ᠬᠦᠯᠦᠭ-ᠴᠡᠴᠡᠭᠳᠡᠯᠭᠡᠷЦэцэгдэлгэр - Хүлэг ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠯᠦᠭ-ᠴᠡᠴᠡᠭᠳᠡᠯᠭᠡᠷЦэцэгдэлгэр - Хүлэг

ᠬᠦᠯᠦᠭ-ᠴᠡᠴᠡᠭᠳᠡᠯᠭᠡᠷЦэцэгдэлгэр - Хүлэг

2024-01-15

549

ᠬᠦᠯᠦᠭ


     ᠦᠭᠡ᠄ ᠤᠷᠲᠤᠨᠠᠰᠤᠨ ᠤ᠋ ᠫᠦᠷᠪᠦᠰᠦᠷᠦᠩ 
     ᠠᠶ᠎ᠠ᠄ ᠪᠤᠶᠠᠨᠳᠡᠯᠭᠡᠷ ᠦ᠋ᠨ ᠫᠦᠷᠪᠦᠰᠦᠷᠦᠩ 
     ᠳᠠᠭᠤᠴᠢᠨ᠄ ᠴᠢᠩᠪᠠᠲᠤ ᠶ᠋ᠢᠨ ᠴᠡᠴᠡᠭᠳᠡᠯᠭᠡᠷ 

 ᠬᠤᠷ ᠳᠡᠯ ᠢ᠋ᠶ᠋ᠡᠨ ᠭᠠᠵᠠᠷ ᠠᠰᠬᠠᠨ ᠭᠦᠶᠦᠨ᠎ᠡ 
 ᠬᠤᠷᠮᠤᠰᠲᠠ ᠶ᠋ᠢ ᠡᠷᠴᠢᠯᠡᠨ ᠲᠠᠯ᠎ᠠ ᠡᠪᠬᠡᠨ ᠬᠤᠷᠳᠤᠯᠠᠨ᠎ᠠ 
 ᠵᠢᠯᠣᠭᠣ ᠰᠤᠷ ᠰᠤᠩᠭᠠᠨ ᠭᠠᠵᠠᠷ ᠠᠮᠲᠠᠯᠠᠨ ᠭᠦᠶᠦᠨ᠎ᠡ 
 ᠵᠣᠷᠢᠭ ᠢ᠋ᠶ᠋ᠠᠷ ᠠᠮᠤᠭᠤᠯᠠᠩ ᠬᠤᠯᠠᠨ ᠤ᠋ ᠬᠡᠢᠮᠣᠷᠢ ᠳᠡᠯᠯᠡᠨ ᠬᠤᠷᠳᠤᠯᠠᠨ᠎ᠠ᠃

 ᠰᠠᠢᠬᠠᠨ ᠬᠦᠯᠦᠭ ᠦ᠋ᠨ ᠳᠠᠪᠬᠢᠭᠠᠨ ᠳ᠋ᠤ᠌ ᠰᠠᠯᠬᠢ ᠢᠰᠬᠡᠷᠴᠦ ᠱᠤᠤᠬᠢᠨᠠᠨ᠎ᠠ 
 ᠰᠠᠩᠬᠢᠶᠤ ᠭᠥᠯᠢᠮ ᠦ᠋ᠨ ᠴᠠᠴᠤᠭ ᠲᠤ᠌ ᠬᠤᠭᠤᠷ ᠬᠥᠭᠯᠡᠨ ᠡᠭᠡᠰᠢᠭᠯᠡᠨ᠎ᠡ 
 ᠳᠥᠷᠦᠭᠡᠨ ᠳᠡᠭᠡᠷ᠎ᠡ ᠪᠡᠨ ᠥᠨᠳᠡᠢᠨ ᠴᠤᠯᠪᠤᠭᠤᠷ ᠡᠷᠭᠦᠨ ᠴᠣᠯᠠᠯᠠᠬᠤ ᠳ᠋ᠤ᠌ 
 ᠳᠥᠮᠥᠭ ᠰᠠᠢᠨ ᠡᠷᠡᠰ ᠨᠢ ᠨᠢᠯᠪᠤᠰᠤ ᠣᠭᠰᠢᠭᠤᠨ ᠥᠨᠳᠡᠯᠵᠡᠨ᠎ᠡ᠃

 ᠵᠤᠨ ᠤ᠋ ᠳᠡᠯᠭᠡᠷ ᠨᠣᠭᠣᠭᠠᠨ ᠳᠡᠨᠵᠢ ᠳᠡᠭᠡᠷ᠎ᠡ 
 ᠵᠢᠰᠦ ᠵᠢᠰᠦᠮ ᠦ᠋ᠨ ᠬᠦᠯᠦᠭ ᠦ᠋ᠳ ᠨᠠᠷᠠ ᠠᠮᠲᠠᠯᠠᠨ ᠦᠦᠷᠰᠡᠨ᠎ᠡ 
 ᠵᠢᠷᠤᠬᠠᠢ ᠶ᠋ᠢᠨ ᠭᠠᠷᠤᠭᠠᠨ ᠤ᠋ ᠦᠵᠦᠭᠦᠷ ᠲᠦ᠍ ᠲᠤᠭ ᠡᠷᠭᠦᠨ ᠤᠤᠬᠠᠢᠯᠠᠬᠤ ᠳ᠋ᠤ᠌
 ᠵᠤᠯᠠ ᠳᠤᠰᠤᠭᠠᠵᠤ ᠬᠦᠯᠦᠭ ᠦ᠋ᠳ ᠮᠣᠩᠭᠣᠯ ᠨᠠᠭᠠᠳᠤᠮ ᠢ᠋ ᠡᠬᠢᠯᠡᠭᠦᠯᠦᠨ᠎ᠡ᠃

 ᠰᠠᠢᠬᠠᠨ ᠬᠦᠯᠦᠭ ᠦ᠋ᠨ ᠳᠠᠪᠬᠢᠭᠠᠨ ᠳ᠋ᠤ᠌ ᠰᠠᠯᠬᠢ ᠢᠰᠬᠡᠷᠴᠦ ᠱᠤᠤᠬᠢᠨᠠᠨ᠎ᠠ
 ᠰᠠᠩᠬᠢᠶᠤ ᠭᠥᠯᠢᠮ ᠦ᠋ᠨ ᠴᠠᠴᠤᠭ ᠲᠤ᠌ ᠬᠤᠭᠤᠷ ᠬᠥᠭᠯᠡᠨ ᠡᠭᠡᠰᠢᠭᠯᠡᠨ᠎ᠡ
 ᠳᠥᠷᠦᠭᠡᠨ ᠳᠡᠭᠡᠷ᠎ᠡ ᠪᠡᠨ ᠥᠨᠳᠡᠢᠨ ᠴᠤᠯᠪᠤᠭᠤᠷ ᠡᠷᠭᠦᠨ ᠴᠣᠯᠠᠯᠠᠬᠤ ᠳ᠋ᠤ᠌
 ᠳᠥᠮᠥᠭ ᠰᠠᠢᠨ ᠡᠷᠡᠰ ᠨᠢ ᠨᠢᠯᠪᠤᠰᠤ ᠣᠭᠰᠢᠭᠤᠨ ᠥᠨᠳᠡᠯᠵᠡᠨ᠎ᠡ᠃

 ᠲᠩᠷᠢ ᠶ᠋ᠢᠨ ᠰᠠᠯᠬᠢ ᠶ᠋ᠢ ᠡᠷᠴᠢᠯᠡᠨ ᠡᠷᠴᠢᠯᠡᠨ ᠳᠡᠭᠦᠯᠢᠵᠦ
 ᠡᠷᠡᠮᠡᠬᠡᠢ ᠬᠦᠯᠦᠭ ᠦ᠋ᠳ ᠲᠦᠮᠡᠨ ᠪᠠᠷ᠎ᠠ ᠶ᠋ᠢ ᠲᠤᠭᠤᠯᠤᠨ᠎ᠠ
 ᠡᠷ᠎ᠡ ᠬᠣᠩᠭᠣᠷ ᠭᠢᠩᠭᠤᠤ ᠬᠥᠨᠳᠡᠢ ᠶ᠋ᠢᠨ ᠲᠣᠭᠣᠰᠣ ᠲᠠᠢ ᠵᠠᠮᠬᠠᠷᠠᠬᠤ ᠳ᠋ᠤ᠌
 ᠡᠷᠲᠡᠵᠦ ᠳᠠᠪᠬᠢᠭᠰᠠᠨ ᠰᠤᠮᠤ ᠰᠢᠭ᠋ ᠰᠢᠨᠳᠠᠰᠤ ᠨᠡᠮᠡᠵᠦ ᠬᠤᠷᠳᠤᠯᠠᠨ᠎ᠠ᠃

 ᠰᠠᠢᠬᠠᠨ ᠬᠦᠯᠦᠭ ᠦ᠋ᠨ ᠳᠠᠪᠬᠢᠭᠠᠨ ᠳ᠋ᠤ᠌ ᠰᠠᠯᠬᠢ ᠢᠰᠬᠡᠷᠴᠦ ᠱᠤᠤᠬᠢᠨᠠᠨ᠎ᠠ
 ᠰᠠᠩᠬᠢᠶᠤ ᠭᠥᠯᠢᠮ ᠦ᠋ᠨ ᠴᠠᠴᠤᠭ ᠲᠤ᠌ ᠬᠤᠭᠤᠷ ᠬᠥᠭᠯᠡᠨ ᠡᠭᠡᠰᠢᠭᠯᠡᠨ᠎ᠡ
 ᠳᠥᠷᠦᠭᠡᠨ ᠳᠡᠭᠡᠷ᠎ᠡ ᠪᠡᠨ ᠥᠨᠳᠡᠢᠨ ᠴᠤᠯᠪᠤᠭᠤᠷ ᠡᠷᠭᠦᠨ ᠴᠣᠯᠠᠯᠠᠬᠤ ᠳ᠋ᠤ᠌
 ᠳᠥᠮᠥᠭ ᠰᠠᠢᠨ ᠡᠷᠡᠰ ᠨᠢ ᠨᠢᠯᠪᠤᠰᠤ ᠣᠭᠰᠢᠭᠤᠨ ᠥᠨᠳᠡᠯᠵᠡᠨ᠎ᠡ᠃

 ᠰᠠᠢᠬᠠᠨ ᠬᠦᠯᠦᠭ ᠦ᠋ᠨ ᠳᠠᠪᠬᠢᠭᠠᠨ ᠳ᠋ᠤ᠌ ᠰᠠᠯᠬᠢ ᠢᠰᠬᠡᠷᠴᠦ ᠱᠤᠤᠬᠢᠨᠠᠨ᠎ᠠ
 ᠰᠠᠩᠬᠢᠶᠤ ᠭᠥᠯᠢᠮ ᠦ᠋ᠨ ᠴᠠᠴᠤᠭ ᠲᠤ᠌ ᠬᠤᠭᠤᠷ ᠬᠥᠭᠯᠡᠨ ᠡᠭᠡᠰᠢᠭᠯᠡᠨ᠎ᠡ
 ᠳᠥᠷᠦᠭᠡᠨ ᠳᠡᠭᠡᠷ᠎ᠡ ᠪᠡᠨ ᠥᠨᠳᠡᠢᠨ ᠴᠤᠯᠪᠤᠭᠤᠷ ᠡᠷᠭᠦᠨ ᠴᠣᠯᠠᠯᠠᠬᠤ ᠳ᠋ᠤ᠌
 ᠳᠥᠮᠥᠭ ᠰᠠᠢᠨ ᠡᠷᠡᠰ ᠨᠢ ᠨᠢᠯᠪᠤᠰᠤ ᠣᠭᠰᠢᠭᠤᠨ ᠥᠨᠳᠡᠯᠵᠡᠨ᠎ᠡ᠂ 
ᠨᠢᠯᠪᠤᠰᠤ ᠣᠭᠰᠢᠭᠤᠨ ᠥᠨᠳᠡᠯᠵᠡᠨ᠎ᠡ᠃


                   ᠦᠰᠦᠭ ᠬᠠᠳᠠᠭᠴᠢ᠄ ᠵᠢᠷᠠᠨᠲᠠᠢ
                   ᠦᠰᠦᠭ ᠠᠮᠢᠯᠠᠭᠤᠯᠤᠭᠴᠢ᠄ ᠤᠤᠭᠠᠨᠵᠢᠳ
                   ᠬᠢᠨᠠᠭᠴᠢ᠄ ᠮᠡᠷᠭᠡᠨᠪᠢᠯᠢᠭ᠂ ᠵᠢᠷᠠᠨᠲᠠᠢ