ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠳᠡᠨ ᠦ᠌ ᠪᠠᠭ᠎ᠠ ᠰᠤᠷᠭᠠᠭᠤᠯᠢ Шилийн хотын монгол үндэстэний бага сургуули ᠪᠣᠰᠣᠳ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠳᠡᠨ ᠦ᠌ ᠪᠠᠭ᠎ᠠ ᠰᠤᠷᠭᠠᠭᠤᠯᠢ Шилийн хотын монгол үндэстэний бага сургуули

ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠳᠡᠨ ᠦ᠌ ᠪᠠᠭ᠎ᠠ ᠰᠤᠷᠭᠠᠭᠤᠯᠢ Шилийн хотын монгол үндэстэний бага сургуули

ᠠᠩᠭᠢᠯᠠᠯ:ᠪᠣᠰᠣᠳ
2024-01-13

735

ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠳᠡᠨ ᠦ᠌ ᠪᠠᠭ᠎ᠠ ᠰᠤᠷᠭᠠᠭᠤᠯᠢ 

ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠳᠡᠨ ᠦ᠌ ᠪᠠᠭ᠎ᠠ ᠰᠤᠷᠭᠠᠭᠤᠯᠢ ᠶ᠋ᠢᠨ ᠲᠣᠪᠴᠢ ᠲᠠᠨᠢᠯᠴᠠᠭᠤᠯᠭ᠎ᠠ

         ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠲᠡᠨ ᠦ᠌ ᠪᠠᠭ᠎ᠠ ᠰᠤᠷᠭᠠᠭᠤᠯᠢ ᠨᠢ1949 ᠣᠨ ᠤ᠋3 ᠰᠠᠷ᠎ᠠ ᠳ᠋ᠤ᠌ ᠵᠠᠶᠠᠭᠠᠲᠠᠢ᠂ ᠴᠣᠯᠮᠣᠨ ᠨᠠᠷ ᠤ᠋ᠨ ᠰᠢᠭᠤᠳ ᠵᠢᠯᠣᠭᠣᠳᠤᠯᠭ᠎ᠠ ᠪᠠᠷ ᠪᠠᠢᠭᠤᠯᠤᠭᠳᠠᠭᠰᠠᠨ ᠰᠢᠯᠢ ᠶ᠋ᠢᠨ ᠭᠣᠣᠯ ᠤ᠋ᠨ ᠲᠠᠯ᠎ᠠ ᠨᠤᠲᠤᠭ ᠲᠠᠬᠢ ᠤᠤᠭᠠᠨ ᠪᠠᠭ᠎ᠠ ᠰᠤᠷᠭᠠᠭᠤᠯᠢ᠂ ᠮᠥᠨᠴᠦ ᠰᠢᠯᠢ ᠶ᠋ᠢᠨ ᠬᠣᠲᠠ ᠳ᠋ᠤ᠌ ᠪᠠᠨ ᠴᠣᠷ ᠤ᠋ᠨ ᠭᠠᠭᠴᠨ ᠴᠣᠯ ᠮᠣᠩᠭᠣᠯ ᠢ᠋ᠶ᠋ᠠᠷ ᠬᠢᠴᠢᠶᠡᠯᠯᠡᠵᠦ ᠪᠠᠢᠭ᠎ᠠ ᠪᠠᠭ᠎ᠠ ᠰᠤᠷᠭᠠᠭᠤᠯᠢ ᠪᠣᠯᠤᠨ᠎ᠠ᠃
         ᠲᠤᠰ ᠰᠤᠷᠭᠠᠭᠤᠯᠢ ᠨᠢ ᠴᠠᠭ ᠦᠶ᠎ᠡ ᠶ᠋ᠢᠨ  ᠬᠥᠭᠵᠢᠯᠲᠡ ᠶ᠋ᠢ ᠳᠠᠭᠠᠯᠳᠤᠨ ᠠᠳᠠᠯᠢ ᠪᠤᠰᠤ ᠪᠠᠷ ᠨᠡᠷᠡᠯᠡᠭᠳᠡᠵᠦ ᠢᠷᠡᠵᠡᠢ᠃ ᠪᠡᠢᠰᠡ ᠶ᠋ᠢᠨ ᠰᠦᠮ᠎ᠡ ᠶ᠋ᠢᠨ ᠡᠷᠢᠶᠡᠳᠦ ᠯᠠᠮᠠᠬᠠᠢ ᠶ᠋ᠢᠨ ᠭᠣᠣᠯ ᠳᠤᠭᠠᠩ ᠳ᠋ᠤ᠌ ᠠᠩᠬ᠎ᠠ ᠮᠡᠨᠳᠦᠯᠡᠬᠦ ᠳ᠋ᠦ᠍ ᠪᠡᠨ《ᠰᠢᠯᠢ ᠶ᠋ᠢᠨ ᠭᠣᠣᠯ  ᠪᠠᠭ᠎ᠠ ᠰᠤᠷᠭᠠᠭᠤᠯᠢ》  ᠭᠡᠰᠡᠨ  ᠤᠤᠭᠠᠨ ᠨᠡᠷ᠎ᠡ ᠶ᠋ᠢ  ᠠᠪᠴᠤ᠂ ᠲᠤᠬᠠᠢ ᠶ᠋ᠢᠨ ᠦᠶ᠎ᠡ ᠶ᠋ᠢᠨ ᠠᠢᠮᠠᠭ ᠤ᠋ᠨ ᠳᠡᠳ᠋ ᠳᠠᠷᠤᠭ᠎ᠠ ᠰᠠᠢᠨᠵᠢᠶᠠᠭ᠎ᠠ ᠨᠥᠬᠥᠷ ᠡᠴᠡ ᠰᠤᠷᠭᠠᠭᠤᠯᠢ ᠶ᠋ᠢᠨ ᠵᠠᠬᠢᠷᠤᠯ ᠤ᠋ᠨ ᠠᠵᠢᠯ ᠢ᠋ ᠬᠠᠪᠰᠤᠷᠭᠠᠨ ᠬᠠᠷᠢᠭᠤᠴᠠᠵᠤ᠂ ᠪᠦᠬᠦ ᠠᠢᠮᠠᠭ ᠤ᠋ᠨ ᠬᠡᠪᠴᠢᠶᠡᠨ ᠡᠴᠡ ᠰᠤᠷᠤᠭᠴᠢ ᠡᠯᠰᠡᠬᠦ ᠠᠢᠮᠠᠭ ᠤ᠋ᠨ ᠬᠠᠷᠢᠶᠠᠨ ᠤ᠋ ᠪᠠᠭ᠎ᠠ ᠰᠤᠷᠭᠠᠭᠤᠯᠢ ᠪᠠᠢᠪᠠ᠃1952 ᠣᠨ ᠳ᠋ᠤ᠌ ᠣᠳᠣ ᠶ᠋ᠢᠨ ᠡᠨᠡᠬᠦ ᠰᠤᠷᠭᠠᠭᠤᠯᠢ ᠶ᠋ᠢᠨ ᠰᠠᠭᠤᠷᠢᠰᠢᠯ ᠳᠡᠭᠡᠷ᠎ᠡ ᠰᠢᠨ᠎ᠡ ᠪᠡᠷ ᠪᠠᠢᠭᠤᠯᠤᠭᠰᠠᠨ ᠭᠡᠷ ᠪᠠᠢᠰᠢᠩ ᠳ᠋ᠤ᠌ ᠪᠠᠨ ᠨᠡᠭᠦᠵᠦ᠂1953 ᠣᠨ ᠳ᠋ᠤ᠌《ᠰᠢᠯᠢ ᠶ᠋ᠢᠨ ᠭᠣᠣᠯ ᠪᠦᠷᠢᠨ ᠪᠠᠭ᠎ᠠ ᠰᠤᠷᠭᠠᠭᠤᠯᠢ》ᠭᠡᠵᠦ ᠨᠡᠷᠡᠯᠡᠭᠳᠡᠵᠦ᠂ 1956 ᠣᠨ ᠳ᠋ᠤ᠌《ᠰᠢᠯᠢ ᠶ᠋ᠢᠨ ᠬᠣᠲᠠ ᠳ᠋ᠠᠬᠢ ᠨᠢᠭᠡᠳᠦᠭᠡᠷ ᠪᠠᠭ᠎ᠠ ᠰᠤᠷᠭᠠᠭᠤᠯᠢ》 ᠭᠡᠰᠡᠨ ᠨᠡᠷᠡᠢᠳᠦᠯ ᠢ᠋ᠶ᠋ᠡᠷ ᠠᠩᠬ᠎ᠠ ᠤᠳᠠᠭ᠎ᠠ ᠠᠪᠠᠬᠠᠨᠠᠷ ᠬᠤᠰᠢᠭᠤᠨ ᠳ᠋ᠤ᠌ ᠬᠠᠷᠢᠶᠠᠯᠠᠭᠳᠠᠪᠠ᠃1978 ᠣᠨ ᠳ᠋ᠤ᠌《ᠰᠢᠯᠢ ᠶ᠋ᠢᠨ ᠬᠣᠲᠠ ᠳ᠋ᠠᠬᠢ ᠠᠷᠪᠠᠨ ᠵᠢᠯ ᠦ᠋ᠨ ᠳᠦᠷᠢᠮᠲᠦ ᠦᠨᠳᠦᠰᠦᠲᠡᠨ ᠦ᠌ ᠰᠤᠷᠭᠠᠭᠤᠯᠢ》 ᠭᠡᠵᠦ ᠥᠭᠡᠷᠡᠴᠢᠯᠡᠨ᠂ ᠪᠠᠭ᠎ᠠ ᠰᠤᠷᠭᠠᠭᠤᠯᠢ᠂ ᠠᠩᠬ᠎ᠠ ᠳᠤᠮᠳᠠᠳᠤ ᠪᠠ ᠥᠨᠳᠥᠷ ᠳᠤᠮᠳᠠᠳᠤ ᠶ᠋ᠢᠨ ᠠᠩᠭᠢ ᠶ᠋ᠢ ᠬᠠᠮᠲᠤᠷᠠᠭᠤᠯᠤᠨ ᠡᠷᠬᠢᠯᠡᠬᠦ ᠪᠣᠯᠵᠤ᠂1980 ᠣᠨ ᠳ᠋ᠤ᠌《ᠠᠪᠠᠬᠠᠨᠠᠷ ᠬᠤᠰᠢᠭᠤᠨ ᠤ᠋ ᠮᠣᠩᠭᠣᠯ ᠦᠨᠳᠦᠰᠦᠲᠡᠨ ᠦ᠌ ᠰᠤᠷᠭᠠᠭᠤᠯᠢ》 ᠭᠡᠵᠦ ᠥᠭᠡᠷᠡᠴᠢᠯᠡᠵᠦ᠂1984 ᠣᠨ ᠳ᠋ᠤ᠌ ᠳᠤᠮᠳᠠᠳᠤ ᠰᠤᠷᠭᠠᠭᠤᠯᠢ᠂ ᠪᠠᠭ᠎ᠠ ᠰᠤᠷᠭᠠᠭᠤᠯᠢ ᠶ᠋ᠢ ᠰᠠᠯᠭᠠᠨ ᠡᠷᠬᠢᠯᠡᠭᠰᠡᠨ ᠡᠴᠡ《ᠰᠢᠯᠢ ᠶ᠋ᠢᠨ ᠬᠣᠲᠠ ᠶ᠋ᠢᠨ ᠨᠢᠭᠡᠳᠦᠭᠡᠷ ᠪᠠᠭ᠎ᠠ ᠰᠤᠷᠭᠠᠭᠤᠯᠢ》ᠭᠡᠵᠦ ᠤᠤᠯ ᠨᠡᠷ᠎ᠡ ᠪᠡᠨ ᠰᠡᠷᠭᠦᠭᠡᠵᠦ᠂2008 ᠣᠨ ᠳ᠋ᠤ᠌《ᠰᠢᠯᠢ ᠶ᠋ᠢᠨ ᠬᠣᠲᠠ ᠶ᠋ᠢᠨ ᠮᠣᠩᠭᠣᠯ  ᠦᠨᠳᠦᠰᠦᠲᠡᠨ ᠦ᠌ ᠪᠠᠭ᠎ᠠ ᠰᠤᠷᠭᠠᠭᠤᠯᠢ 》  ᠭᠡᠰᠡᠨ ᠰᠢᠨ᠎ᠡ ᠨᠡᠷᠡᠢᠳᠦᠯ ᠲᠡᠢ ᠪᠣᠯᠪᠠ᠃
         ᠲᠤᠰ  ᠰᠤᠷᠭᠠᠭᠤᠯᠢ ᠨᠢ1954 ᠣᠨ ᠳ᠋ᠤ᠌ ᠥᠪᠡᠷᠲᠡᠭᠡᠨ ᠵᠠᠰᠠᠬᠤ ᠣᠷᠣᠨ ᠤ᠋ ᠬᠠᠮᠤᠭ ᠲᠦᠷᠦᠭᠦᠦ ᠪᠦᠯᠦᠭ ᠦ᠋ᠨ ᠭᠣᠣᠯᠳᠠᠯᠭ᠎ᠠ ᠲᠠᠢ ᠪᠠᠭ᠎ᠠ ᠰᠤᠷᠭᠠᠭᠤᠯᠢ ᠶ᠋ᠢᠨ ᠨᠢᠭᠡ ᠨᠢ ᠪᠣᠯᠵᠤ᠂1962 ᠣᠨ ᠳ᠋ᠤ᠌ ᠣᠷᠣᠨ ᠤ᠋ ᠰᠢᠨ᠎ᠡ ᠪᠡᠷ ᠨᠠᠢᠷᠠᠭᠤᠯᠤᠭᠰᠠᠨ ᠮᠣᠩᠭᠣᠯ ᠦᠨᠳᠦᠰᠦᠲᠡᠨ ᠦ᠌ ᠪᠠᠭ᠎ᠠ ᠰᠤᠷᠭᠠᠭᠤᠯᠢ ᠶ᠋ᠢᠨ ᠵᠢᠭᠠᠵᠤ   ᠮᠠᠲ᠋ᠧᠷᠢᠶᠠᠯ ᠢ᠋ ᠲᠤᠷᠰᠢᠨ ᠵᠢᠭᠠᠬᠤ ᠲᠤᠷᠰᠢᠯᠲᠠ ᠶ᠋ᠢᠨ ᠰᠤᠷᠭᠠᠭᠤᠯᠢ ᠪᠣᠯᠵᠤ᠂1981 ᠣᠨ ᠳ᠋ᠤ᠌ ᠥᠪᠡᠷᠲᠡᠭᠡᠨ ᠵᠠᠰᠠᠬᠤ  ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ ᠠ᠋ᠴᠠ ᠳᠠᠬᠢᠨ ᠣᠷᠣᠨ ᠤ᠋ ᠭᠣᠣᠯᠳᠠᠯᠭ᠎ᠠ ᠲᠠᠢ ᠪᠠᠭ᠎ᠠ ᠰᠤᠷᠭᠠᠭᠤᠯᠢ ᠪᠣᠯᠭᠠᠨ ᠲᠤᠭ᠍ᠳᠠᠭᠠᠵᠦ᠂1996 ᠣᠨ ᠳ᠋ᠤ᠌《ᠬᠣᠶᠠᠷ ᠦᠨᠳᠦᠰᠦᠨ》 ᠢ᠋ ᠪᠠᠷᠢᠮᠵᠢᠶᠠᠨ ᠳ᠋ᠤ᠌ ᠬᠦᠷᠭᠡᠬᠦ ᠪᠦᠬᠦ ᠲᠠᠯ᠎ᠠ ᠶ᠋ᠢᠨ ᠠᠵᠢᠯ ᠢ᠋ ᠠᠮᠵᠢᠯᠲᠠ ᠲᠡᠭᠦᠰ ᠪᠡᠶᠡᠯᠡᠭᠦᠯᠵᠦ᠂ ᠣᠳᠣ ᠡᠨᠡᠬᠦ ᠠᠵᠢᠯ ᠢ᠋ᠶ᠋ᠠᠨ ᠨᠡᠩ ᠪᠠᠲᠤᠳᠬᠠᠨ ᠪᠡᠬᠢᠵᠢᠭᠦᠯᠵᠦ᠂ ᠵᠢᠭᠠᠨ ᠰᠤᠷᠭᠠᠯᠲᠠ ᠪᠠᠷ ᠭᠣᠣᠯᠳᠠᠯᠭ᠎ᠠ ᠪᠣᠯᠭᠠᠨ᠂ ᠤᠨᠴᠠᠯᠢᠭ᠍ᠳᠦ ᠰᠤᠷᠭᠠᠨ ᠬᠥᠮᠦᠵᠢᠯ ᠢ᠋ᠶ᠋ᠡᠷ ᠰᠢᠪᠲᠤᠯᠤᠯᠲᠠ ᠪᠣᠯᠭᠠᠵᠤ᠂ ᠬᠥᠭᠵᠢᠯ ᠦ᠋ᠨ ᠰᠢᠨ᠎ᠡ ᠱᠠᠲᠤᠨ ᠳ᠋ᠤ᠌ ᠣᠬᠢᠨ ᠳᠠᠪᠰᠢᠭᠰᠠᠨ ᠪᠠᠢᠨ᠎ᠠ᠃
         ᠣᠳᠣ ᠰᠤᠷᠭᠠᠭᠤᠯᠢ ᠶᠡᠷᠦᠩᠬᠡᠢ ᠲᠠᠯᠠᠪᠠᠢ30535 ᠲᠡᠭᠰᠢ ᠳᠥᠷᠪᠡᠯᠵᠢᠨ ᠮᠧᠲ᠋ᠷ᠂ ᠰᠤᠷᠭᠠᠭᠤᠯᠢ ᠶ᠋ᠢᠨ ᠪᠠᠷᠢᠯᠭ᠎ᠠ ᠶ᠋ᠢᠨ ᠲᠠᠯᠠᠪᠠᠢ11215 ᠲᠡᠭᠰᠢ ᠳᠥᠷᠪᠡᠯᠵᠢᠨ ᠮᠧᠲ᠋ᠷ ᠪᠠᠢᠵᠤ᠂ ᠰᠤᠷᠭᠠᠭᠤᠯᠢ ᠶ᠋ᠢᠨ ᠬᠦᠷᠢᠶᠡᠨ ᠦ᠌ ᠨᠣᠭᠣᠭᠠᠷᠠᠭᠤᠯᠤᠯᠲᠠ᠂ ᠭᠤᠶᠤᠵᠢᠭᠤᠯᠤᠯᠳᠠ ᠶ᠋ᠢᠨ ᠡᠵᠡᠯᠡᠬᠦ ᠲᠠᠯᠠᠪᠠᠢ ᠪᠦᠬᠦ ᠲᠠᠯᠠᠪᠠᠢ ᠶ᠋ᠢᠨ50% ᠳ᠋ᠤ᠌ ᠬᠦᠷᠴᠦ᠂ ᠵᠣᠬᠢᠶᠠᠮᠠᠯ ᠵᠦᠯᠭᠡᠲᠦ200 ᠮᠧᠲ᠋ᠷ ᠦ᠋ᠨ ᠭᠦᠶᠦᠯᠲᠡ ᠶ᠋ᠢᠨ ᠱᠤᠭᠤᠮ ᠪᠦᠬᠦᠢ ᠪᠠᠷᠢᠮᠵᠢᠶᠠᠲᠤ ᠲᠠᠮᠢᠷ ᠤ᠋ᠨ ᠲᠠᠯᠠᠪᠠᠢ ᠪᠠᠢᠭᠤᠯᠤᠭ᠍ᠳᠠᠵᠦ᠂ ᠴᠡᠴᠡᠷᠯᠢᠭᠵᠢᠭᠰᠡᠨ ᠬᠡᠯᠪᠡᠷᠢ ᠶ᠋ᠢᠨ ᠲᠣᠮᠣ ᠰᠤᠷᠭᠠᠭᠤᠯᠢ ᠪᠣᠯᠵᠤ᠂ ᠰᠤᠷᠭᠠᠭᠤᠯᠢ ᠡᠷᠬᠢᠯᠡᠬᠦ ᠨᠥᠬᠥᠴᠡᠯ ᠨᠢ ᠣᠷᠣᠨ ᠤ᠋ ᠨᠢᠭᠡᠳᠦᠭᠡᠷ ᠲᠥᠷᠥᠯ ᠦ᠋ᠨ ᠪᠠᠷᠢᠮᠵᠢᠶᠠᠨ ᠳ᠋ᠤ᠌ ᠬᠦᠷᠦᠭᠰᠡᠨ ᠪᠠᠢᠨ᠎ᠠ᠃
         ᠲᠤᠰ ᠰᠤᠷᠭᠠᠭᠤᠯᠢ ᠨᠢ ᠣᠳᠣ29 ᠵᠢᠭᠠᠨ ᠰᠤᠷᠭᠠᠬᠤ ᠠᠩᠭᠢ᠂1147 ᠨᠡᠷ᠎ᠡ ᠰᠤᠷᠤᠭᠴᠢ ᠲᠠᠢ᠂ ᠠᠵᠢᠯ ᠤ᠋ᠨ ᠪᠠᠢᠷᠢ ᠳ᠋ᠤ᠌ ᠪᠠᠢᠭ᠎ᠠ ᠪᠠᠭᠰᠢ ᠠᠵᠢᠯᠲᠠᠨ103 ᠨᠡᠷ᠎ᠡ ᠪᠠᠢᠵᠤ᠂ ᠰᠤᠷᠤᠯᠭ᠎ᠠ ᠶ᠋ᠢᠨ ᠨᠠᠮᠲᠠᠷ ᠤ᠋ᠨ ᠬᠢᠷᠢ ᠲᠡᠩᠴᠡᠯᠲᠡ ᠶ᠋ᠢᠨ ᠨᠣᠷᠮ᠎ᠠ100% ᠳ᠋ᠤ᠌ ᠬᠦᠷᠴᠦ᠂ ᠪᠦᠬᠦ ᠬᠢᠴᠢᠶᠡᠯ ᠢ᠋ ᠴᠥᠮ ᠮᠣᠩᠭᠣᠯ ᠬᠡᠯᠡ ᠪᠡᠷ ᠬᠢᠴᠢᠶᠡᠯᠯᠡᠵᠦ᠂ ᠬᠡᠪ ᠴᠢᠨᠠᠷ ᠤ᠋ᠨ ᠰᠤᠷᠭᠠᠨ ᠬᠥᠮᠦᠵᠢᠯ ᠢ᠋ ᠪᠦᠬᠦ ᠲᠠᠯ᠎ᠠ ᠪᠠᠷ ᠲᠤᠤᠱᠠᠯᠠᠭᠤᠯᠵᠤ᠂ ᠰᠢᠨ᠎ᠡ ᠬᠢᠴᠢᠶᠡᠯᠯᠡᠭᠡ ᠶ᠋ᠢᠨ ᠥᠭᠡᠷᠡᠴᠢᠯᠡᠯᠲᠡ ᠶ᠋ᠢ ᠡᠷᠴᠢᠮᠲᠡᠢ ᠶᠠᠪᠤᠭ᠍ᠳᠠᠭᠤᠯᠵᠦ ᠪᠣᠢ᠃
         ᠪᠠᠭᠰᠢ ᠶ᠋ᠢᠨ ᠳᠣᠲᠣᠷ᠎ᠠ ᠤᠯᠤᠰ ᠤ᠋ᠨ ᠳᠡᠰ ᠦ᠋ᠨ ᠰᠤᠷᠭᠠᠨ ᠬᠥᠮᠦᠵᠢᠯ ᠦ᠋ᠨ ᠰᠢᠰᠲ᠋ᠧᠮ ᠦ᠋ᠨ ᠬᠥᠳᠡᠯᠮᠦᠷᠢ ᠶ᠋ᠢᠨ ᠵᠢᠱ᠌ᠢᠶᠡᠴᠢ ᠪᠣᠯᠤᠨ ᠰᠢᠯᠢᠳᠡᠭ ᠪᠠᠭᠰᠢ3  ᠨᠡᠷ᠎ᠡ᠂ ᠣᠷᠣᠨ ᠤ᠋ ᠳᠡᠰ ᠦ᠋ᠨ ᠰᠤᠷᠭᠠᠨ ᠬᠥᠮᠦᠵᠢᠯ ᠦ᠋ᠨ ᠰᠢᠰᠲ᠋ᠧᠮ ᠦ᠋ᠨ ᠬᠥᠳᠡᠯᠮᠦᠷᠢ ᠶ᠋ᠢᠨ ᠵᠢᠱ᠌ᠢᠶᠡᠴᠢ ᠪᠣᠯᠤᠨ ᠰᠢᠯᠢᠳᠡᠭ ᠪᠠᠭᠰᠢ 3 ᠨᠡᠷ᠎ᠡ᠂ ᠣᠷᠣᠨ ᠤ᠋ ᠳᠡᠰ ᠦ᠋ᠨ ᠵᠢᠭᠠᠨ ᠰᠤᠷᠭᠠᠬᠤ ᠴᠢᠳᠠᠪᠤᠷᠢᠲᠠᠨ1 ᠨᠡᠷ᠎ᠡ᠂ ᠠᠢᠮᠠᠭ ᠤ᠋ᠨ ᠳᠡᠰ ᠦ᠋ᠨ ᠵᠢᠭᠠᠨ ᠰᠤᠷᠭᠠᠬᠤ ᠴᠢᠳᠠᠪᠤᠷᠢᠲᠠᠨ1 ᠨᠡᠷ᠎ᠡ᠂ ᠬᠣᠲᠠ ᠶ᠋ᠢᠨ ᠳᠡᠰ ᠦ᠋ᠨ ᠵᠢᠭᠠᠨ ᠰᠤᠷᠭᠠᠬᠤ ᠴᠢᠳᠠᠪᠤᠷᠢᠲᠠᠨ5 ᠨᠡᠷ᠎ᠡ᠂ ᠠᠢᠮᠠᠭ ᠤ᠋ᠨ ᠳᠡᠰ ᠦ᠋ᠨ ᠬᠢᠴᠢᠶᠡᠯ ᠲᠥᠷᠥᠯ ᠦ᠋ᠨ ᠭᠣᠣᠯᠯᠠᠭᠴᠢ ᠪᠠᠭᠰᠢ16 ᠨᠡᠷ᠎ᠡ᠂ ᠠᠢᠮᠠᠭ ᠤ᠋ᠨ ᠳᠡᠰ ᠦ᠋ᠨ ᠲᠡᠷᠢᠭᠦᠨ ᠦ᠌ ᠪᠠᠭᠰᠢ11 ᠨᠡᠷ᠎ᠡ ᠪᠠᠢᠵᠤ᠂ ᠪᠠᠭᠰᠢ ᠶ᠋ᠢᠨ ᠡᠩᠨᠡᠭᠡᠨ ᠦ᠌ ᠭᠣᠣᠯᠯᠠᠬᠤ ᠬᠦᠴᠦᠨ ᠡᠳᠦᠷ ᠢᠷᠡᠬᠦᠶ᠎ᠡ ᠬᠦᠴᠦᠷᠬᠡᠭᠵᠢᠵᠡᠢ᠃
ᠰᠤᠷᠭᠠᠭᠤᠯᠢ ᠶ᠋ᠢᠨ ᠣᠳᠣᠬᠢ ᠤᠳᠤᠷᠢᠳᠤᠯᠭ᠎ᠠ
         ᠭᠣᠨᠴᠣᠭ᠂ ᠡᠷᠡᠭᠲᠡᠢ᠂ ᠮᠣᠩᠭᠣᠯ ᠦᠨᠳᠦᠰᠦᠲᠡᠨ᠂ ᠳᠤᠮᠳᠠᠳᠤ ᠰᠤᠷᠭᠠᠭᠤᠯᠢ ᠶ᠋ᠢᠨ ᠳᠡᠭᠡᠳᠦ ᠳᠡᠰ ᠦ᠋ᠨ ᠪᠠᠭᠰᠢ᠂  ᠣᠳᠣ ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠲᠡᠨ ᠦ᠌ ᠪᠠᠭ᠎ᠠ ᠰᠤᠷᠭᠠᠭᠤᠯᠢ ᠶ᠋ᠢᠨ ᠵᠠᠬᠢᠷᠤᠯ ᠢ᠋ᠶ᠋ᠠᠷ ᠠᠵᠢᠯᠯᠠᠵᠤ ᠪᠠᠢᠨ᠎ᠠ᠃
         1962 ᠣᠨ ᠤ᠋1 ᠰᠠᠷ᠎ᠠ ᠶ᠋ᠢᠨ25 ᠤ᠋ ᠡᠳᠦᠷ ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤᠨ ᠤ᠋  ᠪᠠᠶᠠᠠᠠᠠᠭᠤᠯᠨ ᠰᠤᠮᠤᠨ ᠤ᠋ ᠵᠢᠷ ᠦ᠋ᠨ ᠨᠢᠭᠡᠨ ᠮᠠᠯᠴᠢᠨ ᠤ᠋ ᠭᠡᠷ ᠲᠦ᠍ ᠲᠥᠷᠥᠵᠡᠢ᠃
         1987ᠣᠨ ᠳ᠋ᠤ᠌ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠠ᠋ᠴᠠ ᠲᠡᠭᠦᠰᠴᠦ᠂ ᠰᠢᠯᠢ ᠶ᠋ᠢᠨ ᠬᠣᠲᠠ ᠶ᠋ᠢᠨ ᠮᠣᠩᠭᠣᠯ ᠳᠤᠮᠳᠠᠳᠤ ᠰᠤᠷᠭᠠᠭᠤᠯᠢ ᠳ᠋ᠤ᠌ ᠬᠤᠪᠢᠶᠠᠭᠳᠠᠨ ᠠᠵᠢᠯᠠᠯᠪᠠ᠃
         1992ᠣᠨ ᠳ᠋ᠤ᠌ ᠰᠢᠯᠢ ᠶ᠋ᠢᠨ ᠬᠣᠲᠠ ᠶ᠋ᠢᠨ ᠮᠣᠩᠭᠣᠯ ᠳᠤᠮᠳᠠᠳᠤ ᠰᠤᠷᠭᠠᠭᠤᠯᠢ ᠶ᠋ᠢᠨ ᠬᠢᠴᠢᠶᠡᠯ ᠬᠥᠮᠦᠵᠢᠯ ᠦ᠋ᠨ ᠭᠠᠵᠠᠷ ᠤ᠋ᠨ ᠡᠷᠬᠢᠯᠡᠭᠴᠢ ᠶ᠋ᠢᠨ ᠲᠤᠰᠢᠶᠠᠯ ᠢ᠋ ᠬᠠᠷᠢᠭᠤᠴᠠᠨ᠂1996 ᠣᠨ ᠤ᠋4 ᠰᠠᠷ᠎ᠠ ᠳ᠋ᠤ᠌ ᠰᠢᠯᠢ ᠶ᠋ᠢᠨ ᠬᠣᠲᠠ ᠶ᠋ᠢᠨ ᠮᠣᠩᠭᠣᠯ ᠦᠨᠳᠦᠰᠦᠲᠡᠨ ᠦ᠌ ᠪᠠᠭ᠎ᠠ ᠰᠤᠷᠭᠠᠭᠤᠯᠢ ᠳ᠋ᠤ᠌ ᠵᠠᠬᠢᠷᠤᠯ ᠢ᠋ᠶ᠋ᠠᠷ ᠲᠣᠮᠢᠯᠠᠭᠳᠠᠨ ᠢᠷᠡᠵᠦ ᠠᠵᠢᠯᠯᠠᠵᠠᠢ᠃
         ᠬᠣᠷᠢ ᠭᠠᠷᠤᠢ ᠵᠢᠯ ᠦ᠋ᠨ ᠰᠤᠷᠭᠠᠨ ᠬᠥᠮᠦᠵᠢᠯ ᠦ᠋ᠨ ᠠᠵᠢᠯ ᠤ᠋ᠨ  ᠶᠠᠪᠤᠴᠠ ᠳ᠋ᠤ᠌ ᠰᠢᠯᠢ ᠶ᠋ᠢᠨ ᠬᠣᠲᠠ ᠶ᠋ᠢᠨ《ᠠᠷᠪᠠᠨ ᠰᠣᠳᠣᠨ ᠵᠠᠯᠠᠭᠤ》᠂  ᠰᠢᠯᠢ ᠶ᠋ᠢᠨ ᠬᠣᠲᠠ ᠶ᠋ᠢᠨ ᠰᠢᠯᠢᠳᠡᠭ ᠪᠠᠭᠰᠢ᠂ ᠰᠢᠯᠢ ᠶ᠋ᠢᠨ ᠬᠣᠲᠠ ᠶ᠋ᠢᠨ ᠰᠢᠯᠢᠳᠡᠭ ᠰᠤᠷᠭᠠᠨ ᠬᠥᠮᠦᠵᠢᠯ ᠦ᠋ᠨ ᠠᠵᠢᠯᠲᠠᠨ᠂ ᠬᠣᠲᠠ ᠶ᠋ᠢᠨ ᠳᠡᠰ ᠦ᠋ᠨ ᠵᠢᠭᠠᠨ ᠰᠤᠷᠭᠠᠬᠤ ᠴᠢᠳᠠᠪᠤᠷᠢᠲᠠᠨ ᠵᠡᠷᠭᠡ ᠢᠷᠠᠭᠤ ᠠᠯᠳᠠᠷ ᠢ᠋ ᠬᠦᠷᠲᠡᠵᠦ ᠢᠷᠡᠵᠡᠢ᠃
         ᠵᠢᠭᠠᠨ ᠰᠤᠷᠭᠠᠬᠤ ᠰᠤᠷᠭᠠᠨ ᠬᠥᠮᠦᠵᠢᠭᠦᠯᠬᠦ ᠪᠣᠳᠠᠲᠤ ᠪᠠᠢᠳᠠᠯ ᠲᠠᠢ ᠪᠠᠨ ᠤᠶᠠᠯᠳᠤᠭᠤᠯᠤᠨ《ᠲᠤᠮᠳᠠᠳᠦ ᠪᠠᠭ᠎ᠠ ᠰᠤᠷᠭᠠᠭᠤᠯᠢ ᠶ᠋ᠢᠨ ᠪᠠᠭᠰᠢ ᠶ᠋ᠢᠨ ᠳᠠᠪᠲᠠᠨ ᠪᠣᠯᠪᠠᠰᠤᠷᠠᠯ》᠂《ᠬᠢᠲᠠᠳ ᠬᠡᠪᠯᠡᠯ》 ᠂ 《ᠥᠪᠥᠷ ᠮᠣᠩᠭᠣᠯ ᠤ᠋ᠨ ᠰᠤᠷᠭᠠᠨ ᠬᠥᠮᠦᠵᠢᠯ》 ᠵᠡᠷᠭᠡ ᠣᠷᠣᠨ ᠤ᠋ ᠳᠣᠲᠣᠨ᠎ᠠ ᠭᠠᠳᠠᠨᠠᠬᠢ ᠰᠡᠳᠬᠦᠯ ᠳ᠋ᠦ᠍ ᠠᠷᠪᠠ ᠭᠠᠷᠤᠢ ᠥᠭᠦᠯᠡᠯ ᠢ᠋ ᠨᠡᠢᠲᠡᠯᠡᠭᠰᠡᠨ ᠪᠠᠢᠨ᠎ᠠ᠃ ᠪᠤᠰᠤᠳ ᠲᠠᠢ ᠬᠠᠮᠲᠤᠷᠠᠨ《ᠳᠤᠮᠳᠠᠳᠤ ᠪᠠᠭ᠎ᠠ ᠰᠤᠷᠭᠠᠭᠤᠯᠢ ᠶ᠋ᠢᠨ ᠰᠤᠷᠭᠠᠨ ᠬᠥᠮᠦᠵᠢᠯ ᠦ᠋ᠨ ᠰᠤᠳᠤᠯᠭᠠᠨ ᠤ᠋ ᠤᠳᠤᠷᠢᠳᠬᠠᠯ》 ᠭᠡᠬᠦ ᠨᠣᠮ ᠢ᠋ ᠨᠠᠢᠷᠠᠭᠤᠯᠤᠨ ᠪᠢᠴᠢᠪᠡ᠃
         2008ᠣᠨ ᠳ᠋ᠤ᠌ ᠬᠣᠶᠠᠷ ᠵᠢᠯ ᠢᠯᠡᠭᠦᠦ ᠶ᠋ᠢᠨ ᠬᠤᠭᠤᠴᠠᠭ᠎ᠠ ᠶ᠋ᠢ ᠬᠡᠷᠡᠭᠯᠡᠵᠦ ᠶᠠᠪᠤᠭᠳᠠᠭᠤᠯᠤᠭᠰᠠᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠤᠷᠭᠠᠨ ᠬᠥᠮᠦᠵᠢᠯ ᠦ᠋ᠨ ᠰᠢᠨᠵᠢᠯᠡᠬᠦ ᠤᠬᠠᠭᠠᠨ ᠤ᠋ ᠲᠥᠯᠥᠪᠵᠢᠭᠦᠯᠭᠡ ᠶ᠋ᠢᠨ ᠰᠡᠳᠦᠪ《ᠪᠠᠭᠰᠢ ᠶ᠋ᠢᠨ ᠮᠣᠷᠠᠯ ᠰᠤᠷᠲᠠᠯ ᠤ᠋ᠨ ᠬᠥᠮᠦᠵᠢᠯ ᠳ᠋ᠡᠬᠢ ᠪᠠᠭᠰᠢ ᠶ᠋ᠢᠨ ᠭᠣᠣᠯᠯᠠᠭᠴᠢ ᠴᠢᠨᠠᠷ ᠤ᠋ᠨ ᠲᠤᠬᠠᠢ ᠰᠤᠳᠤᠯᠤᠯ》 ᠭᠡᠬᠦ ᠰᠤᠳᠤᠯᠭᠠᠨ ᠤ᠋ ᠰᠡᠳᠦᠪ ᠢ᠋ ᠲᠡᠭᠦᠰᠬᠡᠭᠰᠡᠨ ᠪᠠᠢᠨ᠎ᠠ᠃
         1999ᠣᠨ ᠳ᠋ᠤ᠌ ᠰᠢᠯᠢ ᠶ᠋ᠢᠨ ᠬᠣᠲᠠ ᠶ᠋ᠢᠨ  ᠳᠣᠯᠣᠳᠤᠭᠠᠷ ᠬᠤᠭᠤᠴᠠᠭᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠨ ᠢ᠋ᠶ᠋ᠡᠷ ᠰᠤᠩᠭᠤᠭ᠍ᠳᠠᠵᠦ᠂ ᠦᠷᠭᠦᠯᠵᠢᠯᠡᠨ ᠨᠠᠢ᠍ᠮᠠᠳᠤᠭᠠᠷ ᠬᠤᠭᠤᠴᠠᠭᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠨ ᠢ᠋ᠶ᠋ᠡᠷ ᠰᠤᠩᠭᠤᠭᠳᠠᠭᠰᠠ ᠪᠥᠭᠡᠳ ᠰᠢᠯᠢ ᠶ᠋ᠢᠨ ᠬᠣᠲᠠ ᠶ᠋ᠢᠨ ᠨᠠᠢ᠍ᠮᠠᠳᠤᠭᠠᠷ ᠬᠤᠭᠤᠴᠠᠭᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠪᠠᠢᠩᠭᠤ ᠶ᠋ᠢᠨ  ᠭᠡᠰᠢᠭᠦᠨ ᠪᠣᠯᠤᠭᠰᠠᠨ ᠪᠠᠢᠨ᠎ᠠ᠃