ᠡᠪᠦᠯ ᠦ᠋ᠨ ᠤᠯᠠᠷᠢᠯ ᠢᠳᠡᠬᠦ ᠳ᠋ᠦ᠍ ᠲᠣᠬᠢᠷᠠᠮᠵᠢᠲᠠᠢ ᠨᠣᠭᠣᠭ᠎ᠠӨвлийн улирал идхэд тохиромжтой ногоо ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠯ ᠦ᠋ᠨ ᠤᠯᠠᠷᠢᠯ ᠢᠳᠡᠬᠦ ᠳ᠋ᠦ᠍ ᠲᠣᠬᠢᠷᠠᠮᠵᠢᠲᠠᠢ ᠨᠣᠭᠣᠭ᠎ᠠӨвлийн улирал идхэд тохиромжтой ногоо

ᠡᠪᠦᠯ ᠦ᠋ᠨ ᠤᠯᠠᠷᠢᠯ ᠢᠳᠡᠬᠦ ᠳ᠋ᠦ᠍ ᠲᠣᠬᠢᠷᠠᠮᠵᠢᠲᠠᠢ ᠨᠣᠭᠣᠭ᠎ᠠӨвлийн улирал идхэд тохиромжтой ногоо

2024-01-18

2815

ᠡᠪᠦᠯ ᠦ᠋ᠨ ᠤᠯᠠᠷᠢᠯ ᠢᠳᠡᠬᠦ ᠳ᠋ᠦ᠍ ᠲᠣᠬᠢᠷᠠᠮᠵᠢᠲᠠᠢ ᠨᠣᠭᠣᠭ᠎ᠠ

      ᠲᠠ ᠪᠦᠬᠦᠨ ᠳ᠋ᠦ᠍ ᠡᠪᠦᠯ ᠦ᠋ᠨ ᠤᠯᠠᠷᠢᠯ ᠢᠳᠡᠬᠦ ᠳ᠋ᠦ᠍ ᠲᠣᠬᠢᠷᠠᠮᠵᠢᠲᠠᠢ ᠠᠷᠪᠠᠨ ᠵᠦᠢᠯ ᠦ᠋ᠨ ᠨᠣᠭᠣᠭ᠎ᠠ ᠶ᠋ᠢ ᠲᠠᠨᠢᠯᠴᠠᠭᠤᠯᠤᠶ᠎ᠠ᠃
      ᠨᠢᠭᠡ᠂ ᠪᠥᠭᠡᠷᠡᠩᠬᠡᠢ ᠴᠠᠭᠠᠨ ᠨᠣᠭᠣᠭ᠎ᠠ᠄ ᠬᠥᠮᠦᠨ ᠦ᠌ ᠪᠡᠶ᠎ᠡ ᠶ᠋ᠢᠨ ᠰᠢᠨ᠎ᠡ ᠬᠠᠭᠤᠴᠢᠨ ᠤ᠋ ᠰᠣᠯᠢᠯᠴᠠᠭ᠎ᠠ ᠶ᠋ᠢ ᠠᠬᠢᠭᠤᠯᠵᠤ᠂ ᠬᠡᠦᠬᠡᠳ ᠪᠠᠭᠠᠴᠤᠳ ᠤ᠋ᠨ ᠥᠰᠦᠯᠲᠡ ᠶ᠋ᠢ ᠲᠦᠷᠭᠡᠳᠬᠡᠳᠡᠭ ᠪᠥᠭᠡᠳ ᠡᠪᠡᠳᠴᠢᠨ ᠢ᠋ ᠡᠰᠡᠷᠭᠦᠴᠡᠬᠦ ᠴᠢᠳᠠᠪᠤᠷᠢ ᠶ᠋ᠢ ᠨᠡᠮᠡᠭᠳᠡᠭᠦᠯᠳᠡᠭ᠃
      ᠬᠣᠶᠠᠷ᠂ ᠴᠠᠭᠠᠨ ᠨᠣᠭᠣᠭ᠎ᠠ᠄ ᠳᠡᠯᠢᠭᠦᠦ ᠬᠣᠳᠣᠭᠣᠳᠣ ᠶ᠋ᠢ ᠲᠡᠵᠢᠭᠡᠨ᠂ ᠬᠣᠳᠣᠭᠣᠳᠣ ᠭᠡᠳᠡᠰᠦᠨ ᠦ᠌ ᠰᠢᠷᠬᠠᠯᠠᠭ᠎ᠠ ᠶ᠋ᠢ ᠠᠨᠠᠭᠠᠬᠤ ᠦᠢᠯᠡᠳᠦᠯ ᠲᠡᠢ ᠪᠠᠢᠳᠠᠭ᠃
      ᠭᠤᠷᠪᠠ᠂ ᠪᠤᠷᠴᠠᠭ ᠤ᠋ᠨ ᠴᠢᠴᠢᠭᠡᠰᠦ( ᠪᠤᠷᠴᠠᠭ ᠤ᠋ᠨ ᠰᠣᠶᠣᠭ᠎ᠠ)᠄ ᠶᠠᠳᠠᠷᠠᠭ᠎ᠠ ᠲᠠᠢᠯᠬᠤ ᠳ᠋ᠤ᠌ ᠠᠰᠢᠭᠲᠠᠢ ᠪᠠᠢᠳᠠᠭ ᠪᠥᠭᠡᠳ ᠪᠤᠷᠴᠠᠭ ᠤ᠋ᠨ ᠴᠢᠴᠢᠭᠡᠰᠦ( ᠪᠤᠷᠴᠠᠭ ᠤ᠋ᠨ ᠰᠣᠶᠣᠭ᠎ᠠ) ᠶ᠋ᠢᠨ ᠳᠣᠲᠣᠷᠠᠬᠢ ᠨᠠᠪᠴᠢᠨ ᠤ᠋ ᠨᠣᠭᠣᠭᠠᠨ ᠡᠳ᠋ ᠨᠢ ᠬᠣᠰᠬᠢᠨᠠᠭ ᠤ᠋ᠨ ᠥᠮᠡᠨ ᠢ᠋ ᠰᠡᠷᠭᠡᠢᠯᠡᠨ ᠵᠠᠰᠠᠬᠤ ᠳ᠋ᠤ᠌ ᠲᠤᠰᠠᠯᠠᠳᠠᠭ᠃
      ᠳᠥᠷᠪᠡ᠂ ᠴᠡᠴᠡᠭᠲᠦ ᠴᠠᠭᠠᠨ ᠨᠣᠭᠣᠭ᠎ᠠ᠄ ᠸᠢᠲ᠋ᠠᠮᠢᠨ ᠤ᠋ ᠲᠥᠷᠥᠯ ᠦ᠋ᠨ ᠡᠷᠦᠳᠡᠰᠦ ᠪᠣᠳᠠᠰ ᠡᠯᠪᠡᠭ ᠳᠡᠯᠪᠡᠭ ᠠᠭᠤᠯᠤᠭᠳᠠᠵᠤ᠂ ᠨᠠᠰᠤᠨ ᠳ᠋ᠤ᠌ ᠬᠦᠷᠦᠭᠰᠡᠳ ᠡᠳᠦᠷ ᠪᠦᠷᠢ ᠬᠣᠶᠠᠷ ᠵᠠᠭᠤᠨ ᠭᠷᠠᠮ(200g) ᠴᠡᠴᠡᠭᠲᠦ ᠴᠠᠭᠠᠨ ᠨᠣᠭᠣᠭ᠎ᠠ ᠢᠳᠡᠪᠡᠯ᠂ ᠨᠢᠭᠡ ᠡᠳᠦᠷ ᠬᠡᠷᠡᠭᠰᠡᠬᠦ ᠸᠢᠲ᠋ᠠᠮᠢᠨ ᠤ᠋ ᠪᠠᠨ ᠵᠠᠭᠤᠨ ᠤ᠋ ᠳᠠᠯᠠᠨ ᠲᠠᠪᠤ(75%) ᠠ᠋ᠴᠠ ᠳᠡᠭᠡᠭᠰᠢ ᠶ᠋ᠢ ᠨᠢ ᠬᠠᠩᠭᠠᠵᠤ ᠴᠢᠳᠠᠳᠠᠭ᠃
      ᠲᠠᠪᠤ᠂ ᠡᠰᠢᠨ ᠰᠢᠯᠦᠬᠡᠢ ᠨᠣᠭᠣᠭ᠎ᠠ᠄ ᠬᠥᠮᠦᠨ ᠦ᠌ ᠪᠡᠶ᠎ᠡ ᠶ᠋ᠢᠨ ᠤᠰᠤᠨ ᠤ᠋ ᠲᠡᠩᠴᠡᠭᠦᠷᠢ ᠶ᠋ᠢ ᠬᠠᠳᠠᠭᠠᠯᠠᠵᠤ᠂ ᠪᠡᠶ᠎ᠡ ᠮᠠᠬᠠᠪᠣᠳ ᠤ᠋ᠨ ᠰᠠᠭᠤᠷᠢ ᠰᠣᠯᠢᠯᠴᠠᠭ᠎ᠠ ᠶ᠋ᠢ ᠠᠬᠢᠭᠤᠯᠳᠠᠭ᠃ ᠴᠢᠰᠤᠨ ᠳᠠᠷᠤᠯᠲᠠ ᠥᠨᠳᠥᠷ ᠪᠠ ᠵᠢᠷᠦᠬᠡᠨ ᠡᠪᠡᠳᠴᠢᠨ ᠲᠡᠢ ᠬᠥᠮᠦᠨ ᠳ᠋ᠦ᠍ ᠨᠡᠩ ᠰᠠᠢᠨ ᠪᠠᠢᠳᠠᠭ᠃
ᠵᠢᠷᠭᠤᠭ᠎ᠠ᠂ ᠠᠮᠲᠠᠲᠤ ᠲᠥᠮᠥᠰᠥ( ᠰᠢᠬᠢᠷ ᠲᠥᠮᠥᠰᠥ)᠄ ᠶᠠᠳᠠᠷᠠᠯ ᠢ᠋ ᠲᠠᠢᠯᠤᠨ᠂ ᠲᠠᠮᠢᠷ ᠨᠥᠬᠥᠵᠦ᠂ ᠳᠡᠯᠢᠭᠦᠦ ᠬᠣᠳᠣᠭᠣᠳᠣ ᠶ᠋ᠢ ᠪᠦᠯᠢᠶᠡᠰᠬᠡᠨ᠂ ᠪᠥᠭᠡᠷ᠎ᠡ ᠶ᠋ᠢᠨ ᠲᠠᠮᠢᠷ ᠢ᠋ ᠴᠢᠩᠭᠠᠷᠠᠭᠤᠯᠵᠤ᠂ ᠠᠭᠤᠰᠬᠢ ᠶ᠋ᠢ ᠨᠥᠬᠥᠬᠦ ᠦᠢᠯᠡᠳᠦᠯ ᠲᠡᠢ᠃
      ᠳᠣᠯᠣᠭ᠎ᠠ᠂ ᠬᠤᠯᠤᠤᠪᠠᠩ( ᠰᠢᠷ᠎ᠠ ᠯᠤᠤᠪᠠᠩ)᠄ ᠳᠡᠯᠢᠭᠦᠦ ᠶ᠋ᠢ ᠨᠥᠬᠥᠵᠦ᠂ ᠬᠣᠳᠣᠭᠣᠳᠣ ᠶ᠋ᠢ ᠡᠷᠡᠭᠦᠯᠵᠢᠭᠦᠯᠦᠨ᠂ ᠬᠠᠷᠠᠭ᠎ᠠ ᠶ᠋ᠢ ᠰᠠᠢᠵᠢᠷᠠᠭᠤᠯᠬᠤ ᠳ᠋ᠤ᠌ ᠠᠰᠢᠭᠲᠠᠢ ᠪᠠᠢᠳᠠᠭ᠃
      ᠨᠠᠢ᠍ᠮᠠ᠂ ᠴᠠᠭᠠᠨ ᠯᠤᠤᠪᠠᠩ᠄ ᠠᠭᠤᠰᠬᠢ ᠬᠣᠳᠣᠭᠣᠳᠣᠨ ᠤ᠋ ᠬᠠᠭᠤᠴᠢᠨ ᠭᠡᠮ ᠢ᠋ ᠨᠠᠮᠳᠠᠭᠠᠨ᠂ ᠴᠠᠷ ᠢ᠋ ᠠᠷᠢᠯᠭᠠᠨ᠂ ᠬᠠᠯᠠᠭᠤᠨ ᠢ᠋ ᠬᠥᠭᠡᠭᠡᠵᠦ᠂ ᠬᠣᠣᠷ ᠢ᠋ ᠲᠠᠢᠯᠤᠨ᠂ ᠡᠪᠡᠳᠴᠢᠨ ᠢ᠋ ᠡᠰᠡᠷᠭᠦᠴᠡᠬᠦ ᠴᠢᠳᠠᠪᠤᠷᠢ ᠶ᠋ᠢ ᠨᠡᠮᠡᠭᠳᠡᠭᠦᠯᠦᠨ᠎ᠡ᠃
      ᠶᠢᠰᠦ᠂ ᠴᠤᠭᠤᠷ ᠨᠣᠭᠣᠭ᠎ᠠ᠄ ᠡᠯᠢᠭᠡ ᠶ᠋ᠢ ᠲᠡᠭᠰᠢᠯᠡᠵᠦ᠂ ᠬᠣᠳᠣᠭᠣᠳᠣ ᠶ᠋ᠢ ᠡᠷᠡᠭᠦᠯᠵᠢᠭᠦᠯᠦᠨ᠂ ᠢᠳᠡᠭᠡᠨ ᠦ᠌ ᠳᠤᠷᠠᠰᠢᠯ ᠢ᠋ ᠨᠡᠮᠡᠭᠳᠡᠭᠦᠯᠦᠨ᠂ ᠴᠠᠷ ᠢ᠋ ᠠᠷᠢᠯᠭᠠᠬᠤ ᠦᠢᠯᠡᠳᠦᠯ ᠲᠡᠢ᠃
      ᠠᠷᠪᠠ᠂ ᠴᠤᠯᠤ ᠰᠠᠷᠠᠨ᠎ᠠ᠄ ᠰᠢᠩᠭᠡᠭᠡᠯᠲᠡ ᠶ᠋ᠢ ᠰᠠᠢᠵᠢᠷᠠᠭᠤᠯᠤᠨ᠂ ᠬᠣᠳᠣᠭᠣᠳᠣ ᠶ᠋ᠢ ᠡᠷᠡᠭᠦᠯᠵᠢᠭᠦᠯᠦᠨ᠂ ᠲᠠᠮᠢᠷ ᠨᠥᠬᠥᠬᠦ ᠦᠢᠯᠡᠳᠦᠯ ᠲᠡᠢ ᠪᠠᠢᠳᠠᠭ ᠠ᠋ᠴᠠ ᠶᠠᠭ ᠡᠷᠡᠭᠦᠯᠵᠢᠵᠦ ᠪᠠᠢᠭ᠎ᠠ ᠡᠪᠡᠳᠴᠢᠲᠡᠨ ᠬᠢᠭᠡᠳ ᠨᠠᠰᠤᠲᠠᠢᠴᠤᠳ ᠪᠣᠯᠤᠨ ᠬᠡᠦᠬᠡᠳ ᠲᠦ ᠢᠳᠡᠭᠦᠯᠵᠦ ᠪᠣᠯᠳᠠᠭ᠃

       ᠦᠰᠦᠭ ᠠᠮᠢᠯᠠᠭᠤᠯᠤᠭᠴᠢ᠄ ᠮᠥᠩᠬᠡ ᠭᠠᠯ
       ᠦᠰᠦᠭ ᠬᠠᠳᠠᠭᠴᠢ᠄ ᠮᠥᠩᠬᠡ ᠭᠠᠯ
       ᠬᠢᠨᠠᠭᠴᠢ᠄ ᠪᠠᠶᠠᠷᠴᠡᠴᠡᠭ