠤ᠋ ᠱᠦᠭᠦᠢ ᠶ᠋ᠢᠨ ᠢ᠋ᠶ᠋ᠡᠨ ᠬᠠᠭᠠᠯᠭ᠎ᠠ ᠶ᠋ᠢ ᠨᠡᠭᠡᠭᠡᠴᠢᠬᠡ᠂ ᠲᠡᠭᠡᠪᠡᠯ ᠴᠣᠣᠵᠢᠨ ᠤ᠋ ᠨᠦᠬᠡ ᠪᠡᠷ ᠶᠠᠭᠤᠮ᠎ᠠ ᠬᠠᠷᠠᠭᠳᠠᠬᠤ ᠦᠭᠡᠢ᠂ ᠠᠩᠸᠨ᠋ᠲ ( ᠲᠥᠯᠥᠭᠡᠯᠡᠭᠴᠢ) ᠶ᠋ᠢᠨ ᠬᠢ ᠬᠣᠢᠲᠤ ᠳᠡᠨᠵᠢ ᠳᠡᠭᠡᠷ᠎ᠡ ᠪᠣᠢ᠂ ᠰᠥᠨᠢ ᠣᠴᠢᠭᠠᠳ ᠶᠠᠭᠤᠮ᠎ᠠ ᠠᠪᠤᠭᠰᠠᠨ ᠴᠤ᠌ ᠪᠣᠯᠤᠨ᠎ᠠ᠃ ᠲᠡᠳᠡᠨ ᠳ᠋ᠦ᠍ ᠪᠢ ᠲᠠ ᠨᠠᠷ ᠢ᠋ ᠵᠠᠬᠢᠨ᠎ᠠ᠃ ᠬᠠᠷᠢᠨ ᠲᠠ ᠨᠠᠷ ᠠ᠋ᠴᠠ ᠨᠢᠭᠡ ᠶᠠᠭᠤᠮ᠎ᠠ ᠭᠤᠶᠤᠬᠤ ᠭᠡᠰᠡᠨ ᠶᠦᠮ᠂ ᠨᠩᠰᠤᠯᠮᠠ ᠪᠠᠨ ᠥᠭᠭᠦᠭᠡᠴᠢ᠂ ᠬᠥᠵᠥᠷᠳᠡᠵᠦ ᠪᠠᠢᠭᠠᠳ ᠠᠪᠤᠭᠠᠳ ᠢᠷᠡᠨ᠎ᠡ ᠭᠡᠪᠡ᠃ ᠪᠢᠳᠡ ᠪᠦᠬᠦᠨ ᠦ᠌ ᠠᠮᠢ ᠰᠢᠭ᠋ ᠭᠠᠭᠴᠠ ᠬᠡᠦᠬᠡᠨ ᠮᠠᠨᠢ ᠪᠥᠭᠡᠷ᠎ᠡ ᠤᠷᠤᠭᠤ ᠬᠠᠯᠠᠭᠤ ᠣᠷᠭᠢᠭᠤᠯᠤᠨ ᠰᠢᠭᠢᠳᠦᠯᠡ᠃ ᠢᠷᠠᠭᠤ ᠨᠠᠢᠷᠠᠭᠴᠢ ᠮᠠᠨᠢ ᠢᠨᠢᠶᠡᠬᠦ ᠢᠷᠪᠠᠢᠬᠤ ᠬᠣᠶᠠᠷ ᠤ᠋ᠨ ᠵᠠᠪᠰᠠᠷ ᠤᠷᠤᠭᠤᠯ ᠬᠥᠳᠡᠯᠭᠡᠭᠰᠡᠨ ᠢ᠋ᠶ᠋ᠡᠨ᠄
— ᠢᠷᠡᠭᠡᠳ ᠤᠳᠠᠭ᠎ᠠ ᠦᠭᠡᠢ ᠤᠤ ᠭᠡᠵᠦ ᠪᠠᠢᠨ᠎ᠠ᠃
— ᠤᠳᠠᠭᠰᠠᠨ ᠠ᠋᠂ ᠤᠳᠠᠭᠰᠠᠨ᠂ ᠭᠤᠷᠪᠠᠨ ᠨᠩᠰᠤᠯᠮᠠ ᠪᠠᠢᠭᠰᠠᠨ ᠴᠢᠨᠢ ᠥᠴᠥᠭᠡᠳᠦᠷ ᠪᠤᠴᠠᠴᠢᠬᠠᠯ᠎ᠠ ᠭᠡᠰᠡᠨ ᠢ᠋ᠶ᠋ᠡᠨ ᠣᠷᠣᠨ ᠤ᠋ ᠬᠥᠯ ᠳᠡᠭᠡᠷ᠎ᠡ ᠰᠠᠨᠳᠠᠢᠯᠠᠭᠠᠳ ᠰᠠᠭᠤᠴᠢᠬᠠᠪᠠ᠂ ᠭᠠᠷᠬᠤ ᠶᠠᠩᠵᠤ ᠠᠯᠠᠭ᠎ᠠ᠃
— ᠰᠠᠢᠬᠠᠨ ᠨᠠᠩᠰᠤᠯᠮ᠎ᠠ ᠤᠤ?
— ᠶᠣᠰᠣᠲᠠᠢ ᠭᠤᠩᠬᠠᠵᠤ ᠥᠭᠭᠦᠨ᠎ᠡ᠃
ᠪᠢᠳᠡ ᠬᠡᠳᠦ ᠨᠢᠳᠦ ᠪᠡᠨ ᠪᠦᠯᠲᠡᠷᠡᠲᠡᠯ᠎ᠡ ᠢᠨᠢᠶᠡᠯᠳᠦᠪᠡ᠃
— ᠨᠡᠭᠡᠷᠡᠨ ᠥᠭᠭᠦᠴᠢᠬᠡ ᠯᠡ ᠳᠡ ᠭᠠᠭᠴᠠᠬᠠᠨ ᠴᠠᠭ᠃ ᠶᠦᠨᠳᠡᠩ ᠨᠢ ᠠᠮᠠᠯᠠᠭᠰᠠᠨ ᠳ᠋ᠠᠭᠠᠨ ᠬᠦᠷᠳᠡᠭ ᠭᠡᠭᠡ ᠰᠢᠦ ᠭᠡᠭᠰᠡᠭᠡᠷ ᠭᠠᠷ ᠢ᠋ᠶ᠋ᠠᠨ ᠰᠠᠯᠠᠭᠠᠪᠴᠢᠯᠠᠨ ᠡᠪᠦᠳᠦᠭ ᠳᠤᠭᠤᠢᠯᠳᠤᠪᠠ᠃
— ᠶᠠᠳᠠᠬᠤ ᠳ᠋ᠠᠭᠠᠨ ᠬᠣᠷᠤᠯᠮᠠ ᠣᠯᠳᠠᠬᠤ ᠶᠤᠮ᠂ ᠨᠢᠭᠡ ᠬᠣᠷᠯᠤᠮᠠ ᠥᠩᠭᠡᠷᠡᠭᠰᠡᠨ ᠵᠢᠯ ᠪᠠᠢᠭᠰᠠᠨ ᠶᠤᠮ᠂ ᠵᠢᠩᠬᠢᠨᠢ ᠬᠣᠷᠯᠤᠮᠠ ᠭᠡᠭᠰᠡᠭᠡᠷ ᠰᠠᠨᠠᠭᠠᠰᠢᠷᠠᠨ ᠬᠤᠷᠤᠭᠤ ᠪᠠᠨ ᠬᠠᠪᠰᠤᠨ ᠳᠤᠤᠭᠠᠷᠭᠠᠭᠰᠠᠨ ᠢ᠋ᠶ᠋ᠠᠨ ᠰᠢᠷᠡᠭᠡᠨ ᠳᠡᠭᠡᠷ᠎ᠡ ᠪᠣᠢ ᠲᠠᠮᠠᠬᠢᠨ ᠠ᠋ᠴᠠ ᠨᠢᠭᠡ ᠶ᠋ᠢ ᠴᠡᠮᠴᠡᠭᠡᠷᠬᠡᠨ ᠠᠪᠴᠤ ᠠᠰᠠᠭᠠᠪᠠ᠃
— ᠮᠠᠨ ᠤ᠋ ᠡᠨᠡ ᠴᠦ᠍ ᠨᠠᠩᠰᠤᠯᠮ᠎ᠠ ᠪᠢᠰᠢ ᠳᠡ ᠭᠡᠵᠦ ᠪᠢ ᠬᠡᠯᠡᠯ᠎ᠡ᠃
— ᠪᠦᠭᠦᠳᠡ ᠠᠳᠠᠯᠢᠬᠠᠨ᠂ ᠬᠤᠳᠠᠯ ᠭᠡᠪᠡᠯ ᠭᠠᠷᠭᠠᠭᠠᠳ ᠭᠠᠭᠴᠠᠭᠠᠷ ᠢ᠋ ᠨᠢ ᠶᠠᠪᠤᠭᠤᠯᠤᠭᠠᠳ ᠦᠵᠡ᠂ ᠬᠣᠩᠭᠢᠯ ᠤ᠋ᠨ ᠲᠡᠷᠡ ᠴᠣᠩᠬᠣ ᠬᠦᠷᠴᠢᠬᠡᠭᠡᠳ ᠯᠡ ᠡᠷᠭᠢᠭᠡᠳ ᠢᠷᠡᠬᠦ ᠳ᠋ᠦ᠍ ᠬᠦᠷᠦᠯᠴᠡᠭᠡ ᠲᠡᠢ ᠭᠡᠮᠡᠨ ᠵᠠᠯᠠᠭᠤ ᠬᠦᠵᠦᠭᠦᠦ ᠤᠯᠠᠢᠯᠭᠠᠨ ᠮᠡᠳᠬᠡᠪᠡ( ᠵᠢᠳᠬᠦᠬᠦ)᠃
— ᠨᠡᠭᠡᠷᠡᠨ ᠲᠡᠭᠡᠶ᠎ᠡ᠂ ᠠᠢ ᠪᠣᠯᠬᠤ ᠦᠭᠡᠢ ᠭᠡᠵᠦ ᠪᠢᠳᠡ ᠬᠡᠳᠦ ᠮᠠᠷᠭᠤᠨ ᠱᠤᠤᠭᠢᠵᠤ ᠡᠴᠦᠰ ᠲᠦ ᠮᠠᠨ ᠤ᠋《 ᠭᠷᠥ᠋ᠫ( ᠠᠩᠭᠢ) ᠶ᠋ᠢᠨ》 ᠳᠠᠷᠤᠭ᠎ᠠ ᠪᠣᠯᠬᠤ ᠢᠷᠠᠭᠤ ᠨᠠᠢᠷᠠᠭᠴᠢ ᠶ᠋ᠢᠨ ᠰᠢᠢᠳᠪᠦᠷᠢ ᠪᠡᠷ ᠲᠤᠰᠢᠶᠠᠵᠤ ᠦᠵᠡᠬᠦ ᠪᠡᠷ ᠪᠣᠯᠪᠠ᠃ ᠬᠡᠦᠬᠡᠨ ᠮᠠᠨᠢ ᠬᠥᠭᠡᠷᠦᠬᠦᠢ ᠬᠣᠩᠭᠢᠯ ᠤ᠋ᠨ ᠴᠠᠭᠠᠳᠤ ᠪᠦᠯᠦᠭ ᠦ᠋ᠨ ᠴᠣᠩᠬᠣ ᠤᠷᠤᠭᠤ ᠠᠶᠤᠵᠤ ᠢᠴᠢᠭᠰᠡᠭᠡᠷ ᠴᠢᠭᠯᠡᠨ᠂ ᠠᠷᠤ ᠠ᠋ᠴᠠ ᠨᠢ ᠰᠢᠨ᠎ᠡ ᠲᠠᠨᠢᠯ《 ᠶᠥᠨᠳᠡᠩ》 ᠮᠠᠨᠢ ᠵᠢᠷᠭᠠᠯ ᠲᠠᠢ ᠬᠥᠮᠦᠨ ᠰᠢᠭ ᠳᠡᠪᠬᠡᠯᠵᠡᠭᠰᠡᠭᠡᠷ ᠭᠠᠷᠪᠠ᠃ ᠪᠢᠳᠡ ᠬᠠᠭᠠᠯᠭ᠎ᠠ ᠪᠠᠷ ᠪᠦᠯᠲᠡᠯᠵᠡ ᠠᠷᠤ ᠠ᠋ᠴᠠ ᠨᠢ ᠬᠠᠷᠠᠵᠠᠭᠠᠯ᠎ᠠ᠃ ᠭᠡᠨᠡᠳᠲᠡ ᠨᠢᠭᠡ ᠮᠠᠭᠤ ᠥᠷᠥᠭᠡᠨ ᠦ᠌ ᠬᠠᠭᠠᠯᠭ᠎ᠠ ᠨᠡᠭᠡᠭᠡᠭᠳᠡᠨ ᠶᠥᠨᠳᠡᠩ ᠬᠡᠦᠬᠡᠨ ᠦ᠌ ᠮᠠᠨᠢ ᠳᠠᠭᠤ ᠶ᠋ᠢ ᠬᠠᠲᠠᠭᠠᠨ( ᠴᠤᠤᠷᠢᠶᠠᠲᠤᠭᠤᠯᠤᠨ) ᠰᠠᠷᠪᠠᠯᠵᠠᠭᠤᠯᠤᠭᠰᠠᠭᠠᠷ ᠲᠡᠪᠡᠷᠢᠭᠡᠳ ᠣᠷᠣᠴᠢᠬᠠᠬᠤ ᠨᠢ ᠲᠡᠷᠡ᠃ ᠵᠢᠷᠭᠤᠭᠠᠨ ᠮᠤᠨᠳᠠᠭ ᠡᠷ᠎ᠡ ᠪᠢᠳᠡ ᠨᠢᠭᠡᠨ ᠵᠡᠷᠭᠡ ᠤᠤᠬᠠᠢᠯᠠᠨ ᠳᠠᠪᠬᠢᠵᠤ ᠬᠦᠷᠪᠡ᠃ ᠲᠡᠳᠡ ᠬᠠᠭᠠᠯᠭ᠎ᠠ ᠪᠠᠨ ᠠᠯᠢ ᠬᠡᠳᠦᠢᠨ ᠦ᠌ ᠲᠦᠭᠵᠢᠵᠦ ᠠᠮᠵᠢᠵᠠᠢ᠃ ᠪᠠᠯᠪᠠᠭᠠᠳ ᠪᠠᠯᠪᠠᠭᠠᠳ ᠨᠡᠮᠡᠷᠢ ᠪᠠᠢᠭᠰᠠᠨ ᠦᠭᠡᠢ᠃
— ᠨᠠᠭᠠᠳᠤ ᠬᠥᠵᠥᠷ ᠴᠢᠨᠢ ᠴᠢᠨᠦᠬᠢ ᠰᠢᠦ᠃
— ᠦᠭᠡᠢ ᠠ᠋᠂ ᠪᠢ ᠲᠣᠭᠯᠠᠬᠤ ᠦᠭᠡᠢ᠃
— ᠲᠣᠭᠯᠠᠬᠤ ᠯᠠ ᠪᠣᠯᠤᠨ᠎ᠠ ᠳᠠ᠃
— ᠬᠠᠮᠲᠤ ᠢᠷᠡᠭᠰᠡᠨ ᠶᠥᠨᠳᠡᠩ ᠦ᠋ᠳ ᠴᠢᠨᠢ ᠶᠠᠭᠤ ᠬᠢᠳᠡᠭ ᠤᠯᠤᠰ ᠪᠣᠢ ᠪᠦᠭᠦᠳᠡ ᠶ᠋ᠢ ᠨᠢ ᠬᠡᠯᠡ ᠨᠠᠶᠠ! ᠬᠡᠯᠡᠪᠡᠯ ᠭᠤᠷᠪᠠᠨ ᠲᠣᠭᠯᠠᠯᠲᠠ ᠶ᠋ᠢᠨ ᠳᠠᠷᠠᠭ᠎ᠠ ᠰᠤᠯᠠᠯᠠᠨ ᠲᠠᠯᠪᠢᠬᠤ ᠪᠣᠯᠤᠨ᠎ᠠ᠃
ᠬᠡᠦᠬᠡᠨ ᠮᠠᠨᠢ ᠠᠢᠳᠠᠰᠤᠲᠤ ᠨᠠᠮᠬᠠᠨ ᠳᠠᠭᠤ ᠪᠠᠷ ᠶᠠᠷᠢᠬᠤ ᠨᠢ ᠬᠣᠭᠣᠯᠠᠢ ᠳᠡᠭᠡᠷ᠎ᠡ ᠨᠢ ᠨᠢᠯᠪᠤᠰᠤ ᠴᠡᠴᠡᠯᠵᠡᠭᠡᠳ ᠪᠠᠢᠬᠤ ᠰᠢᠭ᠋ ᠰᠠᠨᠠᠭᠳᠠᠨ ᠳᠣᠲᠣᠷ᠎ᠠ ᠤᠯᠠᠮ ᠴᠤ᠌ ᠡᠪ ᠦᠭᠡᠢ ᠪᠣᠯᠤᠯ᠎ᠠ᠃
— ᠨᠢᠭᠡ ᠨᠢ ᠢᠷᠠᠭᠤ ᠨᠠᠢᠷᠠᠭᠴᠢ᠂ ᠬᠣᠶᠠᠷ ᠨᠢ ᠰᠤᠷᠪᠤᠯᠵᠢᠯᠠᠭᠴᠢ᠂ ᠪᠠᠰᠠ ᠨᠢᠭᠡ ᠨᠢ ᠵᠦᠴᠦᠭᠡ ᠶ᠋ᠢᠨ ᠵᠣᠬᠢᠶᠠᠯᠴᠢ᠂ ᠨᠥᠭᠦᠭᠡ ᠬᠣᠶᠠᠷ ᠨᠢ ᠵᠢᠷᠤᠭᠠᠴᠢ ᠭᠡᠲᠡᠯ᠎ᠡ ᠲᠡᠳᠡ ᠪᠡᠶᠡᠰᠦᠨ ᠬᠥᠬᠥᠷᠡᠯᠳᠦᠵᠦ᠄
— ᠤᠴᠢᠷ ᠮᠡᠳᠡᠬᠦ ᠤᠯᠤᠰ ᠪᠠᠢᠨ᠎ᠠ᠂ ᠵᠠ ᠲᠠᠷᠢᠬᠢ ᠪᠠᠨ ᠪᠠᠷᠢᠬᠤ ᠤᠤ? ᠲᠠᠯᠠᠴᠠᠬᠤ ᠤᠤ? ᠭᠡᠵᠦ ᠳᠤᠭᠤᠯᠳᠠᠪᠠ᠃
— ᠨᠠᠭᠠᠳᠤ ᠬᠠᠭᠠᠯᠭ᠎ᠠ ᠪᠠᠨ ᠣᠩᠭᠣᠢᠯᠭᠠ᠂ ᠣᠩᠭᠤᠢᠯᠠᠭᠠᠬᠤ ᠦᠭᠡᠢ ᠪᠣᠯ ᠡᠪᠳᠡᠯ᠎ᠡ ᠭᠡᠵᠦ ᠨᠢᠭᠡ ᠰᠦᠷᠳᠡᠭᠦᠯᠪᠡ᠃
— ᠡᠢᠮᠦ ᠶᠠᠭᠤᠮ᠎ᠠ ᠪᠢᠰᠢᠭᠦᠢ ᠯᠡ ᠦᠵᠡᠭᠰᠡᠨ ᠬᠠᠭᠠᠯᠭ᠎ᠠ ᠭᠡᠵᠦ ᠨᠢᠭᠡ ᠵᠤᠩᠭᠢᠨᠠᠭᠰᠠᠨ ᠳᠠᠭᠤ ᠲᠠᠢ ᠨᠥᠬᠥᠷ ᠦᠯᠦ ᠲᠣᠭᠣᠪᠠ᠃
— ᠲᠡᠭᠡᠪᠡᠯ ᠠᠮᠠᠷᠠᠯᠲᠠ ᠶ᠋ᠢᠨ ᠵᠥᠪᠯᠡᠯ ᠦ᠋ᠨ ᠳᠠᠷᠤᠭ᠎ᠠ ᠳ᠋ᠤ᠌ ᠬᠡᠯᠡᠶ᠎ᠡ ᠭᠡᠵᠦ ᠪᠠᠰᠠ ᠨᠢᠭᠡ ᠮᠠᠨᠢ ᠮᠡᠷᠭᠡᠨ ᠰᠠᠨᠠᠭ᠎ᠠ ᠰᠡᠳᠦᠬᠦ ᠶ᠋ᠢ ᠨᠥᠭᠦᠭᠡ ᠤᠷᠲᠤ ᠴᠢᠬᠢᠳᠡᠨ ᠨᠦ᠍ᠭᠦᠳ ᠰᠣᠨᠣᠰᠴᠤ ᠠᠮᠵᠢᠵᠠᠢ᠃
— ᠠᠮᠠᠷᠬᠠᠴᠢᠳ ᠪᠡᠶ᠎ᠡ ᠪᠡᠶ᠎ᠡ ᠳ᠋ᠡᠭᠡᠨ ᠬᠠᠢᠷ᠎ᠠ ᠲᠠᠢ ᠪᠠᠢᠳᠠᠭ ᠶᠤᠮ ᠰᠢᠦ ᠭᠡᠪᠡ᠃ ᠬᠠᠭᠠᠯᠭᠠᠨ ᠳ᠋ᠤᠨᠢ ᠬᠣᠰᠢᠭᠤ ᠪᠠᠨ ᠣᠢᠷᠠᠳᠤᠭᠤᠯᠵᠤ ᠪᠠᠢᠭᠠᠳ᠄
— ᠶᠥᠨᠳᠡᠩ ᠦ᠋ᠳ ᠠ᠋᠂ ᠰᠢᠯ ᠠᠷᠢᠬᠢ ᠥᠭᠭᠦᠶ᠎ᠡ᠂ ᠨᠠᠩᠰᠤᠯᠮ᠎ᠠ ᠶ᠋ᠢ ᠰᠤᠯᠠᠯᠠ ᠭᠡᠪᠡ᠃
— ᠭᠠᠭᠴᠠ ᠰᠢᠯ ᠶᠠᠭᠤᠮ᠎ᠠ ᠪᠠᠷ ᠶᠠᠭᠠᠬᠢᠬᠤ ᠴᠤ᠌ ᠪᠢᠯᠡ ᠳᠠ᠃
— ᠲᠡᠭᠡᠪᠡᠯ ᠬᠣᠶᠠᠷ᠃
— ᠪᠢᠳᠡ ᠨᠠᠢ᠍ᠮᠠᠭᠤᠯᠠ ᠪᠠᠢᠨ᠎ᠠ᠂ ᠳᠥᠷᠪᠡ ᠶ᠋ᠢ ᠲᠠ ᠨᠠᠷ ᠥᠨᠥᠳᠥᠷ ᠢᠷᠡᠭᠰᠡᠨ ᠶᠠᠭᠤᠮ᠎ᠠ ᠲᠠᠢ ᠪᠠᠢᠬᠤ ᠶᠣᠰᠣᠲᠠᠢ᠃
— ᠨᠠᠩᠰᠤᠯᠮ᠎ᠠ ᠴᠤ᠌ ᠭᠡᠵᠦ ᠨᠠᠩᠰᠤᠯᠮ᠎ᠠ ᠶᠤᠮ ᠠ᠋ ᠭᠡᠵᠦ ᠲᠡᠳᠡᠨ ᠦ᠌ ᠨᠢᠭᠡ ᠪᠠᠬᠠᠳᠤᠬᠤ ᠶ᠋ᠢ ᠰᠣᠨᠣᠰᠤᠭᠠᠳ ᠮᠢᠨᠦ ᠠᠭᠤᠷ ᠬᠦᠷᠪᠡ᠃ ᠪᠢᠳᠡ ᠤᠴᠢᠷ ᠢ᠋ᠶ᠋ᠠᠨ ᠣᠯᠵᠤ ᠴᠥᠬᠥᠨ ᠬᠣᠩᠭᠢᠯ ᠳ᠋ᠤ᠌ ᠬᠣᠯᠬᠢᠵᠤ ᠪᠠᠢᠯ᠎ᠠ᠃
— ᠳᠤᠩᠰᠢᠭᠤᠯ ᠳ᠋ᠤ᠌ ᠪᠢᠴᠢᠨ᠎ᠡ ᠰᠢᠦ ᠭᠡᠵᠦ ᠪᠢ ᠬᠠᠭᠠᠯᠭ᠎ᠠ ᠶ᠋ᠢ ᠨᠢ ᠳᠡᠯᠲᠦᠨ ᠬᠠᠰᠬᠢᠷᠪᠠ᠃
— ᠠᠰᠢᠭᠦᠢ᠂ ᠰᠣᠨᠢᠨ ᠳ᠋ᠤ᠌ ᠨᠡᠷ᠎ᠡ ᠪᠡᠨ ᠲᠠᠯᠪᠢᠭᠤᠯᠵᠤ ᠭᠢᠯᠠᠢᠬᠤ ᠨᠢ᠃ ᠲᠡᠭᠡᠪᠡᠯ ᠴᠦ᠍ ᠲᠡᠷᠡ ᠰᠣᠨᠢᠨ ᠢ᠋ ᠴᠢᠨᠢ ᠵᠠᠬᠢᠶᠠᠯᠠᠨ᠎ᠠ ᠰᠢᠦ ᠭᠡᠵᠦ ᠪᠠᠢᠨ᠎ᠠ᠃
— ᠮᠠᠭᠤ ᠰᠠᠢᠨ ᠪᠠᠯᠭᠠᠨ ᠨᠤᠭᠤᠳ ᠠ᠋! ᠭᠡᠵᠦ ᠪᠢ ᠬᠠᠮᠤᠭ ᠮᠠᠭᠤ ᠦᠭᠡ ᠪᠡᠨ ᠬᠡᠯᠡᠪᠡ᠃
— ᠲᠡᠷᠡ ᠴᠦ᠍ ᠳᠡᠮᠡᠢ ᠰᠢᠦ᠂ ᠲᠤᠭᠯᠠᠭᠠᠮᠠ ᠬᠠᠲᠠᠭᠤᠳᠠᠨᠠ᠃ ᠡᠨᠳᠡ ᠵᠥᠪᠬᠡᠨ ᠶᠥᠨᠳᠡᠩ ᠨᠠᠩᠰᠤᠯᠮ᠎ᠠ ᠪᠠᠢᠳᠠᠭ ᠭᠠᠵᠠᠷ ᠭᠡᠵᠦ ᠨᠢᠭᠡ ᠨᠢ ᠲᠣᠭᠰᠢᠷᠠᠬᠤ ᠠᠶᠠᠲᠠᠢ ᠬᠡᠯᠡᠪᠡ᠃
— ᠳᠥᠷᠪᠡᠨ ᠰᠢᠯ ᠠᠷᠢᠬᠢ ᠠᠪᠴᠤ ᠭᠤᠳᠤᠷ!
— ᠠᠷᠢᠬᠢ ᠪᠠᠨ ᠴᠣᠩᠬᠣ ᠪᠠᠷ ᠠᠪᠤᠭᠠᠳ ᠢᠷ᠎ᠡ᠂ ᠵᠡᠭᠦᠨ ᠲᠠᠯ᠎ᠠ ᠠ᠋ᠴᠠ ᠭᠤᠷᠪᠠᠳᠠᠬᠢ ᠨᠢ ᠰᠢᠦ᠃ ᠭᠠᠳᠠᠭᠤᠷ ᠲᠣᠭᠣᠷᠢᠭᠠᠳ ᠢᠷᠡᠭᠡᠷᠡᠢ᠃
ᠳᠥᠷᠪᠡᠨ ᠰᠢᠯ ᠠᠷᠢᠬᠢ ᠬᠡᠣᠳᠠᠢ ᠳ᠋ᠤ᠌ ᠬᠢᠵᠦ ᠪᠠᠷᠢᠭᠰᠠᠭᠠᠷ ᠪᠣᠷᠣᠭᠠᠨ ᠳᠤᠮᠳᠠᠭᠤᠷ ᠳᠠᠭᠤᠴᠢᠵᠤ ᠣᠴᠢᠪᠠ᠃ ᠬᠡᠦᠬᠡᠨ ᠢ᠋ ᠮᠠᠨᠢ ᠲᠥᠪᠭᠡᠭᠡᠷ ᠳᠥᠷᠪᠡᠯᠵᠢᠨ ᠬᠣᠶᠠᠷ ᠡᠷ᠎ᠡ ᠳᠤᠮᠳᠠ ᠪᠠᠨ ᠬᠠᠰᠢᠵᠤ ᠰᠠᠭᠤᠭᠠᠳ ᠭᠠᠷ ᠲᠤᠨᠢ ᠦᠩᠭᠡᠭᠳᠡᠵᠦ ᠬᠠᠭᠤᠴᠢᠷᠠᠭᠰᠠᠨ ᠮᠠᠭᠤ ᠬᠥᠵᠥᠷ ᠦ᠋ᠨ ᠲᠠᠮᠲᠤᠭ ᠪᠠᠷᠢᠭᠤᠯᠵᠠᠢ᠃ ᠨᠥᠭᠦᠭᠡ ᠭᠠᠢᠬᠠᠯ ᠶᠥᠨᠳᠡᠩ ᠦ᠋ᠳ ᠠᠷᠢᠬᠢ ᠶ᠋ᠢ ᠮᠠᠨᠢ ᠠᠪᠴᠢᠬᠠᠭᠠᠳ ᠴᠠᠭ ᠤ᠋ᠨ ᠳᠠᠷᠠᠭ᠎ᠠ ᠨᠠᠩᠰᠣᠯᠮᠠ ᠶ᠋ᠢ ᠰᠤᠯᠠᠯᠠᠨ᠎ᠠ᠂ ᠲᠡᠷᠡ ᠬᠦᠷᠲᠡᠯ᠎ᠡ ᠪᠢᠲᠡᠭᠡᠢ ᠣᠢᠮᠡᠭᠥᠯᠤᠭᠡᠷᠡᠢ ᠭᠡᠮᠡᠨ ᠭᠤᠶᠤᠪᠠ᠃
— ᠠᠮᠠᠷᠠᠯᠲᠠ ᠭᠡᠵᠢ! ᠭᠡᠮᠡᠨ ᠨᠢᠭᠡ ᠮᠠᠨᠢ ᠰᠠᠨᠠᠭ᠎ᠠ ᠠᠯᠳᠠᠪᠠ᠃
ᠨᠠᠩᠰᠤᠯᠮ᠎ᠠ ᠶ᠋ᠢᠨ ᠡᠷᠬᠡ ᠴᠢᠯᠥᠭᠡᠨ ᠦ᠌ ᠲᠥᠯᠥᠭᠡ ᠲᠡᠮᠡᠴᠡᠭᠰᠡᠨ ᠪᠢᠳᠡᠨ ᠦ᠌ ᠲᠡᠮᠡᠴᠡᠯ ᠲᠡᠷᠡ ᠣᠷᠣᠢᠵᠢᠨ ᠦᠷᠭᠦᠯᠵᠢᠯᠡᠵᠦ᠂ ᠪᠢᠳᠡ ᠠᠮᠠᠷᠠᠯᠲᠠ ᠶ᠋ᠢᠨ ᠪᠠᠢᠷᠢ ᠶ᠋ᠢ ᠲᠣᠭᠣᠷᠢᠵᠤ ᠭᠠᠷᠴᠤ ᠣᠷᠣᠵᠤ ᠭᠦᠶᠦᠯᠳᠦᠭᠰᠡᠭᠡᠷ ᠤᠰᠤᠨ ᠭᠦᠵᠡᠭᠡ ᠪᠣᠯᠲᠠᠯ᠎ᠠ ᠨᠣᠷᠤᠭᠰᠠᠨ ᠪᠥᠭᠡᠳ ᠢᠯᠠᠯᠲᠠ ᠪᠠᠢᠭᠤᠯᠵᠤ ᠴᠢᠳᠠᠭᠰᠠᠨ ᠦᠭᠡᠢ᠂ ᠠᠵᠠ ᠪᠠᠷ ᠣᠷᠣᠢ ᠶ᠋ᠢᠨ ᠬᠣᠭᠣᠯᠠᠨ ᠤ᠋ ᠴᠠᠭ ᠪᠣᠯᠵᠤ ᠮᠤᠬᠤᠷ ᠭᠠᠴᠢᠯᠠᠩ ᠠ᠋ᠴᠠ ᠪᠢᠳᠡᠨ ᠢ᠋ ᠠᠪᠤᠷᠠᠭᠰᠠᠨ ᠪᠥᠭᠡᠳ ᠨᠠᠩᠰᠤᠯᠮ᠎ᠠ ᠮᠠᠨᠢ ᠪᠢᠳᠡᠨ ᠳ᠋ᠦ᠍᠄
— ᠲᠠ ᠨᠠᠷ ᠰᠢᠭ᠋ ᠥᠭᠡᠳᠡ ᠦᠭᠡᠢ ᠡᠷᠡᠰ ᠢ᠋ᠶ᠋ᠡᠷ ᠬᠣᠷᠸ᠎ᠠ ᠳᠦᠭᠦᠷᠦᠭᠰᠡᠨ ᠪᠣᠯ ᠶᠠᠭᠠᠬᠢᠨ᠎ᠠ ᠭᠡᠮᠡᠨ ᠮᠠᠨ ᠤ᠋ ᠪᠠᠨ ᠨᠢᠭᠤᠷ ᠢ᠋ ᠤᠯᠠᠢᠯᠭᠠᠨ ᠵᠢᠮᠡᠯᠡᠪᠡ᠃ ᠦᠨᠡᠨ ᠰᠢᠦ ᠳᠡ᠂ ᠵᠢᠷᠭᠤᠭ᠎ᠠ ᠶ᠋ᠢᠨ ᠵᠢᠷᠭᠤᠭᠠᠨ ᠡᠷ᠎ᠡ ᠬᠥᠮᠦᠨ ᠢᠩᠭᠢᠵᠦ ᠭᠡᠨᠡᠳᠡᠨᠡ ᠭᠡᠵᠦ ᠪᠠᠢᠬᠤ ᠤᠤ?
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠠᠭᠠᠲᠤᠷ
ᠬᠢᠨᠠᠭ᠍ᠴᠢ : ᠲᠤᠭ᠍ᠴᠢ ᠰᠠᠷᠠᠨ᠎ᠠ
2024᠂1᠂ 5 ᠦ᠌ ᠡᠳᠦᠷ
