ᠲᠠᠷᠯᠠᠨ ᠴᠣᠬᠣᠷ ᠲᠠᠷᠭᠤᠨ ᠠᠯᠠᠭ ᠬᠣᠶᠠᠷ – ᠰ ᠂ ᠣᠶᠣᠨ Тарлан цоохор тарган алаг хоёр – С ᠂ Оюун
ᠲᠠᠷᠯᠠᠨ ᠴᠣᠬᠣᠷ ᠂ ᠲᠠᠷᠭᠤᠨ ᠠᠯᠠᠭ ᠬᠣᠶᠠᠷ
ᠰ ᠂ ᠣᠶᠤᠨ
( ᠱᠣᠭ ᠰᠢᠯᠦᠭ)
ᠨᠢᠭᠡ
ᠨᠠᠮᠤᠷ ᠤ᠋ᠨ ᠰᠠᠷ᠎ᠠ ᠶ᠋ᠢᠨ ᠰᠡᠬᠦᠯᠭᠡᠨ ᠢ᠋ᠶ᠋ᠡᠷ
ᠮᠠᠯ ᠵᠠᠭᠠᠵᠠᠯᠠᠵᠤ ① ᠡᠬᠢᠯᠡᠵᠡᠢ
ᠨᠠᠷᠢᠨ ᠮᠡᠷᠭᠡᠵᠢᠯ ᠦ᠋ᠨ ᠮᠡᠳᠡᠯᠲᠡᠨ ᠨᠦ᠍ᠭᠦᠳ
ᠨᠠᠭᠠᠰᠢ ᠴᠠᠭᠠᠰᠢ ᠬᠥᠯᠬᠦᠯᠡ᠃
ᠡᠪᠡᠰᠦ ᠵᠠᠵᠢᠯᠬᠤ ᠰᠢᠳᠦ ᠦᠭᠡᠢ
ᠥᠲᠡᠯ᠎ᠡ ᠬᠥᠭᠰᠢᠨ ᠢ᠋ ᠨᠢ ᠢᠯᠭᠠᠯᠠ
ᠡᠪᠦᠯ ᠥᠳᠥᠬᠦ ᠪᠢᠳ ᠦᠭᠡᠢ
ᠡᠪᠡᠳᠴᠢᠨ ᠲᠡᠢ ᠳᠣᠷᠣᠢ ᠶ᠋ᠢ ᠨᠢ ᠰᠠᠯᠭᠠᠯᠠ᠃
ᠦᠬᠡᠷ ᠮᠠᠯᠯᠠᠭᠴᠢ ᠲᠡᠷᠡ ᠭᠤᠸᠠᠢ
ᠦᠨᠢᠶ᠎ᠡ ᠨᠢᠭᠡ ᠶ᠋ᠢ ᠴᠣᠬᠢᠭᠤᠯᠤᠯᠠ
ᠡᠪᠦᠯ ᠦ᠋ᠨ ᠢᠳᠡᠰᠢ ᠲᠡᠢ ᠪᠣᠯᠤᠭᠰᠠᠨ ᠳ᠋ᠠᠭᠠᠨ
ᠰᠠᠨᠠᠭ᠎ᠠ ᠠᠮᠠᠷᠠᠨ ᠴᠣᠬᠣᠭᠤᠯᠤᠯᠠ᠃
ᠬᠣᠶᠠᠷ
ᠠᠭᠴᠢᠭᠠ ᠪᠠᠭᠴᠠᠭ᠎ᠠ ᠪᠣᠯᠠᠬᠠᠢᠬᠰᠠᠨ
ᠠᠷᠠᠰᠤ ᠨᠢ ᠢᠵᠠᠷᠠᠲᠠᠯ᠎ᠠ ᠪᠠᠯᠬᠠᠢᠭᠰᠠᠨ
ᠠᠷᠠᠭ᠎ᠠ ᠰᠢᠳᠦ ᠨᠢ ᠵᠠᠯᠠᠭᠤᠬᠠᠨ
ᠠᠯᠠᠭ ᠦᠨᠢᠶ᠎ᠡ ᠬᠠᠮᠢᠭ᠎ᠠ ᠣᠴᠢᠴᠢᠬᠠᠪᠠ?
ᠬᠣᠩᠭᠣᠷ ᠨᠠᠮᠤᠷ ᠢ᠋ᠶ᠋ᠠᠷ ᠵᠠᠭᠠᠵᠠᠯᠠᠭᠰᠠᠨ
ᠬᠣᠭᠣᠯᠠᠨ ᠳ᠋ᠤ᠌ ᠲᠣᠬᠣᠭᠠᠨ ᠳ᠋ᠤ᠌ ᠫᠠᠢᠵᠠᠯᠠᠭᠰᠠᠨ
ᠲᠠᠷᠭᠤᠨ ᠴᠣᠬᠣᠷ ᠤ᠋ᠨ ᠵᠣᠯᠢᠶᠠᠰᠤᠨ ᠳ᠋ᠤ᠌
ᠲᠠᠯᠢᠢᠭᠴᠢ ᠪᠣᠯᠭᠠᠨ ᠵᠠᠵᠣᠯᠠᠭᠰᠠᠨ!
ᠬᠦᠢᠲᠡᠨ ᠡᠢᠮᠦ ᠶᠠᠷᠢᠶ᠎ᠠ
ᠠᠮᠠ ᠳᠠᠮᠵᠢᠨ ᠰᠠᠳᠠᠷᠠᠪᠠ
ᠬᠣᠢᠲᠤᠨ ᠬᠠᠪᠤᠷ ᠤ᠋ᠨ ᠬᠢᠨᠢ ᠦᠶ᠎ᠡ ᠳ᠋ᠦ᠍
ᠭᠡᠮ ᠪᠤᠷᠤᠭᠤᠲᠠᠨ ᠨᠢ ᠲᠣᠳᠣᠷᠠᠪᠠ᠃
ᠭᠤᠷᠪᠠ
ᠵᠠᠭᠠᠵᠠ ᠭᠡᠮᠡᠨ ᠴᠣᠬᠣᠭᠤᠯᠤᠭᠰᠠᠨ
ᠲᠡᠷᠯᠡᠨ ᠴᠣᠬᠣᠷ ᠦᠨᠢᠶ᠎ᠡ ᠶ᠋ᠢ
ᠵᠠᠯᠢ ᠶ᠋ᠢᠨ ᠡᠵᠡᠨ《 ᠲᠡᠷᠡ ᠭᠤᠸᠠᠢ》
ᠲᠠᠷᠭᠤᠨ ᠠᠯᠠᠭ ᠢ᠋ᠶ᠋ᠠᠷ ᠰᠣᠯᠢᠵᠤ
ᠡᠪᠦᠯ ᠦ᠋ᠨ ᠭᠦᠨᠴᠡᠭ ② ᠪᠣᠯᠭᠠᠭᠰᠠᠨ
ᠬᠠᠶᠠᠭ᠎ᠠ ᠬᠣᠷᠮᠣᠢ ᠨᠢ ᠰᠡᠬᠦᠭᠳᠡᠵᠦ ᠭᠡᠨ᠎ᠡ
ᠥᠭᠡᠳᠡ ᠦᠭᠡᠢ ᠲᠡᠢᠮᠦ ᠡᠲᠡᠭᠡᠳ ᠴᠣ
ᠬᠠᠶᠠ ᠪᠠᠰᠠ ᠲᠠᠭᠠᠷᠳᠠᠭ ᠯᠠ ᠭᠡᠨ᠎ᠡ᠃
– – – –
① ᠮᠠᠯ ᠤᠨ ᠶᠠᠳᠠᠷ ᠳᠣᠷᠣᠢ ᠶᠢ ᠢᠯᠭᠠᠵᠤ ᠡᠪᠦᠯ ᠦᠨ ᠢᠳᠡᠰᠢᠨ ᠳᠦ ᠥᠭᠬᠦ
② ᠯᠠᠮᠠ ᠨᠠᠷ ᠤᠨ ᠦᠳᠡ ᠶᠢᠨ ᠬᠣᠭᠣᠯᠠ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂12᠂26 ᠦ᠌ ᠡᠳᠦᠷ
