ᠲᠦᠷᠡᠢᠪᠴᠢᠲᠦ ᠲᠦᠳᠦᠪ - ᠡ᠊ ᠂ ᠣᠶᠤᠨ Түрийвчит Түдэв - Э ᠂ Оюун
ᠲᠦᠷᠡᠢᠪᠴᠢᠲᠦ ᠲᠦᠳᠦᠪ
ᠡ᠊ · ᠣᠶᠤᠨ
ᠥᠷᠯᠥᠭᠡᠨ ᠦ᠌ ᠲᠤᠩᠭᠠᠯᠠᠭ ᠲᠩᠷᠢ ᠳ᠋ᠦ᠍ ᠨᠠᠷᠠᠨ ᠮᠦᠰᠢᠶᠡᠨ ᠮᠠᠨᠳᠤᠵᠤ᠂ ᠠᠯᠪᠠᠨ ᠠᠵᠢᠯ ᠦᠢᠯᠡᠳᠪᠦᠷᠢ ᠵᠠᠪᠤᠳ᠋ ① ᠲᠠᠭᠠᠨ ᠡᠷᠲᠡᠯᠡᠨ ᠣᠴᠢᠬᠤ ᠬᠥᠮᠦᠰ ᠢ᠋ ᠤᠶᠠᠬᠠᠨ ᠡᠶᠡᠯᠳᠡᠭ ᠢ᠋ᠶ᠋ᠡᠷ ᠤᠭᠲᠤᠨ᠎ᠠ᠃
ᠭᠡᠲᠡᠯ᠎ᠡ ᠲᠦᠷᠡᠢᠪᠴᠢ ᠪᠠᠷᠢᠭᠰᠠᠨ ᠲᠦᠳᠦᠪ ᠭᠤᠸᠠᠢ ᠠᠵᠢᠯ ᠳ᠋ᠠᠭᠠᠨ ᠣᠴᠢᠬᠤ ᠪᠠᠷ ᠭᠠᠷᠤᠭᠰᠠᠨ ᠴᠢᠨᠢ ᠨᠠᠷᠠᠨ ᠡᠭᠦᠯᠡᠨ ᠴᠠᠭᠠᠨ᠎ᠠ ᠨᠢᠭᠤᠭᠳᠠᠨ ᠠᠭᠤᠷᠰᠠᠵᠤ ᠰᠠᠯᠬᠢ ᠪᠠᠯᠪᠠᠵᠤ᠂ ᠠᠭᠠᠰᠢ ᠨᠢ ᠬᠥᠳᠡᠯᠦᠨ ᠲᠦᠳᠦᠪ ᠦ᠋ᠨ ᠲᠦᠷᠡᠢᠪᠴᠢ ᠮᠠᠯᠠᠭᠠᠢ ᠶ᠋ᠢ ᠡᠰᠡᠯ᠎ᠡ ᠡᠭᠡᠭᠡ ᠲᠡᠢ ᠨᠢ ᠠᠪᠴᠤ ᠬᠠᠶᠠᠭᠰᠠᠨ ᠦᠭᠡᠢ ᠳ᠋ᠦ᠍ ᠲᠦᠳᠦᠪ᠄《 ᠬᠥᠶᠢ ᠡᠨᠡ ᠰᠠᠯᠬᠢ ᠴᠢᠨᠢ ᠵᠠᠪ ᠦᠭᠡᠢ ᠶᠠᠳᠠᠵᠤ ᠶᠠᠪᠤᠬᠤ ᠳ᠋ᠤ᠌ ᠪᠠᠰᠠ ᠶᠠᠭᠤ ᠪᠣᠢ ᠳᠠ》 ᠭᠡᠰᠡᠨ ᠳ᠋ᠦ᠍᠂ ᠰᠠᠯᠬᠢ ᠤᠯᠠᠮ ᠠᠳᠠᠷᠠᠭᠰᠠᠨ ᠮᠡᠲᠦ ᠳᠠᠬᠢᠨ ᠮᠠᠯᠠᠭᠠᠢ ᠶ᠋ᠢ ᠨᠢ ᠠᠪᠴᠤ ᠬᠠᠶᠠᠬᠤ ᠳ᠋ᠤ᠌ ᠲᠦᠳᠦᠪ᠄《 ᠠ᠋ ᠴᠠᠪᠠᠰᠤ ᠠ᠋ ᠴᠠᠪᠠᠰᠤ᠂ ᠪᠢ ᠪᠠᠰᠠ ᠵᠠᠪ ᠦᠭᠡᠢ ᠪᠠᠢᠨ᠎ᠠ ᠳᠠ ᠶᠠᠭᠠᠬᠢᠶ᠎ᠠ ᠳᠠ》 ᠭᠡᠳ ᠠᠭᠠᠬᠢᠯᠠᠨ ᠤᠭᠤᠬᠢᠯᠠᠨ ᠮᠠᠯᠠᠭᠠᠢ ᠶᠠᠭᠤ ᠪᠠᠨ ᠪᠠᠷᠢᠵᠤ ᠠᠪᠤᠭᠠᠳ ᠶᠠᠪᠤᠲᠠᠯ᠎ᠠ ᠨᠥᠭᠦᠭᠡ ᠨᠢᠭᠡᠨ ᠠᠯᠪᠠᠨ ᠭᠠᠵᠠᠷ ᠤ᠋ᠨ ᠮᠥᠩᠭᠥ ᠨᠡᠬᠡᠭᠴᠢ ᠨᠢᠷᠪᠠ ᠭᠤᠸᠠᠢ ᠲᠥᠳᠦᠬᠡᠨ ᠶᠠᠪᠤᠵᠤ ᠪᠠᠢᠬᠤ ᠨᠢ ᠬᠠᠷᠠᠭᠳᠠᠪᠠ᠃ ᠮᠠᠨᠢ ᠲᠦᠳᠦᠪ ᠲᠦᠷᠡᠢᠪᠴᠢ ᠪᠡᠨ ᠪᠠᠷᠢᠭᠰᠠᠭᠠᠷ ᠲᠡᠷᠡ ᠬᠦ᠌ ᠨᠢᠷᠪᠠ ᠶ᠋ᠢ ᠲᠣᠭᠣᠷᠢᠨ ᠭᠠᠷᠬᠤ ᠭᠡᠲᠡᠯ᠎ᠡ ᠲᠠᠭᠠᠷᠠᠯᠳᠤᠭᠠᠳ᠂ ᠮᠤᠯᠲᠤᠷᠠᠬᠤ ᠭᠡᠲᠡᠯ᠎ᠡ ᠪᠠᠷᠢᠭᠳᠠᠭᠠᠳ ᠶᠠᠭᠠᠬᠢᠬᠤ ᠴᠤ᠌ ᠠᠷᠭ᠎ᠠ ᠦᠭᠡᠢ ᠬᠠᠯᠵᠠ ᠤᠴᠠᠷᠠᠬᠤ ᠳ᠋ᠤ᠌ ᠲᠦᠳᠦᠪ᠄《 ᠵᠠ ᠠᠰᠢᠭᠦᠢ ᠴᠢ ᠲᠠᠭᠠᠷᠠᠯᠳᠤᠪᠠ ᠤᠤ? ᠪᠢ ᠥᠨᠥ ᠵᠦᠢᠯ ᠢ᠋ ᠴᠢᠨᠢ ᠪᠦᠲᠦᠭᠡᠬᠦ ᠭᠡᠬᠦ ᠳ᠋ᠦ᠍ ᠶᠡᠷᠦ ᠵᠠᠪ ᠪᠣᠯᠳᠠᠭ ᠪᠢᠰᠢ᠂ ᠠᠵᠢᠯ ᠭᠡᠳᠡᠭ ᠪᠠᠰᠠ ᠭᠣᠣᠯ ᠠ᠋ᠴᠠ ᠭᠦᠨ᠂ ᠠᠭᠤᠯᠠᠨ ᠠ᠋ᠴᠠ ᠥᠨᠳᠥᠷ ᠪᠠᠢᠨ᠎ᠠ ᠬᠦ᠂ ᠵᠠ ᠪᠢ ᠣᠳᠣ ᠮᠠᠷᠭᠠᠰᠢ ᠲᠤᠩ ᠵᠠᠪᠠᠯ ᠰᠢᠦ ᠳᠡ》 ᠭᠡᠳ ᠨᠢᠭᠡ ᠶ᠋ᠢ ᠨᠢ ᠠᠰᠢᠭᠦᠢ ᠠᠷᠭᠠᠯᠠᠯᠠ ᠭᠡᠵᠦ ᠴᠠᠭᠠᠰᠢ ᠶᠠᠪᠤᠲᠠᠯ᠎ᠠ ᠪᠠᠰᠠ ᠨᠢᠭᠡᠨ ᠠᠯᠪᠠᠨ ᠭᠠᠵᠠᠷ ᠤ᠋ᠨ ᠰᠣᠨᠢᠨ ᠤ᠋ ᠮᠠᠲ᠋ᠧᠷᠢᠶᠠᠯ ᠨᠡᠬᠡᠭᠴᠢ ᠬᠥᠮᠦᠨ ᠲᠡᠷᠡ ᠲᠡᠨᠳᠡ ᠶᠠᠪᠤᠭ᠎ᠠ ᠨᠢ ᠳᠠᠯᠠᠯᠵᠤ ᠪᠣᠢ ᠮᠡᠲᠦ ᠬᠠᠷᠠᠭᠳᠠᠬᠤ ᠳ᠋ᠤ᠌ ᠮᠠᠨᠢ ᠲᠦᠳᠦᠪ ᠲᠦᠷᠡᠢᠪᠴᠢ ᠪᠡᠷ ᠢ᠋ᠶ᠋ᠡᠨ ᠰᠠᠵᠢᠨ《 ᠵᠠ ᠠᠰᠢᠭᠦᠢ ᠴᠢ ᠶᠠᠪᠤᠭ᠎ᠠ ᠤᠤ᠂ ᠵᠠᠪ ᠦᠭᠡᠢ ᠨᠠᠳᠠ ᠳ᠋ᠤ᠌ ᠪᠢᠲᠡᠭᠡᠢ ᠨᠠᠢᠳᠠᠭᠠᠷᠠᠢ᠂ ᠥᠭᠡᠷ᠎ᠡ ᠬᠥᠮᠦᠨ ᠢ᠋ᠶ᠋ᠡᠷ ᠬᠢᠯᠭᠡᠭᠡᠷᠡᠢ᠂ ᠦᠭᠡᠢ? ᠵᠠ ᠲᠡᠭᠡᠪᠡᠯ ᠪᠢ ᠣᠳᠣ ᠮᠠᠷᠭᠠᠰᠢ ᠲᠤᠩ ᠵᠠᠪᠠᠯ ᠠ?》 ᠭᠡᠳ ᠪᠠᠰᠠ ᠨᠢᠭᠡᠨ ᠦ᠌ ᠠᠮᠠ ᠶ᠋ᠢ ᠬᠠᠭᠠᠵᠤ ᠳᠥᠩᠭᠡᠭᠡᠳ ᠶᠠᠪᠤᠲᠠᠯ᠎ᠠ ᠮᠠᠷᠭᠠᠰᠢ ᠣᠯᠠᠨᠲᠠᠢ ᠵᠠᠪ ᠦᠭᠡᠢ ᠬᠥᠮᠦᠨ ᠳ᠋ᠦ᠍ ᠮᠠᠷᠲᠠᠬᠤ ᠭᠡᠳᠡᠭ ᠨᠢ ᠶᠡᠬᠡ ᠶᠠᠭᠤᠮ᠎ᠠ ᠪᠣᠯᠬᠣᠷ ᠠᠵᠢᠯ ᠱᠠᠭᠠᠷᠳᠠᠬᠤ ᠤᠯᠤᠰ ᠦᠢ ᠲᠦᠮᠡ ᠶᠦᠮ ᠠ᠋᠃
ᠵᠠ ᠣᠳᠣ ᠴᠤ᠌ ᠡᠨᠡ ᠬᠣᠶᠠᠷ ᠠ᠋ᠴᠠ ᠥᠭᠡᠷ᠎ᠡ᠂ ᠶᠠᠭᠤᠮ᠎ᠠ ᠨᠡᠬᠡᠬᠦ ᠬᠥᠮᠦᠨ ᠴᠦ᠍ ᠶᠠᠭᠤ ᠪᠢᠯᠡ ᠭᠡᠵᠦ ᠪᠣᠳᠣᠬᠤ ᠶ᠋ᠢᠨ ᠵᠠᠪᠳᠤᠯ ᠦᠭᠡᠢ ᠳᠤᠭᠤᠢᠯᠠᠩ ᠤ᠋ᠨ ᠨᠢᠭᠡᠨ ᠰᠤᠷᠤᠭᠴᠢ ᠨᠢ《 ᠪᠠᠭᠰᠢ ᠠ᠋᠂ ᠬᠥᠲᠥᠯᠪᠦᠷᠢ ᠶᠠᠭᠠᠬᠢᠯ᠎ᠠ》 ᠭᠡᠬᠦ ᠳ᠋ᠦ᠍᠂ ᠲᠦᠷᠡᠢᠪᠴᠢᠲᠦ ᠲᠦᠳᠦᠪ ᠲᠦᠷᠡᠢᠪᠴᠢ ᠪᠡᠨ ᠵᠢᠭᠠᠵᠤ᠄《 ᠵᠠ ᠠᠰᠢᠭᠦᠢ ᠴᠢ ᠮᠢᠨᠢ ᠤᠤ? ᠪᠠᠭᠰᠢ ᠴᠢᠨᠢ ᠵᠠᠪ ᠶᠡᠷᠦ ᠪᠠᠢᠳᠠᠭ ᠦᠭᠡᠢ᠂ ᠡᠭᠦᠨ ᠢ᠋ᠶ᠋ᠡᠷ ᠳᠦᠭᠦᠷᠡᠩ ᠠᠵᠢᠯ᠂ ᠶᠡᠷᠦ ᠪᠠᠷᠠᠬᠤ ᠦᠭᠡᠢ ᠨᠢ ᠪᠣᠯᠤᠯᠲᠠᠢ᠂ ᠵᠠ ᠪᠢ ᠣᠳᠣ ᠮᠠᠷᠭᠠᠰᠢ ᠲᠤᠩ ᠵᠠᠪᠠᠯ ᠠ᠋》 ᠭᠡᠳ ᠬᠤᠳᠠᠯ ᠬᠡᠯᠡᠬᠦ ᠳ᠋ᠡᠭᠡᠨ ᠬᠡᠯᠡᠬᠦ ᠦᠭᠡ ᠣᠯᠵᠤ ᠶᠠᠳᠠᠵᠤ ᠰᠢᠯᠲᠠᠭᠠᠨ ᠡᠷᠢᠭᠰᠡᠭᠡᠷ ᠪᠠᠢᠲᠠᠯ᠎ᠠ ᠪᠦᠬᠦ ᠪᠡᠶ᠎ᠡ ᠶ᠋ᠢᠨ ᠬᠥᠯᠥᠰᠥ ᠠᠰᠬᠠᠷᠠᠬᠤ ᠲᠤᠯᠠ ᠰᠤᠷᠤᠭᠴᠢ ᠶ᠋ᠢᠨ ᠬᠣᠢᠨ᠎ᠠ ᠠ᠋ᠴᠠ ᠰᠠᠨᠠᠭ᠎ᠠ ᠠᠯᠲᠠᠨ ᠬᠠᠷᠠᠵᠤ《 ᠶᠣᠬᠣ᠂ ᠵᠠ ᠣᠳᠣ ᠴᠤ᠌ ᠥᠭᠡᠷ᠎ᠡ ᠶᠠᠭᠤ ᠴᠤ᠌ ᠦᠭᠡᠢ ᠪᠢᠯᠡ ᠤᠤ》 ᠭᠡᠳ ᠳᠤᠬᠤᠨ ᠤ᠋ ᠬᠥᠯᠥᠰᠥ ᠶ᠋ᠢ ᠠᠷᠴᠢᠭᠠᠳ ᠳᠥᠩᠭᠡᠵᠦ ᠶᠠᠪᠤᠬᠤ ᠭᠡᠲᠡᠯ᠎ᠡ ᠬᠣᠷᠢᠨ ᠤ᠋ ᠳᠠᠷᠤᠭ᠎ᠠ ᠲᠠᠭᠠᠷᠠᠯᠳᠤᠭᠠᠳ《 ᠠᠨᠧᠻᠲ᠋( ᠪᠡᠶ᠎ᠡ ᠶ᠋ᠢᠨ ᠪᠠᠢᠴᠠᠭᠠᠯᠲᠠ) ᠪᠦᠷᠢᠳᠬᠡᠯ ᠢ᠋ ᠳᠠᠭᠤᠰᠬᠠᠭᠰᠠᠨ ᠤᠤ》 ᠭᠡᠲᠡᠯ᠎ᠡ ᠲᠦᠷᠡᠢᠪᠴᠢ ᠲᠦᠳᠦᠪ ᠲᠦᠷᠡᠢᠪᠴᠢ ᠪᠡᠨ ᠵᠢᠭᠠᠵᠤ《 ᠵᠠ ᠠᠰᠢᠭᠦᠢ ᠲᠠ ᠤᠤ᠂ ᠪᠢ ᠶᠡᠷᠦ ᠵᠠᠪ ᠭᠠᠷᠤᠭᠰᠠᠨ ᠦᠭᠡᠢ᠂ ᠣᠳᠣ ᠡᠨᠡ ᠲᠦᠷᠡᠢᠪᠴᠢ ᠶ᠋ᠢᠨ ᠳᠣᠲᠣᠷ᠎ᠠ ᠪᠣᠢ᠂ ᠪᠢ ᠠᠯᠪᠠᠨ ᠳᠡᠭᠡᠷ᠎ᠡ ᠪᠡᠨ ᠰᠠᠭᠤᠵᠤ ᠪᠠᠢᠭᠠᠳ ᠯᠠ ᠭᠠᠷᠭᠠᠭᠠᠳ ᠥᠭᠭᠦᠶ᠎ᠡ》 ᠭᠡᠳ ᠳᠥᠷᠪᠡᠳᠡᠬᠢ ᠬᠥᠮᠦᠨ ᠢ᠋ ᠳᠥᠩᠭᠡᠭᠡᠳ ᠠᠭᠠᠬᠢᠯᠠᠨ ᠤᠭᠤᠬᠢᠯᠠᠨ《 ᠥᠭᠡᠷ᠎ᠡ ᠶᠠᠮᠠᠷ ᠠᠵᠢᠯ ᠨᠡᠬᠡᠭᠳᠡᠬᠦ ᠪᠢᠯᠡ》 ᠭᠡᠳ ᠠᠶᠤᠵᠤ ᠠᠶᠤᠵᠤ ᠬᠤᠯᠠᠭᠠᠢ ᠬᠢᠭᠰᠡᠨ ᠬᠥᠮᠦᠨ ᠡᠴᠡ ᠳᠣᠣᠷ᠎ᠠ ᠭᠥᠯᠢᠯᠵᠡᠨ ᠶᠠᠪᠤᠭᠰᠠᠭᠠᠷ ᠠᠵᠢᠯ ᠢ᠋ ᠬᠣᠢᠰᠢᠯᠠᠭᠤᠯᠤᠨ ᠵᠠᠪ ᠦᠭᠡᠢ ᠭᠡᠵᠦ ᠬᠤᠳᠠᠯ ᠶᠠᠷᠢᠭᠰᠠᠭᠠᠷ ᠬᠥᠳᠡᠯᠮᠦᠷᠢ ᠶ᠋ᠢᠨ ᠴᠠᠭ ᠠ᠋ᠴᠠ ᠶᠠᠭ ᠬᠣᠶᠠᠷ ᠢ᠋ ᠵᠠᠪᠰᠢᠴᠢᠬᠠᠵᠠᠢ᠃
《 ᠵᠠ ᠳᠦᠭᠦᠷᠴᠡᠢ》 ᠭᠡᠳ ᠺᠣᠨᠲ᠋ᠣᠷ ᠤ᠋ᠨ ᠡᠭᠦᠳᠡᠨ ᠳ᠋ᠦ᠍ ᠣᠴᠢᠪᠠᠯ10—20 ᠬᠥᠮᠦᠰ ᠠᠷᠵᠠᠢᠨ ᠪᠠᠷᠵᠠᠢᠨ ᠪᠠᠢᠬᠤ ᠶ᠋ᠢ ᠬᠠᠷᠠᠪᠠᠯ ᠴᠠᠭ ᠤ᠋ᠨ ᠮᠡᠳᠡᠭᠡ᠂ ᠠᠵᠢᠯᠴᠢᠳ ᠤ᠋ᠨ ᠪᠦᠷᠢᠳᠬᠡᠯ᠂ ᠳᠤᠭᠤᠢᠯᠠᠩ ᠤ᠋ᠨ ᠬᠥᠲᠥᠯᠪᠦᠷᠢ᠂ ᠵᠠᠪᠰᠠᠷ ᠤ᠋ᠨ ᠮᠥᠩᠭᠥ᠂ ᠮᠠᠰᠢᠨ ᠰᠡᠯᠪᠢᠭ ᠭᠡᠰᠡᠨ ᠬᠥᠮᠦᠰ ᠪᠠᠢᠨ᠎ᠠ᠃ ᠡᠭᠦᠳᠡᠨ ᠳᠡᠭᠡᠷ᠎ᠡ ᠣᠴᠢᠲᠠᠯ᠎ᠠ ᠨᠢᠭᠡᠨ ᠠᠯᠪᠠᠨ ᠭᠠᠵᠠᠷ ᠤ᠋ᠨ ᠵᠠᠷᠤᠯᠭ᠎ᠠ ᠢᠷᠡᠨ《 ᠥᠨᠥᠳᠥᠷ ᠬᠤᠷᠠᠯ ᠲᠠᠢ ᠶᠤᠮᠰᠠᠨ᠂ ᠭᠠᠷ ᠤ᠋ᠨ ᠦᠰᠦᠭ ᠵᠢᠷᠤᠨ᠎ᠠ ᠤᠤ》 ᠭᠡᠬᠦ ᠳ᠋ᠦ᠍ ᠳᠠᠷᠤᠭ᠎ᠠ ᠮᠠᠷᠤᠭᠠ ᠪᠢᠰᠢ ᠶᠦᠮ᠂ ᠡᠨᠡ ᠮᠠᠭᠤ ᠪᠠᠰᠠ ᠶᠠᠭᠤ ᠭᠡᠳ ᠪᠠᠢᠭ᠎ᠠ ᠶᠤᠮ ᠭᠡᠵᠦ ᠠᠭᠤᠷ ᠣᠮᠣᠭ ᠨᠢ ᠪᠤᠴᠠᠯᠵᠤ᠂《 ᠶᠠᠭᠤ? ᠵᠠᠪ ᠦᠭᠡᠢ᠂ ᠵᠠᠪ ᠦᠭᠡᠢ》 ᠭᠡᠲᠡᠯ᠎ᠡ ᠵᠠᠷᠤᠯᠭ᠎ᠠ ᠬᠦᠦ ᠮᠡᠯᠡᠷᠡᠨ ᠭᠠᠢᠬᠠᠵᠤ ᠵᠣᠭᠰᠣᠨ᠎ᠠ᠃
ᠪᠤᠰᠤᠳ ᠱᠠᠭᠠᠷᠳᠠᠭᠴᠢᠳ《 ᠰᠠᠢᠨ ᠤᠤ》 ᠭᠡᠰᠡᠨ ᠳ᠋ᠦ᠍ ᠬᠠᠷᠢᠨ 《 ᠵᠠᠪ ᠦᠭᠡᠢ ᠭᠡᠵᠦ ᠪᠠᠢᠨ᠎ᠠ ᠰᠢᠦ᠂ ᠪᠢ ᠵᠠᠪ ᠦᠭᠡᠢ》 ᠭᠡᠵᠡᠢ᠃ ᠭᠡᠲᠡᠯ᠎ᠡ ᠲᠡᠳᠡᠭᠡᠷ ᠬᠥᠮᠦᠰ《 ᠵᠠ ᠣᠯᠠᠨ ᠵᠠᠪ ᠦᠭᠡᠢ ᠶ᠋ᠢ ᠰᠣᠨᠣᠰᠴᠤ ᠴᠢᠳᠠᠬᠤ ᠦᠭᠡᠢ ᠪᠣᠯᠤᠯ᠎ᠠ᠂ ᠪᠢᠳᠡ ᠣᠨᠳᠣᠣ ᠠᠷᠭ᠎ᠠ ᠶ᠋ᠢ ᠬᠠᠢᠨ᠎ᠠ》 ᠭᠡᠲᠡᠯ᠎ᠡ ᠲᠦᠷᠡᠢᠪᠴᠢᠲᠦ ᠲᠦᠳᠦᠪ ᠲᠦᠷᠡᠢᠪᠴᠢ ᠪᠡᠨ ᠠᠭᠤᠳᠠᠯᠤᠭᠰᠠᠨ ᠴᠢᠨᠢ《 ᠬᠡᠳᠦᠨ ᠰᠠᠷ᠎ᠠ ᠶ᠋ᠢᠨ ᠡᠮᠦᠨ᠎ᠡ ᠥᠭᠭᠦᠭᠰᠡᠨ ᠪᠢᠴᠢᠭ ᠮᠢᠨᠢ ᠡᠨᠡ ᠪᠠᠢᠨ᠎ᠠ᠂ ᠬᠡᠴᠢᠨᠡᠭᠡᠨ ᠬᠣᠨᠣᠭ ᠤ᠋ᠨ ᠡᠮᠦᠨ᠎ᠡ ᠥᠭᠭᠦᠭᠰᠡᠨ ᠨᠡᠬᠡᠮᠵᠢᠯᠡᠯ ᠮᠢᠨᠢ ᠡᠨᠡ ᠪᠠᠢᠨ᠎ᠠ᠂ ᠡᠨᠡ ᠬᠥᠮᠦᠨ ᠢ᠋ ᠠᠷᠭᠧ ② ᠶ᠋ᠢᠨ ᠡᠷᠬᠢᠯᠡᠭᠴᠢ ᠪᠣᠯᠭᠠᠪᠠᠯ ᠶᠠᠭᠤᠮ᠎ᠠ ᠶ᠋ᠢ ᠮᠥᠨ ᠰᠠᠢᠨ ᠬᠠᠳᠠᠭᠠᠯᠠᠬᠤ ᠪᠠᠢᠭ᠎ᠠ ᠳᠠ》 ᠭᠡᠯᠴᠡᠵᠡᠢ᠃ ᠭᠡᠲᠡᠯ᠎ᠡ ᠲᠦᠷᠡᠢᠪᠴᠢᠲᠦ ᠳᠦᠳᠦᠪ ᠠᠵᠢᠯ ᠬᠢᠬᠦ ᠭᠡᠰᠡᠨ ᠴᠢᠨᠢ ᠡᠨᠳᠡ ᠡᠴᠡ ᠤᠲᠠᠰᠤᠳᠠᠭᠠᠳ ᠲᠡᠨᠳᠡ ᠡᠴᠡ ᠬᠣᠩᠬᠣᠳᠠᠭᠠᠳ᠂ ᠡᠢᠮᠦ ᠴᠦ᠍ ᠬᠥᠮᠦᠨ ᠢᠷᠡᠵᠦ ᠲᠡᠢᠮᠦ ᠴᠦ᠍ ᠶᠠᠭᠤᠮ᠎ᠠ ᠨᠡᠬᠡᠬᠦ᠂ ᠲᠡᠢᠮᠦ ᠴᠦ᠍ ᠬᠥᠮᠦᠨ ᠢᠷᠡᠵᠦ ᠡᠢᠮᠦ ᠴᠦ᠍ ᠵᠦᠢᠯ ᠢ᠋ ᠨᠡᠬᠡᠬᠦ ᠳ᠋ᠦ᠍《 ᠵᠠ ᠠᠰᠢᠭᠦᠢ ᠲᠠ ᠤᠤ᠂ ᠵᠠᠪ ᠶᠡᠷᠦ ᠪᠣᠯᠤᠭᠰᠠᠨ ᠦᠭᠡᠢ》 ᠭᠡᠳᠡᠭ ᠬᠡᠳᠦᠨ ᠦᠭᠡ ᠶ᠋ᠢ ᠬᠥᠮᠦᠨ ᠪᠦᠷᠢ ᠳ᠋ᠦ᠍ ᠬᠡᠯᠡᠭᠰᠡᠭᠡᠷ ᠪᠠᠢᠲᠠᠯ᠎ᠠ ᠬᠥᠳᠡᠯᠮᠦᠷᠢ ᠶ᠋ᠢᠨ ᠠᠯᠲᠠᠨ ᠴᠠᠭ ᠨᠢ ᠬᠤᠳᠠᠯ ᠬᠡᠯᠡᠭᠴᠢ ᠶ᠋ᠢᠨ ᠵᠣᠪᠠᠭᠤᠷᠢᠲᠤ ᠴᠠᠭ ᠪᠣᠯᠤᠨ ᠥᠩᠭᠡᠷᠡᠪᠡ᠃ ᠲᠦᠷᠡᠢᠪᠴᠢᠲᠦ ᠲᠦᠳᠦᠪ《 ᠵᠠ ᠶᠠᠭᠠᠬᠢᠬᠤ ᠪᠣᠢ ᠪᠦᠬᠦ ᠬᠡᠷᠡᠭ ᠢ᠋ᠶ᠋ᠡᠨ ᠮᠠᠷᠭᠠᠰᠢ ᠳᠠᠭᠤᠰᠬᠠᠶ᠎ᠠ》 ᠭᠡᠲᠡᠯ᠎ᠡ ᠮᠠᠷᠭᠠᠰᠢ ᠨᠢ ᠥᠨᠥ ᠠᠵᠢᠯ ᠱᠠᠭᠠᠷᠳᠠᠭᠴᠢᠳ《 ᠵᠠ ᠠᠰᠢᠭᠦᠢ ᠴᠢ ᠮᠢᠨᠢ ᠤᠤ? ᠵᠠᠪ ᠭᠡᠳᠡᠭ ᠪᠠᠢᠳᠠᠭ ᠦᠭᠡᠢ᠂ ᠣᠳᠣ ᠯᠠ ᠶᠣᠰᠣᠲᠠᠢ ᠮᠠᠷᠭᠠᠰᠢ》 ᠭᠡᠭᠰᠡᠭᠡᠷ ᠪᠠᠢᠲᠠᠯ᠎ᠠ ᠬᠥᠮᠦᠨ ᠪᠦᠷᠢ ᠳ᠋ᠦ᠍ ᠬᠦᠨᠳᠦ ᠪᠡᠨ ᠪᠠᠷᠠᠵᠤ ᠡᠴᠦᠰ ᠲᠤ ᠬᠥᠳᠡᠯᠮᠦᠷᠢ ᠶ᠋ᠢᠨ ᠴᠠᠭ ᠢ᠋ ᠵᠥᠪ ᠢ᠋ᠶ᠋ᠡᠷ ᠠᠰᠢᠭᠯᠠᠭᠰᠠᠨ ᠦᠭᠡᠢ ᠡᠴᠡ ᠪᠣᠯᠵᠤ ᠥᠪᠡᠷ ᠢ᠋ᠶ᠋ᠡᠨ ᠥᠪᠡᠷ ᠡᠴᠡ ᠪᠡᠨ ᠢᠴᠢᠬᠦ ᠴᠠᠭ ᠪᠣᠯᠵᠠᠢ᠃
ᠳᠠᠷᠠᠭ᠎ᠠ ᠡᠳᠦᠷ ᠠᠯᠪᠠᠨ ᠳᠡᠭᠡᠷ᠎ᠡ ᠡᠴᠡ ᠬᠠᠷᠢᠬᠤ ᠵᠠᠭᠤᠷ᠎ᠠ ᠮᠥᠨ4—5 ᠬᠥᠮᠦᠨ ᠶᠠᠭᠤᠮ᠎ᠠ ᠱᠠᠭᠠᠷᠳᠠᠭᠰᠠᠨ ᠳ᠋ᠤ᠌《 ᠮᠠᠷᠭᠠᠰᠢ》 ᠭᠡᠭᠰᠡᠭᠡᠷ ᠪᠠᠢᠭᠠᠳ ᠭᠡᠷ ᠲᠤ ᠪᠡᠨ ᠬᠠᠷᠢᠬᠤ ᠠ᠋ᠴᠠ3 ᠴᠠᠭ ᠢ᠋ ᠬᠣᠵᠢᠮᠳᠠᠨ ᠭᠡᠷ ᠲᠡᠭᠡᠨ ᠠᠷᠠᠢ ᠭᠡᠵᠦ ᠢᠷᠡᠯ᠎ᠡ᠃ ᠣᠳᠣ ᠴᠤ᠌ ᠠᠮᠠᠷᠠᠶ᠎ᠠ ᠭᠡᠲᠡᠯ᠎ᠡ《 ᠢᠷᠡᠳᠡᠭ ᠴᠠᠭ ᠲᠤ ᠢᠷᠡᠳᠡᠭ ᠦᠭᠡᠢ᠂ ᠡᠮ᠎ᠡ ᠡᠷᠭᠢᠭᠦᠯᠵᠦ ᠶᠠᠪᠤᠳᠠᠭ ᠵᠣᠯᠢᠭ ᠤᠤ᠂ ᠰᠠᠯᠤᠨ᠎ᠠ ᠴᠢᠮ᠎ᠠ ᠠ᠋ᠴᠠ》 ᠭᠡᠵᠦ ᠵᠡᠭᠦᠳᠦᠨ ᠳ᠋ᠦ᠍ ᠪᠣᠯᠪᠠᠴᠤ ᠦᠵᠡᠭᠳᠡᠬᠦ᠂ ᠵᠦᠭᠡᠷ ᠰᠠᠭᠤᠬᠤ ᠳ᠋ᠤ᠌ ᠴᠤ᠌ ᠪᠣᠳᠣᠭᠳᠠᠬᠤ ᠵᠢᠷᠦᠬᠡᠨ ᠦ᠌ ᠬᠠᠢᠷᠠᠲᠠᠢ ᠡᠬᠡᠨᠡᠷ ᠨᠢ ᠬᠦᠷᠲᠡᠯ᠎ᠡ ᠱᠠᠭᠠᠷᠳᠠᠨ ᠠᠭᠠᠰᠢᠯᠠᠬᠤ ᠳ᠋ᠤ᠌ ᠮᠠᠨᠢ ᠲᠦᠳᠦᠪ《 ᠢᠰᠢ ᠳᠤᠯᠮ᠎ᠠ ᠮᠢᠨᠢ ᠠᠰᠢᠭᠦᠢ ᠴᠢ ᠤᠤ᠂ ᠵᠠᠪ ᠦᠭᠡᠢ ᠶᠡᠷᠦ ᠵᠠᠪ ᠦᠭᠡᠢ》 ᠭᠡᠬᠦ ᠳ᠋ᠦ᠍ ᠡᠬᠡᠨᠡᠷ ᠨᠢ《 ᠲᠣᠭᠯᠠᠵᠤ ᠪᠠᠢᠨ᠎ᠠ》 ᠭᠡᠵᠦ ᠪᠣᠳᠣᠨ ᠤᠯᠠᠮ ᠶᠡᠬᠡ ᠪᠡᠷ ᠠᠭᠤᠷᠰᠠᠵᠤ《 ᠶᠠᠭᠤ? ᠴᠢ ᠪᠠᠰᠠ ᠲᠡᠨᠦᠵᠦ ᠬᠡᠰᠦᠵᠦ ᠶᠠᠪᠤᠭᠠᠳ ᠨᠠᠮ᠎ᠠ ᠶ᠋ᠢ ᠳᠣᠷᠣᠮᠵᠢᠯᠠᠨᠠ ᠤᠤ? ᠣᠳᠣᠬᠠᠨ ᠴᠢᠮ᠎ᠠ ᠠ᠋ᠴᠠ ᠰᠠᠯᠤᠨ᠎ᠠ》 ᠭᠡᠬᠦ ᠳ᠋ᠦ᠍ ᠲᠦᠳᠦᠪ《 ᠵᠠᠪ ᠦᠭᠡᠢ ᠬᠣᠩᠭᠣᠷ ᠮᠢᠨᠢ᠂ ᠵᠠᠪ ᠦᠭᠡᠢ᠂ ᠰᠠᠯᠬᠤ ᠴᠤ᠌ ᠵᠠᠪ ᠠᠯᠠᠭ᠎ᠠ ᠳᠠ》 ᠭᠡᠲᠡᠯ᠎ᠡ ᠡᠬᠡᠨᠡᠷ ᠨᠢ ᠤᠯᠠᠮ ᠬᠢᠯᠢᠩᠨᠡᠨ ᠡᠭᠦᠳᠡ ᠶ᠋ᠢ ᠳᠡᠰ ᠬᠢᠲᠡᠯ᠎ᠡ ᠬᠠᠶᠠᠭᠠᠳ ᠶᠠᠪᠤᠬᠤ ᠳ᠋ᠤ᠌ ᠬᠦᠷᠲᠡᠯ᠎ᠡ《 ᠶᠣ᠂ ᠶᠣ᠂ ᠵᠠᠪ ᠦᠭᠡᠢ ᠶᠠᠳᠠᠵᠤ ᠪᠠᠢᠬᠤ ᠳ᠋ᠤ᠌ ᠡᠭᠦᠳᠡ ᠪᠡᠨ ᠶᠠᠭᠠᠬᠢᠭᠰᠠᠨ ᠴᠢᠮᠡᠭᠡ ᠲᠡᠢ ᠬᠠᠭᠠᠬᠤ ᠶᠤᠮ ᠪᠣᠢ ᠳᠠ》 ᠭᠡᠳ ᠯᠠᠭ ᠬᠢᠨ ᠰᠠᠭᠤᠵᠠᠢ᠃
- - - -
① ᠪᠦᠲᠦᠭᠡᠭᠳᠡᠬᠦᠨ ᠪᠣᠯᠪᠠᠰᠤᠷᠠᠭᠤᠯᠬᠤ ᠭᠠᠵᠠᠷ
② ᠬᠠᠭᠤᠴᠢᠨ ᠳᠠᠩᠰᠠ ᠬᠠᠷ᠎ᠠ ᠶ᠋ᠢᠨ ᠭᠠᠵᠠᠷ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
ᠬᠢᠨᠠᠭ᠍ᠴᠢ : ᠲᠤᠭ᠍ᠴᠢ ᠰᠠᠷᠠᠨ᠎ᠠ
2023᠂12᠂21 ᠦ᠌ ᠡᠳᠦᠷ
