ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-1 > Хөх зул – Боржигон Ванжал –" Арван хоёр ᠂ яс махны нэрсийн бүлэг 1-1 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-1 > Хөх зул – Боржигон Ванжал –" Арван хоёр ᠂ яс махны нэрсийн бүлэг 1-1 "

ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-1 > Хөх зул – Боржигон Ванжал –" Арван хоёр ᠂ яс махны нэрсийн бүлэг 1-1 "

ᠠᠩᠭᠢᠯᠠᠯ:ᠵᠠᠩ ᠦᠢᠯᠡ
2024-01-13

251

ᠠᠷᠪᠠᠨ ᠬᠣᠶᠠᠷ ᠂ ᠶᠠᠰᠤ ᠮᠢᠬᠠᠨ ᠤ᠋ ᠨᠡᠷᠡᠰ ᠤᠨ ᠪᠦᠯᠦᠭ 1-1

ᠮᠠᠯ ᠤ᠋ᠨ ᠶᠠᠰᠤᠨ ᠤ᠋ ᠨᠡᠷᠡᠢᠳᠦᠯ Малын ясны нэрэйдэл


      ᠠᠮᠢᠲᠠᠨ ( ᠮᠠᠯ  ) ᠤ᠋ᠨ ᠪᠡᠶ᠎ᠡ ᠶ᠋ᠢ ᠲᠣᠭᠲᠠᠭᠰᠠᠨ ᠬᠡᠯᠪᠡᠷᠢ ᠳᠦᠷᠰᠦ ᠲᠡᠢ ᠪᠣᠯᠭᠠᠵᠤ ᠪᠣᠢ ᠮᠢᠬᠠᠨ ᠳᠣᠲᠣᠷᠠᠬᠢ ᠬᠠᠲᠠᠭᠤ ᠪᠣᠳᠠᠰ ᠃ 
ᠬᠡᠯᠬᠢᠶ᠎ᠡ ᠶᠠᠰᠤ  
       ᠪᠠᠰᠠ ᠠᠷᠤᠭ ᠶᠠᠰᠤ ᠭᠡᠳᠡᠭ ᠃ ᠮᠠᠯ ᠤ᠋ᠨ ᠪᠡᠶ᠎ᠡ ᠶ᠋ᠢᠨ ᠪᠦᠲᠦᠨ ᠬᠣᠯᠪᠣᠭ᠎ᠠ ᠶᠠᠰᠤ᠃ 
ᠲᠣᠯᠣᠭᠠᠢ ᠶᠠᠰᠤ    
       ᠨᠢᠭᠤᠷ ᠪᠠ ᠭᠠᠪᠠᠯᠠ ᠶ᠋ᠢᠨ ᠶᠠᠰᠤ ᠬᠣᠶᠠᠷ ᠠ᠋ᠴᠠ ᠪᠦᠲᠦᠭᠰᠡᠨ ᠬᠥᠮᠦᠨ ᠠᠮᠢᠲᠠᠨ ᠤ᠋ ᠲᠡᠷᠢᠭᠦᠨ ᠦ᠌ ᠶᠠᠰᠤ ᠃ ᠲᠣᠯᠣᠭᠠᠢ ᠨᠢ ᠶᠡᠬᠡ ᠪᠡᠶ᠎ᠡ ᠶ᠋ᠢᠨ ᠶᠠᠰᠤᠨ ᠤ᠋ ᠡᠮᠦᠨ᠎ᠡ ᠨᠢ ᠣᠷᠣᠰᠢᠵᠤ ᠂ ᠭᠣᠣᠯᠳᠠᠭᠤ ᠬᠠᠪᠲᠠᠭᠠᠢ ᠪᠤᠶᠤ ᠡᠮᠬᠢ ᠦᠭᠡᠢ ᠶᠠᠰᠤ ᠪᠠᠷ ᠪᠦᠷᠢᠯᠳᠦᠭᠰᠡᠨ ᠪᠥᠭᠡᠳ ᠣᠯᠠᠩᠬᠢ ᠨᠢ ᠬᠣᠣᠰᠯᠠᠭᠰᠠᠨ ᠶᠠᠰᠤ ᠪᠠᠢᠵᠤ ᠂ ᠵᠡᠭᠦᠨ ᠪᠠᠷᠠᠭᠤᠨ ᠲᠠᠯ᠎ᠠ ᠭᠡᠵᠦ ᠲᠡᠭᠰᠢ ᠭᠡᠮ ᠲᠡᠢ ᠪᠠᠢᠷᠢᠰᠢᠨ᠎ᠠ᠃ ᠲᠣᠯᠣᠭᠠᠢ ᠶ᠋ᠢᠨ ᠶᠠᠰᠤ ᠶ᠋ᠢ ᠨᠢᠭᠤᠷ ᠤ᠋ᠨ ᠶᠠᠰᠤ ᠪᠠ ᠭᠠᠪᠠᠯᠠ ᠶ᠋ᠢᠨ ᠶᠠᠰᠤ ᠭᠡᠵᠦ ᠬᠣᠶᠠᠷ ᠪᠦᠯᠦᠭ ᠲᠦ᠍ ᠬᠤᠪᠢᠶᠠᠨ᠎ᠠ᠃ 
ᠨᠢᠭᠤᠷ ᠶᠠᠰᠤ  
       ᠠᠮᠠᠨ ᠤ᠋ ᠬᠥᠨᠳᠡᠢ ᠪᠣᠯᠤᠨ ᠬᠠᠮᠠᠷ ᠤ᠋ᠨ ᠬᠥᠨᠳᠡᠢ ᠶ᠋ᠢᠨ ᠳᠡᠭᠡᠳᠦ ᠲᠠᠯ᠎ᠠ ᠶ᠋ᠢ ᠪᠦᠷᠢᠯᠳᠦᠭᠦᠯᠬᠦ ᠶᠠᠰᠤ ᠨᠤᠭᠤᠳ ᠢ᠋ ᠨᠢᠭᠤᠷ ᠤ᠋ᠨ ᠶᠠᠰᠤ ᠭᠡᠨ᠎ᠡ ᠃ ᠨᠢᠭᠤᠷ ᠤ᠋ᠨ ᠶᠠᠰᠤ ᠨᠢ ᠭᠠᠪᠠᠯᠠ ᠶ᠋ᠢᠨ ᠶᠠᠰᠤᠨ ᠤ᠋ ᠡᠮᠦᠨ᠎ᠡ ᠳᠣᠣᠷ᠎ᠠ ᠲᠠᠯ᠎ᠠ ᠳ᠋ᠤ᠌ ᠪᠠᠢᠷᠢᠰᠢᠵᠤ ᠪᠠᠢᠭ᠎ᠠ ᠪᠥᠭᠡᠳ ᠬᠣᠣᠰᠯᠠᠭᠰᠠᠨ ᠬᠠᠮᠠᠷ ᠤ᠋ᠨ ᠶᠠᠰᠤ ᠂ ᠳᠡᠭᠡᠳᠦ ᠡᠷᠡᠦ  ᠶᠠᠰᠤ ᠂ ᠡᠷᠡᠦ ᠶ᠋ᠢᠨ ᠡᠮᠦᠨᠡᠬᠢ ᠶᠠᠰᠤ ᠂ ᠨᠢᠯᠪᠤᠰᠤᠨ ᠶᠠᠰᠤ ᠂ ᠲᠠᠩᠨᠠᠢ ᠶ᠋ᠢᠨ ᠶᠠᠰᠤ ᠂ ᠳᠠᠯᠠᠪᠴᠢᠨ ᠶᠠᠰᠤ ᠂ ᠰᠠᠨᠴᠢᠭ ᠤ᠋ᠨ ᠶᠠᠰᠤ ᠪᠣᠯᠤᠨ ᠬᠠᠮᠠᠷ ᠤ᠋ᠨ ᠳᠡᠭᠡᠳᠦ ᠳᠣᠣᠷᠠᠲᠤ ᠨᠠᠮᠠᠯᠳᠠᠭ ᠤ᠋ᠨ ᠶᠠᠰᠤ ᠬᠢᠭᠡᠳ ᠳᠣᠣᠷᠠᠲᠤ ᠡᠷᠡᠦ ᠶᠠᠰᠤ ᠂ ᠠᠨᠵᠢᠰᠤᠨ ᠶᠠᠰᠤ ᠪᠣᠯᠤᠨ ᠬᠡᠯᠡᠨ ᠦ᠌ ᠶᠠᠰᠤ ᠭᠡᠬᠦ ᠮᠡᠲᠦ 12 ᠲᠥᠷᠥᠯ ᠦ᠋ᠨ 21  ᠬᠡᠰᠡᠭ ᠶᠠᠰᠤ ᠪᠠᠷ ᠪᠦᠷᠢᠯᠳᠦᠵᠡᠢ᠃ 
ᠳᠡᠭᠡᠳᠦ ᠡᠷᠡᠦ ᠶ᠋ᠢᠨ ᠶᠠᠰᠤ  
       ᠨᠢᠭᠤᠷ ᠤ᠋ᠨ ᠬᠠᠮᠤᠭ ᠤ᠋ᠨ ᠲᠣᠮᠣ ᠬᠣᠣᠰᠯᠠᠭᠰᠠᠨ ᠶᠠᠰᠤ ᠮᠥᠨ ᠪᠥᠭᠡᠳ ᠨᠢᠭᠤᠷ ᠤ᠋ᠨ ᠬᠣᠶᠠᠷ ᠲᠠᠯ᠎ᠠ ᠪᠠᠷ ᠪᠠᠢᠷᠢᠰᠢᠵᠤ ᠂ ᠬᠠᠮᠠᠷ ᠤ᠋ᠨ ᠪᠦᠬᠦ ᠬᠥᠨᠳᠡᠢ ᠶ᠋ᠢᠨ ᠡᠯ᠎ᠡ ᠬᠠᠨ᠎ᠠ ᠶ᠋ᠢ ᠪᠦᠲᠦᠭᠡᠬᠦ ᠪᠠ ᠠᠮᠠᠨ ᠬᠥᠨᠳᠡᠢ ᠶ᠋ᠢᠨ ᠳᠡᠭᠡᠳᠦ ᠬᠠᠨ᠎ᠠ ᠶ᠋ᠢ ᠪᠦᠲᠦᠭᠡᠵᠦ ᠪᠣᠢ ᠪᠦᠬᠦᠢ ᠨᠢᠭᠤᠷ ᠤ᠋ᠨ ᠬᠡᠰᠡᠭ ᠦ᠋ᠨ ᠶᠠᠰᠤ   ᠲᠠᠢ ᠵᠠᠯᠭᠠᠯᠳᠤᠳᠠᠭ᠃ 
ᠡᠷᠡᠦ ᠶ᠋ᠢᠨ ᠡᠮᠦᠨᠡᠬᠢ ᠶᠠᠰᠤ  
       ᠪᠠᠰᠠ ᠡᠭᠦᠳᠡᠨ ᠰᠢᠲᠦᠨ ᠦ᠌ ᠶᠠᠰᠤ ᠴᠤ᠌ ᠭᠡᠳᠡᠭ (  ᠬᠡᠪᠢᠯᠭᠡ ᠦᠭᠡᠢ ᠮᠠᠯ ᠳ᠋ᠤ᠌  ) ᠃ ᠳᠡᠭᠡᠳᠦ ᠡᠷᠡᠦ ᠶ᠋ᠢᠨ ᠶᠠᠰᠤᠨ ᠤ᠋ ᠡᠮᠦᠨ᠎ᠡ ᠲᠠᠯ᠎ᠠ ᠳ᠋ᠤᠨᠢ ᠣᠷᠣᠰᠢᠵᠤ ᠬᠠᠮᠠᠷ ᠤ᠋ᠨ ᠬᠥᠨᠳᠡᠢ ᠶ᠋ᠢᠨ ᠬᠠᠵᠠᠭᠤ ᠬᠠᠨ᠎ᠠ ᠂ ᠢᠷᠣᠭᠠᠷ ᠬᠠᠨ᠎ᠠ ᠵᠢᠴᠢ ᠠᠮᠠᠨ ᠬᠥᠨᠳᠡᠢ ᠶ᠋ᠢᠨ ᠳᠡᠭᠡᠳᠦ ᠬᠠᠨ᠎ᠠ ᠶ᠋ᠢᠨ ᠡᠮᠦᠨ᠎ᠡ ᠬᠡᠰᠡᠭ ᠢ ᠪᠣᠢ ᠪᠣᠯᠭᠠᠨ᠎ᠠ᠃ 
ᠬᠠᠮᠠᠷ ᠤ᠋ᠨ ᠶᠠᠰᠤ  
       ᠡᠨᠡ ᠶᠠᠰᠤᠨ ᠤ᠋ ᠱᠣᠪᠣᠭᠣᠷ ᠦᠵᠦᠭᠦᠷ ᠦ᠋ᠨ ᠡᠮᠦᠨ᠎ᠡ ᠳᠣᠣᠷ᠎ᠠ ᠲᠠᠯ᠎ᠠ ᠨᠢ ᠭᠤᠷᠪᠠᠯᠵᠢᠨ ᠬᠡᠯᠪᠡᠷᠢᠲᠦ ᠬᠠᠪᠲᠠᠭᠠᠢ ᠶᠠᠰᠤ ᠪᠣᠯᠬᠤ ᠪᠥᠭᠡᠳ ᠬᠠᠮᠠᠷ ᠤ᠋ᠨ ᠬᠥᠨᠳᠡᠢ ᠶ᠋ᠢᠨ ᠳᠡᠭᠡᠳᠦ ᠬᠠᠨ᠎ᠠ ᠶ᠋ᠢᠨ ᠶᠡᠬᠡᠩᠬᠢ ᠬᠡᠰᠡᠭ ᠢ᠋ ᠪᠦᠷᠢᠯᠳᠦᠭᠦᠯᠦᠨ᠎ᠡ᠃ 
ᠨᠢᠯᠪᠤᠰᠤᠨ ᠶᠠᠰᠤ   
       ᠡᠨᠡ ᠶᠠᠰᠤ ᠪᠣᠯ ᠨᠢᠳᠦᠨ ᠤᠬᠤᠷᠬᠠᠢ ᠶ᠋ᠢᠨ ᠡᠮᠦᠨ᠎ᠡ ᠳᠡᠭᠡᠳᠦ ᠬᠡᠰᠡᠭ ᠢ᠋ ᠪᠦᠲᠦᠭᠡᠵᠦ ᠣᠷᠣᠰᠢᠬᠤ ᠶᠠᠰᠤ᠃  
ᠰᠠᠨᠴᠢᠭ ᠤ᠋ᠨ ᠶᠠᠰᠤ  
       ᠨᠢᠳᠦᠨ ᠤᠬᠤᠷᠬᠠᠢ ᠶ᠋ᠢᠨ ᠠᠷᠤ ᠲᠡᠰᠢᠶ᠎ᠡ ᠬᠡᠰᠡᠭ ᠢ᠋ ᠪᠦᠲᠦᠭᠡᠵᠦ ᠪᠠᠢᠷᠢᠰᠢᠬᠤ ᠶᠠᠰᠤ᠃ 
ᠲᠠᠩᠨᠠᠢ ᠶ᠋ᠢᠨ ᠶᠠᠰᠤ   
       ᠳᠡᠭᠡᠳᠦ ᠡᠷᠡᠦ ᠶ᠋ᠢᠨ ᠶᠠᠰᠤᠨ ᠤ᠋ ᠲᠠᠩᠨᠠᠢ ᠶ᠋ᠢᠨ ᠰᠡᠷᠲᠡᠭᠡᠷ ᠦ᠋ᠨ ᠬᠣᠢᠲᠤ ᠲᠠᠯ᠎ᠠ ᠳ᠋ᠤ᠌ ᠣᠷᠣᠰᠢᠬᠤ ᠶᠠᠰᠤ᠃ 
ᠳᠠᠯᠠᠪᠴᠢᠨ ᠶᠠᠰᠤ  
       ᠨᠢᠮᠭᠡᠨ ᠪᠥᠭᠡᠳ ᠢᠪᠴᠤᠤ ᠬᠣᠣᠰᠯᠠᠭᠰᠠᠨ ᠶᠠᠰᠤᠨ ᠬᠠᠪᠲᠠᠰᠤ ᠮᠥᠨ᠃ ᠬᠠᠮᠠᠷ ᠤ᠋ᠨ ᠬᠣᠢᠲᠤ ᠨᠦᠬᠡ ᠶ᠋ᠢᠨ ᠬᠣᠶᠠᠷ ᠬᠠᠵᠠᠭᠤ ᠳ᠋ᠤ᠌ ᠣᠷᠣᠰᠢᠬᠤ ᠶᠠᠰᠤ᠃ 
ᠨᠠᠮᠠᠯᠳᠠᠭ ᠶᠠᠰᠤ  
       ᠡᠨᠡ ᠶᠠᠰᠤ ᠪᠣᠯ ᠣᠯᠠᠨ ᠨᠦᠬᠡᠲᠡᠢ ᠣᠷᠢᠶᠠᠮᠠᠯ ᠬᠡᠯᠪᠡᠷᠢᠲᠦ ᠨᠢᠮᠭᠡᠨ ᠶᠠᠰᠤᠨ ᠬᠠᠪᠲᠠᠰᠤ ᠮᠥᠨ᠃ ᠡᠭᠦᠨ ᠢ᠋ ᠳᠡᠭᠡᠳᠦ ᠳᠣᠣᠷᠠᠲᠤ ᠨᠠᠮᠠᠯᠳᠠᠭ ᠶᠠᠰᠤ ᠭᠡᠵᠦ ᠬᠤᠪᠢᠶᠠᠳᠠᠭ᠃  
ᠠᠨᠵᠢᠰᠤᠨ ᠶᠠᠰᠤ  
       ᠪᠠᠰᠠ ᠨᠠᠷᠮᠠᠢ ᠶᠠᠰᠤ ᠭᠡᠳᠡᠭ᠃ ᠡᠨᠡ ᠨᠢ ᠬᠠᠮᠠᠷ ᠤ᠋ᠨ ᠬᠥᠨᠳᠡᠢ ᠶ᠋ᠢᠨ ᠢᠷᠣᠭᠠᠷ ᠲᠠᠯ᠎ᠠ ᠶ᠋ᠢᠨ ᠲᠥᠪ ᠭᠣᠣᠯ ᠱᠤᠭᠤᠮ ᠳᠡᠭᠡᠷ᠎ᠡ ᠣᠷᠣᠰᠢᠬᠤ ᠨᠢᠮᠭᠡᠨ ᠬᠠᠪᠲᠠᠰᠤ ᠬᠡᠯᠪᠡᠷᠢᠲᠦ ᠳᠠᠩ ᠶᠠᠰᠤ ᠮᠥᠨ᠃ 
ᠬᠠᠴᠠᠷ ᠶᠠᠰᠤ  
       ᠨᠢᠳᠦᠨ ᠦ᠌ ᠳᠣᠣᠷᠠᠬᠠᠨ ᠲᠠᠢ᠂ ᠬᠠᠮᠠᠷ ᠤ᠋ᠨ ᠬᠣᠶᠠᠷ ᠬᠠᠵᠠᠭᠤ ᠳ᠋ᠤ᠌ ᠣᠷᠣᠰᠢᠬᠤ ᠶᠠᠰᠤ᠃ 
ᠨᠢᠭᠤᠷ ᠤ᠋ᠨ ᠨᠢᠷᠤᠭᠤᠪᠴᠢ ᠶᠠᠰᠤ  
       ᠬᠠᠴᠠᠷ ᠤ᠋ᠨ ᠳᠣᠣᠷᠠᠬᠠᠨ ᠂ ᠳᠡᠭᠡᠳᠦ ᠠᠷᠠᠭ᠎ᠠ ᠤᠷᠭᠤᠳᠠᠭ ᠪᠤᠢᠯᠠ ᠶ᠋ᠢᠨ ᠤᠭ ᠤ᠋ᠨ ᠶᠠᠰᠤ᠃ 
ᠳᠣᠣᠷᠠᠲᠤ ᠡᠷᠡᠦ ᠶᠠᠰᠤ  
       ᠡᠨᠡ ᠨᠢ ᠨᠢᠭᠤᠷ ᠶᠠᠰᠤ ᠪᠣᠯᠤᠨ ᠭᠠᠪᠠᠯᠠ ᠶᠠᠰᠤᠨ ᠤ᠋ ᠳᠣᠣᠷ᠎ᠠ ᠲᠠᠯ᠎ᠠ ᠳ᠋ᠤ᠌ ᠪᠠᠢᠷᠢᠰᠢᠭᠰᠠᠨ ᠬᠠᠮᠤᠭ ᠤ᠋ᠨ ᠶᠡᠬᠡ ᠳᠠᠩ ᠶᠠᠰᠤ ᠮᠥᠨ᠃ 
ᠲᠦᠭᠦᠰᠢ ᠶᠠᠰᠤ  
       ᠳᠣᠣᠷᠠᠲᠤ ᠡᠷᠡᠦ ᠶ᠋ᠢᠨ ᠤᠭ ᠪᠣᠯᠬᠤ ᠪᠦᠳᠦᠭᠦᠨ ᠬᠡᠰᠡᠭ ᠦ᠋ᠨ ᠶᠠᠰᠤ᠃ 
ᠬᠡᠯᠡᠨ ᠦ᠌ ᠶᠠᠰᠤ  
       ᠪᠠᠰᠠ ᠲᠥᠪᠥᠩᠬᠡᠢ ᠶ᠋ᠢᠨ ᠶᠠᠰᠤ ᠭᠡᠳᠡᠭ ᠃ ᠬᠡᠯᠡᠨ ᠦ᠌ ᠤᠵᠠᠭᠤᠷ ᠤ᠋ᠨ ᠬᠣᠣᠰ ᠨᠠᠷᠢᠨ ᠤᠷᠲᠤ ᠶᠠᠰᠤ᠃ 
ᠰᠢᠨᠠ   
       ᠬᠥᠮᠦᠨ ᠠᠮᠢᠲᠠᠨ ᠤ᠋ ᠡᠷᠡᠦ ᠶᠠᠰᠤᠨ ᠤ᠋ ᠳᠣᠣᠷ᠎ᠠ ᠢᠷᠮᠡᠭ ᠳᠠᠭᠠᠤ ᠮᠤᠷᠤᠢ ᠭᠠᠵᠠᠷ ᠃ ~ ᠥᠷᠭᠡᠨ ᠭᠡᠬᠦ ᠮᠡᠲᠦ᠃ 
ᠭᠠᠪᠠᠯᠠ ᠶᠠᠰᠤ  
       ᠡᠨᠡ ᠨᠢ ᠬᠣᠣᠰᠯᠠᠭᠰᠠᠨ ᠮᠠᠩᠨᠠᠢ ᠶᠠᠰᠤ ᠂ ᠵᠤᠯᠠᠢ ᠶᠠᠰᠤ ᠂ ᠴᠢᠮᠠᠷᠬᠠᠢ ᠶᠠᠰᠤ ᠪᠣᠯᠤᠨ ᠬᠣᠣᠰᠯᠠᠭᠰᠠᠨ ᠦᠭᠡᠢ ᠳᠠᠭᠵᠠ ᠶᠠᠰᠤ ᠂ ᠵᠤᠯᠠᠢ ᠶ᠋ᠢᠨ ᠵᠠᠪᠰᠠᠷ ᠶᠠᠰᠤ ᠂ ᠡᠷᠪᠡᠬᠡᠢ ᠶᠠᠰᠤ ᠂ ᠰᠠᠮᠠᠯᠳᠠᠭ ᠵᠡᠷᠭᠡ 7 ᠵᠦᠢᠯ ᠦ᠋ᠨ 19 ᠬᠡᠰᠡᠭ ᠶᠠᠰᠤ ᠠ᠋ᠴᠠ ᠪᠦᠷᠢᠯᠳᠦᠨ᠎ᠡ᠃ 
ᠮᠠᠩᠨᠠᠢ ᠶᠠᠰᠤ  
       ᠪᠠᠰᠠ ᠳᠤᠬᠤ ᠶᠠᠰᠤ ᠭᠡᠳᠡᠭ ᠃ ᠡᠨᠡ ᠪᠣᠯ ᠬᠣᠣᠰᠯᠠᠭᠰᠠᠨ ᠶᠠᠰᠤ ᠪᠣᠯᠠᠢ ᠃ ᠡᠮᠦᠨ᠎ᠡ ᠲᠠᠯ᠎ᠠ ᠨᠢ ᠬᠠᠮᠠᠷ ᠤ᠋ᠨ ᠶᠠᠰᠤ ᠲᠠᠢ ᠬᠣᠢᠲᠤ ᠲᠠᠯ᠎ᠠ ᠨᠢ ᠵᠤᠯᠠᠢ ᠶ᠋ᠢᠨ ᠶᠠᠰᠤ ᠲᠠᠢ ᠬᠣᠯᠪᠣᠯᠳᠤᠨ ᠣᠷᠣᠰᠢᠬᠤ ᠪᠥᠭᠡᠳ ᠭᠠᠪᠠᠯᠠ ᠶ᠋ᠢᠨ ᠬᠥᠨᠳᠡᠢ ᠶ᠋ᠢᠨ ᠣᠷᠣᠢ ᠬᠠᠨ᠎ᠠ ᠪᠣᠯᠤᠨ ᠬᠠᠮᠠᠷ ᠤ᠋ᠨ ᠬᠥᠨᠳᠡᠢ ᠶ᠋ᠢᠨ ᠬᠣᠢᠲᠤ ᠳᠡᠭᠡᠷ᠎ᠡ ᠬᠠᠨ᠎ᠠ ᠶ᠋ᠢ ᠪᠦᠷᠢᠯᠳᠦᠭᠦᠯᠦᠨ᠎ᠡ ᠃ ᠮᠠᠩᠨᠠᠢ ᠶᠠᠰᠤ ᠶ᠋ᠢᠨ ᠭᠠᠳᠠᠷ ᠲᠠᠯ᠎ᠠ ᠨᠢ ᠲᠡᠭᠰᠢᠬᠡᠨ ᠬᠠᠪᠲᠠᠭᠠᠢᠳᠠᠭᠤ᠃ 
ᠵᠤᠯᠠᠢ ᠶᠠᠰᠤ  
       ᠬᠣᠣᠰᠯᠠᠭᠰᠠᠨ ᠶᠠᠰᠤ ᠮᠥᠨ᠃ ᠮᠠᠩᠨᠠᠢ ᠶᠠᠰᠤ ᠂ ᠵᠤᠯᠠᠢ ᠶ᠋ᠢᠨ ᠶᠠᠰᠤ ᠪᠣᠯᠤᠨ ᠳᠠᠭᠵᠠ ᠂ ᠴᠢᠮᠠᠷᠬᠠᠢ ᠶ᠋ᠢᠨ ᠶᠠᠰᠤᠨ ᠤ᠋ ᠬᠣᠭᠣᠷᠣᠨᠳᠣ ᠣᠷᠣᠰᠢᠨ᠎ᠠ᠃  ᠭᠠᠪᠠᠯᠠ ᠶ᠋ᠢᠨ ᠬᠥᠨᠳᠡᠢ ᠶ᠋ᠢᠨ ᠣᠷᠣᠢ ᠬᠠᠨ᠎ᠠ ᠪᠤᠶᠤ ᠬᠣᠢᠲᠤ ᠬᠠᠨ᠎ᠠ ᠶ᠋ᠢ ᠪᠦᠲᠦᠭᠡᠨ᠎ᠡ ᠃ ᠭᠠᠳᠠᠷ ᠨᠢ ᠭᠦᠳᠦᠭᠦᠷ ᠪᠦᠩᠬᠦᠷ ᠬᠡᠯᠪᠡᠷᠢᠲᠡᠢ᠃ 
ᠵᠤᠯᠠᠢ ᠶ᠋ᠢᠨ ᠵᠠᠪᠰᠠᠷ ᠶᠠᠰᠤ  
       ᠡᠨᠡ ᠨᠢ ᠪᠠᠭ᠎ᠠ ᠪᠥᠭᠡᠳ ᠵᠤᠯᠠᠢ ᠶ᠋ᠢᠨ ᠶᠠᠰᠤ ᠪᠣᠯᠤᠨ ᠳᠠᠭᠵᠠᠨ ᠶᠠᠰᠤᠨ ᠤ᠋ ᠬᠣᠭᠣᠷᠣᠨᠳᠣ ᠣᠷᠣᠰᠢᠨ᠎ᠠ᠃ 
ᠳᠠᠭᠵᠠ ᠶᠠᠰᠤ 
       ᠳᠠᠩ ᠶᠠᠰᠤ ᠪᠣᠯᠬᠤ ᠪᠥᠭᠡᠳ ᠭᠠᠪᠠᠯᠠ ᠶ᠋ᠢᠨ ᠬᠥᠨᠳᠡᠢ ᠶ᠋ᠢᠨ ᠬᠣᠢᠲᠤ  ᠬᠠᠨ᠎ᠠ ᠪᠣᠯᠤᠨ ᠢᠷᠣᠭᠠᠷ ᠬᠠᠨ᠎ᠠ ᠶ᠋ᠢᠨ ᠨᠢᠭᠡ ᠬᠡᠰᠡᠭ ᠪᠦᠷᠢᠯᠳᠦᠭᠦᠯᠵᠦ ᠵᠤᠯᠠᠢ ᠶᠠᠰᠤ ᠂ ᠵᠤᠯᠠᠢ ᠶ᠋ᠢᠨ ᠵᠠᠪᠰᠠᠷ ᠶᠠᠰᠤ ᠂ ᠴᠢᠮᠠᠷᠬᠠᠢ ᠶᠠᠰᠤ ᠵᠢᠴᠢ ᠡᠷᠪᠡᠬᠡᠢ ᠶᠠᠰᠤ ᠲᠠᠢ ᠵᠠᠯᠭᠠᠯᠳᠤᠵᠤ ᠪᠣᠢ᠃ 
ᠡᠷᠪᠡᠬᠡᠢ ᠶᠠᠰᠤ  
      ᠡᠨᠡ ᠨᠢ ᠳᠠᠩ ᠶᠠᠰᠤ ᠮᠥᠨ ᠃ ᠳᠠᠭᠵᠠᠨ ᠶᠠᠰᠤᠨ ᠤ᠋ ᠰᠠᠭᠤᠷᠢ ᠬᠡᠰᠡᠭ ᠦ᠋ᠨ ᠡᠮᠦᠨ᠎ᠡ ᠬᠡᠰᠢᠭ ᠦ᠋ᠨ ᠡᠮᠦᠨ᠎ᠡ ᠲᠠᠯ᠎ᠠ ᠳ᠋ᠤ᠌ ᠣᠷᠣᠰᠢᠨ᠎ᠠ ᠃ ᠡᠨᠡ ᠶᠠᠰᠤ ᠨᠢ ᠡᠷᠪᠡᠬᠡᠢ ᠬᠡᠯᠪᠡᠷᠢᠲᠡᠢ ᠪᠡᠷ ᠡᠮᠦᠨᠡᠰᠢ ᠪᠡᠨ ᠰᠠᠮᠠᠯᠳᠠᠭ ᠶᠠᠰᠤ ᠪᠣᠯᠤᠨ ᠲᠠᠩᠨᠠᠢ ᠶᠠᠰᠤ ᠲᠠᠢ ᠂ ᠬᠣᠢᠰᠢ ᠳᠠᠭᠵᠠᠨ ᠶᠠᠰᠤᠨ ᠲᠠᠢ ᠬᠤᠯᠪᠤᠯᠳᠠᠳᠠᠭ ᠢ᠋ᠶ᠋ᠠᠷ  ᠡᠷᠪᠡᠬᠡᠢ ᠶᠠᠰᠤ ᠭᠡᠳᠡᠭ ᠃ ᠴᠢᠮᠠᠷᠬᠠᠢ ᠶᠠᠰᠤ 
       ᠪᠠᠰᠠ ᠬᠠᠳᠠᠨ ᠶᠠᠰᠤ ᠭᠡᠳᠡᠭ ᠃ ᠡᠨᠡ ᠨᠢ ᠬᠣᠣᠰᠯᠠᠭᠰᠠᠨ ᠶᠠᠰᠤ ᠮᠥᠨ ᠃ ᠵᠤᠯᠠᠢ ᠶᠠᠰᠤᠨ ᠤ᠋ ᠳᠣᠣᠷ᠎ᠠ ᠲᠠᠯ᠎ᠠ ᠂ ᠲᠡᠨᠨᠵᠡᠨ ᠶᠠᠰᠤᠨ ᠤ᠋ ᠡᠮᠦᠨ᠎ᠡ ᠂ ᠡᠷᠪᠡᠬᠡᠢ ᠶᠠᠰᠤᠨ ᠤ᠋ ᠳᠡᠭᠡᠷ᠎ᠡ ᠲᠠᠯ᠎ᠠ ᠳ᠋ᠤ᠌ ᠣᠷᠣᠰᠢᠵᠤ ᠂ ᠭᠠᠪᠠᠯᠠ ᠶ᠋ᠢᠨ ᠬᠥᠨᠳᠡᠢ ᠶ᠋ᠢᠨ ᠬᠠᠵᠠᠭᠤ ᠬᠠᠨ᠎ᠠ ᠶ᠋ᠢ ᠪᠦᠲᠦᠭᠡᠨ᠎ᠡ᠃ 
ᠰᠠᠮᠠᠯᠳᠠᠭ ᠶᠠᠰᠤ   
       ᠪᠠᠰᠠ ᠰᠡᠷᠡᠯᠵᠢᠨ ᠶᠠᠰᠤ ᠴᠤ᠌ ᠭᠡᠳᠡᠭ ᠃ ᠭᠠᠪᠠᠯᠠ ᠶ᠋ᠢᠨ ᠬᠥᠨᠳᠡᠢ ᠬᠢᠭᠡᠳ ᠬᠠᠮᠠᠷ ᠤ᠋ᠨ ᠬᠥᠨᠳᠡᠢ ᠶ᠋ᠢᠨ ᠬᠣᠭᠣᠷᠣᠨᠳᠣ ᠣᠷᠣᠰᠢᠵᠤ ᠂ ᠭᠠᠪᠠᠯᠠ ᠶ᠋ᠢᠨ ᠬᠥᠨᠳᠡᠢ ᠶ᠋ᠢᠨ ᠡᠮᠦᠨ᠎ᠡ ᠬᠠᠨ᠎ᠠ ᠶ᠋ᠢ ᠪᠦᠲᠦᠭᠡᠨ᠎ᠡ ᠃ ᠲᠤᠰ ᠶᠠᠰᠤ ᠨᠢ ᠪᠤᠰᠤᠳ ᠣᠯᠠᠨ ᠶᠠᠰᠤᠨ ᠳ᠋ᠤ᠌ ᠪᠦᠷᠬᠦᠭᠳᠡᠵᠦ ᠪᠠᠢᠭ᠎ᠠ ᠳᠠᠩ ᠶᠠᠰᠤ ᠮᠥᠨ ᠂ ᠲᠡᠭᠦᠨ ᠣ ᠪᠦᠷᠦᠴᠡ ᠨᠢ  ᠰᠠᠮᠠᠯᠳᠠᠭ ᠬᠠᠪᠲᠠᠰᠤ ᠂ ᠡᠭᠴᠡ ᠰᠢᠯᠤᠭᠤᠨ ᠬᠠᠪᠲᠠᠰᠤ ᠪᠣᠯᠤᠨ ᠬᠣᠶᠠᠷ ᠬᠠᠵᠠᠭᠤ ᠬᠠᠪᠲᠠᠰᠤ ᠪᠠᠷ ᠪᠦᠷᠢᠯᠳᠦᠵᠡᠢ᠃ 
ᠠᠯᠤᠬ᠎ᠠ ᠶᠠᠰᠤ  
       ᠴᠢᠬᠢᠨ ᠳ᠋ᠡᠬᠢ ᠰᠣᠨᠣᠷ ᠤ᠋ᠨ ᠡᠷᠬᠡᠲᠡᠨ ᠦ᠌ ᠥᠴᠦᠬᠡᠨ ᠶᠠᠰᠤᠳ ᠤ᠋ᠨ ᠨᠡᠷ᠎ᠡ᠃ 
ᠴᠣᠬᠣ ᠶᠠᠰᠤ  
       ᠳᠤᠬᠤ ᠠ᠋ᠴᠠ ᠳᠡᠭᠡᠲᠡᠢ ᠭᠠᠪᠠᠯᠠ ᠶ᠋ᠢᠨ ᠲᠤᠭ ᠣᠷᠣᠢ ᠶ᠋ᠢᠨ ᠬᠡᠰᠡᠭ ᠶᠠᠰᠤ᠃ 
ᠬᠦᠵᠦᠭᠦᠨ ᠶᠠᠰᠤ   
       ᠬᠥᠮᠦᠨ ᠠᠮᠢᠲᠠᠨ ᠤ᠋ ᠲᠣᠯᠣᠭᠠᠢ ᠰᠡᠭᠡᠷ ᠬᠣᠶᠠᠷ ᠤ᠋ᠨ ᠬᠣᠭᠣᠷᠣᠨᠳᠣ ᠵᠠᠯᠭᠠᠯᠳᠤᠨ ᠣᠷᠣᠰᠢᠬᠤ ᠵᠢᠷᠭᠤᠭᠠᠨ ᠬᠡᠰᠡᠭ ᠢ᠋ᠶ᠋ᠡᠷ ᠪᠦᠷᠢᠯᠳᠦᠭᠰᠡᠨ ᠶᠠᠰᠤ᠃ 
ᠠᠮᠠᠨ ᠬᠦᠵᠦᠭᠦᠦ   
       ᠲᠣᠯᠣᠭᠠᠢ ᠶ᠋ᠢᠨ ᠳᠠᠭᠵᠠᠨ ᠠ᠋ᠴᠠ ᠵᠠᠯᠭᠠᠯᠳᠤᠨ ᠡᠭᠦᠰᠦᠭᠰᠡᠨ ᠬᠠᠮᠤᠭ ᠠᠩᠬᠠᠨ ᠤ᠋ ᠬᠦᠵᠦᠭᠦᠦ ᠃ ᠪᠠᠰᠠ ᠠᠮᠠᠷᠭᠠᠯ ᠬᠦᠵᠦᠭᠦᠦ ᠭᠡᠳᠡᠭ᠃ 
ᠡᠮᠡᠭᠡᠯ ᠬᠦᠵᠦᠭᠦᠦ   
       ᠠᠮᠠᠨ ᠬᠦᠵᠦᠭᠦᠨ ᠡᠴᠡ ᠵᠠᠯᠭᠠᠯᠳᠤᠨ ᠪᠣᠢ ᠬᠣᠶᠠᠳᠤᠭᠠᠷ ᠬᠦᠵᠦᠭᠦᠦ ᠃ ᠡᠨᠡ ᠬᠦᠵᠦᠭᠦᠨ ᠳ᠋ᠦ᠍ ᠨᠡᠷ᠎ᠡ ᠣᠯᠠᠨ ᠃ 《ᠬᠠᠳᠠᠨ ᠬᠦᠵᠦᠭᠦᠦ 》( ᠬᠠᠲᠤᠨ ᠬᠦᠵᠦᠭᠦᠦ ) ᠂ 《ᠠᠯᠲᠠᠨ ᠬᠦᠵᠦᠭᠦᠦ 》᠂ 《ᠤᠳᠠᠭ᠎ᠠ ᠬᠦᠵᠦᠭᠦᠦ 》ᠭᠡᠬᠦ ᠮᠡᠲᠦ ᠃ 
ᠠᠬᠤᠷ ᠬᠦᠵᠦᠭᠦᠦ 
       ᠡᠮᠡᠭᠡᠯ ᠬᠦᠵᠦᠭᠦᠨ ᠡᠴᠡ ᠵᠠᠯᠭᠠᠯᠳᠤᠨ ᠪᠣᠢ ᠭᠤᠷᠪᠠᠳᠤᠭᠠᠷ ᠬᠦᠵᠦᠭᠦᠦ ᠃ ᠪᠠᠰᠠ ᠪᠠᠭᠢᠯ ( ᠪᠠᠬᠢᠮ ) ᠬᠦᠵᠦᠭᠦᠦ ᠂ ᠠᠬᠤᠷ ᠬᠦᠵᠦᠭᠦᠦ ᠂ ᠨᠠᠷᠢᠨ ᠬᠦᠵᠦᠭᠦᠦ ᠭᠡᠳᠡᠭ᠃ 
ᠪᠤᠭᠣᠯᠠᠭ ᠬᠦᠵᠦᠭᠦᠦ    
       ᠠᠬᠤᠷ ᠬᠦᠵᠦᠭᠦᠨ ᠡᠴᠡ ᠵᠠᠯᠭᠠᠯᠳᠤᠨ ᠪᠣᠢ ᠳᠥᠷᠪᠡᠳᠦᠭᠡᠷ ᠬᠦᠵᠦᠭᠦᠦ᠃ ᠪᠠᠰᠠ ᠬᠦᠴᠦᠯ ᠬᠦᠵᠦᠭᠦᠦ ᠭᠡᠳᠡᠭ ᠃ ᠬᠦᠴᠦᠯ ᠭᠡᠵᠦ ᠬᠦᠴᠦᠯᠡᠬᠦ ᠢᠳᠡᠯᠡᠬᠦ ( ᠬᠦᠴᠦ ᠴᠢᠳᠠᠯ ) ᠭᠡᠰᠡᠨ ᠤᠳᠬ᠎ᠠ ᠲᠠᠢ ᠃ ᠵᠠᠷᠢᠮ ᠭᠠᠵᠠᠷ ᠪᠠᠰᠠ ᠪᠣᠭᠤᠯᠤᠨ ᠬᠦᠵᠦᠭᠦᠦ ᠭᠡᠳᠡᠭ ᠃ ᠦᠬᠡᠷ ᠶᠠᠭ ᠡᠨᠡ ᠬᠦᠵᠦᠭᠦᠨ ᠳ᠋ᠡᠭᠡᠨ ᠪᠣᠭᠣᠯᠭ᠎ᠠ ᠲᠠᠯᠪᠢᠭᠤᠯᠵᠤ ᠵᠢᠳᠬᠦᠳᠡᠭ  -  ᠬᠦᠴᠦ ᠴᠢᠳᠠᠯ ᠭᠠᠷᠳᠠᠭ ( ᠳᠥᠰᠢ ᠬᠦᠵᠦᠭᠦᠦ  ) ᠪᠤᠭᠤᠯᠠᠭ ᠬᠦᠵᠦᠭᠦᠦ ᠪᠢᠯᠡ᠃ 
ᠪᠦᠳᠦᠭᠦᠨ ᠬᠦᠵᠦᠭᠦᠦ  
       ᠬᠦᠴᠥᠯ ᠬᠦᠵᠦᠭᠦᠨ ᠡᠴᠡ ᠵᠠᠯᠭᠠᠯᠳᠤᠨ ᠪᠣᠢ ᠲᠠᠪᠤᠳᠤᠭᠠᠷ ᠬᠦᠵᠦᠭᠦᠦ ᠂ ᠪᠠᠰᠠ ᠲᠦᠰᠢᠭ ᠬᠦᠵᠦᠭᠦᠦ ᠭᠡᠳᠡᠭ ᠃ ᠬᠦᠴᠦᠯᠡᠬᠦ ᠬᠦᠵᠦᠭᠦᠨ ᠳ᠋ᠦ᠍ ᠲᠦᠰᠢᠭ ᠪᠣᠯᠵᠤ ᠥᠭᠳᠡᠭ ᠦ᠋ᠨ ᠤᠯᠠᠮ ᠠ᠋ᠴᠠ ᠪᠤᠶᠤ᠃ 
ᠮᠣᠬᠣᠭ᠎ᠠ ᠬᠦᠵᠦᠭᠦᠦ 
       ᠪᠦᠳᠦᠭᠦᠨ ᠬᠦᠵᠦᠭᠦᠨ ᠡᠴᠡ ᠵᠠᠯᠭᠠᠯᠳᠤᠨ ᠪᠣᠢ ᠵᠢᠷᠭᠤᠳᠤᠭᠠᠷ ᠬᠦᠵᠦᠭᠦᠦ ᠃ ᠬᠦᠵᠦᠭᠦᠨ ᠦ᠌ ᠬᠠᠮᠤᠭ ᠰᠡᠭᠦᠯᠴᠢ ᠶ᠋ᠢᠨ ᠪᠥᠭᠡᠳ ᠠᠬᠤᠷᠬᠠᠨ ᠰᠡᠭᠡᠷᠯᠢᠭ ᠰᠡᠷᠪᠡᠭᠡ ᠪᠣᠢ᠃ 
ᠰᠡᠭᠡᠷ ᠦ᠋ᠨ ᠶᠠᠰᠤ  
       ᠬᠦᠵᠦᠭᠦᠦ ᠪᠣᠯᠤᠨ ᠨᠢᠷᠤᠭᠤ ᠬᠣᠶᠠᠷ ᠤ᠋ᠨ ᠬᠣᠭᠣᠷᠣᠨᠳᠣ ᠵᠠᠯᠭᠠᠯᠳᠤᠨ ᠪᠠᠢᠭ᠎ᠠ ᠪᠥᠭᠡᠳ ᠬᠣᠶᠠᠷ ᠲᠠᠯ᠎ᠠ ᠳ᠋ᠠᠭᠠᠨ ᠬᠠᠪᠢᠷᠭᠠᠰ ᠤ᠋ᠨ ᠪᠤᠷ᠎ᠠ ᠬᠠᠳᠬᠤᠷᠯᠠᠵᠤ ᠪᠣᠢ ᠰᠡᠬᠡᠷᠯᠢᠭ ᠨᠢᠷᠤᠭᠤᠨ ᠤ᠋ 12 ᠠ᠋ᠴᠠ 13 ᠦᠶ᠎ᠡ ᠶᠠᠰᠤ᠃ 
ᠰᠡᠭᠡᠷᠲᠦ ᠨᠢᠷᠤᠭᠤ  
       ᠴᠡᠭᠡᠵᠢᠨ ᠬᠥᠨᠳᠡᠢ ᠶ᠋ᠢᠨ ᠨᠢᠷᠤᠭᠤ ᠲᠠᠯ᠎ᠠ ᠳ᠋ᠤ᠌ ᠪᠠᠢᠭ᠎ᠠ ᠰᠡᠭᠡᠷ ᠦ᠋ᠨ ᠬᠡᠰᠡᠭ᠃ 
ᠨᠤᠭᠤᠰᠤᠨ ᠤ᠋ ᠨᠦᠬᠡ  ( ᠬᠣᠩᠭᠢᠰᠬ᠎ᠠ )  
       ᠰᠡᠭᠡᠷ ᠦ᠋ᠨ ᠨᠤᠭᠤᠰᠤ ᠣᠷᠣᠰᠢᠬᠤ ᠨᠠᠷᠢᠨ ᠬᠥᠨᠳᠡᠢ᠃ 
ᠰᠡᠭᠡᠷ ᠦ᠋ᠨ ᠲᠣᠯᠣᠭᠠᠢ      ᠰᠡᠭᠡᠷ ᠦ᠋ᠨ ᠦᠶ᠎ᠡ ᠶ᠋ᠢᠨ ᠨᠤᠭᠤᠯᠤᠮ᠎ᠠ ᠨᠢᠭᠤᠷ᠃ 
ᠰᠡᠭᠡᠷ ᠦ᠋ᠨ ᠬᠠᠳᠬᠤᠷᠯᠢᠭ   
       ᠰᠡᠭᠡᠷᠡᠨ ᠳ᠋ᠦ᠍ ᠬᠠᠪᠢᠷᠭ᠎ᠠ ᠶ᠋ᠢᠨ ᠪᠤᠷ᠎ᠠ ᠬᠠᠳᠬᠤᠷᠯᠠᠬᠤ ᠬᠣᠩᠬᠣᠷ ᠃ ᠪᠠᠰᠠ ᠰᠡᠭᠡᠷ ᠦ᠋ᠨ ᠱᠠᠭ᠎ᠠ ᠭᠡᠳᠡᠭ᠃ 
ᠰᠡᠭᠡᠷ ᠦ᠋ᠨ ᠵᠠᠭᠠᠳᠠᠯ   
       ᠬᠣᠶᠠᠷ ᠰᠡᠭᠡᠷ ᠦ᠋ᠨ ᠶᠠᠰᠤ ᠬᠠᠷᠢᠯᠴᠠᠨ ᠲᠡᠪᠬᠡᠳᠡᠨ ᠵᠥᠷᠢᠵᠦ ᠲᠣᠭᠲᠠᠭᠰᠠᠨ ᠰᠡᠷᠲᠡᠭᠡᠷ ᠶᠠᠰᠤ᠃ 
ᠬᠥᠨᠳᠡᠯᠡᠨ ᠬᠠᠴᠠᠷ ᠶᠠᠰᠤ   
       ᠰᠡᠭᠡᠷᠡᠨ ᠨᠢᠷᠤᠭᠤᠨ ᠤ᠋ ᠡᠰᠡᠷᠭᠦ ᠂ ᠨᠤᠭᠤᠰᠤᠨ ᠨᠦᠬᠡᠨ ᠳᠡᠭᠡᠲᠡᠢ ᠲᠡᠭᠰᠢ ᠭᠡᠮ ᠢ᠋ᠶ᠋ᠡᠷ ᠣᠷᠣᠰᠢᠬᠤ ᠠᠬᠤᠷᠬᠠᠨ ᠰᠡᠷᠲᠡᠭᠡᠷ  ᠶᠠᠰᠤ᠃ 
ᠰᠡᠬᠡᠷᠡᠨ ᠰᠡᠷᠪᠡᠭᠡ  
       ᠰᠡᠬᠡᠷᠡᠨ ᠨᠢᠷᠤᠭᠤ ᠶ᠋ᠢᠨ ᠡᠰᠡᠷᠭᠦ ᠲᠠᠯ᠎ᠠ ᠳ᠋ᠤ᠌ ᠬᠥᠨᠳᠡᠯᠡᠨ ᠬᠠᠴᠠᠷ ᠶᠣᠰᠣᠨ ᠤ᠋ ᠲᠡᠭ ᠳᠤᠮᠳᠠ ᠠ᠋ᠴᠠ ᠬᠤᠷᠤᠭᠤ ᠰᠢᠭ᠋ ᠴᠣᠷᠣᠢᠨ ᠭᠠᠷᠤᠭᠰᠠᠨ ᠥᠨᠳᠥᠷ ᠶᠠᠰᠤ ᠃ ᠵᠠᠷᠢᠮ ᠨᠣᠮ ᠳ᠋ᠤ᠌ ᠡᠭᠦᠨ ᠢ᠋ ᠭᠣᠣᠯ ᠰᠡᠷᠲᠡᠩ ᠭᠡᠵᠦ ᠨᠡᠷᠡᠯᠡᠵᠡᠢ ᠃ ᠡᠨᠡ ᠣᠨᠣᠪᠴᠢ ᠦᠭᠡᠢ ᠃ ᠰᠡᠷᠪᠡᠭᠡ ᠭᠡᠬᠦ ᠨᠢ  ᠶᠣᠰᠣᠲᠠᠢ ᠣᠨᠣᠭᠠᠭᠰᠠᠨ ᠨᠡᠷ᠎ᠡ ᠨᠢ ᠪᠣᠯᠤᠨ᠎ᠠ ᠃ ᠵᠢᠱ᠌ᠢᠶᠡᠯᠡᠪᠡᠯ ᠄ ᠮᠣᠷᠢᠨ ᠤ᠋ ᠬᠢ ᠶ᠋ᠢ ᠮᠤᠨᠳᠠᠭ᠎ᠠ ᠭᠡᠳᠡᠭ ᠃ ᠪᠤᠰᠤᠳ ᠮᠠᠯ ᠤ᠋ᠨ ᠬᠢ ᠶ᠋ᠢ ᠪᠦᠷ ᠰᠡᠷᠪᠡᠭᠡ ᠭᠡᠳᠡᠭ ᠂ ᠡᠭᠦᠨ ᠡᠴᠡ ᠡᠨᠡ ᠶᠠᠰᠤᠨ ᠤ᠋ ᠨᠡᠷ᠎ᠡ ᠶ᠋ᠢ ᠰᠠᠨᠠᠭᠠᠯᠵᠠᠮᠤ ᠃ ᠡᠨᠡ ᠰᠡᠷᠪᠡᠭᠡ ᠭᠡᠳᠡᠭ ᠨᠢ ᠰᠡᠬᠡᠷᠡᠨ ᠳᠡᠭᠡᠷ᠎ᠡ ᠡᠴᠡ ᠳᠡᠭᠡᠭᠰᠢ ᠤᠷᠭᠤᠭᠰᠠᠨ ᠬᠠᠮᠤᠭ ᠤ᠋ᠨ ᠥᠨᠳᠥᠷ ᠶᠠᠰᠤ ᠪᠥᠭᠡᠳ ᠮᠥᠨ ᠮᠠᠯ ᠤ᠋ᠨ ᠬᠠ ᠶ᠋ᠢᠨ ᠳᠡᠭᠡᠲᠡᠢ ᠬᠠᠮᠤᠭ ᠥᠨᠳᠥᠷ ᠭᠠᠵᠠᠷ ᠨᠢ ᠪᠣᠯᠤᠨ᠎ᠠ ᠃  ᠰᠡᠭᠡᠷ ᠨᠢ ᠶᠡᠷᠦᠩᠬᠡᠢ ᠳ᠋ᠦ᠍ᠨᠢ ᠬᠠᠷ᠎ᠠ ᠰᠡᠭᠡᠷ ( ᠮᠣᠬᠣᠭ᠎ᠠ ᠰᠡᠭᠡᠷ ) ᠂ ᠥᠨᠳᠥᠷ ᠰᠡᠭᠡᠷ ᠂ ᠪᠣᠭᠣᠨᠢ ᠰᠡᠭᠡᠷ ( ᠪᠤᠶᠠᠨ ᠰᠡᠭᠡᠷ ) ᠭᠡᠵᠦ ᠭᠤᠷᠪᠠᠨ ᠬᠡᠰᠡᠭ ᠬᠤᠪᠢᠶᠠᠳᠠᠭ᠃ 
ᠮᠣᠬᠣᠭ᠎ᠠ ᠰᠡᠭᠡᠷ  
       ᠬᠦᠵᠦᠭᠦᠨ ᠡᠴᠡ ᠵᠠᠯᠭᠠᠯᠳᠤᠨ ᠪᠣᠢ ᠬᠠᠮᠤᠭ ᠠᠩᠬᠠᠨ ᠤ᠋ ᠰᠡᠭᠡᠷ ᠃ ᠡᠭᠦᠨ ᠦ᠌ ᠰᠡᠷᠪᠡᠭᠡ ᠨᠢ ᠠᠬᠤᠷ ᠂ ᠲᠡᠢᠨ ᠬᠦ᠌ ᠮᠣᠬᠣᠭ᠎ᠠ ᠰᠡᠭᠡᠷ ᠭᠡᠵᠡᠢ ᠃ ᠪᠠᠰᠠ ᠬᠠᠷ᠎ᠠ ᠰᠡᠭᠡᠷ ᠭᠡᠳᠡᠭ᠃ 
ᠵᠣᠬᠢᠴᠠᠯ ᠰᠡᠭᠡᠷ  
       ᠮᠣᠬᠣᠭ᠎ᠠ ᠰᠡᠭᠡᠷ ᠡᠴᠡ ᠵᠠᠯᠭᠠᠯᠳᠤᠨ ᠪᠣᠢ ᠲᠠᠲᠠᠭᠤ ᠰᠡᠭᠡᠷ ᠃ ᠪᠠᠰᠠ ᠠᠬᠤᠷ ᠰᠡᠭᠡᠷ ᠴᠦ᠍ ᠭᠡᠳᠡᠭ ᠃ 
ᠥᠨᠳᠥᠷ ᠰᠡᠭᠡᠷ  
       ᠵᠣᠬᠢᠴᠠᠯ ( ᠲᠠᠲᠠᠭᠤ ) ᠰᠡᠭᠡᠷ ᠡᠴᠡ ᠵᠠᠯᠭᠠᠯᠳᠤᠨ ᠪᠣᠢ ᠲᠠᠪᠤᠨ ᠰᠡᠭᠡᠷ ᠪᠠᠭᠲᠠᠨ᠎ᠠ᠃ 
ᠪᠣᠭᠣᠨᠢ ( ᠪᠤᠶᠠᠨ ) ᠰᠡᠭᠡᠷ   
       ᠥᠨᠳᠥᠷ ᠰᠡᠭᠡᠷ ᠡᠴᠡ ᠵᠠᠯᠭᠠᠯᠳᠤᠨ ᠪᠣᠢ ᠪᠣᠭᠣᠨᠢᠪᠲᠤᠷ ᠵᠤᠵᠠᠭᠠᠨ ᠰᠡᠭᠡᠷ ᠪᠠᠭᠲᠠᠨ᠎ᠠ ᠃ ᠡᠭᠦᠨ ᠢ᠋ ᠪᠠᠰᠠ ᠪᠤᠶᠠᠨ ᠰᠡᠭᠡᠷ ᠭᠡᠳᠡᠭ ᠃ ᠪᠠᠰᠠ ᠰᠡᠬᠡᠷᠯᠢᠭ ᠨᠢᠷᠤᠭᠤ ᠴᠤ᠌ ᠭᠡᠳᠡᠭ᠃ 
ᠨᠢᠷᠤᠭᠤᠨ ᠶᠠᠰᠤ  
       ᠬᠥᠮᠦᠨ ᠪᠠ ᠵᠠᠷᠢᠮ ᠠᠮᠢᠲᠠᠨ ᠤ᠋ ᠠᠷᠤ ᠭᠣᠣᠯ ᠳᠠᠭᠠᠤ ᠪᠠᠢᠬᠤ ᠪᠥᠭᠡᠳ ᠳᠣᠲᠣᠷ ᠨᠢ ᠨᠤᠭᠤᠰᠤ ᠣᠷᠣᠰᠢᠵᠤ ᠮᠥᠭᠡᠷᠰᠦᠯᠢᠭ ᠦᠶ᠎ᠡ ᠪᠡᠷ ᠵᠠᠯᠭᠠᠯᠳᠤᠭᠰᠠᠨ ᠂ ᠰᠡᠭᠡᠷ ᠰᠡᠭᠦᠯ ᠬᠣᠶᠠᠷ ᠤ᠋ᠨ ᠬᠣᠭᠣᠷᠣᠨᠳᠣ ᠣᠷᠣᠰᠢᠵᠤ ᠪᠠᠢᠳᠠᠭ᠃ 
ᠨᠠᠷᠢᠨ ᠨᠢᠷᠤᠭᠤ  
       ᠬᠠᠷᠴᠠᠭ᠎ᠠ ᠦᠭᠡᠢ ᠨᠢᠷᠤᠭᠤ ᠃ ᠪᠣᠭᠣᠨᠢ ᠰᠡᠭᠡᠷ ᠡᠴᠡ ᠵᠠᠯᠭᠠᠯᠳᠤᠨ ᠪᠣᠢ ᠬᠠᠷᠴᠠᠭ᠎ᠠ ᠦᠭᠡᠢ ᠨᠢᠷᠤᠭᠤ᠃ 
ᠬᠠᠷᠴᠠᠭ᠎ᠠ ᠨᠢᠷᠤᠭᠤ  
       ᠠᠰ ᠳᠡᠭᠡᠭᠰᠢ ᠬᠠᠷᠠᠭᠰᠠᠨ ᠪᠣᠭᠣᠨᠢ ᠰᠡᠷᠪᠡᠭᠡ ᠲᠡᠢ ᠡᠴᠡ ᠭᠠᠳᠠᠨ᠎ᠠ ᠬᠣᠶᠠᠷ ᠬᠠᠵᠠᠭᠤ ᠠ᠋ᠴᠠ ᠬᠣᠶᠠᠷ ᠲᠡᠢᠰᠢ ᠤᠷᠭᠤᠭᠰᠠᠨ ᠬᠠᠷᠴᠠᠭᠠᠢ ᠶ᠋ᠢᠨ ᠳᠠᠯᠠᠪᠴᠢ ᠰᠢᠭ᠋ ᠤᠷᠲᠤ ᠶᠠᠰᠤ ᠲᠠᠢ ᠨᠢᠷᠤᠭᠤ ᠶ᠋ᠢ ᠬᠠᠷᠴᠠᠭ᠎ᠠ ᠨᠢᠷᠤᠭᠤ ᠭᠡᠨ᠎ᠡ ᠃ ᠡᠨᠡ ᠬᠦ᠌ ᠬᠣᠶᠠᠷ ᠲᠠᠢᠰᠢ ᠳᠠᠯᠠᠪᠴᠢ ᠰᠢᠭ ᠤᠷᠭᠤᠭᠰᠠᠨ ᠶᠠᠰᠤ ᠶ᠋ᠢ  ᠨᠢ ᠬᠠᠷᠴᠠᠭ᠎ᠠ ᠭᠡᠳᠡᠭ ᠃ ᠡᠢᠮᠦ ᠨᠢᠷᠤᠭᠤ 6 ᠪᠠᠢᠳᠠᠭ ᠃ ᠮᠠᠯᠴᠢᠳ ᠤ᠋ᠨ  《ᠡᠮᠡᠭᠡᠯ ᠢ᠋ᠶ᠋ᠡᠨ ᠡᠪᠰᠢᠶᠡᠵᠦ ᠳᠤᠬᠤ !  ᠮᠣᠷᠢᠨ ᠤ᠋ ᠬᠠᠷᠴᠠᠭ᠎ᠠ ᠳᠠᠷᠤᠴᠢᠬᠠᠬᠤ ᠪᠣᠢ ! 》 ᠭᠡᠵᠦ ᠳᠡᠭᠦᠦ ᠨᠠᠷ ᠬᠡᠦᠬᠡᠳ ᠲᠡᠭᠡᠨ ᠵᠠᠬᠢᠳᠠᠭ ᠦᠭᠡ ᠶ᠋ᠢ ᠰᠠᠨᠠᠮᠤ ᠃ ᠲᠡᠷᠡ ᠳᠠᠷᠤᠬᠠᠴᠢᠬᠠᠬᠤ ᠭᠡᠵᠦ ᠠᠶᠤᠵᠤ ᠪᠠᠢᠭ᠎ᠠ ᠬᠠᠷᠴᠠᠭ᠎ᠠ  ᠪᠣᠯ ᠶᠠᠭ ᠮᠠᠨ ᠤ᠋ ᠬᠡᠯᠡᠬᠦ ᠭᠡᠵᠦ ᠪᠠᠢᠭ᠎ᠠ ᠶᠠᠰᠤᠨ ᠤ᠋ ᠨᠡᠷ᠎ᠡ ᠳᠡ᠃ 
ᠵᠣᠬᠢᠴᠠᠯ ᠬᠠᠷᠴᠠᠭᠠᠲᠤ ᠬᠣᠶᠠᠷ ᠨᠢᠷᠤᠭᠤ  
       ᠡᠨᠡ ᠨᠢ ᠨᠠᠷᠢᠨ ᠨᠢᠷᠤᠭᠤ ᠠ᠋ᠴᠠ ᠵᠠᠯᠭᠠᠯᠳᠤᠨ ᠪᠣᠢ ᠪᠥᠭᠡᠳ ᠡᠨᠡ ᠬᠣᠶᠠᠷ ᠣᠬᠣᠷ ᠬᠠᠷᠴᠠᠭᠠᠲᠤ ᠨᠢᠷᠤᠭᠤᠨ ᠤ᠋ ᠬᠠᠷᠢᠴᠠᠭ᠎ᠠ ᠨᠢ ᠬᠣᠢᠰᠢᠯᠠᠬᠤ ᠳᠣᠳᠣᠮ ( ᠨᠢᠭᠡᠳᠦᠭᠡᠷ ᠡᠴᠡ ᠪᠡᠨ ᠬᠣᠶᠠᠳᠤᠭᠠᠷ ᠨᠢ ) ᠤᠷᠲᠤ ᠪᠣᠯᠵᠤ ᠪᠦᠬᠦᠢ ᠠᠩᠬᠠᠨ ᠤ᠋ ᠬᠣᠶᠠᠷ ᠬᠠᠷᠢᠴᠠᠭ᠎ᠠ ᠨᠢᠷᠤᠭᠤ ᠪᠣᠯᠤᠨ᠎ᠠ ᠃ ᠵᠣᠬᠢᠴᠠᠯ ᠬᠠᠷᠴᠠᠭ᠎ᠠ ᠭᠡᠳᠡᠭ᠃ 
ᠤᠷᠲᠤ ᠬᠠᠷᠴᠠᠭᠠᠲᠤ ᠭᠤᠷᠪᠠᠨ ᠨᠢᠷᠤᠭᠤ   
       ᠵᠣᠬᠢᠴᠠᠯ  ᠬᠠᠷᠴᠠᠭ᠎ᠠ ᠠ᠋ᠴᠠ ᠵᠠᠯᠭᠠᠯᠳᠤᠨ ᠪᠣᠢ ᠬᠠᠷᠴᠠᠭ᠎ᠠ ᠨᠢ ᠤᠷᠲᠤ᠂ ᠭᠤᠷᠪᠠᠨ ᠨᠢᠷᠤᠭᠤ᠃ 
ᠮᠣᠬᠣᠭ᠎ᠠ ᠬᠠᠷᠴᠠᠭ᠎ᠠ    
      ᠤᠷᠲᠤ ᠬᠠᠷᠴᠠᠭ᠎ᠠ ᠠ᠋ᠴᠠ ᠵᠠᠯᠭᠠᠯᠳᠤᠨ ᠪᠣᠢ ᠪᠥᠭᠡᠳ ᠲᠤᠰ ᠨᠢᠷᠤᠭᠤᠨ ᠤ᠋ ᠬᠠᠷᠴᠠᠭ᠎ᠠ ᠨᠢ ᠤᠷᠲᠤ ᠬᠠᠷᠴᠠᠭ᠎ᠠ ᠠ᠋ᠴᠠ ᠪᠠᠨ ᠣᠬᠣᠷ ᠮᠥᠷᠲᠡᠭᠡᠨ ᠬᠠᠷᠴᠠᠭ᠎ᠠ ᠶ᠋ᠢᠨ ᠦᠵᠦᠭᠦᠷ ᠨᠢ ᠠᠷᠤ ᠠ᠋ᠴᠠ ᠪᠠᠨ ᠳᠠᠭᠠᠷᠢᠭᠳᠠᠭᠰᠠᠨ ᠮᠡᠲᠦ ᠮᠣᠬᠣᠭ᠎ᠠ ᠪᠠᠢᠳᠠᠭ ᠢ᠋ᠶ᠋ᠠᠷ ᠮᠣᠬᠣᠭ᠎ᠠ ᠬᠠᠷᠴᠠᠭ᠎ᠠ ᠭᠡᠵᠡᠢ᠃ 
ᠳᠤᠤᠬᠠᠨ ᠨᠢᠷᠤᠭᠤ  
       ᠮᠣᠬᠣᠭ᠎ᠠ ᠬᠠᠷᠴᠠᠭ᠎ᠠ ᠠ᠋ᠴᠠ ᠵᠠᠯᠭᠠᠯᠳᠤᠨ ᠪᠣᠢ ᠬᠠᠷᠴᠠᠭ᠎ᠠ ᠦᠭᠡᠢ ᠨᠢᠷᠤᠭᠤ ᠃ ᠡᠭᠦᠨ ᠢ᠋ ᠪᠠᠰᠠ ᠵᠠᠷᠢᠮ ᠭᠠᠵᠠᠷ ᠵᠣᠪᠠᠯᠠᠩᠲᠤ ᠨᠢᠷᠤᠭᠤ ᠭᠡᠳᠡᠭ ᠃ ᠣᠯᠠᠨ ᠶᠠᠰᠤᠨ ᠤ᠋ ᠪᠠᠯᠴᠢᠷ᠃