ᠷᠠᠪᠵᠠᠢ ᠭᠤᠸᠠᠢ - ᠴ ᠂ ᠣᠢᠳᠣᠪ Равжаа гуай - Ч ᠂ Ойдов ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠠᠪᠵᠠᠢ ᠭᠤᠸᠠᠢ - ᠴ ᠂ ᠣᠢᠳᠣᠪ Равжаа гуай - Ч ᠂ Ойдов

ᠷᠠᠪᠵᠠᠢ ᠭᠤᠸᠠᠢ - ᠴ ᠂ ᠣᠢᠳᠣᠪ Равжаа гуай - Ч ᠂ Ойдов

ᠠᠩᠭᠢᠯᠠᠯ:ᠬᠣᠱᠣᠩ ᠱᠣᠭ
2024-01-16

306

ᠷᠠᠪᠵᠠᠢ ᠭᠤᠸᠠᠢ


                                  ᠣᠢᠳᠤᠪ    
                                       ( ᠱᠣᠭ ᠥᠭᠦᠯᠡᠯᠭᠡ)   

       ᠨᠠᠮᠤᠷ ᠤ᠋ᠨ ᠣᠷᠣᠢ ᠬᠠᠳᠤᠯᠠᠩ ᠤ᠋ᠨ ᠭᠠᠵᠠᠷ ᠣᠯᠠᠨ ᠬᠥᠮᠦᠨ ᠬᠠᠳᠤᠭᠰᠠᠨ ᠡᠪᠡᠰᠦ ᠶ᠋ᠢ ᠬᠠᠮᠤᠵᠤ ᠪᠤᠬᠠᠯᠳᠠᠨ( ᠣᠪᠣᠭᠠᠯᠠᠬᠤ) ᠦᠢᠮᠡᠭᠡᠨ ᠱᠤᠤᠭᠢᠶᠠᠨ ᠦᠷᠭᠦᠯᠵᠢᠯᠡᠵᠦ ᠢᠨᠢᠶᠡᠳᠦᠮ ᠲᠣᠭᠯᠠᠭᠠᠮ ᠡᠨᠳᠡ ᠲᠡᠨᠳᠡ ᠦᠭᠡᠢ ᠳᠡᠯᠭᠡᠷᠡᠨ᠎ᠡ᠃ 
       ᠬᠥᠭᠰᠢᠳ ᠨᠢᠭᠡ ᠳᠣᠣᠷ᠎ᠠ ᠪᠥᠭᠡᠮᠨᠡᠷᠡᠨ ᠰᠠᠭᠤᠭᠠᠳ ᠵᠠᠯᠠᠭᠤᠴᠤᠳ ᠤ᠋ᠨ ᠠᠵᠢᠯ ᠢ᠋ ᠭᠠᠢᠬᠠᠨ ᠴᠢᠳᠠᠯ ᠬᠦᠴᠦ ᠶ᠋ᠢ ᠨᠢ ᠮᠠᠭᠲᠠᠵᠤ ᠪᠠᠢᠨ᠎ᠠ᠃ ᠡᠳᠡᠨ ᠦ᠌ ᠳᠣᠲᠣᠷ᠎ᠠ ᠠ᠋ᠴᠠ ᠷᠠᠪᠵᠠᠢ ᠭᠤᠸᠠᠢ ᠨᠠᠰᠤ ᠪᠠᠷ ᠪᠤᠰᠤᠳ ᠠ᠋ᠴᠠ ᠪᠠᠨ ᠨᠡᠯᠢᠶᠡᠳ ᠠᠬ᠎ᠠ ᠪᠥᠭᠡᠳ ᠬᠥᠮᠦᠨ ᠠᠮᠢᠲᠠᠨ ᠣᠯᠠᠨᠲᠠᠢ ᠭᠠᠵᠠᠷ ᠶᠠᠪᠤᠬᠤ ᠳᠤᠷ᠎ᠠ ᠲᠠᠢ᠂ ᠤᠷᠢᠳᠤ ᠮᠢᠨᠳᠠᠭ ᠲᠠᠢ ᠮᠡᠷᠭᠡᠨ ᠯᠠᠮᠠ ᠪᠠᠢᠭᠰᠠᠨ ᠠᠵᠢᠯ ᠶᠠᠪᠤᠳᠠᠯ ᠳ᠋ᠤ᠌ ᠵᠠᠯᠬᠠᠭᠤ᠂ ᠬᠠᠷᠢᠨ ᠨᠠᠰᠤᠲᠠᠢᠴᠤᠳ ᠢ᠋ ᠤᠷᠤᠭᠤ ᠲᠡᠳᠡᠨ ᠠᠮᠠᠷᠠᠵᠤ ᠰᠠᠭᠤᠬᠤ ᠳ᠋ᠠᠭᠠᠨ ᠲᠡᠷᠢᠭᠦᠨ ᠵᠡᠷᠭᠡ᠂ ᠡᠨᠡ ᠤᠳᠠᠭ᠎ᠠ ᠪᠠᠰᠠ ᠤᠷᠤᠭᠤ ᠲᠡᠳᠡᠨ ᠰᠠᠭᠤᠬᠤ ᠪᠠᠷ ᠪᠠᠢᠨ᠎ᠠ᠃ ᠣᠬᠣᠷᠬᠠᠨ ᠪᠣᠭᠣᠨᠢ ᠤᠬᠠᠭᠠᠨ ᠲᠠᠢ ᠮᠡᠲᠦ ᠠᠭᠠᠳ ᠪᠣᠳᠣᠯ ᠦᠭᠡᠢ ᠳᠡᠮᠡᠢ ᠶᠠᠷᠢᠶ᠎ᠠ ᠶ᠋ᠢ ᠠᠮᠠᠨ ᠤ᠋ ᠵᠣᠷᠢᠭ ᠢ᠋ᠶ᠋ᠠᠷ ᠳᠡᠯᠭᠡᠵᠦ ᠲᠡᠭᠦᠨ ᠳ᠋ᠡᠭᠡᠨ ᠣᠷᠢᠶᠠᠭᠳᠠᠬᠤ ᠨᠢ ᠣᠯᠠᠨ ᠪᠣᠯᠪᠠᠴᠤ ᠬᠠᠰᠢᠷᠠᠳᠠᠭ ᠦᠭᠡᠢ᠃ ᠶᠠᠷᠢᠶ᠎ᠠ ᠪᠠᠨ ᠡᠬᠢᠯᠡᠬᠦ ᠪᠦᠷᠢ ᠪᠤᠷᠬᠠᠨ ᠤ᠋ ᠵᠠᠷᠯᠢᠭ ᠨᠣᠮᠯᠠᠳᠠᠭ ᠠ᠋ᠴᠠ ᠠᠪᠴᠤ ᠶᠠᠷᠢᠳᠠᠭ ᠨᠢ ᠵᠠᠩᠰᠢᠯ ᠪᠥᠭᠡᠳ ᠡᠭᠦᠨ ᠢ᠋ ᠪᠡᠨ ᠭᠣᠣᠯᠳᠠᠭᠤ ᠬᠥᠭᠰᠢᠳ ᠢ᠋ ᠲᠦᠰᠢᠭᠯᠡᠨ ᠴᠠᠯᠴᠢᠳᠠᠭ ᠨᠢ ᠪᠠᠰᠠ ᠨᠢᠭᠡᠨ ᠤᠬᠠᠭᠠᠨ ᠲᠠᠢ ᠴᠤ᠌ ᠪᠠᠢᠵᠤ ᠮᠡᠳᠡᠨ᠎ᠡ᠃ 
       ᠦᠳᠡᠰᠢ ᠣᠷᠣᠢ ᠠᠵᠢᠯ ᠴᠤ᠌ ᠪᠠᠷᠤᠭ ᠳᠠᠭᠤᠰᠪᠠ᠃ ᠵᠠᠯᠠᠭᠤᠴᠤᠳ ᠬᠡᠦᠬᠡᠳ ᠦ᠋ᠳ ᠬᠥᠭᠡᠭᠡᠴᠡᠯᠳᠦᠨ ᠨᠣᠴᠣᠯᠳᠤᠵᠤ ᠡᠷᠬᠡᠯᠡᠨ ᠲᠣᠭᠯᠠᠨ᠎ᠠ᠂ ᠵᠠᠷᠢᠮ ᠨᠢ ᠤᠯᠠᠭᠠᠨ ᠴᠡᠷᠢᠭ ᠪᠣᠯᠵᠤ ᠡᠢᠮᠦ ᠲᠡᠢᠮᠦ ᠪᠣᠭᠣᠮᠲᠠ ᠰᠠᠭᠠᠳ ᠳᠠᠪᠠᠵᠤ ᠪᠠᠢᠨ᠎ᠠ᠂ ᠲᠡᠷᠡ ᠬᠣᠲᠠ ᠶ᠋ᠢ ᠡᠵᠡᠯᠡᠪᠡ ᠭᠡᠬᠦ ᠵᠡᠷᠭᠡ ᠪᠤᠬᠠᠯ ᠡᠪᠡᠰᠦ ᠨᠦ᠍ᠭᠦᠳ ᠢ᠋ ᠳᠠᠮᠵᠢᠨ  ᠬᠠᠷᠠᠢᠨ ᠭᠦᠶᠦᠯᠳᠦᠨ᠎ᠡ᠃ ᠡᠳᠡᠨ ᠢ᠋ ᠬᠠᠷᠠᠵᠤ ᠰᠠᠭᠤᠭᠰᠠᠨ ᠷᠠᠪᠵᠠᠢ ᠭᠤᠸᠠᠢ ᠤᠷᠲᠤ ᠰᠠᠨᠠᠭ᠎ᠠ ᠠᠯᠳᠠᠭᠠᠳ᠄ 
       — ᠣᠳᠣ ᠶ᠋ᠢᠨ ᠬᠡᠦᠬᠡᠳ ᠦ᠋ᠳ ᠳᠠᠩᠴᠤ ᠲᠤᠰᠠ ᠦᠭᠡᠢ᠂ ᠶᠠᠳᠠᠬᠤ ᠳ᠋ᠠᠭᠠᠨ ᠲᠣᠭᠯᠠᠵᠤ ᠴᠢᠳᠠᠬᠤ ᠦᠭᠡᠢ ᠲᠠᠩᠳᠠ ᠨᠢᠭᠦᠯ ᠬᠢᠯᠢᠨᠴᠡ ᠲᠠᠷᠢᠵᠤ ᠪᠠᠢᠬᠤ ᠶᠤᠮ᠃ ᠠᠯᠠᠯᠳᠤᠵᠤ ᠪᠠᠢᠨ᠎ᠠ᠂ ᠳᠠᠢᠳᠤᠵᠤ ᠪᠠᠢᠨ᠎ᠠ ᠭᠡᠵᠦ ᠲᠣᠭᠯᠠᠬᠤ ᠴᠤ᠌ ᠰᠠᠢᠨ ᠶᠠᠭᠤᠮ᠎ᠠ ᠪᠢᠰᠢ ᠠ᠋᠃ ᠭᠡᠲᠡᠯ᠎ᠡ 18—19 ᠨᠠᠰᠤᠨ ᠤ᠋ ᠠᠯᠢᠶ᠎ᠠ ᠬᠥᠭᠵᠢᠯᠲᠡᠢ ᠭᠡᠵᠦ ᠨᠡᠷᠡᠰᠢᠭᠰᠡᠨ ᠵᠠᠯᠠᠭᠤ ᠬᠦᠦ᠄
       — ᠪᠢ ᠴᠡᠷᠢᠭ ᠪᠣᠯᠬᠤ ᠳᠤᠷᠠᠲᠠᠢ ᠲᠤᠯᠠ ᠨᠢᠭᠦᠯ ᠲᠡᠢ ᠬᠥᠮᠦᠨ ᠪᠣᠯᠬᠤ ᠤᠤ ᠭᠡᠪᠡ᠃ ᠷᠠᠪᠵᠠᠢ ᠭᠤᠸᠠᠢ᠄ 
       — ᠨᠢᠭᠦᠯ ᠪᠠᠢᠯᠭᠦᠢ ᠶᠠᠭᠠᠬᠢᠬᠤᠪ᠂ ᠴᠡᠷᠢᠭ ᠭᠡᠳᠡᠭ ᠴᠢᠨᠢ ᠬᠥᠮᠦᠨ ᠠᠯᠠᠳᠠᠭ ᠭᠡᠰᠡᠨ ᠦᠭᠡ᠃ ᠨᠥᠭᠦᠭᠡ ᠵᠠᠯᠠᠭᠤ ᠶᠠᠷᠢᠶ᠎ᠠ ᠶ᠋ᠢ ᠤᠯᠠᠮ ᠥᠳᠥᠭᠡᠬᠦ ᠶ᠋ᠢ ᠬᠢᠴᠢᠶᠡᠵᠦ᠄ 
       — ᠴᠢᠨᠣ᠎ᠠ ᠠᠯᠠᠬᠤ ᠪᠠᠰᠠ ᠨᠢᠭᠦᠯ ᠪᠠᠢᠬ᠎ᠠ ᠳᠠ ᠭᠡᠬᠦ ᠳ᠋ᠦ᠍ ᠪᠤᠷᠬᠠᠨ ᠤ᠋ ᠨᠣᠮ ᠢ᠋ ᠲᠠᠢᠯᠪᠤᠷᠢᠯᠠᠬᠤ ᠳ᠋ᠤ᠌ ᠵᠣᠬᠢᠰᠲᠠᠢ ᠠᠰᠠᠭᠤᠯᠲᠠ ᠲᠤᠯᠠ ᠳᠤᠷᠠᠲᠠᠢ ᠭᠡᠭᠴᠢ ᠪᠡᠷ ᠤᠬᠤᠰᠬᠢᠨ᠄ 
       — ᠠᠢ ᠳᠠ ᠨᠢᠭᠦᠯ ᠪᠠᠢᠯᠭᠦᠢ ᠶᠠᠭᠠᠬᠢᠬᠤᠪ ᠭᠡᠵᠦ ᠨᠢᠭᠡ ᠴᠦ᠍ ᠰᠢᠳᠦ ᠦᠭᠡᠢ᠂ ᠵᠢᠯᠠᠭ᠎ᠠ ᠮᠡᠲᠦ ᠲᠣᠮᠣ ᠠᠮᠠ ᠪᠠᠨ ᠠᠩᠭᠠᠢᠲᠠᠯ᠎ᠠ ᠡᠪᠰᠢᠶᠡᠵᠦ᠂ ᠲᠡᠷᠡ ᠠᠮᠢᠲᠠᠨ ᠢ᠋ ᠴᠢᠨᠢ ᠪᠤᠷᠬᠠᠨ ᠠ᠋ᠴᠠ ᠲᠡᠭᠡᠵᠦ ᠶᠠᠪᠤ ᠭᠡᠵᠦ ᠵᠠᠶᠠᠭᠠᠭᠰᠠᠨ ᠶᠤᠮ ᠰᠢᠦ ᠳᠡ᠂ ᠶᠠᠮᠠᠷᠪᠠ ᠠᠮᠢᠲᠠᠨ ᠣᠯᠳᠠᠭᠰᠠᠨ ᠵᠠᠶᠠᠭ᠎ᠠ ᠪᠠᠨ ᠡᠳ᠋ᠯᠡᠬᠦ ᠶᠣᠰᠣᠲᠠᠢ ᠭᠡᠨ᠎ᠡ᠃  
       ᠵᠠᠯᠠᠭᠤ ᠬᠦᠦ ᠤᠴᠢᠷ ᠦᠭᠡᠢ ᠢᠨᠢᠶᠡᠵᠦ᠄ 
       — ᠲᠡᠭᠡᠪᠡᠯ ᠪᠤᠷᠬᠠᠨ ᠤ᠋ ᠨᠣᠮ ᠳ᠋ᠤ᠌ ᠴᠢᠨᠢ ᠶᠠᠫᠣᠨ᠂ ᠭᠧᠷᠮᠠᠨ ᠰᠢᠭ᠋ ᠡᠵᠡᠷᠬᠡᠭ ᠲᠦᠷᠢᠮᠡᠬᠡᠢ ᠶᠠᠷᠭᠠᠴᠢᠨ ᠤᠯᠤᠰ ᠤ᠋ᠳ ᠢ᠋ ᠪᠠᠰᠠ ᠣᠯᠳᠠᠭᠰᠠᠨ ᠵᠠᠶᠠᠭ᠎ᠠ ᠨᠢ ᠲᠡᠢᠮᠦ ᠶᠦᠮ ᠭᠡᠳ ᠲᠡᠭᠦᠨ ᠦ᠌ ᠡᠮᠦᠨ᠎ᠡ ᠥᠪᠡᠷᠰᠡᠳ ᠦ᠋ᠨ ᠢ᠋ᠶ᠋ᠡᠨ ᠪᠠᠭᠠᠯᠵᠠᠭᠤᠷ ᠢ᠋ ᠲᠠᠯᠪᠢᠵᠤ ᠥᠭᠭᠦᠭᠡᠳ ᠨᠣᠮᠣᠬᠠᠨ ᠰᠢᠳᠤᠷᠭᠤ ᠪᠠᠷ ᠬᠡᠷᠴᠢᠭᠦᠯᠬᠦ ᠬᠡᠷᠡᠭᠲᠡᠢ ᠭᠡᠬᠦ ᠨᠢ ᠰᠢᠪ ᠳᠡ? ᠭᠡᠬᠦ ᠳ᠋ᠦ᠍ ᠷᠠᠪᠵᠠᠢ ᠬᠡᠯᠡᠬᠦ ᠦᠭᠡ ᠪᠡᠨ ᠣᠯᠵᠤ ᠶᠠᠳᠠᠭᠰᠠᠭᠠᠷ᠄ 
       — ᠡᠴᠢᠭᠡ ᠶ᠋ᠢ ᠪᠡᠨ ᠠᠯᠠᠭᠰᠠ ᠲᠠᠷᠢᠬᠢ᠂ ᠲᠤᠤ ᠭᠡᠵᠦ ᠵᠠᠩᠳᠤᠷᠪᠠ᠃ ᠪᠤᠰᠤᠳ ᠨᠢ ᠡᠪᠦᠭᠡᠨ ᠯᠠᠮᠠ ᠶ᠋ᠢᠨ ᠳᠠᠭᠯᠠᠭᠳᠠᠭᠰᠠᠨ ᠢ᠋ ᠱᠣᠣᠯᠠᠵᠤ ᠢᠨᠢᠶᠡᠳᠦ ᠠᠯᠳᠠᠴᠢᠬᠠᠪᠠ᠃
       ᠯᠠᠮᠠ ᠠᠭᠤᠷᠲᠠᠢ ᠪᠠᠷ ᠨᠠᠰᠤᠲᠠᠢᠴᠤᠳ ᠲᠤ ᠬᠠᠨᠳᠤᠵᠤ᠄ 
       — ᠣᠳᠣ ᠶ᠋ᠢᠨ ᠬᠡᠦᠬᠡᠳ ᠦ᠋ᠳ ᠠᠬ᠎ᠠ ᠵᠠᠬ᠎ᠠ ᠬᠥᠮᠦᠨ ᠦ᠌ ᠤᠷᠢᠳᠤ ᠠ᠋ᠴᠠ ᠶᠡᠬᠡ ᠦᠭᠡ ᠬᠡᠯᠡᠳᠡᠭ ᠫᠠᠳᠠᠭᠡᠷ ᠵᠠᠩ ᠲᠠᠢ ᠭᠡᠳᠡᠭ ᠴᠢᠨᠢ ᠭᠡᠳ ᠲᠣᠯᠣᠭᠠᠢ ᠪᠠᠨ ᠰᠡᠭᠰᠦᠷᠴᠦ ᠪᠠᠢᠬᠤ ᠨᠢ ᠬᠠᠭᠤᠴᠢᠨ ᠳᠡᠪᠡᠯ ᠳ᠋ᠦ᠍ ᠦᠯᠡᠳᠡᠭᠰᠡᠨ ᠭᠠᠭᠴᠠ ᠲᠣᠪᠴᠢ ᠰᠢᠭ᠋ ᠰᠡᠨᠵᠢᠭᠡᠨᠡᠨ᠎ᠡ᠃ 
       ᠵᠠᠯᠠᠭᠤ ᠪᠤᠷᠤᠭᠤ ᠪᠠᠨ ᠬᠦᠯᠢᠶᠡᠭᠰᠡᠨ ᠮᠡᠲᠦ ᠪᠣᠯᠵᠤ᠄
       — ᠵᠠ ᠵᠠ ᠷᠠᠪᠵᠠᠢ ᠭᠤᠸᠠᠢ᠂ ᠳᠠᠬᠢᠭᠠᠳ ᠲᠠᠨ ᠢ᠋ ᠠᠭᠤᠷᠯᠠᠭᠤᠯᠬᠤ ᠪᠠᠨ ᠪᠣᠯᠢᠶ᠎ᠠ᠂ ᠬᠠᠷᠢᠨ ᠨᠢᠭᠡ ᠶᠠᠭᠤᠮ᠎ᠠ ᠠᠰᠠᠭᠤᠶ᠎ᠠ᠃ ᠲᠠ ᠬᠡᠯᠡᠵᠦ ᠠᠯᠢ᠂ ᠶᠡᠷᠦ ᠨᠢ ᠶᠠᠮᠠᠷᠪᠠ ᠠᠮᠢᠲᠠᠨ ᠢ᠋ ᠠᠯᠠᠬᠤ ᠪᠣᠯ ᠨᠢᠭᠦᠯ ᠰᠢᠦ ᠳᠡ ᠭᠡᠬᠦ ᠳ᠋ᠦ᠍ ᠬᠠᠰᠢᠷᠠᠳᠠᠭ ᠦᠭᠡᠢ ᠡᠪᠦᠭᠡᠨ ᠪᠠᠰᠠ ᠯᠠ᠄ 
       — ᠨᠢᠭᠦᠯ ᠪᠠᠢᠯᠭᠦᠢ ᠶᠠᠭᠠᠬᠢᠬᠤᠪ ᠳᠠ᠂ ᠠᠯᠠᠬᠤ ᠪᠢᠲᠡᠭᠡᠢ ᠬᠡᠯᠡ᠂ ᠠᠶᠤᠯᠭᠠᠭᠰᠠᠨ ᠴᠤ᠌ ᠨᠢᠭᠦᠯ ᠭᠡᠪᠡ᠃ ᠵᠠᠯᠠᠭᠤ᠄ 
       — ᠬᠡᠷᠪᠡ ᠨᠠᠮ᠎ᠠ ᠶ᠋ᠢ ᠬᠥᠮᠦᠨ ᠠᠯᠠᠬᠤ ᠪᠠᠷ ᠢᠷᠡᠬᠦ ᠳ᠋ᠦ᠍ ᠥᠷᠢᠰᠦᠭᠡᠳ ᠠᠯᠠᠴᠢᠬᠠᠪᠠᠯ ᠲᠡᠷᠡ ᠨᠢᠭᠦᠯ ᠪᠣᠯᠬᠤ ᠤᠤ ᠭᠡᠬᠦ ᠳ᠋ᠦ᠍ ᠷᠠᠪᠵᠠᠢ᠄ 
       — ᠨᠢᠭᠦᠯ ᠪᠣᠯᠤᠨ᠎ᠠ᠂ ᠬᠠᠷᠢᠨ ᠠᠯᠠᠭᠳᠠᠭᠰᠠᠨ ᠬᠥᠮᠦᠨ ᠬᠢᠯᠢᠰ ᠵᠣᠪᠠᠭᠰᠠᠨ ᠤᠴᠢᠷ ᠪᠤᠷᠬᠠᠨ ᠪᠣᠯᠳᠠᠭ ᠶᠤᠮ ᠭᠡᠪᠡ᠃ ᠨᠥᠭᠦᠭᠡ ᠵᠠᠯᠠᠭᠤ ᠶᠠᠭᠤ ᠶᠠᠭᠤ ᠦᠭᠡᠢ ᠬᠢᠲᠤᠭ᠎ᠠ ᠪᠠᠨ ᠰᠤᠭᠤᠯᠤᠨ ᠳᠠᠯᠠᠢᠵᠤ᠄ 
       — ᠲᠡᠭᠡᠪᠡᠯ ᠪᠢ ᠲᠠᠨ ᠢ᠋ ᠠᠯᠠᠶ᠎ᠠ᠃ ᠲᠠ ᠬᠡᠵᠢᠶᠡᠨ ᠡᠴᠡ ᠪᠤᠷᠬᠠᠨ ᠪᠣᠯᠬᠤ ᠳᠤᠷᠠᠲᠠᠢ ᠰᠢᠦ ᠳᠡ ᠭᠡᠳ ᠤᠬᠤᠰᠬᠢᠬᠦ ᠳ᠋ᠦ᠍ ᠷᠠᠪᠵᠠᠢ ᠭᠤᠸᠠᠢ ᠦᠨᠡᠮᠰᠢᠵᠦ ᠠᠶᠤᠭᠠᠳ ᠪᠤᠰᠤᠳ ᠬᠥᠮᠦᠰ ᠦ᠋ᠨ ᠠᠷᠤ ᠪᠠᠷ ᠤᠨᠠᠨ ᠲᠣᠰᠣᠨ ᠵᠢᠭᠤᠲᠠᠪᠠ᠃ ᠪᠤᠰᠤᠳ ᠨᠢ ᠬᠠ ᠬᠠ ᠬᠢ ᠬᠢ ᠭᠡᠵᠦ ᠡᠯᠢᠭᠡ ᠬᠥᠰᠢᠲᠡᠯ᠎ᠡ ᠢᠨᠢᠶᠡᠯᠳᠦᠭᠰᠡᠭᠡᠷ ᠲᠠᠷᠬᠠᠪᠠ᠃ 
       ᠬᠥᠭᠰᠢᠨ ᠵᠠᠯᠠᠭᠤ ᠣᠯᠠᠨ ᠬᠥᠮᠦᠨ ᠦ᠌ ᠢᠨᠢᠶᠡᠳᠦᠮ ᠪᠣᠯᠤᠭᠰᠠᠨ ᠷᠠᠪᠵᠠᠢ ᠠᠢᠬᠤᠪᠲᠤᠷ ᠮᠠᠳ ᠲᠠᠯᠪᠢᠭᠤᠯᠤᠭᠰᠠᠨ ᠳ᠋ᠠᠭᠠᠨ ᠭᠣᠩᠰᠣᠢᠭᠰᠠᠭᠠᠷ ᠠᠷᠠᠢ ᠭᠡᠵᠦ ᠭᠡᠷ ᠲᠡᠭᠡᠨ ᠣᠷᠣᠲᠠᠯ᠎ᠠ ᠬᠠᠷᠢᠨ ᠴᠤ᠌ ᠠᠵᠠ ᠲᠠᠢ ᠶᠠᠪᠤᠳᠠᠯ ᠲᠣᠬᠢᠶᠠᠯᠳᠤᠪᠠ᠃ ᠶᠠᠭᠤ ᠭᠡᠪᠡᠯ ᠬᠡᠳᠦᠨ ᠬᠡᠦᠬᠡᠳ ᠲᠡᠢ ᠪᠡᠨ ᠪᠠᠢᠳᠠᠭ ᠡᠮᠡᠭᠡᠨ ᠦ᠌ ᠨᠢᠭᠡ ᠬᠣᠨᠢ ᠶ᠋ᠢ ᠴᠢᠨᠣ᠎ᠠ ᠵᠠᠭᠤᠵᠠᠢ᠃ ᠡᠮᠡᠭᠡᠨ ᠯᠠᠮᠠ ᠪᠠᠷ ᠰᠠᠩ ᠲᠠᠯᠪᠢᠭᠤᠯᠵᠤ ᠠᠷᠭᠤᠤᠬᠠᠭᠠᠳ ᠥᠨᠥᠬᠢ ᠬᠣᠨᠢ ᠪᠠᠨ ᠭᠠᠷᠭᠠᠯᠭᠠᠪᠠ᠃ ᠷᠠᠪᠵᠠᠢ ᠭᠤᠸᠠᠢ ᠡᠨᠡ ᠵᠤᠨ ᠤ᠋ ᠲᠤᠷᠰᠢ ᠬᠣᠨᠢᠨ ᠤ᠋ ᠱᠥᠯᠥ ᠠᠮᠰᠠᠭ᠎ᠠ ᠦᠭᠡᠢ ᠶᠠᠪᠤᠭᠰᠠᠨ ᠲᠤᠯᠠ ᠮᠢᠬ᠎ᠠ ᠢᠳᠡᠬᠦ ᠶ᠋ᠢ ᠬᠦᠰᠡᠬᠦ ᠨᠢ ᠪᠤᠷᠬᠠᠨ ᠪᠣᠯᠬᠤ ᠶ᠋ᠢ ᠬᠦᠰᠡᠳᠡᠭ ᠡᠴᠡ ᠢᠯᠡᠭᠦᠦ ᠪᠠᠢᠵᠠᠢ᠃ ᠶᠡᠬᠡ ᠲᠤᠰᠠ ᠪᠣᠯᠤᠭᠰᠠᠨ ᠬᠥᠮᠦᠨ ᠬᠣᠢᠨ᠎ᠠ ᠪᠠᠷᠳᠠᠮ ᠰᠠᠭᠤᠵᠤ ᠬᠣᠭᠣᠯᠠ ᠪᠣᠯᠬᠤ ᠶ᠋ᠢ ᠰᠢᠨᠤᠯᠲᠠᠢ ᠪᠠᠷ ᠬᠦᠯᠢᠶᠡᠪᠡ᠃       
       ᠪᠢᠴᠢᠬᠠᠨ ᠥᠬᠢᠨ ᠨᠢ ᠭᠠᠯ ᠲᠦᠯᠡᠵᠦ ᠰᠠᠭᠤᠬᠤ ᠳ᠋ᠠᠭᠠᠨ ᠡᠢᠮᠦ ᠦᠶ᠎ᠡ ᠪᠡᠷ ᠠᠬ᠎ᠠ ᠮᠠᠨᠢ ᠢᠷᠡᠪᠡᠯ ᠮᠢᠬ᠎ᠠ ᠢᠳᠡᠬᠦ ᠰᠢᠦ ᠳᠡ ᠭᠡᠵᠦ ᠪᠣᠳᠣᠭᠰᠠᠨ ᠢ᠋ᠶ᠋ᠠᠨ᠄
       — ᠡᠵᠢ ᠠ᠋ ᠠᠬ᠎ᠠ ᠶᠠᠭᠠᠬᠢᠭᠠᠳ ᠢᠷᠡᠳᠡᠭ ᠦᠭᠡᠢ ᠶᠦᠮ ᠪᠣᠢ? ᠥᠨᠥ ᠣᠷᠣᠢ ᠢᠷᠡᠪᠡᠯ ᠪᠠᠰᠠ ᠰᠠᠢᠨ ᠰᠠᠨᠵᠠᠢ ᠭᠡᠬᠦ ᠳ᠋ᠦ᠍᠂ ᠡᠵᠢ ᠨᠢ ᠬᠡᠵᠢᠶ᠎ᠡ ᠬᠡᠵᠢᠶ᠎ᠡ ᠦᠭᠡᠢ ᠢᠷᠡᠬᠦ ᠪᠣᠯᠤᠭᠰᠠᠨ ᠬᠦᠦ ᠪᠡᠨ ᠰᠠᠨᠠᠵᠤ᠄ 
      — ᠦᠭᠡᠢ ᠴᠢ ᠷᠠᠪᠵᠠᠢ ᠭᠤᠸᠠᠢ ᠪᠠᠷ ᠮᠡᠷᠭᠡᠯᠡᠭᠦᠯ ᠳᠡ ᠬᠡᠵᠢᠶ᠎ᠡ ᠢᠷᠡᠬᠦ ᠨᠢ ᠪᠣᠢ ᠭᠡᠯ᠎ᠡ᠃       
       ᠥᠬᠢᠨ ᠮᠡᠷᠭᠡᠯᠡᠭᠡᠳ ᠥᠭᠭᠦᠭᠡᠴᠢ ᠭᠡᠵᠦ ᠭᠤᠶᠤᠪᠠ᠃ ᠷᠠᠪᠵᠠᠢ ᠬᠣᠭᠣᠯᠠ ᠪᠣᠯᠲᠠᠯ᠎ᠠ ᠳᠡᠮᠡᠢ ᠬᠦᠯᠢᠶᠡᠬᠦ ᠦᠭᠡᠢ ᠬᠢᠬᠦ ᠠᠵᠢᠯ ᠣᠯᠲᠠᠯ᠎ᠠ ᠭᠡᠵᠦ ᠪᠣᠳᠣᠭᠠᠳ ᠶᠡᠬᠡᠮᠰᠦᠭ ᠢ᠋ᠶ᠋ᠡᠷ᠄ 
        ᠵᠠ ᠨᠢᠭᠡ ᠵᠢᠯ ᠬᠡᠯᠡ ᠭᠡᠪᠡ᠃
       ᠥᠬᠢᠨ᠄ 
       — ᠨᠢᠳᠤᠨᠤᠨ ᠵᠢᠯ ᠭᠡᠪᠡ᠃ ᠷᠠᠪᠵᠠᠢ᠄ 
        ᠪᠢᠰᠢ ᠠ᠋ ᠨᠥᠭᠥᠭᠡᠬᠢ ᠵᠢᠯ ᠨᠢ᠃ ᠥᠬᠢᠨ ᠳᠠᠬᠢᠭᠠᠳ᠄ 
       — ᠤᠷᠵᠢᠨᠤᠨ ᠵᠢᠯ᠃ ᠷᠠᠪᠵᠠᠢ᠄ 
        ᠠ ᠬᠠᠷᠠᠯᠠ᠂ ᠴᠢ ᠴᠢᠨᠢ ᠶᠠᠪᠤᠬᠤ ᠳ᠋ᠠᠭᠠᠨ ᠵᠢᠯ ᠮᠡᠳᠡᠳᠡᠭ ᠦᠭᠡᠢ ᠶᠦᠮ ᠤᠤ ᠳᠠ᠂ ᠨᠢᠭᠡ ᠮᠠᠯ ᠤ᠋ᠨ ᠨᠡᠷ᠎ᠡ ᠬᠡᠯᠡ ᠭᠡᠬᠦ ᠳ᠋ᠦ᠍ ᠥᠬᠢᠨ᠄ 
       — ᠲᠡᠮᠡᠭᠡ ᠭᠡᠪᠡ᠃ ᠷᠠᠪᠵᠠᠢ᠄ 
       — ᠶᠠᠭᠠᠬᠢᠭᠰᠠᠨ ᠪᠦᠲᠦᠯ ᠦᠭᠡᠢ ᠬᠡᠦᠬᠡᠳ ᠪᠣᠢ᠂ ᠳᠠᠬᠢᠭᠠᠳ ᠨᠢᠭᠡ ᠠᠮᠢᠲᠠᠨ ᠤ᠋ ᠨᠡᠷ᠎ᠡ ᠬᠡᠯᠡ ᠭᠡᠨ᠎ᠡ᠃  
       ᠥᠬᠢᠨ ᠭᠠᠢᠬᠠᠵᠤ ᠭᠠᠢᠬᠠᠵᠤ ᠡᠳᠦᠷ ᠦ᠋ᠨ ᠢ᠋ᠶ᠋ᠡᠨ ᠦᠵᠡᠭᠰᠡᠨ ᠮᠡᠯᠡᠬᠡᠢ ᠶ᠋ᠢ ᠰᠠᠨᠠᠵᠤ᠄ 
       — ᠮᠡᠯᠡᠬᠡᠢ ᠭᠡᠪᠡ᠃ 
       ᠷᠠᠪᠵᠠᠢ ᠪᠦᠷ ᠶᠠᠳᠠᠭᠠᠳ᠄ 
       — ᠵᠠ ᠵᠠ ᠮᠥᠨ ᠢᠷᠡᠬᠦ ᠦᠭᠡᠢ᠂ ᠶᠡᠬᠡ ᠰᠠᠭᠠᠳ ᠲᠠᠢ ᠪᠠᠢᠨ᠎ᠠ ᠭᠡᠬᠦ ᠳ᠋ᠦ᠍ ᠡᠬᠡ ᠨᠢ ᠵᠣᠪᠠᠵᠤ᠄         
       — ᠥᠬᠢᠨ ᠮᠢᠨᠢ ᠵᠢᠯ ᠦ᠋ᠨ ᠨᠡᠷ᠎ᠡ ᠮᠡᠳᠡᠬᠦ ᠦᠭᠡᠢ ᠶᠦᠮ ᠤᠤ᠂ ᠬᠤᠯᠤᠭᠠᠨ᠎ᠠ᠂ ᠦᠬᠡᠷ᠂ ᠪᠠᠷᠰ ᠭᠡᠵᠦ ᠲᠣᠭᠠᠯᠠᠳᠠᠭ ᠰᠢᠦ ᠳᠡ ᠭᠡᠯ᠎ᠡ᠃ ᠥᠬᠢᠨ ᠮᠥᠳᠳᠥ ᠢᠷᠡᠬᠦ ᠦᠭᠡᠢ ᠭᠡᠰᠡᠨ ᠳ᠋ᠦ᠍ᠨᠢ ᠠᠭᠤᠷᠯᠠᠵᠤ᠄  
       — ᠮᠡᠳᠡᠬᠦ ᠦᠭᠡᠢ᠂ ᠮᠡᠳᠡᠬᠦ ᠦᠭᠡᠢ ᠭᠡᠪᠡ᠃ ᠷᠠᠪᠵᠠᠢ᠄ 
        ᠣᠳᠣ ᠴᠠᠭ ᠤ᠋ᠨ ᠬᠡᠦᠬᠡᠳ ᠡᠢᠮᠦ ᠤᠬᠠᠭᠠᠨ ᠮᠠᠭᠤᠲᠠᠢ᠂ ᠶᠠᠳᠠᠬᠤ ᠳ᠋ᠠᠭᠠᠨ ᠵᠢᠯ ᠴᠦ᠍ ᠮᠡᠳᠡᠬᠦ ᠦᠭᠡᠢ ᠭᠡᠬᠦ ᠪᠡᠷ ᠡᠮᠡᠭᠡᠨ ᠥᠬᠢᠨ ᠢ᠋ᠶ᠋ᠡᠨ ᠥᠮᠥᠭᠡᠷᠡᠬᠦ ᠰᠡᠳᠬᠢᠯ ᠲᠥᠷᠥᠵᠦ᠄  
       — ᠲᠡᠢᠮᠦ ᠠ᠋᠂ ᠬᠠᠷᠢᠨ ᠳᠦᠷᠢᠮ ᠵᠢᠭᠠᠪᠤᠷᠢ᠂ ᠨᠣᠮ ᠪᠢᠴᠢᠭ ᠭᠡᠪᠡᠯ ᠲᠠᠨ ᠠ᠋ᠴᠠ ᠴᠤ᠌ ᠢᠯᠡᠭᠦᠦ ᠮᠡᠳᠡᠨ᠎ᠡ ᠰᠢᠦ᠃ ᠭᠡᠲᠡᠯ᠎ᠡ ᠨᠥᠭᠥᠭᠡᠬᠢ ᠰᠦᠷᠡᠬᠡᠢ ᠮᠠᠳ ᠲᠠᠯᠪᠢᠳᠠᠭ ᠵᠠᠯᠠᠭᠤ ᠣᠷᠣᠵᠤ ᠢᠷᠡᠭᠡᠳ ᠢᠨᠢᠶᠡᠳᠦ ᠠᠯᠳᠠᠵᠤ᠄ 
       — ᠬᠠᠳᠤᠯᠠᠩ ᠳᠡᠭᠡᠷ᠎ᠡ ᠬᠣᠶᠠᠷ ᠮᠠᠳ᠂ ᠬᠠᠷᠢᠭᠠᠳ ᠨᠢᠭᠡ ᠮᠠᠳ᠂ ᠷᠠᠪᠵᠠᠢ ᠭᠤᠸᠠᠢ ᠮᠠᠨᠢ ᠣᠳᠣ ᠪᠣᠯᠤᠯ᠎ᠠ᠂ ᠪᠣᠯᠤᠯ᠎ᠠ᠂ ᠬᠠ ᠬᠠ! ᠬᠢ ᠬᠢ! ᠭᠡᠵᠦ ᠬᠥᠬᠥᠷᠡᠯ᠎ᠡ᠃ 
       ᠷᠠᠪᠵᠠᠢ ᠢᠴᠢᠵᠦ ᠤᠯᠠᠢᠴᠢᠬᠠᠭᠰᠠᠨ ᠨᠢᠭᠤᠷ ᠢ᠋ᠶ᠋ᠠᠨ ᠬᠢᠬᠦ ᠭᠠᠵᠠᠷ ᠣᠯᠵᠤ ᠶᠠᠳᠠᠭᠰᠠᠭᠠᠷ᠂ ᠰᠦ ᠳᠣᠯᠢᠶᠠᠭᠰᠠᠨ ᠭᠥᠯᠥᠭᠡ ᠰᠢᠭ ᠭᠦᠯᠭᠡᠨᠡᠨ ᠬᠣᠭᠣᠯᠠ ᠪᠣᠯᠲᠠᠯ᠎ᠠ ᠶᠠᠭᠤ ᠴᠤ᠌ ᠳᠤᠤᠭᠠᠷᠬᠤ ᠦᠭᠡᠢ ᠭᠡᠵᠦ ᠰᠢᠢᠳᠦᠭᠡᠳ ᠪᠣᠷᠣᠭ᠎ᠠ ᠰᠠᠯᠬᠢᠨ ᠳ᠋ᠤ᠌ ᠴᠣᠬᠢᠭᠤᠯᠤᠭᠰᠠᠨ ᠣᠪᠣᠭ᠎ᠠ ᠠᠷᠭᠠᠯ ᠮᠡᠲᠦ ᠫᠠᠳ ᠬᠠᠷᠠᠯᠠᠨ ᠳᠠᠭᠤ ᠦᠭᠡᠢ ᠰᠠᠭᠤᠪᠠ᠃ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠪᠠᠭᠠᠲᠤᠷ
      ᠬᠢᠨᠠᠭ᠍ᠴᠢ : ᠲᠤᠭ᠍ᠴᠢ ᠰᠠᠷᠠᠨ᠎ᠠ
 
                  2023᠂12᠂24  ᠦ᠌ ᠡᠳᠦᠷ