ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠲᠠᠪᠤᠳᠤᠭᠠᠷ ᠪᠦᠯᠦᠭ > Хөх судрын залгамж - Инжинаш < Далан тавдугаар бүлэг >
ᠳᠠᠯᠠᠨ ᠲᠠᠪᠤᠳᠤᠭᠠᠷ ᠪᠦᠯᠦᠭ
ᠰᠢᠷ᠎ᠠ ᠨᠣᠬᠠᠢ ᠵᠢᠯ ᠃
ᠥᠭᠡᠳᠡᠢ ᠬᠠᠭᠠᠨ ᠤ᠋ ᠠᠷᠪᠠᠨ ᠭᠤᠷᠪᠠᠳᠤᠭᠠᠷ ᠣᠨ᠃
ᠥᠭᠡᠳᠡᠢ ᠬᠠᠭᠠᠨ ᠡᠨᠡ ᠵᠢᠯ ᠲᠠᠪᠢᠨ ᠭᠤᠷᠪᠠᠨ ᠰᠡᠭᠦᠳᠡᠷ ᠲᠡᠢ
ᠠᠬᠠᠴᠢᠯᠠᠬᠤ ᠶᠣᠰᠣ ᠰᠤᠷᠭᠠᠬᠤ ᠶ᠋ᠢᠨ ᠲᠥᠯᠥᠭᠡ ᠬᠥᠶᠦᠭ
ᠬᠠᠨ ᠢ᠋ ᠪᠠᠲᠤ ᠶᠦᠸᠠᠨᠱᠦᠸᠢ ᠳ᠋ᠦ᠍ᠷ ᠲᠤᠰᠢᠶᠠᠪᠠᠢ
ᠠᠴᠢᠯᠠᠯᠲᠤ ᠬᠥᠪᠡᠭᠦᠨ ᠵᠠᠩ ᠢᠦᠢ ᠵᠸᠨ ᠭᠣᠮᠣᠳᠠᠯ
ᠡᠪᠦᠷᠯᠡᠨ ᠪᠠᠷᠠᠭᠤᠨ ᠬᠢᠵᠠᠭᠠᠷ ᠲᠤᠷ ᠮᠣᠷᠳᠠᠪᠠᠢ
ᠦᠭᠦᠯᠬᠦ ᠢᠨᠤ ᠲᠡᠷᠡ ᠡᠳᠦᠷ ᠥᠭᠡᠳᠡᠢ ᠬᠠᠭᠠᠨ ᠶᠡᠬᠡ ᠬᠤᠷᠢᠮ ᠤ᠋ᠨ ᠣᠷᠳᠣᠨ ᠳ᠋ᠤᠷ ᠪᠠᠲᠤ ᠬᠠᠨ ᠤ᠋ ᠢᠷᠡᠭᠦᠯᠦᠰᠡᠨ ᠠᠢᠯᠠᠳᠬᠠᠯ ᠢ᠋ ᠦᠵᠡᠭᠡᠳ ᠲᠤᠢᠯ ᠢ᠋ᠶ᠋ᠠᠷ ᠬᠢᠯᠢᠩᠯᠡᠨ ᠬᠠᠨᠴᠤᠢ ᠰᠠᠵᠢᠵᠤ ᠳᠣᠲᠣᠭᠠᠳᠤ ᠣᠷᠳᠣᠨ ᠳ᠋ᠤᠷ ᠪᠤᠴᠠᠪᠠᠢ᠃ ᠣᠯᠠᠨ ᠲᠦᠰᠢᠮᠡᠳ ᠪᠠᠷᠠᠭᠤᠨ ᠬᠢᠵᠠᠭᠠᠷ ᠲᠤᠷ ᠪᠣᠯᠤᠭᠰᠠᠨ ᠤᠴᠢᠷ ᠢ ᠮᠡᠳᠡᠬᠦ ᠦᠭᠡᠢ ᠲᠤᠯᠠ ᠠᠶᠤᠯᠲᠠᠨ ᠲᠠᠷᠬᠠᠯᠴᠠᠪᠠ᠃ ᠴᠡᠷᠢᠭ ᠦ᠋ᠨ ᠶᠠᠪᠤᠳᠠᠯ ᠤ᠋ᠨ ᠭᠠᠵᠠᠷ ᠤ᠋ᠨ ᠲᠦᠰᠢᠮᠡᠳ ᠶᠠᠭᠠᠷᠠᠯᠳᠤᠨ ᠪᠠᠷᠠᠭᠤᠨ ᠬᠢᠵᠠᠭᠠᠷ ᠤ᠋ᠨ ᠴᠡᠷᠢᠭ ᠦ᠋ᠨ ᠶᠠᠪᠤᠳᠠᠯ ᠬᠡᠷᠬᠢᠪᠡ ᠭᠡᠮᠡᠨ ᠠᠶᠤᠨ ᠡᠮᠢᠶᠡᠨ ᠠᠰᠠᠭᠤᠪᠠᠰᠤ ᠥᠭᠡᠳᠡᠢ ᠬᠠᠭᠠᠨ ᠪᠠᠲᠤ ᠬᠠᠨ ᠤ᠋ ᠠᠢᠯᠠᠳᠬᠠᠯ ᠢ ᠰᠢᠲᠠᠵᠤ ᠪᠠᠭᠤᠯᠭᠠᠪᠠ᠃ ᠲᠦᠰᠢᠮᠡᠳ ᠶᠠᠭᠠᠷᠠᠨ ᠦᠵᠡᠪᠡᠰᠦ ᠠᠶᠠᠨ ᠲᠡᠢᠨ ᠰᠠᠨᠠᠭᠰᠠᠨ ᠠ᠋ᠴᠠ ᠤᠷᠤᠭᠰᠢᠲᠠᠢ ᠪᠣᠯᠪᠠᠴᠤ ᠠᠬ᠎ᠠ ᠳᠡᠭᠦᠦ ᠨᠠᠷ ᠤ᠋ᠨ ᠬᠣᠭᠣᠷᠣᠨᠳᠣ ᠲᠠᠭᠠᠷᠠᠯᠴᠠᠬᠤ ᠦᠭᠡᠢ ᠬᠡᠷᠡᠭ ᠭᠠᠷᠤᠭᠰᠠᠨ ᠠᠨᠤ ᠬᠠᠳ ᠤ᠋ᠨ ᠭᠡᠷ ᠵᠠᠭᠤᠷᠠᠬᠢ ᠬᠡᠷᠡᠭ ᠲᠤᠯᠠ ᠰᠡᠳᠬᠢᠯ ᠰᠤᠯᠠ ᠪᠣᠯᠪᠠ᠃ ᠭᠡᠪᠡᠴᠦ ᠠᠢᠯᠠᠳᠬᠠᠯ ᠢ ᠦᠵᠡᠪᠡᠰᠦ ᠲᠡᠷᠡ ᠠᠢᠯᠠᠳᠬᠠᠯ ᠤ᠋ᠨ ᠦᠭᠡ ᠢᠨᠤ ᠄
《 ᠮᠥᠩᠬᠡ ᠲᠡᠭᠷᠢ ᠶ᠋ᠢᠨ ᠬᠦᠴᠦᠨ ᠳ᠋ᠦ᠍ᠷ ᠬᠠᠭᠠᠨ ᠠᠪᠠᠭ᠎ᠠ ᠶ᠋ᠢᠨ ᠰᠤᠤ ᠳ᠋ᠤᠷ ᠮᠡᠭᠡᠳ ᠪᠠᠯᠭᠠᠰᠤᠨ ᠢ ᠡᠪᠳᠡᠵᠦ ᠣᠷᠣᠰ ᠢᠷᠭᠡᠨ ᠢ ᠳᠠᠭᠤᠢᠯᠠᠵᠤ ᠠᠷᠪᠠᠨ ᠨᠢᠭᠡᠨ ᠬᠠᠷᠢᠨ ᠢᠷᠭᠡᠨ ᠢ ᠵᠦᠭ ᠲᠦ᠍ᠷ ᠣᠷᠣᠭᠤᠯᠵᠤ ᠠᠯᠲᠠᠨ ᠵᠢᠯᠣᠭᠣ ᠨᠢᠴᠤᠨ ᠲᠠᠲᠠᠵᠤ ᠰᠠᠯᠤᠯᠴᠠᠬᠤᠢ ᠬᠤᠷᠢᠮ ᠬᠤᠷᠢᠮᠯᠠᠶᠠ ᠬᠡᠮᠡᠯᠳᠦᠵᠦ ᠶᠡᠬᠡ ᠴᠠᠴᠠᠷ ᠪᠣᠰᠬᠠᠵᠤ ᠬᠤᠷᠢᠮᠯᠠᠬᠤᠢ ᠳ᠋ᠤᠷ ᠪᠢ ᠡᠳᠡ ᠪᠦᠬᠦᠨ ᠬᠥᠪᠡᠭᠦᠳ ᠦ᠋ᠨ ᠠᠬᠠᠨ ᠪᠣᠯᠤᠭᠰᠠᠨ ᠪᠣᠯᠵᠤ ᠨᠢᠭᠡᠨ ᠬᠣᠶᠠᠷ ᠠᠶᠠᠭ᠎ᠠ ᠥᠳᠬᠡ ᠤᠷᠢᠳᠠ ᠤᠤᠭᠤᠪᠠ ᠭᠡᠮᠡᠨ ᠨᠠᠳᠤᠷ ᠪᠦᠷᠢ᠂ ᠬᠥᠶᠦᠭ ᠬᠣᠶᠠᠷ ᠮᠠᠭᠤᠢᠯᠠᠵᠤ ᠬᠤᠷᠢᠮ ᠦᠯᠦ ᠬᠤᠷᠢᠮᠯᠠᠨ ᠮᠣᠷᠢᠯᠠᠭᠳᠠᠪᠠ ᠃ ᠮᠣᠷᠢᠯᠠᠵᠤ ᠪᠦᠷᠢ ᠥᠭᠦᠯᠡᠷᠦᠨ :< ᠪᠠᠲᠤ ᠰᠡᠴᠡ ᠪᠥᠭᠡᠳ ᠪᠣᠯᠵᠤ ᠤᠷᠢᠳᠠ ᠪᠠᠷ ᠤᠤᠭᠤᠬᠤᠨ ᠪᠥᠯᠥᠭᠡ !
ᠰᠠᠬᠠᠯᠳᠠᠨ ᠡᠮᠡᠭᠡᠳ
ᠰᠡᠴᠡᠬᠤᠨ ᠪᠣᠯᠵᠤ
ᠥᠰᠥᠭᠡᠢ ᠪᠡᠷ ᠲᠦᠷᠢᠵᠦ
ᠥᠯᠮᠡᠢ ᠪᠡᠷ ᠭᠢᠰᠬᠢᠯᠡᠬᠦᠢ ! >
ᠬᠡᠮᠡᠵᠦᠭᠦ ᠃ ᠬᠥᠶᠦᠭ ᠥᠭᠦᠯᠡᠷᠦᠨ :< ᠲᠡᠳᠡ ᠬᠤᠷᠳᠤᠨ ᠡᠮᠡᠭᠡᠳ ᠢ᠋ ᠡᠪᠴᠡᠭᠦᠳ ᠠᠨᠤ ᠵᠣᠷᠭᠠᠯᠳᠤᠶᠠ ᠴᠢ ᠪᠢᠳᠡ ᠲᠡᠳᠡᠭᠡᠷ ᠢ ! 》 ᠬᠡᠮᠡᠵᠦᠬᠦᠢ ᠃ ᠡᠯᠵᠢᠭᠡᠳᠡᠢ ᠶ᠋ᠢᠨ ᠬᠥᠪᠡᠭᠦᠨ ᠠᠷᠭᠠᠰᠤᠨ ᠥᠭᠦᠯᠡᠷᠦᠨ : 《ᠮᠣᠳᠣᠨ ᠰᠡᠭᠦᠯ ᠵᠤᠪᠴᠢᠶᠠ ᠲᠡᠳᠡᠨ ᠢ᠋ ᠁ > ᠬᠡᠮᠡᠵᠦᠬᠦᠢ ᠪᠠ ᠪᠦᠷᠦᠨ ᠪᠤᠰᠤ ᠡᠯᠢᠭᠡᠲᠦ ᠪᠤᠯᠠᠭ᠎ᠠ ᠢᠷᠭᠡᠨ ᠳ᠋ᠦ᠍ᠷ ᠮᠣᠷᠢᠯᠠᠭᠤᠯᠳᠠᠵᠤ ᠵᠥᠪ ᠤᠤ? ᠳᠠᠪ ᠤᠤ ? ᠪᠣᠯᠬᠤ ᠪᠣᠯᠪᠠ ᠬᠡᠮᠡᠵᠦ ᠪᠦᠬᠦᠢ ᠳ᠋ᠦ᠍ᠷ ᠪᠦᠷᠢ ᠬᠥᠶᠦᠭ ᠬᠣᠶᠠᠷ ᠡᠢᠨ ᠬᠡᠮᠡᠭᠳᠡᠭᠡᠳ ᠡᠶ᠎ᠡ ᠦᠭᠡᠢ ᠲᠠᠷᠬᠠᠪᠠ ᠃ ᠡᠳᠦᠭᠡ ᠬᠠᠭᠠᠨ ᠠᠪᠠᠭ᠎ᠠ ᠶ᠋ᠢᠨ ᠵᠠᠷᠯᠢᠭ ᠮᠡᠳᠡᠲᠦᠭᠡᠢ ᠭᠡᠮᠡᠨ ᠣᠴᠢᠵᠤ ᠢᠯᠡᠭᠡᠵᠦᠬᠦᠢ 》ᠬᠡᠮᠡᠪᠡ ( ᠨᠢᠭᠤᠴᠠ ᠲᠣᠪᠴᠢᠶᠠᠨ ᠤ᠋ ᠤᠤᠯ ᠪᠢᠴᠢᠭᠡᠰᠦ ) ᠃
ᠬᠠᠭᠠᠨ ᠪᠠᠲᠤ ᠬᠠᠨ ᠤ᠋ ᠠᠢᠯᠠᠤᠳᠬᠠᠯ ᠢ᠋ ᠦᠵᠡᠭᠡᠳ ᠬᠥᠶᠦᠭ ᠲᠣᠷ ᠮᠠᠰᠢ ᠬᠢᠯᠢᠩᠯᠡᠨ ᠦᠯᠦ ᠠᠭᠤᠯᠵᠠᠭᠤᠯᠤᠨ ᠥᠭᠦᠯᠡᠷᠦᠨ: 《ᠡᠨᠡ ᠲᠦᠷᠢᠮᠡᠬᠡᠢ ᠬᠡᠨ ᠦ᠌ ᠦᠭᠡᠰ ᠲᠣᠷ ᠲᠦᠯᠦᠰᠭᠦᠵᠦ ᠠᠬ᠎ᠠ ᠬᠥᠮᠦᠨ ᠢ᠋ ᠠᠮᠠ ᠳᠦᠭᠦᠷᠡᠩ ᠥᠭᠦᠯᠡᠵᠦ ? ᠭᠠᠭᠴᠠ ᠥᠨᠳᠡᠭᠡᠨ ᠦᠳᠭᠡᠢ! ᠮᠥᠨ ᠠᠬ᠎ᠠ ᠬᠥᠮᠦᠨ ᠦ᠌ ᠡᠪᠴᠢᠭᠦᠨ ᠳ᠋ᠦ᠍ᠷ ᠳᠠᠢᠰᠤᠷᠬᠠᠨ ᠠᠵᠤᠭᠤ᠃ ᠠᠯᠭᠢᠨᠴᠢ ᠲᠠᠯᠪᠢᠵᠤ ᠠᠷᠪᠠᠨ ᠬᠤᠷᠤᠭᠤᠳ ᠤ᠋ᠨ ᠬᠢᠮᠤᠯ ᠠᠨᠤ ᠠᠭᠤᠳᠲᠠᠯᠠ ᠠᠭᠤᠯᠠ ᠮᠡᠲᠦ ᠪᠠᠯᠠᠭᠠᠳ ᠲᠤᠷ ᠠᠪᠠᠷᠢᠭᠤᠯᠤᠶᠠ᠃ ᠲᠠᠨᠮᠠ ᠲᠠᠯᠪᠢᠵᠤ ᠲᠠᠪᠤᠨ ᠬᠤᠷᠤᠭᠤᠳ ᠤ᠋ᠨ ᠬᠢᠮᠤᠯ ᠢᠨᠤ ᠲᠠᠮᠤᠲᠠᠯᠠ ᠳᠠᠪᠲᠠᠮᠠᠯ ᠬᠠᠲᠠᠩᠭᠤ ᠪᠠᠯᠠᠭᠠᠳ ᠲᠤᠷ ᠠᠪᠠᠷᠢᠭᠤᠯᠤᠶᠠ ! ᠴᠢ ᠪᠡᠳᠡᠷ ᠮᠠᠭᠤᠢ ᠲᠦᠷᠢᠮᠡᠬᠡᠢ ᠠᠷᠭᠠᠰᠤᠨ ᠬᠡᠨ ᠢ ᠡᠩᠭᠢᠰᠢᠭᠡᠵᠦ ᠪᠢᠳᠡᠨ ᠦ᠌ ᠤᠷᠤᠭ ᠲᠤᠷ ᠠᠮᠠ ᠳᠦᠭᠦᠷᠡᠩ ᠶᠡᠬᠡ ᠦᠭᠡ ᠥᠭᠦᠯᠡ ᠪᠥᠯᠥᠭᠡ ? ᠬᠥᠶᠦᠭ ᠂ ᠠᠠᠷᠭᠠᠰᠤᠨ ᠬᠣᠶᠠᠷ ᠢ᠋ ᠬᠠᠮᠲᠤ ᠢᠯᠡᠭᠡᠶ᠎ᠡ᠃ ᠠᠠᠷᠭᠠᠰᠤᠨ ᠢ᠋ ᠮᠥᠷᠢᠭᠦᠯᠳᠡᠬᠦ ᠪᠥᠯᠥᠭᠡ᠃ ᠠᠯᠠᠭᠴᠢᠯᠠᠪᠠ ᠭᠡᠮᠡᠭᠦᠨ ᠲᠠ ᠃ ᠪᠦᠷᠢ ᠶ᠋ᠢ ᠪᠦᠷᠦᠨ ᠬᠡᠯᠡᠪᠡᠰᠦ ᠪᠠᠲᠤ ᠳ᠋ᠤᠷ ᠥᠭᠦᠯᠡ᠃ ᠴᠠᠭᠠᠲᠠᠢ ᠠᠬ᠎ᠠ ᠳ᠋ᠤᠷ ᠥᠭᠦᠯᠡᠵᠦ ᠢᠯᠡᠭᠡᠲᠦᠭᠡᠢ ! ᠴᠠᠭᠠᠲᠠᠢ ᠠᠬ᠎ᠠ ᠮᠡᠳᠡᠲᠦᠭᠡᠢ 》ᠬᠡᠮᠡᠪᠡ ( ᠨᠢᠭᠤᠴᠠ ᠲᠣᠪᠴᠢᠶᠠᠨ ᠠ᠋ᠴᠠ ) ᠃
ᠬᠠᠭᠠᠨ ᠤ᠋ ᠬᠢᠯᠢᠩ ᠪᠠᠰᠠ ᠦᠯᠦ ᠲᠠᠢᠳᠬᠠᠷᠠᠬᠤᠢ ᠳ᠋ᠤᠷ ᠬᠥᠪᠡᠭᠦᠨ ᠡᠴᠡ ᠮᠠᠩᠭᠢ ᠂ ᠨᠣᠶᠠᠳ ᠠ᠋ᠴᠠ ᠡᠯᠵᠢᠭᠡᠳᠡᠢ ᠂ ᠬᠣᠩᠬᠣᠷᠲᠠᠢ ᠂ ᠵᠠᠩᠭᠢ ᠲᠡᠷᠢᠭᠦᠲᠡᠨ ᠨᠣᠶᠠᠳ ᠳᠤᠷᠠᠳᠬᠠᠨ ᠥᠴᠢᠷᠦᠨ : 《ᠴᠢᠩᠭᠢᠰ ᠬᠠᠭᠠᠨ ᠡᠴᠢᠭᠡ ᠶ᠋ᠢᠨ ᠴᠢᠨᠦ ᠵᠠᠷᠯᠢᠭ ᠄ ᠬᠡᠭᠡᠷ᠎ᠡ ᠶ᠋ᠢᠨ ᠦᠢᠯᠡ ᠬᠡᠭᠡᠷ᠎ᠡ ᠬᠦ᠌ ᠨᠣᠶᠠᠯᠠᠬᠤ ᠪᠥᠯᠥᠭᠡ᠃ ᠭᠡᠷ ᠦ᠋ᠨ ᠦᠢᠯᠡ ᠭᠡᠷ ᠲᠦ᠍ᠷ ᠬᠦ᠌ ᠨᠣᠶᠠᠯᠠᠬᠤ ᠪᠥᠯᠥᠭᠡ᠃ ᠬᠠᠭᠠᠨ ᠢ᠋ ᠰᠣᠶᠣᠷᠬᠠᠪᠠᠰᠤ ᠬᠠᠭᠠᠨ ᠭᠦᠶᠦᠭ ᠲᠣᠷ ᠬᠢᠯᠢᠩᠯᠡᠵᠦ ᠠᠮᠤ ᠃ ᠬᠡᠭᠡᠷ᠎ᠡ ᠶ᠋ᠢᠨ ᠦᠢᠯᠡ ᠪᠤᠶᠤ᠃ ᠪᠠᠲᠤ ᠳ᠋ᠤᠷ ᠲᠦᠰᠢᠵᠦ ᠢᠯᠡᠭᠡᠪᠡᠰᠦ ᠪᠤᠯᠬᠣᠷᠤ ! 》 ᠭᠡᠮᠡᠨ ᠥᠴᠢᠪᠡᠰᠦ ᠡᠨᠡ ᠦᠭᠡ ᠶ᠋ᠢ ᠬᠠᠭᠠᠨ ᠵᠥᠪᠰᠢᠶᠡᠨ ᠵᠠᠯᠢᠷᠠᠵᠤ ᠭᠦᠶᠦᠭ ᠢ᠋ ᠠᠭᠤᠯᠵᠠᠭᠤᠯᠵᠤ ᠰᠣᠶᠣᠭᠠᠷ ᠦᠭᠡ ᠳᠣᠩᠭᠣᠳᠤᠷᠤᠨ ᠄ 《ᠠᠶᠠᠯᠠᠬᠤ ᠣᠲᠣᠷᠤᠨ ᠵᠠᠭᠤᠷ᠎ᠠ ᠪᠥᠭᠰᠡᠲᠦ ᠬᠥᠮᠦᠨ ᠦ᠌ ᠪᠦᠰᠡ ᠠᠨᠤ ᠡᠰᠡ ᠦᠯᠡᠳᠡᠪᠡ ᠬᠡᠮᠡᠭᠳᠡᠮᠦ ᠴᠢ ! ᠴᠡᠷᠢᠭ ᠨᠠᠷᠠᠨ ᠤ᠋ ᠴᠢᠷᠠᠢ ᠬᠣᠭᠣᠯᠠᠵᠤ ᠣᠳᠪᠠ ᠬᠡᠮᠡᠭᠳᠡᠮᠦ ᠴᠢ ! ᠣᠷᠣᠰ ᠤ᠋ᠳ ᠢᠷᠭᠡᠨ ᠢ᠋ ᠲᠡᠷᠡ ᠴᠢᠨᠦ ᠠᠭᠤᠷ ᠬᠢᠯᠢᠩ ᠳ᠋ᠦ᠍ᠷ ᠠᠶᠤᠵᠤ ᠣᠷᠣᠭᠳᠠᠭᠰᠠᠨᠠ ᠪᠣᠯᠭᠠᠨ ᠠᠬᠤᠶᠤ ᠴᠢ ! ᠣᠷᠣᠰ ᠤ᠋ᠳ ᠢᠷᠭᠡᠨ ᠢ᠋ ᠭᠠᠭᠴᠠᠭᠠᠷ ᠣᠷᠣᠭᠤᠯᠤᠭᠰᠠᠨ ᠮᠡᠲᠦ ᠰᠡᠳᠬᠢᠵᠦ ᠣᠮᠣᠭ ᠳᠤᠷ᠎ᠠ ᠪᠠᠷᠢᠵᠤ ᠠᠬ᠎ᠠ ᠬᠥᠮᠦᠨ ᠳ᠋ᠦ᠍ᠷ ᠳᠠᠢᠰᠤᠷᠬᠠᠨ ᠠᠢᠰᠤ ᠴᠢ ! ᠴᠢᠩᠭᠢᠰ ᠬᠠᠭᠠᠨ ᠡᠴᠢᠭᠡ ᠶ᠋ᠢᠨ ᠪᠢᠳᠠᠨᠠᠤ ᠵᠠᠷᠯᠢᠭ ᠲᠤᠷ ᠪᠣᠢ᠃ ᠣᠯᠠᠨ ᠠᠶᠤᠭᠤᠯᠢ ᠂ ᠬᠥᠯ ᠦᠬᠦᠭᠦᠯᠢ ᠬᠡᠮᠡᠬᠦ ᠡᠰᠡ ᠤᠤ ᠪᠥᠯᠥᠭᠡ ? ᠭᠠᠭᠴᠠᠭᠠᠷ ᠲᠤᠨᠢᠭᠰᠠᠨ ᠮᠡᠲᠦ ᠰᠥᠪᠡᠭᠡᠲᠡᠢ ᠂ ᠪᠦᠵᠥᠭ ᠬᠣᠶᠠᠷ ᠤ᠋ᠨ ᠳᠠᠯᠳᠠ ᠳ᠋ᠤᠷ ᠶᠠᠪᠤᠵᠤ ᠣᠯᠠᠨ ᠢ᠋ᠶ᠋ᠠᠷ ᠪᠦᠷᠢ ᠪᠡᠷ ᠬᠠᠮᠰᠠᠵᠤ ᠣᠷᠣᠰ ᠤ᠋ᠳ ᠂ ᠺᠢᠪᠴᠠᠭ ᠤ᠋ᠳ ᠢ᠋ ᠦᠯᠵᠦ ᠢᠰᠢᠭᠡ ᠶ᠋ᠢᠨ ᠰᠢᠭᠡᠷ᠎ᠡ ᠣᠯᠣᠭᠠᠢ ᠵᠦᠭᠡᠭᠡᠭᠡᠢ ᠡᠳᠦᠶᠡ ᠡᠷᠡᠮᠰᠢᠵᠦ ᠨᠢᠭᠡᠨᠲᠡ ᠭᠡᠷ ᠲᠦ᠍ ᠡᠴᠡ ᠭᠠᠷᠴᠤ ᠶᠠᠭᠤ ᠪᠠᠷ ᠭᠠᠭᠴᠠᠭᠠᠷ ᠳᠤᠨᠢᠭᠰᠠᠨ ᠮᠡᠲᠦ ᠦᠭᠡ ᠳᠠᠭᠤ ᠤᠢᠰᠴᠤ ᠢᠷᠡᠵᠦ ᠴᠢ ! ᠡᠯᠵᠢᠭᠡᠳᠡᠢ ᠂ ᠬᠤᠩᠬᠣᠷᠲᠠᠶ ᠵᠠᠩᠭᠢ ᠲᠠᠨ᠎ᠠ ᠄
ᠳᠡᠭᠳᠡᠭᠰᠡᠨ ᠢᠷᠦᠭᠡᠯ ᠢ᠋
ᠲᠡᠷᠭᠡ ᠨᠥᠬᠥᠷ ᠪᠣᠯᠵᠤ ᠲᠦᠳᠡᠭᠡᠵᠦ
ᠳᠡᠪᠦᠯᠬᠦᠢ ᠲᠣᠭᠣᠭᠠᠨ ᠢ᠋
ᠳᠡᠯᠡᠬᠡᠢ ᠰᠢᠨᠠᠭ᠎ᠠ ᠪᠣᠯᠵᠤ ᠠᠮᠤᠷᠯᠢᠭᠤᠯᠳᠠᠵᠤ
ᠵᠠ ᠳᠡᠯᠢ ! ᠬᠡᠭᠡᠷ᠎ᠡ ᠶ᠋ᠢᠨ ᠦᠢᠯᠡ ᠪᠠᠲᠤ ᠬᠡᠮᠡᠯᠡᠢ ᠃ ᠭᠦᠶᠦᠭ ᠠᠠᠷᠭᠠᠰᠤᠨ ᠬᠣᠶᠠᠷ ᠢ᠋ ᠪᠠᠲᠤ ᠮᠡᠳᠡᠲᠦᠭᠡᠢ 》ᠬᠡᠮᠡᠪᠡ ᠃ ( ᠮᠣᠩᠭᠣᠯ ᠤ᠋ᠨ ᠨᠢᠭᠤᠴᠠ ᠲᠣᠪᠴᠢᠶᠠᠨ ᠠᠷᠪᠠᠨ ᠬᠣᠶᠠᠳᠤᠭᠠᠷ ᠪᠣᠳᠢ ᠭᠤᠲᠠᠭᠠᠷ ᠳᠡᠪᠲᠡᠷ ᠦ᠋ᠨ 1395 ᠨᠢᠭᠤᠷ ᠠ᠋ᠴᠠ 1414 ᠨᠢᠭᠤᠷ ᠬᠦᠷᠲᠡᠯ᠎ᠡ ) ᠃
ᠭᠦᠶᠦᠭ ᠬᠠᠨ ᠡᠴᠢᠭᠡ ᠶ᠋ᠢᠨ ᠢ᠋ᠶ᠋ᠡᠨ ᠰᠤᠶᠣᠭᠠᠷ ᠦᠭᠡᠰ ᠢ᠋ ᠬᠦᠯᠢᠶᠡᠨ ᠠᠶᠤᠨ ᠡᠮᠢᠶᠡᠨ ᠶᠠᠯ᠎ᠠ ᠬᠦᠯᠢᠶᠡᠨ ᠮᠥᠷᠭᠥᠭᠡᠳ ᠣᠷᠳᠣᠨ ᠳ᠋ᠠᠭᠠᠨ ᠪᠤᠴᠠᠵᠤ ᠢᠷᠡᠬᠦᠢ ᠳ᠋ᠦ᠍ᠷ ᠠᠭᠤᠯᠬᠠᠢᠮᠰ ᠬᠠᠲᠤᠨ ᠣᠷᠳᠣᠨ ᠤ᠋ ᠬᠡᠦᠬᠡᠳ ᠢ᠋ ᠲᠦᠰᠢᠵᠦ ᠢᠨᠳᠠᠷ ᠲᠤᠷ ᠵᠣᠭᠰᠣᠵᠤ ᠤᠭᠲᠤᠨ ᠠᠪᠴᠤ :《ᠬᠠᠭᠠᠨ ᠡᠴᠢᠭᠡ ᠶ᠋ᠢᠨ ᠤᠨᠲᠤᠭᠤᠨ ᠲᠠᠢᠳᠬᠤᠷᠠᠪᠠᠤ? ᠭᠡᠮᠡᠨ ᠠᠰᠠᠭᠤᠪᠰᠤ ᠬᠥᠶᠦᠭ ᠬᠠᠨ ᠣᠷᠳᠣᠨ ᠤ᠋ ᠣᠯᠠᠨ ᠤ᠋ ᠡᠮᠦᠨ᠎ᠡ ᠲᠤᠯᠠ :《ᠭᠠᠢᠭᠤᠢ 》ᠭᠡᠮᠡᠨ ᠴᠢᠷᠮᠠᠢᠨ ᠢᠨᠢᠶᠡᠮᠰᠦᠭᠯᠡᠨ ᠳᠣᠲᠣᠭᠠᠳᠤ ᠣᠷᠳᠣᠨ ᠳ᠋ᠠᠭᠠᠨ ᠣᠷᠣᠵᠤ ᠬᠠᠯᠠᠭᠤᠴᠢᠪᠠ ᠭᠡᠮᠡᠨ ᠲᠥᠷᠥ ᠶ᠋ᠢᠨ ᠬᠤᠪᠴᠠᠰᠤ ᠪᠠᠨ ᠲᠠᠢᠯᠵᠤ ᠬᠥᠩᠭᠡᠨ ᠲᠡᠷᠯᠢᠭ ᠰᠣᠯᠢᠭᠠᠳ ᠴᠠᠭ᠎ᠠ ᠤᠮᠳᠠᠯᠠᠵᠤ ᠰᠠᠭᠤᠬᠤ ᠳ᠋ᠠᠭᠠᠨ ᠥᠭᠦᠯᠡᠷᠦᠨ: 《ᠪᠦᠷᠢ ᠨᠠᠷ ᠯᠤᠭ᠎ᠠ ᠰᠠᠷᠬᠤᠳ ᠬᠡᠳᠦ ᠵᠠᠯᠭᠢᠯᠠᠭᠰᠠᠨ ᠭᠡᠮ ᠡᠴᠡ ᠬᠠᠭᠠᠨ ᠡᠴᠢᠭᠡ ᠨᠠᠮᠠᠶ᠋ᠢ ᠪᠠᠲᠤ ᠶ᠋ᠢ ᠮᠡᠳᠡᠲᠦᠭᠡᠢ ᠭᠡᠮᠡᠨ ᠲᠤᠰᠢᠶᠠᠪᠠ᠃ ᠬᠠᠭᠠᠨ ᠤ᠋ ᠡᠯᠴᠢ ᠶ᠋ᠢ ᠳᠠᠭᠠᠵᠤ ᠶᠠᠪᠤᠬᠤ ᠲᠤᠯᠠ ᠤᠳᠠᠭᠠᠰᠢᠷᠠᠵᠤ ᠦᠯᠦ ᠪᠣᠯᠤᠮᠤᠢ᠃ ᠮᠢᠨᠦ ᠠᠪᠴᠤ ᠶᠠᠪᠤᠬᠤ ᠬᠤᠪᠴᠠᠰᠤ ᠬᠤᠨᠠᠷ ᠢ᠋ ᠵᠠᠬᠢᠵᠤ ᠪᠡᠯᠡᠳᠭᠡ᠃ ᠲᠡᠭᠦᠨᠴᠢᠯᠡᠨ ᠳᠠᠭᠠᠬᠤ ᠠᠷᠠᠳ ᠢ᠋ ᠲᠣᠭᠲᠠᠭ᠎ᠠ᠃ ᠠᠷᠤᠤᠬᠠᠨ ᠨᠢᠭᠡ ᠬᠣᠶᠠᠷ ᠪᠢᠴᠢᠭ ᠲᠡᠢ ᠬᠥᠮᠦᠰ ᠢ᠋ ᠠᠪᠴᠤ ᠶᠠᠪᠤᠰᠤᠭᠠᠢ ᠬᠡᠮᠡᠮᠦᠢ ᠃ ᠴᠢᠨᠦ ᠮᠡᠳᠡᠳᠡᠭ ᠡᠴᠡ ᠬᠡᠨ ᠪᠣᠯᠤᠮᠤᠢ ? 》 ᠬᠡᠮᠡᠪᠡᠰᠦ ᠬᠠᠲᠤᠨ ᠥᠭᠦᠯᠡᠷᠦᠨ : 《ᠡᠨᠡ ᠬᠥᠮᠦᠨ ᠢ᠋ ᠳᠤᠷᠠᠳᠪᠠᠰᠤ ᠯᠠᠪ ᠴᠢᠨᠦ ᠰᠠᠨᠠᠭᠠᠨ ᠳ᠋ᠤᠷ ᠰᠠᠭᠤᠮᠤᠢ᠃ ᠸᠠᠩ ᠢᠦᠢ ᠵᠸᠨ ᠶᠣᠰᠣᠯᠠᠬᠤ ᠪᠠᠷ ᠢᠷᠡᠭᠡᠳ ᠡᠨᠳᠡ ᠪᠣᠢ ! 》ᠬᠡᠮᠡᠪᠡᠰᠦ ᠭᠦᠶᠦᠭ ᠬᠠᠨ ᠭᠡᠨᠡᠳᠲᠡ ᠰᠠᠨᠠᠭᠠᠯᠵᠠᠭᠠᠳ ᠲᠡᠭᠦᠨ ᠦ᠌ ᠬᠡᠷᠬᠢᠨ ᠡᠨᠳᠡ ᠪᠠᠢᠭ᠎ᠠ ᠶ᠋ᠢ ᠠᠰᠠᠭᠤᠬᠤᠢ ᠳ᠋ᠤᠷ ᠠᠭᠤᠯᠬᠠᠢᠮᠰ ᠬᠠᠲᠤᠨ ᠰᠡᠭᠦᠷᠡᠰᠦ ᠠᠯᠳᠠᠵᠤ ᠥᠭᠦᠯᠡᠷᠦᠨ ᠄ 《ᠲᠡᠭᠦᠨ ᠦ᠌ ᠡᠴᠢᠭᠡ ᠸᠠᠩ ᠱᠢ ᠰᠢᠶᠠᠨ ᠹᠧᠩ ᠶᠠᠩ ᠤ᠋ᠨ ᠭᠠᠵᠠᠷ ᠡᠪᠡᠳᠴᠢᠯᠡᠵᠦ ᠦᠬᠦᠭᠰᠡᠨ ᠪᠠ ᠲᠡᠭᠦᠨ ᠦ᠌ ᠭᠤᠷᠪᠠᠨ ᠠᠬ᠎ᠠ ᠴᠥᠮ ᠡᠵᠡᠨ ᠦ᠌ ᠬᠡᠰᠢᠭ ᠲᠣᠷ ᠬᠦᠷᠲᠡᠵᠦ ᠴᠡᠷᠢᠭ ᠲᠦ᠍ᠷ ᠬᠦᠨᠳᠦ ᠶᠡᠬᠡ ᠲᠤᠰᠢᠶᠠᠯᠲᠠᠢ ᠲᠤᠯᠠ ᠡᠬᠡ ᠪᠡᠨ ᠣᠳᠬᠣᠨ ᠳᠡᠭᠦᠦ ᠸᠠᠩ ᠢᠦᠢ ᠵᠸᠨ ᠳ᠋ᠦ᠍ᠷ ᠲᠤᠰᠢᠶᠠᠵᠤ ᠨᠡᠢᠰᠯᠡᠯ ᠳ᠋ᠦ᠍ᠷ ᠠᠴᠢᠯᠠᠨ ᠰᠤᠪᠢᠯᠠᠬᠤ ᠪᠣᠯᠠᠢ 》ᠭᠡᠮᠡᠨ ᠨᠠᠷᠢᠪᠴᠢᠯᠠᠨ ᠥᠭᠦᠯᠡᠭᠰᠡᠨ ᠳ᠋ᠦ᠍ᠷ ᠭᠦᠶᠦᠭ ᠬᠠᠨ ᠰᠠᠶᠢ ᠸᠠᠩ ᠱᠢ ᠰᠢᠶᠠᠨ ᠤ᠋ ᠦᠬᠦᠭᠰᠡᠨ ᠢ᠋ ᠰᠣᠨᠣᠰᠴᠤ ᠰᠡᠭᠦᠷᠡᠰᠦ ᠠᠯᠳᠠᠵᠤ ᠰᠢᠳᠤᠷᠠᠭᠤ ᠡᠷ᠎ᠡ ᠭᠡᠮᠡᠨ ᠬᠠᠷᠠᠮᠰᠠᠮᠤᠢ᠃
ᠸᠠᠩ ᠢᠦᠢ ᠵᠸᠨ ᠭᠦᠶᠦᠭ ᠬᠠᠨ ᠢ᠋ ᠪᠠᠷᠠᠭᠤᠨ ᠬᠢᠵᠠᠭᠠᠷ ᠠ᠋ᠴᠠ ᠢᠷᠡᠪᠡ ᠭᠡᠮᠡᠨ ᠰᠣᠨᠣᠰᠴᠤ ᠲᠤᠬᠠᠢᠯᠠᠨ ᠵᠣᠯᠭᠠᠬᠤ ᠪᠠᠷ ᠢᠷᠡᠵᠦ ᠬᠦᠯᠢᠶᠡᠵᠦ ᠪᠠᠢᠭᠰᠠᠨ ᠲᠤᠯᠠ ᠳᠠᠭᠤᠳᠠᠨ ᠣᠷᠣᠭᠤᠯᠵᠤ ᠦᠵᠡᠪᠡᠰᠦ ᠴᠢᠷᠠᠢ ᠴᠠᠭᠠᠪᠲᠤᠷ ᠲᠡᠷᠢᠭᠦᠨ ᠳ᠋ᠦ᠍ᠷ ᠰᠡᠷᠢᠭᠦᠨ ᠪᠦᠷᠬᠦᠭ ᠂ ᠪᠡᠶ᠎ᠡ ᠳ᠋ᠦ᠍ᠷ ᠬᠥᠬᠡ ᠭᠬᠢᠪ ᠲᠡᠷᠯᠢᠭ ᠰᠠᠴᠤᠭᠲᠤ ᠪᠦᠰᠡ ᠬᠠᠷ᠎ᠠ ᠲᠣᠷᠭᠠᠨ ᠭᠤᠲᠤᠯ ᠲᠡᠳᠡᠨ ᠤᠷᠲᠤ ᠰᠡᠯᠡᠮ᠎ᠡ ᠵᠡᠭᠦᠵᠦᠬᠦᠢ᠃ ᠨᠢᠭᠤᠷ ᠴᠢᠷᠠᠢ ᠳ᠋ᠤᠨᠢ ᠭᠤᠨᠢᠭ ᠭᠤᠲᠤᠷᠠᠯ ᠤ᠋ᠨ ᠪᠠᠢᠳᠠᠯ ᠲᠠᠢ ᠪᠣᠯᠪᠠᠴᠤ ᠮᠠᠰᠢ ᠡᠷᠡᠴᠢᠯᠡᠵᠦᠬᠦᠢ᠃ ᠬᠥᠮᠦᠰ ᠲᠣᠷ ᠮᠠᠰᠢ ᠲᠠᠭᠠᠯᠠᠮᠵᠢᠲᠠᠢ ᠃ ᠭᠦᠶᠦᠭ ᠬᠠᠨ ᠡᠴᠢᠭᠡ ᠶ᠋ᠢᠨ ᠢᠨᠦ ᠨᠥᠭᠴᠢᠭᠰᠡᠨ ᠢ᠋ ᠠᠰᠠᠭᠤᠵᠤ ᠮᠡᠳᠡᠭᠡᠳ ᠥᠷᠥᠨ᠎ᠡ ᠬᠢᠵᠠᠭᠠᠷ ᠲᠤᠷ ᠠᠪᠠᠴᠠᠰᠤᠭᠠᠢ ᠭᠡᠮᠡᠨ ᠵᠠᠬᠢᠭᠰᠠᠨ ᠳ᠋ᠤᠷ ᠸᠠᠩ ᠢᠦᠢ ᠵᠸᠨ ᠬᠡᠷᠬᠢᠨ ᠦᠭᠡᠢ ᠭᠡᠮᠡᠨ ᠴᠢᠳᠠᠬᠤ ᠪᠣᠢ ᠃ 《ᠵᠧ 》ᠭᠡᠮᠡᠨ ᠬᠦᠯᠢᠶᠡᠨ ᠠᠪᠴᠤ ᠠᠶᠠᠷᠯᠠᠰᠤᠭᠠᠢ ᠬᠡᠮᠡᠬᠦᠢ ᠳ᠋ᠦ᠍ᠷ ᠬᠥᠶᠦᠭ ᠬᠠᠨ ᠭᠡᠨᠡᠳᠲᠡ ᠮᠢᠶᠠᠨ ᠵᠣ᠌ ᠶ᠋ᠢ ᠡᠵᠡᠯᠡᠬᠦᠢ ᠳ᠋ᠦ᠍ᠷ ᠰᠠᠬᠢᠭᠰᠠᠨ ᠵᠠᠩᠵᠤᠨ ᠭᠣᠣ ᠵᠢᠶᠸᠸ ᠦ᠋ᠨ ᠬᠡᠦᠬᠡᠨ ᠭᠣᠣ ᠶ᠋ᠢᠨ ᠶᠠᠩ ᠢ᠋ ᠡᠷᠭᠦᠮᠡᠯ ᠪᠣᠯᠭᠠᠭᠰᠠᠨ ᠢ᠋ᠶ᠋ᠠᠨ ᠰᠠᠨᠠᠭᠠᠯᠵᠠᠵᠤ ᠢᠨᠢᠶᠡᠨ ᠠᠰᠠᠭᠤᠪᠠᠰᠤ ᠸᠠᠩ ᠢᠦᠢ ᠵᠸᠨ ᠲᠡᠷᠡ ᠡᠬᠡ ᠬᠡᠦᠬᠡᠨ ᠬᠣᠶᠠᠭᠤᠯᠠ ᠶ᠋ᠢᠨ ᠰᠥᠩ ᠤᠯᠤᠰ ᠤ᠋ᠨ ᠴᠡᠷᠢᠭ ᠲᠦ᠍ᠷ ᠪᠤᠯᠢᠶᠠᠭᠳᠠᠭᠰᠠᠨ ᠤᠴᠢᠷ ᠢ᠋ ᠡᠬᠢ ᠳᠠᠷᠠᠭᠠᠯᠠᠨ ᠮᠡᠳᠡᠭᠦᠯᠪᠡᠰᠦ ᠬᠥᠶᠦᠭ ᠬᠠᠨ ᠮᠥᠨ ᠰᠡᠭᠦᠷᠡᠰᠦ ᠠᠯᠳᠠᠪᠠ᠃
ᠦᠵᠡᠰᠡ ! ᠸᠠᠩ ᠢᠦᠢ ᠵᠸᠨ ᠭᠣᠣ ᠶ᠋ᠢᠨ ᠶᠠᠩ ᠯᠤᠭ᠎ᠠ ᠲᠠᠨᠢᠯᠴᠠᠭᠰᠠᠨ ᠠ᠋ᠴᠠ ᠡᠳᠦᠭᠡ ᠪᠣᠯᠲᠠᠯ᠎ᠠ ᠰᠡᠳᠬᠢᠯ ᠰᠠᠨᠠᠭᠠᠨ ᠳ᠋ᠠᠭᠠᠨ ᠬᠠᠳᠠᠭᠠᠯᠠᠵᠤ ᠡᠬᠡᠨᠡᠷ ᠭᠡᠷᠭᠡᠢ ᠠᠪᠬᠤ ᠶᠠᠪᠤᠳᠠᠯ ᠢ᠋ ᠴᠥᠮ ᠬᠣᠢᠰᠢᠯᠠᠵᠤ ᠳᠠᠯᠳᠠ ᠪᠠᠷ ᠬᠥᠮᠦᠨ ᠬᠥᠯᠥᠰᠥᠯᠡᠨ ᠱᠤ᠌ ᠭᠠᠵᠠᠷ ᠶᠠᠪᠤᠭᠤᠯᠵᠤ ᠴᠢᠮᠡᠭᠡ ᠮᠡᠳᠡᠭᠡ ᠶ᠋ᠢ ᠠᠪᠤᠭᠤᠯᠵᠤ ᠪᠣᠢ ᠠᠵᠤᠭᠤ᠃ ᠡᠳᠦᠭᠡ ᠭᠡᠨᠡᠳᠲᠡ ᠪᠠᠷᠠᠭᠤᠨ ᠬᠢᠵᠠᠭᠠᠷ ᠲᠤᠷ ᠶᠠᠪᠤᠬᠤ ᠪᠣᠯᠤᠭᠰᠠᠨ ᠲᠤᠯᠠ ᠲᠡᠭᠷᠢ ᠭᠠᠵᠠᠷ ᠪᠠᠰᠠ ᠨᠢᠭᠡᠨ ᠳᠠᠪᠬᠤᠷ ᠬᠣᠯᠠᠳᠠᠮᠤᠢ ᠭᠡᠮᠡᠨ ᠢᠯᠠᠩᠭᠤᠶ᠎ᠠ ᠬᠥᠭᠰᠢᠨ ᠡᠬᠡ ᠪᠡᠨ ᠭᠠᠭᠴᠠᠭᠠᠷ ᠢ ᠣᠷᠬᠢᠵᠤ ᠡᠨᠡ ᠤᠳᠠᠭ᠎ᠠ ᠨᠢᠭᠡᠨᠲᠡ ᠶᠠᠪᠤᠪᠠᠰᠤ ᠪᠤᠴᠠᠵᠤ ᠢᠷᠡᠬᠦ ᠪᠠ ᠡᠰᠡᠬᠦ ᠶ᠋ᠢ ᠮᠡᠳᠡᠬᠦ ᠦᠭᠡᠢ ᠭᠡᠮᠡᠨ ᠪᠢᠲᠡᠭᠦᠷᠡᠮᠦᠢ᠃
ᠭᠦᠶᠦᠭ ᠬᠠᠨ ᠤ᠋ ᠠᠪᠴᠤ ᠶᠠᠪᠤᠬᠤ ᠲᠤᠬᠠᠢ ᠸᠠᠩ ᠢᠦᠢ ᠵᠸᠨ ᠡᠬᠡ ᠳ᠋ᠡᠭᠡᠨ ᠠᠯᠭᠤᠷ ᠮᠡᠳᠡᠭᠦᠯᠦᠭᠰᠡᠨ ᠳ᠋ᠦ᠍ᠷ ᠡᠬᠡ ᠢᠨᠤ ᠬᠡᠷᠬᠢᠨ ᠳᠤᠷ᠎ᠠ ᠲᠠᠢ ᠪᠠᠢᠬᠤ ᠠᠵᠢ᠃ ᠳᠤᠮᠳᠠ ᠨᠠᠰᠤᠨ ᠳ᠋ᠠᠭᠠᠨ ᠡᠷ᠎ᠡ ᠸᠠᠩ ᠱᠢ ᠰᠢᠶᠠᠨ ᠠ᠋ᠴᠠ ᠰᠠᠯᠵᠤ ᠬᠡᠳᠦᠨ ᠬᠥᠪᠡᠭᠦᠨ ᠪᠣᠢ ᠬᠡᠮᠡᠪᠡᠴᠦ ᠴᠥᠮ ᠴᠡᠷᠢᠭ ᠦ᠋ᠨ ᠬᠦᠨᠳᠦ ᠲᠤᠰᠢᠶᠠᠯ ᠢ᠋ᠶ᠋ᠠᠷ ᠬᠣᠯᠠ ᠪᠠᠢᠬᠤ ᠲᠤᠯᠠ ᠣᠳᠬᠣᠨ ᠬᠥᠪᠡᠭᠦᠨ ᠢ᠋ᠶ᠋ᠡᠨ ᠲᠦᠰᠢᠰᠦᠭᠡᠢ ᠬᠡᠮᠡᠭᠰᠡᠨ ᠢᠨᠤ ᠡᠳᠦᠭᠡ ᠮᠥᠨ ᠬᠣᠭᠣᠰᠣᠨ ᠪᠣᠯᠪᠠᠢ᠃ ᠭᠡᠲᠡᠯ᠎ᠡ ᠸᠠᠩ ᠹᠦ ᠷᠸᠨ ᠮᠡᠷᠭᠡᠨ ᠬᠥᠮᠦᠨ ᠲᠤᠯᠠ ᠬᠠᠲᠠᠭᠤᠵᠢᠨ ᠢᠨᠢᠶᠡᠵᠦ ᠡᠵᠡᠨ ᠦ᠌ ᠬᠡᠰᠢᠭ ᠢ᠋ ᠬᠠᠷᠢᠭᠤᠯᠬᠤ ᠵᠦᠢᠯ ᠢ᠋ ᠵᠠᠬᠢᠵᠤ ᠪᠡᠶ᠎ᠡ ᠪᠡᠨ ᠬᠢᠴᠢᠶᠡᠨ ᠠᠬ᠎ᠠ ᠳᠡᠭᠦᠦ ᠲᠡᠢ ᠶᠠᠪᠤ ! ᠭᠡᠮᠡᠨ ᠭᠡᠷ ᠦ᠋ᠨ ᠠᠷᠠᠳ ᠢ᠋ ᠳᠠᠭᠤᠳᠠᠨ ᠸᠠᠩ ᠢᠦᠢ ᠵᠸᠨ ᠤ ᠶᠠᠭᠤᠮ᠎ᠠ ᠬᠡᠦᠮ᠎ᠡ ᠶ᠋ᠢ ᠪᠡᠯᠡᠳᠬᠡᠭᠦᠯᠦᠨ ᠸᠠᠩ ᠢᠦᠢ ᠵᠸᠨ ᠢ ᠰᠡᠳᠬᠢᠯ ᠠᠮᠤᠷ ᠪᠣᠯᠭᠠᠰᠤᠭᠠᠢ ᠭᠡᠮᠡᠨ ᠨᠢᠭᠤᠷ ᠴᠢᠷᠠᠢ ᠳ᠋ᠠᠭᠠᠨ ᠥᠴᠦᠬᠡᠨ ᠴᠦ᠍ ᠵᠣᠪᠠᠬᠤ ᠪᠠᠢᠳᠠᠯ ᠢᠯᠡᠷᠡᠭᠦᠯᠦᠭᠰᠡᠨ ᠦᠭᠡᠢ᠃
ᠸᠠᠩ ᠢᠦᠢ ᠵᠸᠨ ᠡᠬᠡ ᠶ᠋ᠢᠨ ᠰᠤᠷᠭᠠᠯ ᠢ᠋ ᠬᠦᠯᠢᠶᠡᠨ ᠠᠪᠴᠤ ᠭᠠᠳᠠᠭᠠᠳᠤ ᠭᠡᠷ ᠲᠦ᠍ᠷ ᠢᠷᠡᠵᠦ ᠭᠡᠷ ᠦ᠋ᠨ ᠬᠥᠭᠰᠢᠨ ᠬᠥᠮᠦᠰ ᠲᠡᠭᠡᠨ ᠭᠡᠷ ᠦ᠋ᠨ ᠠᠯᠢᠪᠠ ᠶ᠋ᠢ ᠲᠤᠰᠢᠶᠠᠵᠤ ᠡᠬᠡ ᠶ᠋ᠢᠨ ᠰᠡᠳᠬᠢᠯ ᠢ᠋ ᠰᠦᠢᠳᠬᠡᠬᠦᠢ ᠳ᠋ᠦ᠍ᠷ ᠪᠤᠤ ᠬᠦᠷᠦᠭᠦᠯ ᠭᠡᠮᠡᠨ ᠪᠣᠳᠣᠪᠠᠰᠤ ᠳᠠᠩ ᠤᠯᠤᠰ ᠤ᠋ᠨ ᠰᠢᠯᠦᠭ ᠲᠣᠷ ᠲᠡᠮᠳᠡᠭᠯᠡᠭᠰᠡᠨ : 《ᠡᠷᠲᠡᠨ ᠡᠴᠡ ᠲᠡᠢᠨ ᠪᠠᠷᠢᠯᠳᠤᠭᠠᠨ ᠳ᠋ᠤᠷ ᠮᠣᠷᠳᠠᠭᠰᠠᠳ ᠬᠡᠳᠦᠬᠡᠨ ᠪᠤᠴᠠᠪᠠᠢ 》ᠬᠡᠮᠡᠭᠰᠡᠨ ᠮᠡᠲᠦ ᠢᠯᠠᠩᠭᠤᠶ᠎ᠠ ᠪᠠᠷᠠᠭᠤᠨ ᠬᠢᠵᠠᠭᠠᠷ ᠬᠡᠳᠦᠨ ᠲᠦᠮᠡᠨ ᠭᠠᠵᠠᠷ ᠬᠣᠯᠠ ᠲᠤᠯᠠ ᠪᠤᠴᠠᠵᠤ ᠢᠷᠡᠵᠦ ᠴᠢᠳᠠᠬᠤ ᠡᠰᠡᠬᠦ ᠶ᠋ᠢ ᠨᠡᠩ ᠪᠣᠯᠵᠣᠵᠤ ᠪᠣᠯᠬᠤ ᠦᠭᠡᠢ᠃ ᠱᠤ᠌ ᠭᠠᠵᠠᠷ ᠶᠠᠪᠤᠭᠤᠯᠤᠭᠰᠠᠨ ᠬᠥᠮᠦᠨ ᠪᠠᠰᠠ ᠪᠤᠴᠠᠭᠠᠳᠤᠢ᠃ ᠢᠷᠡᠪᠡ ᠬᠡᠮᠡᠪᠡᠴᠦ ᠮᠥᠨ ᠬᠣᠭᠣᠰᠣᠨ ᠪᠣᠯᠪᠠᠢ ᠭᠡᠮᠡᠨ ᠪᠣᠳᠣᠵᠤ ᠭᠣᠣ ᠶ᠋ᠢᠨ ᠶᠠᠩ ᠬᠡᠷᠪᠡ ᠮᠢᠨᠦ ᠨᠢᠭᠡᠨ ᠴᠠᠭ ᠤ᠋ᠨ ᠬᠠᠯᠠᠭᠤᠨ ᠰᠡᠳᠬᠢᠯ ᠢ᠋ᠶ᠋ᠡᠷ ᠪᠠᠲᠤ ᠡᠳ᠋ ᠥᠭᠭᠦᠭᠰᠡᠨ ᠳ᠋ᠦ᠍ᠷ ᠵᠢᠷᠤᠮ ᠢ ᠰᠠᠬᠢᠵᠤ ᠲᠠᠯᠠᠭᠠᠷ ᠤᠯᠠᠭᠠᠨ ᠥᠩᠭᠡᠲᠡᠨ ᠦ᠌ ᠭᠣᠮᠣᠳᠠᠯ ᠢ ᠡᠪᠦᠷᠯᠡᠪᠡᠰᠦ ᠨᠡᠩ ᠨᠢᠭᠦᠯ ᠪᠣᠯᠤᠮᠤᠢ ᠭᠡᠮᠡᠨ ᠨᠢᠯᠪᠤᠰᠤ ᠪᠠᠨ ᠠᠷᠴᠢᠵᠤ ᠨᠢᠭᠡᠨ ᠪᠠᠳᠠᠭ ᠪᠢᠴᠢᠭᠰᠡᠨ ᠢᠨᠤ ᠄
ᠪᠠᠷᠠᠭᠤᠨ ᠬᠢᠵᠠᠭᠠᠷ ᠲᠤᠷ ᠶᠠᠪᠤᠬᠤᠢ ᠳ᠋ᠤᠷ ᠰᠡᠳᠬᠢᠯ ᠢ᠋ ᠲᠡᠮᠳᠡᠭᠯᠡᠭᠰᠡᠨ᠃
ᠡᠮᠦᠨᠡᠲᠦ ᠠᠭᠤᠯᠠ ᠶ᠋ᠢ ᠨᠠᠢᠷ ᠦᠭᠡᠢ ᠭᠡᠮᠡᠨ ᠬᠡᠨ ᠥᠭᠦᠯᠡᠪᠡᠢ᠃
ᠡᠷᠭᠢᠬᠦ ᠡᠪᠦᠯ ᠣᠴᠢᠬᠤ ᠨᠠᠮᠤᠷ ᠥᠩᠭᠡ ᠵᠢᠰᠦ ᠬᠤᠪᠢᠷᠠᠮᠤᠢ᠃
ᠡᠷᠲᠡᠨ ᠡᠳᠦᠭᠡᠬᠢ ᠰᠠᠯᠵᠤ ᠬᠠᠭᠠᠴᠠᠬᠤ ᠰᠢᠯᠦᠭ ᠳᠠᠭᠤᠯᠠᠯ ᠴᠥᠭᠡᠨ ᠪᠤᠰᠤ ᠠᠲᠠᠯ᠎ᠠ
ᠡᠪᠬᠡᠷᠡᠵᠦ ᠤᠶᠠᠷᠠᠬᠤ ᠮᠢᠨᠦ ᠰᠡᠳᠬᠢᠯ ᠢ᠋ ᠢᠯᠡᠳᠬᠡᠬᠦ ᠪᠠᠳᠠᠭ ᠬᠣᠪᠣᠷᠳᠠᠪᠠᠢ
ᠡᠷᠢᠶᠡᠨ ᠨᠢᠳᠦᠨ ᠦ᠌ ᠨᠢᠯᠪᠤᠰᠤ ᠪᠠᠷ ᠰᠢᠩᠭᠡᠯᠡᠭᠰᠡᠨ ᠪᠡᠬᠡ ᠭᠠᠰᠢᠭᠤᠨ ᠪᠣᠯᠤᠭᠠᠳ
ᠡᠮᠭᠡᠨᠢᠯᠲᠦ ᠪᠠᠳᠠᠭ ᠢ ᠪᠢᠴᠢᠬᠦᠢ ᠳ᠋ᠦ᠍ᠷ ᠡᠷ᠎ᠡ ᠶ᠋ᠢᠨ ᠵᠣᠷᠢᠭ ᠮᠤᠬᠤᠷᠳᠠᠪᠠᠢ᠃
ᠥᠭᠦᠯᠡᠬᠦ ᠢᠨᠦ ᠬᠥᠶᠦᠭ ᠬᠠᠨ ᠂ ᠬᠠᠭᠠᠨ ᠤ᠋ ᠡᠯᠴᠢ ᠶ᠋ᠢ ᠳᠠᠭᠠᠵᠤ ᠶᠠᠪᠤᠬᠤ ᠲᠤᠯᠠ ᠤᠳᠠᠭᠠᠰᠢᠷᠠᠵᠤ ᠦᠯᠦ ᠪᠣᠯᠬᠤᠢ ᠳ᠋ᠤᠷ ᠬᠡᠳᠦᠨ ᠰᠢᠳᠠᠷ ᠳᠠᠭᠠᠭᠰᠠᠳ ᠤ᠋ᠨ ᠬᠠᠮᠲᠤ ᠭᠤᠲᠠᠭᠠᠷ ᠡᠳᠦᠷ ᠳᠠᠷᠤᠢ ᠨᠡᠢᠰᠯᠡᠯ ᠬᠠᠷ᠎ᠠ ᠬᠣᠷᠢᠨ ᠠ᠋ᠴᠠ ᠮᠣᠷᠳᠠᠵᠤ ᠭᠠᠷᠪᠠ᠃ ᠴᠡᠷᠢᠭ ᠮᠣᠷᠢ ᠠᠪᠴᠤ ᠶᠠᠪᠤᠬᠤ ᠦᠭᠡᠢ ᠲᠤᠯᠠ ᠮᠠᠰᠢ ᠳᠥᠭᠥᠮ ᠪᠣᠯᠵᠤ ᠥᠷᠲᠡᠭᠡ ᠳᠡᠮᠵᠢᠵᠦ ᠰᠢᠯᠤᠭᠤᠨ ᠨᠢᠰᠦᠮᠦᠢ᠃ ᠳᠤᠯᠠᠭᠠᠨ ᠤ᠋ ᠴᠠᠭ ᠬᠦᠷᠴᠦ ᠣᠴᠢᠰᠤᠭᠠᠢ ᠭᠡᠮᠡᠨ ᠬᠤᠷᠳᠤᠯᠠᠨ ᠶᠠᠪᠤᠭᠰᠠᠭᠠᠷ ᠵᠢᠷᠠᠭᠠᠳ ᠬᠣᠨᠣᠭ ᠤ᠋ᠨ ᠳᠠᠷᠠᠭ᠎ᠠ ᠨᠠᠮᠤᠷ ᠤ᠋ᠨ ᠰᠡᠭᠦᠯᠴᠢ ᠪᠡᠷ ᠳ᠋ᠤᠨ ᠭᠣᠣᠯ ᠳ᠋ᠤᠷ ᠬᠦᠷᠴᠦ ᠢᠷᠡᠪᠡ᠃
ᠬᠠᠭᠠᠨ ᠤ᠋ ᠡᠯᠴᠢ ᠵᠠᠷᠯᠢᠭ ᠢ ᠤᠯᠠᠮᠵᠢᠯᠠᠨ ᠭᠦᠶᠦᠭ ᠬᠠᠨ ᠬᠢᠭᠡᠳ ᠠᠷᠭᠠᠰᠤᠨ ᠢ᠋ ᠲᠤᠰᠢᠶᠠᠵᠤ ᠪᠦᠷᠢ ᠶ᠋ᠢ ᠴᠠᠭᠠᠲᠠᠢ ᠳ᠋ᠤᠷ ᠲᠤᠰᠢᠶᠠᠭᠰᠠᠨ ᠢ᠋ ᠥᠭᠦᠯᠡᠭᠡᠳ ᠪᠠᠲᠤ ᠬᠠᠨ ᠤ᠋ ᠬᠠᠷᠢᠭᠤ ᠶ᠋ᠢ ᠬᠦᠯᠢᠶᠡᠮᠦᠢ᠃ ᠪᠠᠲᠤ ᠬᠠᠨ ᠬᠠᠭᠠᠨ ᠠᠪᠠᠭ᠎ᠠ ᠶ᠋ᠢᠨ ᠢ᠋ᠶ᠋ᠡᠨ ᠵᠠᠷᠯᠢᠭ ᠢ ᠬᠢᠴᠢᠶᠡᠩᠭᠦᠢᠯᠡᠨ ᠰᠣᠨᠣᠰᠤᠭᠠᠳ ᠡᠯᠴᠢ ᠶ᠋ᠢ ᠪᠠᠭᠤᠴᠠ ᠶ᠋ᠢᠨ ᠭᠠᠵᠠᠷ ᠶᠠᠪᠤᠭᠤᠯᠵᠤ ᠰᠠᠢᠲᠤᠷ ᠬᠠᠷᠠᠭᠠᠯᠵᠠᠭᠲᠤᠨ ᠭᠡᠮᠡᠨ ᠲᠤᠰᠢᠶᠠᠪᠠ᠃ ᠬᠠᠭᠠᠨ ᠠᠪᠠᠭ᠎ᠠ ᠶ᠋ᠢᠨ ᠰᠡᠳᠬᠢᠯ ᠬᠦᠨᠳᠦ ᠪᠥᠭᠡᠳ ᠭᠡᠷ ᠵᠠᠭᠤᠷᠠᠬᠢ ᠬᠡᠷᠡᠭ ᠲᠤᠯᠠ ᠠᠯᠪᠠᠨ ᠭᠠᠵᠠᠷ ᠠᠭᠤᠯᠵᠠᠬᠤ ᠶ᠋ᠢ ᠪᠣᠯᠢᠵᠤ ᠠᠬ᠎ᠠ ᠳᠡᠭᠦᠦ ᠶ᠋ᠢᠨ ᠶᠣᠰᠣ ᠪᠠᠷ ᠳᠣᠲᠣᠭᠠᠳᠤ ᠣᠷᠳᠣᠨ ᠳ᠋ᠠᠭᠠᠨ ᠤᠭᠲᠤᠬᠤ ᠬᠤᠷᠢᠮ ᠪᠡᠯᠡᠳᠬᠡᠨ ᠠᠭᠤᠯᠵᠠᠰᠤᠭᠠᠢ ᠭᠡᠮᠡᠨ ᠪᠣᠷᠤᠬᠠᠢᠵᠢᠨ ᠬᠠᠲᠤᠨ ᠳ᠋ᠤᠷ ᠲᠤᠰᠢᠶᠠᠵᠤ ᠨᠢᠭᠡᠲᠡᠭᠡᠭᠦᠷ ᠬᠡᠰᠢᠭᠲᠡᠨ ᠢ᠋ ᠶᠠᠪᠤᠭᠤᠯᠵᠤ ᠭᠦᠶᠦᠭ ᠬᠠᠨ ᠢ᠋ ᠳᠣᠲᠣᠭᠠᠳᠤ ᠣᠷᠣᠨ ᠳ᠋ᠤᠷ ᠵᠠᠯᠠᠭᠤᠯᠪᠠ᠃ ᠠᠷᠭᠠᠰᠤᠨ ᠢ ᠡᠴᠢᠭᠡ ᠳᠡᠭᠡᠳᠦᠰ ᠦ᠋ᠨ ᠢ᠋ᠶ᠋ᠡᠨ ᠰᠢᠳᠤᠷᠭᠤ ᠵᠢᠳᠬᠦᠵᠦ ᠶᠠᠪᠤᠭᠰᠠᠨ ᠢ᠋ ᠰᠤᠷᠬᠤ ᠦᠭᠡᠢ ᠬᠠᠷᠢᠨ ᠬᠣᠩᠰᠢᠶᠠᠷ ᠰᠤᠩᠭᠠᠨ ᠬᠠᠳ ᠨᠣᠶᠠᠳ ᠤ᠋ᠨ ᠬᠣᠭᠣᠷᠣᠨᠳᠣ ᠬᠣᠪᠴᠢᠯᠠᠬᠤ ᠠᠨᠤ ᠲᠡᠷᠡ ᠤᠤ ? ᠡᠷᠬᠡᠪᠴᠢ ᠲᠡᠳᠦᠢ ᠪᠡᠶ᠎ᠡ ᠡᠴᠡ ᠬᠡᠲᠦᠷᠡᠲᠡᠯ᠎ᠡ ᠂ ᠡᠷᠢᠶᠡᠨ ᠨᠢᠳᠦᠨ ᠦ᠌ ᠬᠠᠷᠠᠴᠠ ᠴᠢᠨᠡᠬᠡᠪᠡᠷ ᠠᠭᠠᠰᠢᠯᠠᠮᠤ ᠃ ᠶᠣᠰᠣ ᠴᠠᠭᠠᠵᠠ ᠮᠡᠳᠡᠭᠦᠯᠬᠦ ᠦᠭᠡᠢ ᠪᠣᠯᠬᠤ ᠦᠭᠡᠢ ᠭᠡᠮᠡᠨ : ᠬᠦᠨᠳᠦᠳᠡ ᠲᠠᠪᠢᠨ ᠮᠣᠳᠣ ᠵᠠᠨᠴᠢᠭᠠᠳ ᠰᠥᠪᠡᠭᠡᠲᠡᠢ ᠪᠠᠭᠠᠲᠤᠷ ᠤ᠋ᠨ ᠴᠡᠷᠢᠭ ᠦ᠋ᠨ ᠬᠦᠷᠢᠶᠡᠨ ᠳ᠋ᠦ᠍ᠷ ᠲᠤᠰᠢᠶᠠᠵᠤ ᠭᠠᠪᠢᠶ᠎ᠠ ᠪᠠᠢᠭᠤᠯᠵᠤ ᠶᠠᠯ᠎ᠠ ᠪᠠᠨ ᠲᠠᠢᠯ ᠬᠡᠮᠡᠭᠲᠦᠨ ᠬᠡᠮᠡᠵᠦ ᠵᠠᠬᠢᠭᠠᠳ ᠣᠷᠳᠣᠨ ᠳ᠋ᠠᠭᠠᠨ ᠪᠤᠴᠠᠪᠠ᠃
ᠲᠡᠳᠦᠢ ᠳ᠋ᠦ᠍ᠷ ᠭᠦᠶᠦᠭ ᠬᠠᠨ ᠥᠷᠲᠡᠭᠡᠨ ᠦ᠌ ᠭᠡᠷ ᠲᠦ᠍ᠷ ᠪᠠᠭᠤᠵᠤ ᠪᠣᠳᠣᠪᠠᠰᠤ ᠦᠬᠦᠬᠦ ᠠᠶᠤᠯ ᠦᠭᠡᠢ ᠪᠣᠯᠪᠠᠴᠤ ᠨᠢᠭᠡᠨ ᠴᠠᠭ ᠤ᠋ᠨ ᠠᠷᠢᠬᠢᠨ ᠤ᠋ ᠡᠨᠳᠡᠭᠦᠦ ᠡᠴᠡ ᠲᠦᠮᠡᠨ ᠮᠢᠩᠭᠠᠨ ᠭᠠᠵᠠᠷ ᠬᠣᠯᠠ ᠶᠠᠯ᠎ᠠ ᠬᠦᠯᠢᠶᠡᠷ᠎ᠡ ᠢᠷᠡᠭᠰᠡᠨ ᠶᠠᠪᠤᠳᠠᠯ ᠳ᠋ᠤᠷ ᠲᠤᠢᠯ ᠢ᠋ᠶ᠋ᠠᠷ ᠢᠴᠢᠩᠭᠦᠷᠡᠮᠦᠢ᠃ ᠭᠡᠪᠡᠴᠦ ᠬᠠᠭᠠᠨ ᠤ᠋ ᠵᠠᠷᠯᠢᠭ ᠲᠤᠯᠠ ᠬᠠᠲᠠᠭᠤᠵᠢᠨ ᠲᠡᠰᠪᠦᠷᠢᠯᠡᠵᠦ ᠥᠳᠬᠡ ᠤᠤᠭᠤᠵᠤ ᠨᠢᠭᠤᠷ ᠬᠠᠯᠬᠠᠯᠠᠮᠤᠢ᠃ ᠡᠳᠦᠭᠡ ᠪᠠᠲᠤ ᠬᠠᠨ ᠤ᠋ ᠰᠢᠳᠠᠷ ᠬᠥᠮᠦᠰ ᠢᠷᠡᠵᠦ ᠳᠣᠲᠣᠭᠠᠳᠤ ᠣᠷᠳᠣᠨ ᠳ᠋ᠤᠷ ᠵᠠᠯᠠᠮᠤᠢ ᠬᠡᠮᠡᠬᠦᠢ ᠳ᠋ᠦ᠍ᠷ ᠪᠠᠲᠤ ᠬᠠᠨ ᠨᠠᠢᠷ ᠨᠢᠭᠤᠷ ᠲᠠᠯᠪᠢᠭᠰᠠᠨ ᠢ᠋ ᠬᠥᠶᠦᠭ ᠮᠡᠳᠡᠵᠦ ᠤᠯᠠᠮ ᠡᠪ ᠦᠭᠡᠢ ᠰᠠᠨᠠᠭᠳᠠᠵᠤ ᠠᠮᠠ ᠪᠠᠨ ᠵᠠᠢᠯᠵᠤ ᠨᠢᠭᠤᠷ ᠭᠠᠷ ᠤᠬᠢᠶᠠᠨ ᠰᠤᠯᠠ ᠬᠤᠪᠴᠠᠰᠤ ᠬᠠᠯᠠᠵᠤ ᠸᠠᠩ ᠢᠦᠢ ᠵᠸᠨ ᠵᠡᠷᠭᠡ ᠬᠣᠶᠠᠷ ᠬᠥᠮᠦᠨ ᠳᠠᠭᠠᠭᠤᠯᠵᠤ ᠢᠷᠡᠬᠦᠢ ᠳ᠋ᠦ᠍ᠷ ᠪᠠᠲᠤ ᠬᠠᠨ ᠤ᠋ ᠰᠢᠳᠠᠷ ᠡᠷᠡᠰ ᠪᠠᠭᠤᠴᠠ ᠠ᠋ᠴᠠ ᠠᠷᠭᠠᠰᠤᠨ ᠢ᠋ ᠲᠠᠲᠠᠵᠤ ᠭᠠᠷᠭᠠᠨ ᠬᠦᠷᠢᠶᠡᠨ ᠦ᠌ ᠡᠭᠦᠳᠡᠨ᠎ᠡ ᠲᠠᠰᠢᠭᠤᠷᠳᠠᠮᠤᠢ᠃ ᠠᠷᠭᠠᠰᠤᠨ ᠤ᠋ ᠨᠢᠷᠤᠭᠤ ᠪᠥᠭᠰᠡᠨ ᠡᠷᠡᠴᠦᠳ ᠦ᠋ᠨ ᠲᠠᠰᠢᠭᠤᠷ ᠲᠤᠷ ᠬᠠᠭᠠᠷᠠᠵᠤ ᠴᠢᠰᠤ ᠤᠰᠤ ᠭᠣᠭᠣᠵᠢᠵᠤ ᠲᠡᠰᠪᠦᠷᠢᠯᠡᠨ ᠴᠢᠳᠠᠬᠤ ᠦᠭᠡᠢ ᠡᠷᠢᠶᠡᠨ ᠮᠡᠷᠢᠶᠡᠨ ᠢ᠋ᠶ᠋ᠡᠷ ᠶᠣᠣᠯᠠᠮᠤᠢ᠃ ᠭᠦᠶᠦᠭ ᠬᠠᠨ ᠡᠭᠦᠨ ᠢ᠋ ᠦᠵᠡᠭᠡᠳ ᠭᠱᠠᠨ᠎ᠠ ᠵᠠᠭᠤᠷ᠎ᠠ ᠬᠢᠯᠢᠩ ᠲᠥᠷᠥᠵᠦ ᠠᠷᠭᠠᠰᠤᠨ ᠢ ᠮᠢᠨᠦ ᠵᠠᠮ ᠳᠡᠭᠡᠷ᠎ᠡ ᠲᠠᠰᠢᠭᠤᠷᠳᠠᠬᠤ ᠠᠨᠤ ᠳᠠᠷᠤᠢ ᠨᠠᠮᠠᠶ᠋ᠢ ᠲᠠᠰᠢᠭᠤᠷᠳᠠᠬᠤ ᠮᠡᠲᠦ ᠪᠣᠯᠠᠢ᠃ ᠲᠤᠰᠬᠠᠢ ᠨᠠᠳᠠ ᠦᠵᠡᠭᠦᠯᠦᠮᠦᠢ ᠭᠡᠮᠡᠨ ᠪᠣᠳᠣᠵᠤ ᠵᠠᠷᠯᠢᠭ ᠢ᠋ᠶ᠋ᠠᠷ ᠶᠠᠪᠤᠬᠤ ᠲᠤᠯᠠ ᠠᠷᠭ᠎ᠠ ᠦᠭᠡᠢ ᠬᠢᠯᠢᠩ ᠢ᠋ᠶ᠋ᠡᠨ ᠳᠠᠷᠤᠵᠤ : 《ᠡᠨᠡ ᠮᠠᠭᠤ ᠶ᠋ᠢᠨ ᠣᠷᠢᠯᠠᠬᠤ ᠬᠡᠴᠡᠭᠦᠦ ᠳ᠋ᠦ᠍ᠷ ᠬᠦᠴᠦᠯᠡᠨ ᠵᠠᠨᠴᠢ !》ᠭᠡᠮᠡᠨ ᠵᠠᠩᠳᠤᠷᠤᠭᠠᠳ ᠰᠠᠶᠢ ᠳᠣᠲᠣᠷ᠎ᠠ ᠣᠷᠳᠣᠨ ᠵᠦᠭ ᠮᠣᠷᠢᠯᠠᠪᠠ ᠃
ᠣᠷᠳᠣᠨ ᠳ᠋ᠤᠷ ᠬᠦᠷᠴᠦ ᠢᠷᠠᠪᠠᠰᠤ ᠬᠥᠲᠥᠴᠢ ᠮᠣᠷᠢ ᠶ᠋ᠢ ᠠᠪᠤᠨ ᠭᠡᠷ ᠦ᠋ᠨ ᠲᠦᠰᠢᠮᠡᠳ ᠤᠳᠤᠷᠢᠳᠤᠨ ᠣᠷᠳᠣᠨ ᠤ᠋ ᠡᠭᠦᠳᠡ ᠬᠦᠷᠴᠦ ᠣᠷᠬᠢᠭᠤᠯ ᠰᠡᠬᠦᠵᠦ ᠳᠣᠲᠣᠭᠰᠢ ᠵᠠᠯᠠᠪᠠ᠃ ᠲᠡᠳᠦᠢ ᠳ᠋ᠦ᠍ᠷ ᠪᠠᠲᠤ ᠬᠠᠨ ᠪᠣᠷᠣᠬᠠᠢᠵᠢᠨ ᠬᠠᠲᠤᠨ ᠴᠥᠮ ᠰᠤᠯᠠ ᠬᠤᠪᠴᠠᠰᠤ ᠡᠮᠦᠰᠴᠦ ᠤᠭᠲᠤᠵᠤ ᠠᠭᠤᠯᠵᠠᠭᠠᠳ ᠬᠢᠴᠢᠶᠡᠩᠭᠦᠢᠯᠡᠨ ᠬᠠᠭᠠᠨ ᠠᠪᠠᠭ᠎ᠠ ᠶ᠋ᠢᠨ ᠢ᠋ᠶ᠋ᠡᠨ ᠮᠡᠨᠳᠦ ᠶ᠋ᠢ ᠠᠢᠯᠠᠤᠳᠬᠠᠬᠤᠢ ᠳ᠋ᠤᠷ ᠬᠥᠶᠦᠭ ᠬᠠᠨ ᠬᠠᠪᠢᠷᠭᠠᠯᠠᠨ ᠵᠣᠭᠰᠣᠵᠤ ᠠᠰᠠᠭᠤᠭᠰᠠᠨ ᠪᠦᠬᠦᠨ ᠢ᠋ ᠬᠠᠷᠢᠭᠤᠯᠪᠠ᠃
ᠸᠠᠩ ᠢᠦᠢ ᠵᠸᠨ ᠦᠵᠡᠪᠡᠰᠦ : ᠪᠠᠲᠤ ᠬᠠᠨ ᠤ᠋ ᠪᠣᠰᠤᠭ᠎ᠠ ᠬᠥᠮᠥᠰᠬᠡ ᠵᠠᠭᠠᠳᠠᠰᠤ ᠬᠦᠷᠴᠦ ᠨᠢᠳᠦᠨ ᠦ᠌ ᠲᠤᠩᠭᠠᠯᠠᠭ ᠬᠥᠮᠦᠨ ᠢ᠋ ᠭᠢᠯᠪᠠᠰᠤᠭᠠᠮᠤᠢ᠃ ᠠᠭᠤᠳᠠᠮ ᠶᠡᠬᠡᠮᠰᠦᠭ ᠦ᠋ᠨ ᠳᠣᠲᠣᠷ᠎ᠠ ᠪᠠᠭᠠᠲᠤᠷ ᠪᠣᠳᠣᠯᠭ᠎ᠠ ᠶ᠋ᠢ ᠬᠠᠳᠠᠭᠠᠯᠠᠵᠤᠬᠤᠢ᠃ ᠭᠦᠶᠦᠭ ᠬᠠᠨ ᠶᠠᠯ᠎ᠠ ᠭᠡᠮᠡᠨ ᠬᠦᠨᠳᠦ ᠪᠡᠷ ᠶᠣᠰᠣᠯᠠᠰᠤᠭᠠᠢ ᠬᠡᠮᠡᠬᠦᠢ ᠳ᠋ᠦ᠍ ᠪᠠᠲᠤ ᠬᠠᠨ ᠭᠠᠷ ᠠ᠋ᠴᠠ ᠲᠠᠲᠠᠵᠤ ᠠᠪᠤᠭᠠᠳ ᠬᠣᠢᠰᠢᠳᠠ ᠠᠷᠢᠬᠢ ᠶ᠋ᠢ ᠬᠢᠴᠢᠶᠡᠪᠡᠰᠦ ᠵᠣᠬᠢᠮᠤᠢ᠃ ᠠᠷᠢᠬᠢ ᠶᠡᠬᠡᠳᠪᠡᠰᠦ ᠴᠢᠨᠠᠷ ᠢ᠋ ᠬᠤᠪᠢᠷᠠᠭᠤᠯᠬᠤ ᠳ᠋ᠤᠷ ᠬᠦᠷᠦᠮᠦᠢ᠃ ᠡᠪᠦᠭᠡ ᠳᠡᠭᠡᠳᠦᠰ ᠦ᠋ᠨ ᠵᠢᠳᠬᠦᠵᠦ ᠣᠯᠤᠭᠰᠠᠨ ᠠᠨᠤ ᠬᠢᠯᠪᠠᠷ ᠪᠤᠰᠤ ᠶ᠋ᠢ ᠮᠡᠳᠡᠪᠡᠰᠦ ᠵᠣᠬᠢᠮᠤᠢ ᠭᠡᠮᠡᠨ ᠰᠤᠷᠭᠠᠵᠤ ᠨᠡᠢᠰᠯᠡᠯ ᠬᠠᠷ᠎ᠠ ᠬᠣᠷᠢᠨ ᠤ᠋ ᠶᠠᠪᠤᠳᠠᠯ ᠢ᠋ ᠠᠰᠠᠭᠤᠵᠤ ᠰᠤᠯᠠ ᠦᠭᠡ ᠶᠠᠷᠢᠯᠴᠠᠬᠤᠢ ᠳ᠋ᠤᠷ ᠪᠣᠷᠣᠬᠠᠢᠵᠢᠨ ᠬᠠᠲᠤᠨ ᠣᠷᠣᠵᠤ ᠢᠷᠡᠭᠡᠳ ᠬᠤᠷᠢᠮ ᠳ᠋ᠤᠷ ᠵᠠᠯᠠᠪᠠ᠃ ᠬᠤᠷᠢᠮ ᠤ᠋ᠨ ᠣᠷᠳᠣᠨ ᠳ᠋ᠤᠷ ᠨᠢᠭᠡᠨᠲᠡ ᠰᠢᠷᠡᠭᠡ ᠵᠠᠰᠠᠵᠤ ᠬᠦᠯᠢᠶᠡᠭᠰᠡᠨ ᠲᠤᠯᠠ ᠪᠣᠷᠣᠬᠠᠢᠵᠢᠨ ᠬᠠᠲᠤᠨ ᠨᠢᠭᠡᠨᠲᠡ ᠬᠣᠭᠣᠯᠠᠢ ᠵᠠᠰᠠᠭᠰᠠᠨ ᠳ᠋ᠤᠷ ᠠᠷᠤᠤᠬᠠᠨ ᠴᠡᠪᠡᠷ ᠣᠷᠳᠣᠨ ᠤ᠋ ᠥᠬᠢᠳ ᠠᠯᠲᠠᠨ ᠬᠠᠰ ᠤ᠋ᠨ ᠲᠠᠪᠰᠢ ᠲᠣᠰᠣᠭᠤᠷ ᠲᠤᠷ ᠤᠮᠳᠠ ᠢᠳᠡᠭᠡ ᠵᠢᠭᠰᠠᠭᠠᠨ ᠣᠷᠣᠭᠤᠯᠵᠤ ᠢᠷᠡᠪᠡ᠃ ᠦᠵᠡᠪᠡᠰᠦ ᠴᠥᠮ ᠬᠥᠷᠥᠰᠥᠲᠦ ᠳᠡᠯᠡᠬᠡᠢ ᠶ᠋ᠢᠨ ᠭᠠᠢᠬᠠᠮᠰᠢᠭ ᠳᠥᠷᠪᠡᠨ ᠳᠠᠯᠠᠢ ᠶ᠋ᠢᠨ ᠨᠠᠷᠢᠨ ᠢᠳᠡᠭᠡᠨ ᠪᠣᠯᠠᠢ᠃ ᠦᠨᠡᠬᠡᠷ ᠬᠠᠭᠠᠨ ᠪᠣᠭᠳᠠ ᠶ᠋ᠢᠨ ᠠᠢᠮᠠᠭ ᠲᠥᠷᠥᠯ ᠬᠡᠮᠡᠭᠴᠢ ᠶᠡᠷᠦ ᠪᠤᠰᠤ ᠠᠵᠤᠭᠤ᠃ ᠬᠥᠶᠦᠭ ᠬᠠᠨ ᠶᠠᠯ᠎ᠠ ᠬᠦᠯᠢᠶᠡᠷ᠎ᠡ ᠢᠷᠡᠭᠰᠡᠨ ᠬᠥᠮᠦᠨ ᠲᠤᠯᠠ ᠶᠣᠰᠣ ᠭᠦᠢᠴᠡᠳᠬᠡᠮᠡᠭᠴᠡ ᠳᠠᠷᠤᠢ ᠬᠤᠷᠢᠮ ᠬᠠᠢᠷᠠᠯᠠᠭᠰᠠᠨ ᠳ᠋ᠤᠷ ᠲᠠᠯᠠᠷᠬᠠᠵᠤ ᠰᠠᠯᠬᠤ ᠶᠣᠰᠣ ᠬᠢᠪᠡ᠃ ᠪᠠᠲᠤ ᠬᠠᠨ ᠪᠣᠷᠤᠬᠠᠢᠵᠢᠨ ᠬᠠᠲᠤᠨ ᠴᠥᠮ ᠪᠣᠰᠴᠤ ᠮᠣᠷᠳᠠᠭᠤᠯᠪᠠ᠃
ᠮᠡᠷᠭᠡᠳ ᠦ᠋ᠨ ᠦᠵᠡᠬᠦ ᠪᠡᠷ ᠬᠡᠷᠪᠡ ᠭᠦᠶᠦᠭ ᠬᠠᠨ ᠡᠷᠲᠡ ᠨᠥᠭᠴᠢᠭᠰᠡᠨ ᠦᠭᠡᠢ ᠪᠥᠭᠡᠰᠦ ᠡᠨᠡ ᠥᠴᠦᠬᠡᠨ ᠶᠠᠪᠤᠳᠠᠯ ᠠ᠋ᠴᠠ ᠪᠣᠯᠵᠤ ᠠᠽᠢ ᠂ ᠧᠦ᠋ᠷᠣᠫᠠ ᠬᠣᠶᠠᠷ ᠲᠢᠪ ᠢ ᠨᠢᠭᠡᠳᠬᠡᠭᠰᠡᠨ ᠶᠡᠬᠡ ᠮᠣᠩᠭᠣᠯ ᠬᠠᠭᠠᠴᠠᠯ ᠭᠠᠷᠬᠤ ᠳ᠋ᠤᠷ ᠬᠦᠷᠪᠡᠢ ᠬᠡᠮᠡᠮᠦ᠃ ᠳᠣᠣᠷᠠᠬᠢ ᠬᠥᠮᠦᠰ ᠦ᠋ᠨ ᠬᠢᠭᠰᠡᠨ ᠢ ᠪᠠᠲᠤ ᠬᠠᠨ ᠬᠡᠷᠬᠢᠨ ᠮᠡᠳᠡᠬᠦ ᠠᠵᠢ᠃ ᠡᠳᠡᠭᠡᠷ ᠬᠥᠮᠦᠰ ᠡᠵᠡᠨ ᠢ᠋ᠶ᠋ᠡᠨ ᠥᠮᠥᠭᠯᠡᠨ ᠬᠥᠶᠦᠭ ᠬᠠᠨ ᠢ ᠲᠠᠰᠢᠭᠤᠷᠳᠠᠵᠤ ᠡᠰᠡ ᠴᠢᠳᠠᠪᠠᠴᠤ ᠠᠷᠭᠠᠰᠤᠨ ᠢ ᠲᠡᠭᠦᠨ ᠦ᠌ ᠪᠠᠭᠤᠴᠠ ᠶ᠋ᠢᠨ ᠡᠭᠦᠳᠡᠨ ᠳ᠋ᠦ᠍ᠷ ᠲᠠᠰᠢᠭᠤᠷᠳᠠᠵᠤ ᠢᠴᠡᠭᠡᠰᠦᠭᠡᠢ ᠬᠡᠮᠡᠭᠰᠡᠨ ᠢᠨᠦ ᠦᠨᠡᠨ ᠪᠣᠯᠠᠢ᠃
ᠴᠡᠷᠢᠭ ᠲᠡᠢᠨ ᠦ᠌ ᠶᠠᠪᠤᠳᠠᠯ ᠪᠠᠰᠠ ᠦᠷᠭᠦᠯᠵᠢᠯᠡᠵᠦ ᠪᠣᠢ ᠲᠤᠯᠠ ᠪᠠᠲᠤ ᠬᠠᠨ ᠭᠦᠶᠦᠭ ᠬᠠᠨ ᠢ᠋ ᠮᠥᠨ ᠳᠤᠮᠳᠠ ᠵᠠᠮ ᠤ᠋ᠨ ᠴᠡᠷᠢᠭ ᠢ᠋ ᠵᠠᠬᠢᠷᠴᠤ ᠶᠠᠪᠤᠭᠲᠤᠨ ᠭᠡᠮᠡᠨ ᠲᠡᠭᠦᠨ ᠤ ᠣᠷᠳᠣᠨ ᠢ᠋ ᠳᠤᠮᠳᠠ ᠵᠠᠮ ᠤ᠋ᠨ ᠴᠡᠷᠢᠭ ᠦ᠋ᠨ ᠬᠦᠷᠢᠶᠡᠨ ᠳ᠋ᠦ᠍ᠷ ᠪᠠᠷᠢᠭᠤᠯᠪᠠ᠃ ᠨᠢᠭᠡᠨᠲᠡ ᠨᠠᠮᠤᠷ ᠤ᠋ᠨ ᠡᠬᠢᠨ ᠦ᠌ ᠴᠠᠭ ᠪᠣᠯᠵᠤ ᠠᠳᠤᠭᠤ ᠮᠠᠯ ᠴᠥᠮ ᠲᠠᠷᠭᠤ ᠠᠪᠴᠤ ᠵᠡᠭᠡᠷ᠎ᠡ ᠶ᠋ᠢᠨ ᠬᠠᠪᠢᠷᠭᠠᠨ ᠳ᠋ᠤᠷ ᠥᠭᠡᠬᠦ ᠰᠠᠭᠤᠵᠤ ᠠᠳᠤᠭᠤ ᠲᠠᠷᠭᠤᠨ ᠠᠭᠠᠷ ᠴᠡᠯᠮᠡᠭ ᠴᠠᠭ ᠪᠠᠰᠠ ᠬᠦᠷᠴᠦ ᠢᠷᠡᠪᠡ᠃ ᠴᠡᠷᠢᠭ ᠦ᠋ᠨ ᠠᠷᠠᠳ ᠤᠳᠠᠭᠠᠨ ᠠᠮᠤᠷ ᠰᠠᠭᠤᠭᠰᠠᠨ ᠲᠤᠯᠠ ᠮᠥᠨ ᠬᠥᠳᠡᠯᠬᠦ ᠶ᠋ᠢ ᠰᠠᠨᠠᠮᠤᠢ᠃ ᠲᠡᠳᠦᠢ ᠳ᠋ᠦ᠍ᠷ ᠣᠷᠣᠰ ᠨᠤᠲᠤᠭ ᠲᠤᠷ ᠶᠠᠪᠤᠭᠤᠯᠤᠭᠰᠠᠨ ᠨᠢᠭᠡᠨ ᠲᠤᠷᠰᠢᠭᠤᠯ ᠪᠤᠴᠠᠵᠤ ᠢᠷᠡᠭᠡᠳ ᠣᠷᠣᠰ ᠤ᠋ᠨ ᠸᠠᠩ ᠨᠠᠷ ᠤ᠋ᠨ ᠳᠣᠲᠣᠷ᠎ᠠ ᠵᠠᠭᠤᠷ᠎ᠠ ᠪᠠᠨ ᠶᠡᠬᠡᠳᠡ ᠪᠠᠢᠯᠳᠤᠵᠤ᠂ ᠡᠷᠡᠭᠴᠢᠨ ᠡᠮᠡᠭᠴᠢᠨ ᠢᠯᠭᠠᠮᠤᠢ ᠭᠡᠮᠡᠨ ᠮᠡᠳᠡᠭᠦᠯᠦᠭᠰᠡᠨ ᠳ᠋ᠦ᠍ᠷ ᠪᠠᠲᠤ ᠬᠠᠨ ᠮᠠᠰᠢ ᠭᠠᠢᠬᠠᠵᠤ ᠳᠠᠬᠢᠨ ᠲᠡᠩᠨᠡᠵᠦ ᠮᠡᠳᠡᠭᠦᠯ ᠭᠡᠮᠡᠨ ᠶᠠᠪᠤᠭᠤᠯᠪᠠ᠃ ᠣᠷᠣᠰ ᠸᠠᠩ ᠤ᠋ᠨ ᠬᠣᠭᠣᠷᠣᠨᠳᠣ ᠪᠠᠰᠠ ᠶᠠᠮᠠᠷ ᠤᠴᠢᠷ ᠠ᠋ᠴᠠ ᠲᠡᠢᠨ ᠡᠭᠦᠰᠦᠭᠰᠡᠨ ᠢ᠋ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠠᠪᠠᠭ᠎ᠠ ᠬᠠᠨ ᠤ᠋ ᠰᠡᠳᠬᠢᠯ ᠬᠦᠨᠳᠦ ᠬᠡᠮᠡᠬᠦᠢ ᠳ᠋ᠦ᠍ᠷ ᠠᠬ᠎ᠠ ᠳᠡᠭᠦᠦ ᠶ᠋ᠢᠨ ᠳᠣᠲᠣᠷ᠎ᠠ ᠡᠷᠢᠶᠡᠨ ᠲᠡᠢ
ᠠᠬᠠᠯᠠᠬᠤ ᠨᠣᠶᠠᠯᠠᠬᠤ ᠡᠷᠬᠡ ᠡᠷᠬᠢᠮ ᠲᠤᠯᠠ ᠣᠷᠣᠰ ᠸᠠᠩ ᠤ᠋ᠳ ᠬᠣᠭᠣᠷᠣᠨᠳᠣ ᠪᠠᠨ ᠠᠯᠠᠯᠳᠤᠮᠤᠢ
ᠠᠮᠠᠷᠠᠭ ᠢᠨᠠᠭ ᠡᠷ᠎ᠡ ᠡᠮ᠎ᠡ ᠶ᠋ᠢᠨ ᠣᠭᠣᠰᠣᠷ ᠪᠣᠯᠵᠤ ᠭᠤᠨᠢᠭ ᠭᠣᠮᠤᠳᠠᠯᠲᠤ ᠦᠯᠢᠭᠡᠷ ᠠᠮᠲᠠᠯᠢᠭ ᠤᠯᠠᠮᠵᠢᠯᠠᠭᠳᠠᠷᠤᠨ
ᠠᠶᠠᠯᠠᠬᠤᠢ ᠳ᠋ᠤᠷ ᠵᠣᠪᠠᠨᠢᠬᠤ ᠥᠭᠦᠯᠡᠪᠦᠷᠢ ᠡᠬᠡ ᠳ᠋ᠦ᠍ᠷ ᠬᠡᠮᠡᠬᠦᠶ᠎ᠡ ᠤᠳᠬ᠎ᠠ ᠰᠠᠨᠠᠬ᠎ᠠ ᠬᠡᠦᠬᠡᠨ ᠳ᠋ᠦ᠍ᠷ ᠮᠡᠲᠦ᠃
