ᠮᠦᠷᠦᠢ ᠲᠠᠢ ᠲᠤᠭᠯᠠᠭ᠍ᠴᠢ - ᠨ ᠂ ᠨᠢᠮᠠᠳᠣᠷᠵᠢ Мөрийтай тоглогч - Н ᠂ Нямдорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠦᠷᠦᠢ ᠲᠠᠢ ᠲᠤᠭᠯᠠᠭ᠍ᠴᠢ - ᠨ ᠂ ᠨᠢᠮᠠᠳᠣᠷᠵᠢ Мөрийтай тоглогч - Н ᠂ Нямдорж

ᠮᠦᠷᠦᠢ ᠲᠠᠢ ᠲᠤᠭᠯᠠᠭ᠍ᠴᠢ - ᠨ ᠂ ᠨᠢᠮᠠᠳᠣᠷᠵᠢ Мөрийтай тоглогч - Н ᠂ Нямдорж

ᠠᠩᠭᠢᠯᠠᠯ:ᠬᠣᠱᠣᠩ ᠱᠣᠭ
2024-01-14

282

ᠮᠦᠷᠦᠢ ᠲᠠᠢ ᠲᠤᠭᠯᠠᠭ᠍ᠴᠢ Мөрийтай тоглогч


               ᠨ᠂ ᠨᠢᠮᠠᠳᠣᠷᠵᠢ  
                      ( ᠱᠣᠭ ᠰᠢᠯᠦᠭ)  

 ᠭᠠᠳᠠᠭ᠎ᠠ ᠬᠠᠷᠠᠩᠭᠤᠢ 
 ᠭᠠᠷᠬᠤ ᠪᠠᠷ ᠴᠤ᠌ ᠪᠢᠰᠢ   
 ᠭᠠᠷᠤᠭᠰᠠᠨ ᠴᠤ᠌ 
 ᠬᠠᠷᠠᠬᠤ ᠪᠠᠷ ᠪᠢᠰᠢ  
 ᠭᠠᠵᠠᠷ ᠳᠣᠣᠷ᠎ᠠ  ᠣᠷᠣᠭᠰᠠᠨ ᠮᠡᠲᠦ ᠬᠠᠷᠠᠩᠭᠤᠢ  
 ᠬᠠᠪᠴᠢᠭᠬᠠᠨ ᠬᠠᠰᠢᠶ᠎ᠠ  
 ᠬᠠᠰᠢᠶᠠᠨ ᠳᠣᠲᠣᠷ᠎ᠠ ᠪᠠᠨ  
 ᠬᠠᠷᠠᠬᠠᠨ ᠭᠡᠷ  
 ᠠᠢᠯ ᠲᠠᠢ ᠠᠢᠯᠰᠠᠬᠤ ᠴᠤ᠌ ᠳᠤᠷ᠎ᠠ ᠦᠭᠡᠢ  
 ᠠᠳᠠᠭᠤ ᠠᠮᠢᠴᠢᠬᠠᠨ ᠲᠡᠷᠡ ᠡᠵᠡᠨ ᠢ᠋ᠶ᠋ᠡᠨ 
 ᠠᠭᠤᠯᠤᠨ ᠪᠣᠢ  
 ᠠᠶᠠᠲᠠᠢᠬᠠᠨ ᠰᠡᠪ 
 ᠬᠠᠷᠠᠭ᠎ᠠ ᠦᠭᠡᠢ 
 ᠬᠠᠷᠠᠩᠭᠤᠢ ᠰᠥᠨᠢ  
 ᠬᠠᠷᠠᠬᠠᠨ ᠭᠡᠷ ᠢ᠋ 
 ᠬᠠᠷᠠᠯ᠎ ᠦᠭᠡᠢ ᠭᠢᠰᠬᠢᠯᠡᠵᠦ  
 ᠬᠠᠬᠠᠯ ᠦᠭᠡᠢ ᠵᠠᠯᠭᠢᠵᠠᠢ  
 ᠭᠠᠭᠴᠠᠬᠠᠨ ᠯᠠ ᠶ᠋ᠢᠨ 
 ᠭᠠᠪᠢᠬᠤ ᠦᠭᠡᠢ ᠪᠦᠳᠡᠭᠡᠬᠡᠨ ᠭᠡᠷᠡᠯ 
 ᠭᠡᠷᠡᠯ ᠴᠤ᠌ ᠪᠢᠰᠢ  
 ᠭᠡᠯ᠎ᠡ ᠴᠤ᠌
 ᠭᠡᠷ ᠳᠦᠭᠦᠷᠡᠩ ᠬᠥᠮᠦᠰ ᠲᠤ 
 ᠭᠡᠷᠡᠯ ᠭᠡᠭᠡ ᠬᠦᠰᠡᠬᠦ 
 ᠲᠡᠢᠮᠦ ᠰᠡᠳᠬᠢᠯ 
 ᠲᠡᠳᠡᠨ ᠳ᠋ᠦ᠍ ᠦᠭᠡᠢ  
 ᠬᠠᠷᠠᠩᠭᠤᠢ ᠴᠤ᠌ ᠭᠡᠯ᠎ᠡ 
 ᠬᠠᠮᠤᠭ ᠢ᠋ ᠲᠡᠳᠡ 
 ᠰᠢᠷ᠎ᠠ ᠰᠢᠪᠠᠭᠤ ᠰᠢᠭ᠋ ᠬᠠᠷᠠᠵᠤ 
 ᠰᠢᠷᠠᠯᠵᠢ ᠶ᠋ᠢᠨ ᠰᠢᠯᠪᠢ ᠰᠢᠭ ᠬᠤᠷᠠᠭᠤᠳ ᠨᠢ 
 ᠱᠠᠯᠳᠠᠩ ᠪᠣᠯᠬᠤ 
 ᠬᠤᠪᠢ ᠵᠠᠶᠠᠭᠠᠨ ᠤ᠋ ᠪᠠᠨ 
 ᠬᠠᠤᠯᠢ ᠮᠡᠲᠦ ᠬᠠᠲᠠᠭᠤ ᠨᠣᠮ ᠢ᠋ 
 ᠵᠣᠷᠢᠭ ᠠᠯᠠᠳᠠᠨ 
 ᠵᠣᠪᠠᠭᠤᠷᠠᠲᠡᠢᠶ᠎ᠡ ᠲᠠᠲᠠᠨ᠎ᠠ᠃ 
 ᠥᠷᠥᠭᠡᠯ ᠪᠤᠰᠤᠳ ᠢ᠋ ᠪᠡᠨ ᠢᠳᠡᠬᠦ ᠭᠡᠵᠦ 
 ᠥᠩᠭᠡᠯᠵᠡᠨ ᠰᠢᠨᠤᠭᠰᠠᠭᠠᠷ ᠪᠠᠢᠭᠠᠳ 
 ᠦᠭᠡᠢᠷᠡᠵᠦ ᠬᠣᠭᠣᠰᠣᠷᠠᠭᠰᠠᠨ ᠨᠢᠭᠡ ᠨᠢ 
 ᠨᠣᠮᠣᠬᠠᠷᠠᠨ ᠳᠠᠭᠤ ᠦᠭᠡᠢ ᠪᠣᠯᠵᠤ 
 ᠨᠣᠢᠷ ᠢ᠋ᠶ᠋ᠠᠨ ᠠᠪᠬᠤ ᠪᠠᠨ ᠡᠷᠬᠢᠮ ᠳ᠋ᠦ᠍ ᠪᠣᠳᠣᠨ 
 ᠬᠠᠮᠤᠭ ᠢ᠋ᠶ᠋ᠠᠨ ᠠᠯᠳᠠᠭᠰᠠᠨ ᠤ᠋ ᠪᠠᠨ 
 ᠬᠠᠷ᠎ᠠ ᠬᠣᠣᠷ ᠢ᠋ ᠢᠰᠭᠢᠨ ᠬᠡᠪᠲᠡᠨ᠎ᠡ᠃ 
 ᠬᠡᠨ ᠬᠡᠨ ᠢ᠋ ᠪᠡᠨ ᠬᠠᠢᠷᠠᠯᠠᠬᠤ ᠰᠡᠳᠬᠢᠯ 
 ᠬᠦᠨᠳᠦᠳᠬᠡᠬᠦ ᠶᠣᠰᠣᠨ 
 ᠬᠡᠨ ᠳ᠋ᠦ᠍ᠨᠢ ᠴᠦ᠍ ᠪᠠᠢᠬᠤ ᠦᠭᠡᠢ 
 ᠪᠠᠢᠯᠭᠠᠬᠤ᠎ ᠶ᠋ᠢᠨ ᠴᠤ᠌  ᠠᠷᠭ᠎ᠠ ᠦᠭᠡᠢ
 ᠬᠠᠮᠤᠭ ᠢ᠋ᠶ᠋ᠠᠨ ᠲᠠᠯᠪᠢᠵᠤ ᠳᠠᠭᠤᠰᠤᠭᠠᠳ 
 ᠬᠠᠭᠠᠯᠵᠤ ᠵᠠᠪᠠᠯ ᠠᠪᠤᠨ᠎ᠠ ᠭᠡᠵᠦ 
 ᠬᠠᠲᠠᠭᠤ ᠰᠡᠳᠬᠢᠯ ᠭᠠᠷᠭᠠᠬᠤ ᠤᠯᠤᠰ ᠃ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠩᠷᠢ ᠡᠵᠢ
      ᠬᠢᠨᠠᠭ᠍ᠴᠢ : ᠲᠤᠭ᠍ᠴᠢ ᠰᠠᠷᠠᠨ᠎ᠠ
 
                  2023᠂12᠂21  ᠦ᠌ ᠡᠳᠦᠷ