1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠨ ᠪᠡᠷᠢ ᠶᠢᠨ ᠦᠯᠢᠭᠡᠷЦэцэн бэрийн үлгэр

ᠴᠡᠴᠡᠨ ᠪᠡᠷᠢ ᠶᠢᠨ ᠦᠯᠢᠭᠡᠷЦэцэн бэрийн үлгэр

ᠠᠩᠭᠢᠯᠠᠯ:ᠳᠣᠮᠣᠭ ᠦᠯᠢᠭᠡᠷ
2022-04-13

217

ᠴᠡᠴᠡᠨ ᠪᠡᠷᠢ ᠶᠢᠨ ᠦᠯᠢᠭᠡᠷ

  ᠡᠷᠲᠡ ᠤᠷᠢᠳᠤ ᠶ᠋ᠢᠨ ᠴᠠᠭ ᠲᠤ᠌ ᠲᠡᠨᠡᠭ ᠬᠦᠦ ᠲᠡᠢ ᠨᠢᠭᠡᠨ ᠬᠠᠭᠠᠨ ᠪᠠᠢᠵᠠᠢ᠃ ᠮᠥᠨ ᠲᠡᠷᠡ ᠤᠯᠤᠰ ᠲᠤ᠌ ᠰᠡᠴᠡᠨ ᠥᠬᠢᠨ ᠲᠡᠢ ᠨᠢᠭᠡᠨ ᠬᠥᠭᠰᠢᠨ ᠪᠠᠢᠵᠠᠢ ᠭᠡᠨ᠎ᠡ᠃ ᠲᠡᠷᠡ ᠬᠡᠦᠬᠡᠨ ᠢ᠋ ᠮᠤᠩᠬᠠᠭ ᠬᠦᠦ ᠳ᠋ᠦ᠍ ᠪᠡᠨ ᠠᠪᠴᠤ ᠦᠭᠬᠦᠶ᠎ᠡ ᠭᠡᠵᠦ ᠬᠠᠭᠠᠨ ᠪᠣᠳᠣᠭᠠᠳ ᠡᠪᠦᠭᠡᠨ ᠢ᠋ ᠳᠠᠭᠤᠳᠠᠵᠤ ᠢᠷᠡᠭᠦᠯᠦᠨ ᠡᠪᠦᠭᠡᠨ ᠴᠢ ᠮᠠᠷᠭᠠᠰᠢ ᠦᠨᠡᠰᠦᠨ ᠴᠢᠳᠥᠷ ᠵᠠᠩᠭᠢᠳᠤᠭᠠᠳ ᠡᠳᠦᠷ ᠴᠦ᠍ ᠪᠢᠰᠢ ᠰᠥᠨᠢ ᠴᠦ᠍ ᠪᠢᠰᠢ ᠴᠠᠭ ᠢ᠋ᠶ᠋ᠠᠷ᠂ ᠵᠠᠮ ᠲᠠᠢ ᠴᠦ᠍ ᠪᠢᠰᠢ ᠵᠠᠮ ᠦᠭᠡᠢ ᠴᠦ᠍ ᠪᠢᠰᠢ ᠭᠠᠵᠠᠷ ᠢ᠋ᠶ᠋ᠠᠷ᠂ ᠬᠤᠪᠴᠠᠰᠤ ᠲᠠᠢ ᠴᠤ᠌ ᠪᠢᠰᠢ ᠬᠤᠪᠴᠠᠰᠤ ᠦᠭᠡᠢ ᠴᠦ᠍ ᠪᠢᠰᠢ ᠶᠠᠪᠤᠵᠤ ᠢᠷᠡᠭᠡᠳ ᠭᠡᠷ ᠲᠦ᠍ ᠴᠦ᠍ ᠪᠢᠰᠢ ᠭᠠᠳᠠᠭ᠎ᠠ ᠴᠤ᠌ ᠪᠢᠰᠢ ᠭᠠᠵᠠᠷ ᠠ᠋ᠴᠠ ᠨᠠᠳᠠ ᠳ᠋ᠤ᠌ ᠥᠭᠭᠦᠭᠡᠷᠡᠢ ! ᠠ ᠡᠰᠡ ᠴᠢᠳᠠᠪᠠᠯ ᠲᠣᠯᠣᠭᠠᠢ ᠶ᠋ᠢ ᠴᠢᠨᠢ ᠠᠪᠤᠨ᠎ᠠ ᠰᠢᠦ ᠭᠡᠵᠦ ᠵᠠᠷᠯᠢᠭ ᠪᠠᠭᠤᠯᠭᠠᠵᠤ ᠭᠡᠨ᠎ᠡ᠃ ᠡᠪᠦᠭᠡᠨ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠶᠡᠬᠡ ᠯᠡ ᠭᠠᠢᠬᠠᠵᠤ ᠶᠠᠭᠠᠬᠢᠨ᠎ᠠ ᠡᠢᠨ᠎ᠡ ᠭᠡᠵᠦ ᠭᠠᠢᠬᠠᠰᠢ ᠲᠠᠰᠤᠷᠠᠨ ᠭᠡᠷ ᠲᠦ᠍ ᠪᠡᠨ ᠢᠷᠡᠬᠦ ᠳ᠋ᠦ᠍ ᠨᠢ ᠥᠬᠢᠨ ᠨᠢ
— ᠥ᠂ ᠲᠡᠷᠡ ᠶᠠᠭᠤᠬᠠᠨ ᠪᠠᠢᠬᠤ ᠪᠣᠢ ᠠᠪᠤ ᠮᠢᠨᠢ ᠲᠠ ᠰᠠᠨᠠᠭ᠎ᠠ ᠵᠣᠪᠠᠯᠲᠠ ᠦᠭᠡᠢ ᠭᠡᠳ ᠠᠷᠭ᠎ᠠ ᠵᠢᠭᠠᠵᠤ ᠥᠭᠴᠡᠢ᠃
ᠮᠠᠷᠭᠠᠰᠢ ᠥᠷᠯᠥᠭᠡ ᠨᠢ ᠡᠪᠦᠭᠡᠨ ᠥᠬᠢᠨ ᠦ᠌ ᠵᠢᠭᠠᠭᠰᠠᠨ ᠶᠣᠰᠣᠭᠠᠷ ᠬᠠᠭᠠᠨ ᠤ᠋ ᠳ᠋ᠤ᠌ ᠣᠴᠢᠭᠠᠳ
— ᠬᠠᠭᠠᠨᠲᠠᠨ ᠮᠢᠨᠢ ᠠ᠋᠂ ᠵᠠᠷᠯᠢᠭ ᠶᠣᠰᠣᠭᠠᠷ ᠦᠨᠡᠰᠦᠨ ᠴᠢᠳᠥᠷ ᠵᠠᠩᠭᠢᠳᠴᠤ ᠠᠪᠴᠢᠷᠠᠯ᠎ᠠ᠂ ᠲᠠ ᠠᠪᠴᠤ ᠰᠣᠶᠣᠷᠬᠠᠨ᠎ᠠ ᠤᠤ ᠭᠡᠵᠦ ᠬᠠᠰᠬᠢᠷᠤᠭᠰᠠᠨ ᠳ᠋ᠤ᠌ ᠬᠠᠭᠠᠨ
— ᠦᠭᠡᠢ ᠴᠢ ᠬᠠᠮᠢᠭ᠎ᠠ ᠪᠠᠢᠨ᠎ᠠ? ᠭᠡᠵᠦ ᠠᠰᠠᠭᠤᠬᠤ ᠳ᠋ᠤ᠌ ᠨᠢ ᠡᠪᠦᠭᠡᠨ
— ᠥ᠂ ᠪᠢ ᠭᠡᠷ ᠲᠦ᠍ ᠴᠦ᠍ ᠪᠢᠰᠢ ᠭᠠᠳᠠᠭ᠎ᠠ ᠴᠤ᠌ ᠪᠢᠰᠢ᠂ ᠬᠠᠨ᠎ᠠ ᠲᠤᠭᠤᠷᠭ᠎ᠠ ᠬᠣᠶᠠᠷ ᠤ᠋ᠨ ᠲᠠᠨᠢ ᠵᠠᠪᠰᠠᠷ ᠢ᠋ᠶ᠋ᠠᠷ ᠪᠠᠢᠨ᠎ᠠ᠃
— ᠦᠭᠡᠢ᠂ ᠲᠡᠭᠡᠭᠡᠳ ᠴᠢ ᠬᠡᠵᠢᠶ᠎ᠡ ᠢᠷᠡᠭᠰᠡᠨ ᠶᠦ᠍ᠮ ᠪᠣᠢ? ᠭᠡᠬᠦ ᠳ᠋ᠦ᠍ ᠨᠢ ᠡᠪᠦᠭᠡᠨ
— ᠪᠢ ᠡᠳᠦᠷ ᠴᠦ᠍ ᠪᠢᠰᠢ ᠰᠥᠨᠢ ᠴᠦ᠍ ᠪᠢᠰᠢ ᠦᠷ ᠢ᠋ᠶ᠋ᠡᠷ ᠢᠷᠡᠯ᠎ᠡ᠃
— ᠦᠭᠡᠢ ᠴᠢ ᠲᠡᠭᠡᠭᠡᠳ ᠬᠠᠮᠢᠭᠠᠭᠤᠷ ᠶᠠᠪᠤᠵᠤ ᠢᠷᠡᠭᠰᠡᠨ ᠶᠦ᠍ᠮ ᠪᠣᠢ ᠭᠡᠬᠦ ᠳ᠋ᠦ᠍ ᠨᠢ ᠡᠪᠦᠭᠡᠨ
— ᠠ᠂ ᠪᠢ ᠵᠠᠮ ᠲᠠᠢ ᠭᠠᠵᠠᠷ ᠢ᠋ᠶ᠋ᠠᠷ ᠴᠤ᠌ ᠪᠢᠰᠢ ᠵᠠᠮ ᠦᠭᠡᠢ ᠭᠠᠵᠠᠷ ᠢ᠋ᠶ᠋ᠠᠷ ᠴᠤ᠌ ᠪᠢᠰᠢ᠂ ᠵᠠᠮ ᠤ᠋ᠨ ᠳᠠᠯᠠᠩ ᠢ᠋ᠶ᠋ᠠᠷ ᠶᠠᠪᠤᠵᠤ ᠢᠷᠡᠯ᠎ᠡ᠃
— ᠦᠭᠡᠢ ᠴᠢ ᠶᠠᠭᠤ ᠡᠮᠦᠰᠴᠦ ᠢᠷᠡᠪᠡ? ᠭᠡᠬᠦ ᠳ᠋ᠦ᠍ ᠨᠢ
— ᠠ᠂ ᠪᠢ ᠬᠤᠪᠴᠠᠰᠤ ᠲᠠᠢ ᠴᠤ᠌ ᠪᠢᠰᠢ ᠬᠤᠪᠴᠠᠰᠤ ᠦᠭᠡᠢ ᠴᠦ᠍ ᠪᠢᠰᠢ᠂ ᠲᠣᠣᠷ ᠤ᠋ᠨ ᠨᠥᠮᠥᠷᠭᠡ ᠲᠡᠢ ᠢᠷᠡᠯ᠎ᠡ᠃
— ᠦᠭᠡᠢ ᠲᠡᠭᠡᠭᠡᠳ ᠴᠢ ᠦᠨᠡᠰᠦᠨ ᠴᠢᠳᠥᠷ ᠶᠠᠭᠠᠬᠢᠵᠤ ᠵᠠᠩᠭᠢᠳᠪᠠ ᠭᠡᠬᠦ ᠳ᠋ᠦ᠍ ᠨᠢ ᠡᠪᠦᠭᠡᠨ
— ᠥᠯᠦᠩ ᠡᠪᠡᠰᠦ ᠪᠡᠷ ᠴᠢᠳᠥᠷ ᠵᠠᠩᠭᠢᠳᠤᠭᠠᠳ ᠬᠠᠪᠲᠠᠭᠠᠢ ᠴᠢᠯᠠᠭᠤᠨ ᠳᠡᠭᠡᠷ᠎ᠡ ᠲᠠᠯᠪᠢᠵᠤ ᠭᠠᠯ ᠣᠷᠣᠭᠤᠯᠤᠭᠠᠳ ᠦᠨᠡᠰᠦᠨ ᠴᠢᠳᠥᠷ ᠵᠠᠩᠭᠢᠳᠬᠤ ᠶ᠋ᠢ ᠴᠦ᠍ ᠵᠠᠩᠭᠢᠳᠤᠯ᠎ᠠ᠃ ᠬᠠᠭᠠᠨ ᠭᠤᠸᠠᠢ ᠲᠠ ᠰᠣᠶᠣᠷᠬᠠᠪᠠᠯ ᠮᠣᠷᠢ ᠪᠠᠨ ᠠᠪᠴᠤ ᠴᠢᠳᠥᠷᠯᠡ ᠳᠠ ᠭᠡᠰᠡᠨ ᠳ᠋ᠦ᠍ ᠬᠠᠭᠠᠨ
— ᠵᠠ᠂ ᠬᠥᠭᠰᠢᠨ ᠮᠠᠷᠭᠠᠰᠢ ᠲᠠᠨ ᠤ᠋ ᠳ᠋ᠤ᠌ ᠣᠴᠢᠨ᠎ᠠ᠃ ᠴᠢ ᠨᠠᠳᠠ ᠳ᠋ᠤ᠌ ᠡᠷ᠎ᠡ ᠦᠬᠡᠷ ᠦ᠋ᠨ ᠰᠦ᠍ ᠪᠡᠷ ᠡᠯᠢᠭᠡᠨ ᠲᠠᠷᠠᠭ ᠪᠦᠷᠢᠭᠡᠳ ᠳᠡᠯᠪᠢ᠂ ᠡᠰᠡ ᠴᠢᠳᠠᠪᠠᠰᠤ ᠲᠣᠯᠣᠭᠠᠢ ᠦᠭᠡᠢ ᠪᠣᠯᠤᠨ᠎ᠠ ᠭᠡᠵᠦ ᠮᠡᠳᠡᠭᠡᠷᠡᠢ ᠭᠡᠵᠡᠢ᠃ ᠡᠪᠦᠭᠡᠨ ᠲᠡᠭᠡᠬᠦ ᠳ᠋ᠦ᠍ ᠨᠢ ᠦᠭᠡᠢ ᠮᠠᠨ ᠤ᠋ ᠬᠠᠭᠠᠨ ᠪᠣᠯᠬᠤ ᠪᠠᠨ ᠪᠠᠢᠵᠠᠢ᠂ ᠣᠳᠣ ᠶᠠᠭᠠᠬᠢᠨ᠎ᠠ ᠡᠢᠨ᠎ᠡ ᠪᠢᠯᠡ? ᠭᠡᠵᠦ ᠴᠥᠬᠥᠷᠡᠨ ᠤᠬᠢᠯᠠᠵᠤ ᠬᠠᠭᠠᠨ ᠤ᠋ ᠵᠠᠷᠯᠢᠭ ᠢ᠋ ᠥᠬᠢᠨ ᠳ᠋ᠦ᠍ ᠪᠡᠨ ᠬᠡᠯᠡᠵᠡᠢ᠃
ᠲᠡᠭᠡᠬᠦ ᠳ᠋ᠦ᠍ ᠥᠬᠢᠨ ᠨᠢ
— ᠲᠡᠷᠡ ᠭᠠᠢᠭᠤᠢ᠂ ᠠᠪᠤ ᠲᠠ ᠪᠢᠲᠡᠭᠡᠢ ᠰᠠᠨᠠᠭ᠎ᠠ ᠵᠣᠪᠠ᠂ ᠪᠢ ᠠᠷᠭᠠᠯᠠᠶ᠎ᠠ ᠭᠡᠵᠦ ᠭᠡᠨ᠎ᠡ᠃ ᠮᠠᠷᠭᠠᠰᠢ ᠥᠬᠢᠨ ᠠᠪᠤ ᠶ᠋ᠢ ᠪᠡᠨ ᠠᠷᠤᠭ ᠲᠦᠰᠢᠭᠦᠯᠦᠨ ᠨᠥᠮᠥᠭᠡᠨ ᠰᠠᠭᠤᠯᠭᠠᠵᠤ ᠬᠠᠶᠠᠭ᠎ᠠ ᠬᠠᠲᠠᠪᠴᠢ ᠪᠠᠨ ᠮᠠᠨᠠᠵᠤ ᠪᠥᠭᠯᠡᠭᠡᠳ ᠪᠠᠢᠵᠤ ᠪᠠᠢᠲᠠᠯ᠎ᠠ᠂ ᠬᠠᠭᠠᠨ ᠢᠷᠡᠵᠦ
—ᠠᠢ! ᠨᠣᠬᠠᠢ ᠬᠣᠷᠢ ᠠ᠋!
— ᠮᠠᠨᠠᠢ ᠳ᠋ᠤ᠌ ᠮᠣᠷᠢᠯᠠᠵᠤ ᠪᠣᠯᠳᠠᠭ ᠦᠭᠡᠢ ᠶᠦ᠍ᠮ ᠠ᠋ ᠭᠡᠵᠦ ᠭᠡᠨ᠎ᠡ᠃
— ᠲᠠᠨ ᠤ᠋ ᠬᠢ ᠬᠥᠮᠦᠨ ᠣᠷᠣᠭᠤᠯᠵᠤ ᠪᠣᠯᠳᠠᠭ ᠦᠭᠡᠢ ᠶᠠᠭᠠᠬᠢᠭᠰᠠᠨ ᠶᠤᠮ ᠪᠣᠢ? ᠭᠡᠵᠦ ᠬᠠᠭᠠᠨ ᠢ᠋ ᠠᠰᠠᠭᠤᠬᠤ ᠳ᠋ᠤ᠌
— ᠮᠠᠨ ᠤ᠋ ᠠᠪᠤ ᠨᠢᠷᠠᠢᠯᠠᠭᠰᠠᠨ ᠶᠤᠮ ᠠ᠋᠂
— ᠠ᠋ ᠬᠡ! ᠡᠨᠡ ᠴᠢᠨᠢ ᠡᠷ᠎ᠡ ᠬᠥᠮᠦᠨ ᠡᠴᠡ ᠬᠡᠦᠬᠡᠳ ᠭᠠᠷᠳᠠᠭ ᠶᠤᠮ ᠤᠤ ᠭᠡᠬᠦ ᠳ᠋ᠦ᠍ ᠨᠢ ᠡᠷ᠎ᠡ ᠦᠬᠡᠷ ᠡᠴᠡ ᠰᠦ᠍ ᠭᠠᠷᠳᠠᠭ ᠶᠤᠮ ᠤᠤ ᠭᠡᠵᠦ ᠬᠡᠦᠬᠡᠨ ᠠᠰᠠᠭᠤᠵᠠᠢ ᠭᠡᠨ᠎ᠡ᠃ ᠬᠠᠭᠠᠨ ᠦᠭᠡ ᠳᠠᠭᠤ ᠦᠭᠡᠢ ᠡᠷᠭᠢᠭᠡᠳ ᠶᠠᠪᠤᠵᠠᠢ᠃ ᠬᠠᠭᠠᠨ ᠶᠠᠭᠠᠬᠢᠭᠰᠠᠨ ᠴᠡᠴᠡᠨ ᠬᠡᠦᠬᠡᠨ ᠪᠣᠢ ᠭᠡᠵᠦ ᠪᠣᠳᠣᠭᠠᠳ ᠮᠤᠩᠬᠠᠭ ᠲᠠᠢᠵᠢ ᠬᠦᠦ ᠳ᠋ᠦ᠍ ᠪᠡᠨ ᠠᠪᠴᠤ ᠥᠭᠪᠡ᠃ ᠢᠩᠭᠢᠭᠡᠳ ᠬᠠᠭᠠᠨ ᠬᠡᠳᠦᠨ ᠰᠠᠷ᠎ᠠ ᠶ᠋ᠢᠨ ᠳᠠᠷᠠᠭ᠎ᠠ ᠬᠦᠦ ᠪᠡᠨ ᠴᠡᠴᠡᠨ ᠡᠬᠡᠨᠡᠷ ᠲᠡᠢ ᠪᠣᠯᠤᠭᠠᠳ ᠤᠬᠠᠭᠠᠨ ᠣᠷᠣᠵᠤ ᠪᠠᠢᠭ᠎ᠠ ᠪᠣᠯᠪᠠ ᠤᠤ ᠭᠡᠵᠦ ᠪᠣᠳᠣᠭᠠᠳ ᠳᠠᠭᠤᠳᠠᠵᠤ ᠬᠡᠯᠡᠪᠡ᠃
— ᠵᠠ᠂ ᠬᠦᠦ ᠮᠢᠨᠢ᠂ ᠬᠠᠭᠠᠨ ᠠᠪᠤ ᠳ᠋ᠤ᠌ ᠪᠠᠨ ᠬᠣᠢᠨ᠎ᠠ ᠤᠷᠢᠳᠠ ᠬᠣᠶᠠᠷ ᠲᠣᠯᠣᠭᠠᠢ ᠲᠠᠢ ᠮᠣᠷᠢ ᠶ᠋ᠢ ᠲᠣᠬᠣᠵᠤ ᠥᠭ ᠭᠡᠵᠡᠢ᠃ ᠵᠠ᠂ ᠭᠡᠵᠦ ᠭᠠᠷᠤᠭᠰᠠᠨ ᠬᠦᠦ ᠨᠢ ᠬᠣᠢᠨ᠎ᠠ ᠤᠷᠢᠳᠠ ᠠ᠋ᠴᠠ ᠨᠢ ᠬᠣᠶᠠᠷ ᠮᠣᠷᠢ ᠶ᠋ᠢ ᠵᠥᠷᠢᠭᠦᠯᠡᠵᠦ ᠪᠠᠭᠯᠠᠭᠠᠳ ᠣᠯᠣᠩ ᠵᠢᠷᠢᠮ ᠢ᠋ᠶ᠋ᠡᠨ ᠲᠠᠰᠤᠳᠠᠵᠤ ᠪᠠᠷᠠᠪᠠ ᠭᠡᠨ᠎ᠡ᠃ ᠡᠬᠡᠨᠡᠷ ᠲᠦ᠍ ᠪᠡᠨ ᠣᠴᠢᠭᠠᠳ
— ᠬᠠ᠂ ᠮᠠᠨ ᠤ᠋ ᠠᠪᠤ ᠨᠠᠮ᠎ᠠ ᠶ᠋ᠢ ᠬᠣᠢᠨ᠎ᠠ ᠤᠷᠢᠳᠠ ᠬᠣᠶᠠᠷ ᠲᠣᠯᠣᠭᠠᠢ ᠲᠠᠢ ᠮᠣᠷᠢ ᠲᠣᠬᠣᠵᠤ ᠥᠭ ᠭᠡᠰᠡᠨ᠃ ᠪᠢ ᠲᠣᠬᠣᠭᠠᠳ ᠪᠦᠷ ᠴᠢᠳᠠᠭᠰᠠᠨ ᠦᠭᠡᠢ ᠭᠡᠵᠦ ᠡᠬᠡᠨᠡᠷ ᠲᠦ᠍ ᠪᠡᠨ ᠬᠡᠯᠡᠵᠡᠢ ᠭᠡᠨ᠎ᠡ᠃
— ᠲᠠ ᠬᠡᠭᠡᠯ ᠲᠡᠢ ᠭᠡᠭᠦᠦ ᠲᠣᠬᠣᠭᠠᠳ ᠤᠶᠠᠴᠢᠬ᠎ᠠ ᠭᠡᠵᠦ ᠡᠬᠡᠨᠡᠷ ᠨᠢ ᠬᠡᠯᠡᠯ᠎ᠡ᠃ ᠬᠡᠯᠡᠭᠰᠡᠨ ᠶᠣᠰᠣᠭᠠᠷ ᠤᠶᠠᠵᠤ ᠣᠷᠬᠢᠵᠠᠢ᠃ ᠬᠠᠭᠠᠨ ᠲᠡᠭᠦᠨ ᠢ᠋ ᠨᠢ ᠬᠠᠷᠠᠭᠠᠳ ᠲᠠᠭᠠᠯᠠᠨ ᠳᠠᠬᠢᠨ ᠬᠡᠯᠡᠪᠡ᠃
— ᠬᠢ᠂ ᠠᠪᠤ ᠳ᠋ᠤ᠌ ᠪᠠᠨ ᠲᠡᠭᠡᠪᠡᠯ ᠮᠣᠳᠣᠨ ᠲᠣᠭᠣᠭᠠᠨ ᠳ᠋ᠤ᠌ ᠮᠢᠬ᠎ᠠ ᠴᠢᠨᠠᠵᠤ ᠥᠭ ᠭᠡᠵᠦ ᠭᠡᠨ᠎ᠡ᠃ ᠬᠥᠪᠡᠭᠦᠨ ᠵᠠ ᠭᠡᠵᠦ ᠭᠠᠷᠤᠭᠠᠳ ᠬᠠᠮᠤᠭ ᠬᠣᠲᠣᠭᠣᠷ ᠮᠣᠳᠣᠨ ᠰᠠᠪᠠ ᠪᠦᠭᠦᠳᠡ ᠶ᠋ᠢ ᠲᠦᠢᠮᠡᠷᠳᠡᠭᠡᠳ ᠲᠤᠩ ᠴᠤ᠌ ᠶᠡᠬᠡ ᠶᠠᠳᠠᠪᠠ᠃ ᠲᠡᠭᠡᠭᠡᠳ ᠡᠬᠡᠨᠡᠷ ᠲᠦ᠍ ᠪᠡᠨ ᠣᠴᠢᠭᠠᠳ ᠨᠠᠮ᠎ᠠ ᠶ᠋ᠢ ᠮᠣᠳᠣᠨ ᠬᠠᠢᠰᠤᠨ ᠳ᠋ᠤ᠌ ᠮᠢᠬ᠎ᠠ ᠴᠢᠨᠠᠵᠤ ᠥᠭ ᠭᠡᠰᠡᠨ ᠳ᠋ᠦ᠍ ᠪᠢ ᠪᠦᠷ ᠠᠷᠭ᠎ᠠ ᠪᠠᠨ ᠪᠠᠷᠠᠯ᠎ᠠ ᠭᠡᠬᠦ ᠳ᠋ᠦ᠍ ᠨᠢ ᠡᠬᠡᠨᠡᠷ ᠨᠢ ᠲᠡᠭᠡᠪᠡᠯ ᠲᠠ ᠢᠷᠭᠠᠢ ᠰᠢᠷᠠᠨ ᠳ᠋ᠤ᠌ ᠮᠢᠬ᠎ᠠ ᠰᠢᠷᠠᠵᠤ ᠪᠣᠯᠭᠣᠭᠠᠳ ᠠᠪᠴᠤ ᠣᠷᠣᠭᠠᠳ ᠪᠠᠷᠢᠵᠤ ᠣᠷᠬᠢᠭᠲᠤᠨ ᠭᠡᠵᠡᠢ᠃ ᠲᠡᠷᠡ ᠶᠣᠰᠣᠭᠠᠷ ᠦᠢᠯᠡᠳᠴᠡᠢ ᠭᠡᠨ᠎ᠡ᠃
ᠡᠴᠦᠰ ᠲᠦ᠍ ᠨᠢ ᠬᠠᠭᠠᠨ ᠮᠥᠰᠥᠨ ᠬᠥᠮᠦᠨ ᠬᠢᠯᠭᠡᠵᠦ ᠲᠠᠯᠪᠢᠴᠢᠬᠠᠭᠠᠳ
— ᠵᠠ᠂ ᠬᠥᠪᠡᠭᠦᠨ ᠲᠡᠷᠡ ᠮᠥᠰᠥᠨ ᠬᠥᠮᠦᠨ ᠡᠴᠡ ᠦᠭᠡ ᠰᠤᠷᠤᠭᠠᠳ ᠢᠷ᠎ᠡ ᠭᠡᠬᠦ ᠳ᠋ᠦ᠍ ᠨᠢ ᠮᠤᠩᠬᠠᠭ ᠲᠠᠢᠵᠢ ᠮᠥᠰᠥᠨ ᠬᠥᠮᠦᠨ ᠳᠡᠭᠡᠷ᠎ᠡ ᠣᠴᠢᠭᠠᠳ ᠳᠠᠭᠤ ᠭᠠᠷᠭᠠᠵᠤ ᠶᠠᠳᠠᠪᠠ᠃ ᠬᠡᠮᠬᠡ ᠴᠣᠬᠢᠵᠤ ᠪᠠᠯᠪᠠᠴᠢᠬᠠᠭᠠᠳ ᠡᠬᠡᠨᠡᠷ ᠲᠦ᠍ ᠪᠡᠨ ᠬᠡᠯᠡᠪᠡ᠃
— ᠦᠭᠡᠢ᠂ ᠮᠥᠰᠥᠨ ᠬᠥᠮᠦᠨ ᠡᠴᠡ ᠨᠠᠮ᠎ᠠ ᠶ᠋ᠢ ᠦᠭᠡ ᠰᠤᠷᠴᠤ ᠢᠷ᠎ᠡ ᠭᠡᠯ᠎ᠡ᠂ ᠰᠤᠷᠴᠤ ᠶᠠᠳᠠᠴᠢᠬᠠᠭᠠᠳ ᠪᠢ ᠪᠠᠯᠪᠠᠵᠤ ᠬᠠᠶᠠᠴᠢᠬᠠᠭᠠᠳ ᠬᠦᠷᠦᠭᠡᠳ ᠢᠷᠡᠯ᠎ᠡ ᠭᠡᠬᠦ ᠳ᠋ᠦ᠍ ᠡᠬᠡᠨᠡᠷ ᠨᠢ
— ᠬᠦ᠌! ᠤᠤᠯ ᠮᠢᠨᠦ ᠪᠡᠶ᠎ᠡ ᠤᠰᠤᠨ ᠪᠢᠯᠡ᠂ ᠮᠥᠨ ᠪᠡᠶ᠎ᠡ ᠮᠥᠰᠥᠨ ᠪᠢᠯᠡ᠂ ᠵᠤᠳ ᠲᠠᠢ ᠭᠤᠷᠪᠠᠨ ᠰᠠᠷ᠎ᠠ ᠳ᠋ᠤ᠌ ᠪᠠᠢᠳᠠᠭ ᠪᠢᠯᠡ᠂ ᠵᠤᠨ ᠤ᠋ ᠵᠢᠷᠭᠤᠭᠠᠨ ᠰᠠᠷ᠎ᠠ ᠳ᠋ᠤ᠌ ᠬᠠᠷᠢᠳᠠᠭ ᠪᠢᠯᠡ ᠭᠡᠵᠦ  ᠮᠡᠳᠡᠭᠦᠯᠴᠢᠬᠡ᠃ ᠬᠦᠦ ᠬᠠᠭᠠᠨ ᠠᠪᠤ ᠳ᠋ᠤ᠌ ᠪᠠᠨ ᠡᠬᠡᠨᠡᠷ ᠦ᠋ᠨ ᠢ᠋ᠶ᠋ᠡᠨ ᠬᠡᠯᠡᠭᠰᠡᠨ ᠦᠭᠡ ᠶ᠋ᠢ ᠶᠠᠪ ᠴᠠᠪ ᠬᠡᠯᠡᠵᠡᠢ ᠭᠡᠨ᠎ᠡ᠃ ᠬᠠᠭᠠᠨ
— ᠠ᠂ ᠮᠢᠨᠦ ᠬᠥᠪᠡᠭᠦᠨ ᠴᠡᠴᠡᠨ ᠡᠬᠡᠨᠡᠷ ᠠᠪᠤᠭᠠᠳ ᠰᠠᠢᠨ ᠤᠬᠠᠭᠠᠨ ᠣᠷᠣᠵᠠᠢ᠃ ᠮᠢᠨᠦ ᠬᠦᠦ ᠡᠳᠦᠢ ᠴᠢᠭ ᠲᠡᠢ ᠪᠣᠯᠤᠭᠰᠠᠨ ᠲᠤᠯᠠ ᠬᠠᠭᠠᠨ ᠰᠠᠭᠤᠷᠢᠨ ᠳ᠋ᠤ᠌ ᠰᠠᠭᠤᠵᠤ ᠬᠠᠮᠤᠭ ᠲᠦᠮᠡᠨ ᠢ᠋ ᠵᠠᠬᠢᠷᠴᠤ ᠴᠢᠳᠠᠬᠤ ᠪᠣᠯᠵᠠᠢ᠃ ᠢᠩᠭᠢᠵᠦ ᠪᠣᠳᠣᠭᠠᠳ ᠰᠡᠳᠬᠢᠯ ᠠᠮᠤᠷ ᠠᠩ ᠬᠦᠷᠦᠭᠡ ᠬᠥᠭᠡᠭᠡᠵᠦ ᠶᠠᠪᠤᠭᠠᠳ ᠬᠠᠷᠢ ᠤᠯᠤᠰ ᠤ᠋ᠨ ᠨᠤᠲᠤᠭ ᠲᠤ᠌ ᠮᠠᠲᠠᠯ ᠦᠭᠡᠢ ᠣᠷᠣᠭᠠᠳ ᠪᠠᠷᠢᠭᠳᠠᠵᠠᠢ ᠭᠡᠨ᠎ᠡ᠃ ᠲᠡᠷᠡ ᠤᠯᠤᠰ ᠤ᠋ᠨ ᠬᠠᠭᠠᠨ ᠮᠠᠨ ᠤ᠋ ᠬᠠᠭᠠᠨ ᠤ᠋ ᠤᠯᠤᠰ ᠢ᠋ ᠳᠠᠭᠠᠭᠤᠯᠬᠤ ᠪᠠᠷ ᠬᠣᠶᠠᠷ ᠡᠯᠴᠢ ᠢᠯᠡᠭᠡᠬᠦ ᠪᠡᠷ ᠰᠢᠢᠳᠴᠡᠢ ᠭᠡᠨ᠎ᠡ᠃ ᠬᠠᠭᠠᠨ ᠡᠢᠨ ᠬᠦ᠌ ᠬᠡᠯᠡᠪᠡ᠃
— ᠠ᠂ ᠮᠠᠨ ᠤ᠋ ᠬᠠᠭᠠᠨ ᠤ᠋ ᠠᠷᠠᠳ ᠲᠦᠮᠡᠨ ᠶᠡᠬᠡ ᠢᠲᠡᠭᠡᠮᠡᠲᠡᠭᠡᠢ ᠪᠤᠰᠤ ᠶᠤᠮ ᠠ᠋᠂ ᠬᠣᠶᠠᠷᠬᠠᠨ ᠬᠥᠮᠦᠨ ᠳ᠋ᠦ᠍ ᠨᠠᠮ᠎ᠠ ᠶ᠋ᠢ ᠡᠢᠮᠦ ᠪᠠᠢᠳᠠᠯ ᠲᠠᠢ ᠪᠠᠢᠨ᠎ᠠ ᠭᠡᠵᠦ ᠣᠴᠢᠲᠠᠯ᠎ᠠ ᠳᠠᠭᠠᠵᠤ ᠶᠠᠪᠤᠬᠤ ᠦᠭᠡᠢ ᠪᠠᠢᠬ᠎ᠠ ᠠ᠋᠂ ᠪᠢ ᠲᠠ ᠨᠠᠷ ᠲᠠᠢ ᠡᠨᠳᠡ ᠰᠠᠢᠨ ᠪᠠᠢᠨ᠎ᠠ ᠭᠡᠵᠦ ᠥᠪᠡᠷ ᠦ᠋ᠨ ᠭᠠᠷ ᠢ᠋ᠶ᠋ᠠᠷ ᠨᠢᠭᠡ ᠪᠢᠴᠢᠭ ᠬᠢᠵᠦ ᠦᠭᠬᠦᠶ᠎ᠡ᠂ ᠲᠡᠭᠡᠪᠡᠯ ᠪᠣᠯᠤᠨ᠎ᠠ ᠭᠡᠳ ᠨᠢᠭᠡᠨ ᠪᠢᠴᠢᠭ ᠢ᠋ ᠥᠭᠪᠡ᠃ ᠲᠡᠷᠡ ᠪᠢᠴᠢᠭ ᠲᠦ᠍ ᠄ ᠪᠢ ᠳᠡᠭᠡᠷ᠎ᠡ ᠪᠡᠨ ᠬᠥᠬᠡ ᠲᠣᠷᠭᠠᠨ ᠳᠡᠭᠡᠪᠦᠷ ᠲᠡᠢ᠂ ᠳᠣᠣᠷ᠎ᠠ ᠪᠠᠨ ᠨᠣᠭᠣᠭᠠᠨ ᠲᠣᠷᠭᠠᠨ ᠣᠯᠪᠣᠭ ᠲᠠᠢ᠂ ᠠᠷᠤ ᠳ᠋ᠤ᠌ ᠪᠠᠨ ᠠᠷᠪᠠᠨ ᠬᠥᠮᠦᠨ ᠲᠦᠰᠢᠯᠭᠡ ᠲᠡᠢ ᠪᠠᠢᠨ᠎ᠠ᠂ ᠦᠷᠭᠦᠯᠵᠢ ᠶ᠋ᠢᠨ ᠬᠣᠶᠠᠷ ᠬᠥᠬᠦᠦᠷ ᠰᠦ᠍ ᠲᠡᠢ᠂ ᠡᠳᠦᠷ ᠦ᠋ᠨ ᠮᠢᠩᠭᠠᠨ ᠲᠦᠮᠡᠨ ᠬᠥᠮᠦᠰ ᠲᠡᠢ ᠪᠠᠢᠨ᠎ᠠ᠂ ᠶᠡᠬᠡ ᠵᠢᠷᠭᠠᠯ ᠢ᠋ ᠡᠳ᠋ᠯᠡᠵᠦ ᠪᠠᠢᠨ᠎ᠠ᠂ ᠡᠪᠡᠷ ᠲᠡᠢ ᠮᠠᠯ ᠢ᠋ᠶ᠋ᠠᠨ ᠡᠮᠦᠨ᠎ᠡ ᠪᠡᠨ ᠲᠠᠭᠤᠭᠲᠤᠨ! ᠡᠪᠡᠷ ᠦᠭᠡᠢ ᠮᠠᠯ ᠢ᠋ᠶ᠋ᠠᠨ ᠠᠷᠤ ᠳ᠋ᠤ᠌ ᠪᠠᠨ ᠲᠠᠭᠤᠭᠠᠳ ᠢᠷᠡᠭᠲᠦᠨ! ᠡᠷᠭᠢᠭᠦᠦ ᠡᠷᠭᠢᠭᠦᠦ ᠤᠯᠠᠭᠠᠨ ᠪᠢᠷᠠᠭᠤ ᠪᠠᠨ ᠨᠤᠲᠤᠭ ᠲᠤ᠌ ᠨᠢ ᠬᠠᠶᠠᠵᠤ ᠣᠷᠭᠢᠭᠲᠤᠨ ! ᠬᠠᠷ᠎ᠠ ᠲᠠᠤᠯᠠᠢ ᠪᠠᠨ ᠰᠠᠬᠢᠭᠲᠤᠨ! ᠴᠠᠭᠠᠨ ᠲᠠᠤᠯᠠᠢ ᠪᠠᠨ ᠡᠪᠬᠡᠭᠲᠦᠨ! ᠮᠠᠨ ᠤ᠋ ᠨᠤᠲᠤᠭ ᠤ᠋ᠨ ᠰᠠᠪᠳᠠᠭ ᠪᠣᠯᠬᠤ ᠬᠣᠶᠠᠷ ᠤᠯᠢᠶᠠᠰᠤ ᠪᠣᠢ᠂ ᠨᠢᠭᠡ ᠶ᠋ᠢ ᠨᠢ ᠨᠤᠲᠤᠭ ᠤ᠋ᠨ ᠭᠣᠣᠯ ᠳ᠋ᠤ᠌ ᠴᠠᠪᠴᠢᠵᠤ ᠤᠨᠠᠭᠠᠭᠲᠤᠨ! ᠲᠡᠷᠡ ᠬᠣᠶᠠᠷ ᠤᠯᠢᠶᠠᠰᠤ ᠶ᠋ᠢ ᠡᠰᠡ ᠤᠨᠠᠭᠠᠪᠠᠯ ᠮᠠᠨ ᠤ᠋ ᠨᠤᠲᠤᠭ ᠤ᠋ᠨ ᠰᠠᠪᠳᠠᠭ ᠨᠢ ᠨᠡᠬᠡᠨ᠎ᠡ᠂ ᠮᠢᠨᠦ ᠪᠠᠢᠬᠤ ᠨᠤᠲᠤᠭ ᠬᠦᠷᠲᠡᠯ᠎ᠡ ᠲᠡᠭᠦᠨ ᠦ᠌ ᠨᠢᠭᠡ ᠪᠡᠷ ᠨᠢ ᠲᠦᠯᠡᠰᠢ ᠬᠢᠵᠦ ᠢᠷᠡᠵᠡᠭᠡ! ᠭᠡᠵᠦ ᠭᠡᠨ᠎ᠡ᠃
ᠮᠢᠨᠦ ᠬᠥᠪᠡᠭᠦᠨ ᠦ᠌ ᠬᠥᠯ ᠳᠣᠣᠷ᠎ᠠ ᠨᠢᠭᠡ ᠲᠣᠷᠭᠠᠨ ᠬᠠᠷ᠎ᠠ ᠬᠠᠤᠷᠠᠢ ᠪᠣᠢ᠂ ᠲᠡᠭᠦᠨ ᠢ᠋ ᠮᠢᠨᠦ ᠪᠡᠷᠢ ᠮᠡᠳᠡᠨ᠎ᠡ ᠲᠡᠷᠡ ᠲᠣᠷᠭᠠᠨ ᠬᠠᠷ᠎ᠠ ᠬᠠᠤᠷᠠᠢ ᠶ᠋ᠢ ᠠᠪᠬᠠᠭᠤᠯᠤᠭᠠᠳ ᠬᠠᠤᠷᠠᠢᠳᠠᠭᠤᠯᠵᠤ ᠠᠪᠳᠠᠷ᠎ᠠ ᠰᠠᠪᠠ ᠶ᠋ᠢ ᠨᠢ ᠵᠠᠳᠠᠯᠵᠤ ᠦᠵᠡᠭᠲᠦᠨ ᠭᠡᠵᠦ ᠭᠡᠨ᠎ᠡ᠃ ᠲᠡᠷᠡ ᠬᠣᠶᠠᠷ ᠡᠯᠴᠢ ᠬᠦᠷᠴᠦ ᠣᠴᠢᠭᠠᠳ ᠪᠢᠴᠢᠭ ᠢ᠋ ᠣᠯᠠᠨ ᠬᠥᠮᠦᠨ ᠳ᠋ᠦ᠍ ᠦᠵᠡᠭᠦᠯᠪᠡ᠃ ᠠᠷᠠᠳ ᠲᠦᠮᠡᠨ ᠪᠢᠴᠢᠭ ᠢ᠋ ᠦᠵᠡᠭᠡᠳ ᠨᠥ᠍ ᠂ ᠮᠠᠨ ᠤ᠋ ᠬᠠᠭᠠᠨ ᠰᠠᠢᠬᠠᠨ ᠵᠢᠷᠭᠠᠵᠤ ᠪᠠᠢᠨ᠎ᠠ᠂ ᠪᠢᠳᠡᠨ ᠢ᠋ ᠬᠦᠷᠦᠭᠡᠳ ᠢᠷ᠎ᠡ ᠭᠡᠰᠡᠨ ᠪᠠᠢᠨ᠎ᠠ ᠭᠡᠬᠦ ᠳ᠋ᠦ᠍ ᠨᠢ ᠪᠡᠷᠢ ᠨᠢ ᠭᠠᠳᠠᠭ᠎ᠠ ᠪᠠᠢᠵᠤ ᠪᠠᠢᠭᠠᠳ
— ᠲᠡᠷᠡ ᠪᠢᠴᠢᠭ ᠢ᠋ ᠨᠠᠳᠠ ᠳ᠋ᠤ᠌ ᠠᠪᠤᠭᠠᠳ ᠥᠭᠭᠦᠭᠡᠴᠢ! ᠭᠡᠵᠡᠢ᠃ ᠠᠨᠢᠷ ᠦᠭᠡᠢ ᠠᠪᠬᠠᠭᠤᠯᠤᠨ ᠦᠵᠡᠭᠡᠳ
—ᠲᠠ ᠮᠢᠨᠢ᠂ ᠦᠭᠡᠢ ᠲᠠ ᠮᠢᠨᠢ ᠠ᠋!
ᠬᠠᠭᠠᠨ ᠠᠪᠤ ᠵᠢᠷᠭᠠᠯᠲᠠᠢ ᠪᠠᠢᠨ᠎ᠠ ᠨᠡᠭᠦᠨ᠎ᠡ ᠭᠡᠵᠦ ᠬᠡᠯᠡᠯᠴᠡᠬᠦ ᠶᠦᠮ ᠲᠠ ᠨᠠᠷ᠃ ᠬᠠᠷᠢᠨ ᠨᠠᠳᠠ ᠳ᠋ᠤ᠌ ᠪᠣᠯ ᠬᠠᠭᠠᠨ ᠠᠪᠤ ᠵᠢᠷᠭᠠᠯᠲᠠᠢ ᠪᠢᠰᠢ ᠵᠣᠪᠠᠯᠠᠩ ᠳ᠋ᠤ᠌ ᠤᠨᠠᠭᠰᠠᠨ ᠪᠠᠢᠨ᠎ᠠ ᠰᠢᠦ ᠲᠠ᠃ ᠳᠡᠭᠡᠷ᠎ᠡ ᠪᠡᠨ ᠬᠥᠬᠡ ᠲᠣᠷᠭᠠᠨ ᠳᠡᠭᠡᠪᠦᠷ ᠲᠡᠢ ᠭᠡᠰᠡᠨ ᠨᠢ ᠲᠩᠷᠢ ᠶ᠋ᠢ ᠬᠡᠯᠡᠵᠦ ᠪᠠᠢᠨ᠎ᠠ᠂ ᠳᠣᠣᠷ᠎ᠠ ᠪᠠᠨ ᠨᠣᠭᠣᠭᠠᠨ ᠲᠣᠷᠭᠠᠨ ᠣᠯᠪᠣᠭ ᠲᠠᠢ ᠭᠡᠰᠡᠨ ᠨᠢ ᠭᠠᠵᠠᠷ ᠢ᠋ ᠬᠡᠯᠡᠵᠦ ᠪᠠᠢᠨ᠎ᠠ᠃ ᠠᠷᠤ ᠳ᠋ᠤ᠌ ᠪᠠᠨ ᠠᠷᠪᠠᠨ ᠬᠥᠮᠦᠨ ᠲᠦᠰᠢᠯᠭᠡ ᠲᠡᠢ ᠭᠡᠰᠡᠨ ᠨᠢ ᠮᠣᠳᠣᠷ ᠢ᠋ ᠨᠢ ᠠᠷᠤ ᠳ᠋ᠤ᠌ ᠨᠢ ᠬᠦᠯᠢᠭᠰᠡᠨ ᠪᠠᠢᠨ᠎ᠠ᠂ ᠦᠷᠭᠦᠯᠵᠢ ᠶ᠋ᠢᠨ ᠬᠣᠶᠠᠷ ᠬᠥᠬᠦᠦᠷ ᠰᠦ᠍ ᠲᠡᠢ ᠭᠡᠰᠡᠨ ᠨᠢ ᠬᠣᠶᠠᠷ ᠮᠡᠯᠮᠡᠢ ᠨᠢ ᠨᠢᠯᠪᠤᠰᠤ ᠲᠠᠢ ᠪᠠᠢᠨ᠎ᠠ᠂ ᠡᠳᠦᠷ ᠦ᠋ᠨ ᠡᠳᠦᠢ ᠲᠡᠳᠦᠢ ᠬᠣᠨᠢᠨ ᠰᠢᠭᠦᠰᠦ ᠲᠡᠢ ᠭᠡᠰᠡᠨ ᠨᠢ ᠪᠥᠭᠡᠰᠦᠨ ᠳ᠋ᠦ᠍ ᠪᠡᠨ ᠪᠠᠷᠢᠭᠳᠠᠭᠰᠠᠨ ᠪᠠᠢᠨ᠎ᠠ᠂ ᠡᠪᠡᠷ ᠲᠡᠢ ᠮᠠᠯ ᠢ᠋ᠶ᠋ᠠᠨ ᠤᠷᠢᠳᠠ ᠪᠠᠨ ᠲᠠᠭᠤᠭᠲᠤᠨ ᠭᠡᠰᠡᠨ ᠨᠢ ᠵᠢᠳᠠ ᠰᠡᠯᠡᠮ᠎ᠡ ᠲᠡᠢ ᠨᠢ ᠡᠮᠦᠨ᠎ᠡ ᠪᠡᠨ ᠭᠠᠷᠤᠭᠲᠤᠨ ᠭᠡᠰᠡᠨ ᠪᠠᠢᠨ᠎ᠠ᠂ ᠡᠪᠡᠷ ᠦᠭᠡᠢ ᠮᠠᠯ ᠢ᠋ᠶ᠋ᠠᠨ ᠠᠷᠤ ᠳ᠋ᠤ᠌ ᠪᠠᠨ ᠲᠠᠭᠤᠭᠲᠤᠨ ᠭᠡᠰᠡᠨ ᠨᠢ ᠵᠢᠳᠠ ᠰᠡᠯᠡᠮ᠎ᠡ ᠦᠭᠡᠢ ᠨᠢ ᠠᠷᠤ ᠳ᠋ᠤ᠌ ᠨᠢ ᠶᠠᠪᠤᠭᠲᠤᠨ ᠭᠡᠰᠡᠨ ᠪᠠᠢᠨ᠎ᠠ᠂ ᠡᠷᠭᠢᠭᠦᠦ ᠤᠯᠠᠭᠠᠨ ᠪᠢᠷᠠᠭᠤ ᠪᠣᠢ ᠲᠡᠭᠦᠨ ᠢ᠋ ᠨᠤᠲᠤᠭ ᠲᠤ᠌ ᠪᠠᠨ ᠬᠠᠶᠠᠭᠲᠤᠨ ᠭᠡᠰᠡᠨ ᠨᠢ ᠡᠨᠡ ᠬᠦᠦ ᠶ᠋ᠢ ᠬᠡᠯᠡᠵᠡᠢ᠂ ᠬᠠᠷ᠎ᠠ ᠲᠠᠤᠯᠠᠢ ᠶ᠋ᠢ ᠰᠠᠬᠢᠭᠲᠤᠨ ᠭᠡᠰᠡᠨ ᠨᠢ ᠰᠥᠨᠢ ᠶᠠᠪᠤᠭᠲᠤᠨ ᠭᠡᠵᠦ ᠴᠠᠭᠠᠨ ᠲᠠᠤᠯᠠᠢ ᠶ᠋ᠢ ᠡᠪᠬᠡᠭᠲᠦᠨ ᠭᠡᠰᠡᠨ ᠨᠢ ᠡᠳᠦᠷ ᠪᠦᠭᠭᠦᠭᠲᠦᠨ ᠭᠡᠰᠡᠨ ᠪᠠᠢᠨ᠎ᠠ᠂ ᠮᠠᠨ ᠤ᠋ ᠨᠤᠲᠤᠭ ᠤ᠋ᠨ ᠰᠠᠪᠳᠠᠭ ᠬᠣᠶᠠᠷ ᠤᠯᠢᠶᠠᠰᠤ ᠭᠡᠰᠡᠨ ᠨᠢ ᠡᠨᠡ ᠬᠣᠶᠠᠷ ᠬᠥᠮᠦᠨ ᠪᠣᠯᠤᠨ᠎ᠠ᠂ ᠨᠢᠭᠡ ᠶ᠋ᠢ ᠨᠢ ᠴᠠᠪᠴᠢᠵᠤ ᠤᠨᠠᠭᠠᠭᠠᠳ ᠨᠥᠬᠥᠭᠡ ᠪᠡᠷ ᠨᠢ ᠲᠦᠯᠡᠰᠢ ᠬᠢᠵᠦ ᠢᠷᠡᠭᠲᠦᠨ ᠭᠡᠰᠡᠨ ᠨᠢ ᠨᠢᠭᠡ ᠶ᠋ᠢ ᠨᠢ ᠬᠣᠷᠣᠭᠠᠭᠠᠳ ᠨᠥᠭᠥᠭᠡ ᠪᠡᠷ ᠨᠢ ᠭᠠᠵᠠᠷᠴᠢᠯᠠᠭᠤᠯᠵᠤ ᠢᠷᠡᠭᠲᠦᠨ ᠭᠡᠰᠡᠨ ᠶᠦᠮ ᠪᠢᠰᠢᠦ! ᠣᠯᠠᠨ ᠤᠯᠤᠰ ᠄
— ᠵᠠ! ᠭᠡᠳ ᠥᠨᠥ ᠬᠣᠶᠠᠷ ᠢ᠋ ᠪᠠᠷᠢᠵᠤ ᠨᠢᠭᠡ ᠶ᠋ᠢ ᠨᠢ ᠴᠠᠪᠴᠢᠵᠤ ᠬᠣᠷᠣᠭᠠᠭᠠᠳ ᠨᠢᠭᠡ ᠪᠡᠷ ᠨᠢ ᠭᠠᠵᠠᠷᠴᠢ ᠬᠢᠵᠦ ᠶᠠᠪᠤᠭᠠᠳ ᠰᠥᠨᠢ ᠣᠴᠢᠵᠤ ᠪᠠᠷᠢᠭᠳᠠᠵᠤ ᠪᠠᠢᠭᠰᠠᠨ ᠬᠠᠭᠠᠨ ᠠᠪᠤ ᠪᠠᠨ ᠬᠤᠯᠠᠭᠠᠢᠯᠠᠨ ᠲᠠᠢᠯᠵᠤ ᠠᠪᠤᠭᠠᠳ ᠴᠠᠭᠠᠳᠤᠬᠢ ᠳᠠᠢᠰᠤᠨ ᠠᠮᠢᠲᠠᠨ ᠢ᠋ ᠬᠢᠳᠤᠵᠤ ᠣᠷᠬᠢᠭᠠᠳ ᠠᠪᠤ ᠶ᠋ᠢ ᠪᠡᠨ ᠭᠠᠷᠭᠠᠬᠤ ᠶ᠋ᠢᠨ ᠳᠡᠯᠢᠮ ᠢ᠋ᠶ᠋ᠡᠷ ᠲᠥᠷᠥ ᠭᠦᠷᠦᠨ ᠢ᠋ ᠨᠢ ᠡᠵᠡᠯᠡᠨ ᠬᠠᠭᠠᠨ ᠰᠠᠭᠤᠵᠤ ᠵᠢᠷᠭᠠᠪᠠ᠃
ᠬᠣᠢᠨ᠎ᠠ ᠨᠢᠭᠡᠨ ᠴᠠᠭ ᠲᠤ᠌ ᠴᠡᠴᠡᠨ ᠮᠡᠷᠭᠡᠨ ᠬᠠᠭᠠᠨ ᠡᠪᠦᠭᠡᠷᠡᠵᠦ ᠬᠠᠭᠠᠨ ᠰᠢᠷᠡᠭᠡ ᠲᠥᠷᠥ ᠶ᠋ᠢᠨ ᠬᠡᠷᠡᠭ ᠢ᠋ ᠬᠦᠦ ᠳ᠋ᠦ᠍ ᠪᠡᠨ ᠰᠢᠯᠵᠢᠭᠦᠯᠬᠦ ᠭᠡᠲᠡᠯ᠎ᠡ ᠬᠦᠦ ᠨᠢ ᠮᠤᠩᠬᠠᠭ ᠲᠡᠨᠡᠭ ᠲᠤᠯᠠᠳᠠ ᠰᠡᠳᠬᠢᠯ ᠨᠢ ᠪᠠᠭᠲᠠᠬᠤ ᠦᠭᠡᠢ ᠠᠷᠭ᠎ᠠ ᠲᠠᠰᠤᠷᠠᠭᠠᠳ ᠬᠡᠳᠦᠢ ᠪᠦᠰᠡᠭᠦᠢ ᠬᠥᠮᠦᠨ ᠲᠥᠷᠥ ᠶ᠋ᠢᠨ ᠡᠷᠬᠡ ᠶ᠋ᠢ ᠪᠠᠷᠢᠬᠤ ᠶᠣᠰᠣ ᠦᠭᠡᠢ ᠪᠣᠯᠪᠠᠴᠤ ᠦᠨᠡᠬᠡᠷ ᠴᠡᠴᠡᠨ ᠪᠣᠯ ᠲᠥᠷᠥ ᠶ᠋ᠢᠨ ᠡᠷᠬᠡ ᠶ᠋ᠢ ᠪᠡᠷᠢ ᠳ᠋ᠦ᠍ ᠪᠡᠨ ᠰᠢᠯᠵᠢᠭᠦᠯᠵᠦ ᠬᠦᠦ ᠪᠡᠨ ᠲᠥᠷᠥ ᠲᠦᠰᠢᠭᠦᠯᠬᠦ ᠰᠠᠨᠠᠯ ᠲᠥᠷᠥᠵᠦ᠂ ᠪᠡᠷᠢ ᠶ᠋ᠢᠨ ᠢ᠋ᠶ᠋ᠡᠨ ᠦᠨᠡᠬᠡᠷ ᠴᠡᠴᠡᠨ ᠡᠰᠡᠬᠦ ᠶ᠋ᠢ ᠰᠢᠯᠭᠠᠬᠤ ᠪᠠᠷ ᠰᠢᠢᠳᠴᠡᠢ ᠭᠡᠨ᠎ᠡ᠃ ᠲᠡᠭᠡᠭᠡᠳ ᠪᠡᠷᠢ ᠪᠡᠨ ᠳᠠᠭᠤᠳᠠᠵᠤ ᠢᠷᠡᠭᠦᠯᠦᠭᠡᠳ
— ᠵᠠ᠂ ᠠᠷᠤᠭ ᠰᠠᠪᠠᠷ ᠠᠳᠤᠭᠤ ᠬᠣᠮᠣᠯ ᠬᠣᠨᠢ ᠬᠤᠴᠠ ᠴᠢᠨᠣ᠎ᠠ ᠭᠣᠣᠯ ᠴᠢᠨᠣ᠎ᠠ ᠭᠣᠣᠯ ᠮᠣᠳᠣ ᠢᠳᠡᠬᠦ ᠭᠡᠰᠡᠨ ᠠᠷᠪᠠᠨ ᠦᠭᠡ ᠬᠡᠯᠡᠬᠦ ᠶ᠋ᠢ ᠴᠡᠭᠡᠷᠯᠡᠭᠦᠯᠵᠦ᠂ ᠡᠳᠡᠭᠡᠷ ᠦᠭᠡ ᠶ᠋ᠢ ᠬᠡᠯᠡᠪᠡᠯ ᠲᠣᠯᠣᠭᠠᠢ ᠠᠪᠤᠨ᠎ᠠ ᠭᠡᠵᠦ ᠵᠠᠷᠯᠢᠭ ᠪᠠᠭᠤᠯᠭᠠᠨ ᠠᠷᠤᠭ ᠡᠭᠦᠷᠦᠭᠦᠯᠵᠦ ᠰᠠᠪᠠᠷ ᠪᠠᠷᠢᠭᠤᠯᠤᠭᠠᠳ ᠠᠳᠤᠭᠤᠨ ᠤ᠋ ᠬᠣᠮᠣᠯ ᠲᠡᠭᠦᠯᠭᠡᠵᠦ ᠬᠣᠨᠢᠨ ᠳ᠋ᠤ᠌ ᠶᠠᠪᠤᠭᠤᠯᠤᠭᠰᠠᠨ ᠪᠠᠢᠵᠠᠢ᠃ ᠲᠡᠭᠡᠲᠡᠯ᠎ᠡ ᠬᠤᠴᠠ ᠶ᠋ᠢ ᠨᠢ ᠴᠢᠨᠣ᠎ᠠ ᠪᠠᠷᠢᠵᠤ᠂ ᠭᠣᠣᠯ ᠭᠠᠲᠤᠯᠤᠭᠤᠯᠤᠭᠠᠳ ᠮᠣᠳᠣᠨ ᠤ᠋ ᠢᠷᠣᠭᠠᠷ ᠲᠤ᠌ ᠢᠳᠡᠴᠢᠬᠡᠭᠰᠡᠨ ᠪᠠᠢᠵᠠᠢ᠃ ᠴᠡᠴᠡᠨ ᠪᠡᠷᠢ ᠡᠭᠦᠨ ᠢ᠋ ᠬᠠᠭᠠᠨ ᠳ᠋ᠤ᠌ ᠪᠠᠨ ᠠᠢᠯᠠᠳᠬᠠᠬᠤ ᠭᠡᠲᠡᠯ᠎ᠡ ᠥᠨᠥᠬᠢ ᠴᠡᠭᠡᠷ ᠲᠡᠢ ᠠᠷᠪᠠᠨ ᠦᠭᠡ ᠶ᠋ᠢ ᠬᠡᠯᠡᠵᠦ ᠲᠣᠯᠣᠭᠠᠢ ᠪᠠᠨ ᠠᠪᠬᠠᠭᠤᠯᠬᠤ ᠳ᠋ᠤ᠌ ᠬᠦᠷᠬᠦ ᠲᠤᠯᠠ ᠠᠷᠭ᠎ᠠ ᠣᠯᠵᠤ ᠠᠢᠯᠠᠳᠬᠠᠭᠰᠠᠨ ᠨᠢ ᠡᠢᠨ ᠬᠦ᠌ ᠠᠵᠢ!
— ᠪᠢ ᠦᠳᠡᠮᠡᠯ ᠢ᠋ ᠡᠭᠦᠷᠦᠭᠡᠳ ᠮᠠᠲᠠᠮᠠᠯ ᠢ᠋ ᠪᠠᠷᠢᠭᠠᠳ ᠭᠦᠶᠦᠮᠡᠯ ᠦ᠋ᠨ ᠭᠡᠭᠡᠮᠡᠯ ᠢ᠋ ᠲᠡᠭᠦᠵᠦ ᠶᠠᠪᠤᠭᠰᠠᠨ ᠴᠢᠨᠢ ᠮᠠᠢᠯᠠᠳᠠᠭ ᠢ᠋ ᠨᠢ ᠠᠩᠬᠠᠯᠠᠢ ᠳᠠᠩᠬᠠᠯᠠᠢ ᠤᠷᠤᠰᠬᠠᠯ ᠢ᠋ ᠭᠠᠲᠤᠯᠤᠭᠤᠯᠤᠭᠠᠳ ᠤᠷᠭᠤᠮᠠᠯ ᠤ᠋ᠨ ᠳᠡᠷᠭᠡᠳᠡ ᠤᠯᠢᠮᠠᠷ ᠵᠠᠢᠮᠤᠵᠤ ᠣᠷᠬᠢᠵᠠᠢ ᠭᠡᠰᠡᠨ ᠳ᠋ᠦ᠍ ᠬᠠᠭᠠᠨ ᠶᠡᠬᠡᠳᠡ ᠪᠡᠶᠡᠰᠦᠨ ᠪᠡᠷᠢ ᠶ᠋ᠢᠨ ᠢ᠋ᠶ᠋ᠡᠨ ᠦᠨᠡᠬᠡᠷ ᠭᠠᠢᠬᠠᠯᠲᠠᠢ ᠴᠡᠴᠡᠨ ᠢ᠋ ᠮᠡᠳᠡᠵᠦ᠂ ᠬᠠᠭᠠᠨ ᠰᠢᠷᠡᠭᠡᠨ ᠳ᠋ᠦ᠍ ᠪᠡᠨ ᠰᠠᠭᠤᠯᠭᠠᠵᠤ᠂ ᠠᠮᠤᠷ ᠰᠠᠢᠬᠠᠨ ᠵᠢᠷᠭᠠᠵᠠᠢ ᠭᠡᠨ᠎ᠡ᠃