ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 3 > Хөх зул – Боржигон Ванжал –" Арван нэг ᠂ Улаан идээний бүлэг 3 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 3 > Хөх зул – Боржигон Ванжал –" Арван нэг ᠂ Улаан идээний бүлэг 3 "

ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 3 > Хөх зул – Боржигон Ванжал –" Арван нэг ᠂ Улаан идээний бүлэг 3 "

ᠠᠩᠭᠢᠯᠠᠯ:ᠵᠠᠩ ᠦᠢᠯᠡ
2024-01-10

403



ᠬᠣᠨᠢᠨ ᠰᠢᠭᠦᠰᠦᠨ ᠦ᠌ ᠪᠤᠰᠤᠳ ᠢᠳᠡᠭᠡᠨ 
       ᠮᠠᠨ ᠤ᠋ ᠣᠷᠣᠨ᠎ᠠ ᠬᠣᠨᠢᠨ ᠰᠢᠭᠦᠰᠦ ᠶ᠋ᠢ ᠪᠦᠬᠦᠯᠢ ᠪᠡᠷ ᠢᠳᠡᠬᠦ ᠂ ᠮᠥᠴᠢᠯᠡᠨ ᠢᠳᠡᠬᠦ ᠂ ᠰᠢᠷᠠᠵᠤ ᠢᠳᠡᠬᠦ ᠡᠴᠡ ᠭᠠᠳᠠᠨ᠎ᠠ ᠬᠣᠨᠢᠨ ᠤ᠋ ᠡᠯ᠎ᠡ ᠡᠷᠬᠡᠲᠡᠨ ᠦ᠌ ᠠᠳᠠᠯᠢ ᠪᠤᠰᠤ ᠠᠮᠲᠠ ᠰᠢᠮᠲᠡ ᠬᠢᠭᠡᠳ ᠦᠢᠯᠡᠳᠦᠯ ᠢ᠋ ᠠᠰᠢᠭᠯᠠᠵᠤ ᠶᠠᠩᠵᠤ ᠪᠦᠷᠢ ᠪᠡᠷ ᠬᠤᠪᠢᠯᠭᠠᠵᠤ ᠢᠳᠡᠳᠡᠭ ᠪᠣᠯᠠᠢ᠃ ᠡᠭᠦᠨ ᠳ᠋ᠦ᠍ ᠭᠠᠵᠠᠷ ᠣᠷᠣᠨ ᠤ᠋ ᠵᠠᠩ ᠳᠠᠳᠬᠠᠯ ᠠᠨᠤ ᠠᠳᠠᠯᠢ ᠦᠭᠡᠢ ᠡᠴᠡ ᠲᠡᠭᠦᠨ ᠢ᠋ ᠪᠣᠯᠪᠠᠰᠤᠷᠠᠭᠤᠯᠵᠤ ᠢᠳᠡᠬᠦ ᠠᠷᠭ᠎ᠠ ᠨᠢ ᠮᠥᠨ ᠴᠦ᠍ ᠠᠳᠠᠯᠢ ᠦᠭᠡᠢ ᠪᠣᠯᠠᠢ᠃ 
ᠬᠡᠷᠴᠢᠭᠰᠡᠨ ᠬᠣᠨᠢᠨ ᠮᠢᠬ᠎ᠠ   
       ᠶᠠᠰᠤ ᠮᠢᠬ᠎ᠠ ᠲᠠᠢ ᠨᠢ ᠨᠢᠭᠡ ᠯᠠᠩ ᠤ᠋ᠨ ᠬᠡᠮᠵᠢᠶ᠎ᠡ ᠲᠡᠢ ᠬᠡᠷᠴᠢᠵᠦ ᠮᠢᠬᠠᠨ ᠤ᠋ ᠡᠵᠡᠯᠡᠬᠦᠨ ᠲᠡᠢ ᠲᠡᠩᠴᠡᠬᠦ ᠬᠦᠢᠲᠡᠨ ᠤᠰᠤᠨ ᠳ᠋ᠤ᠌ ᠬᠢᠵᠦ ᠂ ᠳᠡᠭᠡᠷ᠎ᠡ ᠨᠢ 1 ᠵᠢᠩ ᠤᠰᠤ ᠪᠦᠷᠢ ᠳ᠋ᠦ᠍ 2 ᠴᠢᠨ ᠳᠠᠪᠤᠰᠤ ᠂ 1 ᠴᠢᠨ ᠪᠦᠲᠦᠨ ᠬᠤᠸᠠᠵᠤᠤ ᠂ 1 ᠴᠢᠨ ᠭ᠍ᠨ ᠂ 3 ᠹᠦᠨ ᠰᠣᠩᠭᠢᠨ᠎ᠠ ᠂ 3 ᠹᠦᠨ ᠰᠠᠷᠢᠮᠰᠠᠭ ᠢ᠋ ᠲᠤᠰ ᠪᠦᠷᠢ ᠲᠣᠬᠢᠷᠠᠭᠤᠯᠵᠤ  2 - 3 ᠴᠠᠭ ᠴᠢᠨᠠᠭᠠᠳ ᠭᠠᠷᠭᠠᠨ᠎ᠠ᠃ ᠡᠭᠦᠨ ᠢ᠋ ᠬᠡᠷᠴᠢᠭᠰᠡᠨ ᠬᠣᠨᠢᠨ ᠮᠢᠬ᠎ᠠ ᠭᠡᠨ᠎ᠡ᠃ 
ᠬᠡᠯᠬᠢᠵᠦ ᠰᠢᠷᠠᠭᠰᠠᠨ ᠬᠣᠨᠢᠨ ᠮᠢᠬ᠎ᠠ  
       ᠬᠥᠯᠳᠡᠭᠦᠦ ᠮᠢᠬ᠎ᠠ ᠪᠠᠨ ᠨᠢᠮᠭᠡᠪᠲᠦᠷ ᠬᠣᠶᠠᠷ ᠢᠮᠠᠬᠤ ᠤᠷᠲᠤ ᠳᠥᠷᠪᠡᠯᠵᠢᠨ ᠬᠡᠷᠴᠢᠭᠡᠳ ᠂ ᠲᠠᠪᠤᠨ ᠠᠮᠲᠠᠲᠠᠨ ᠢ᠋ ᠲᠠᠭᠠᠷᠠᠭᠤᠯᠵᠤ ᠨᠠᠢᠷᠠᠭᠤᠯᠤᠨ ᠲᠡᠷᠡ ᠬᠦ᠌ ᠮᠢᠬᠠᠨ ᠳ᠋ᠠᠭᠠᠨ ᠲᠦᠷᠬᠢᠵᠦ ᠬᠣᠶᠠᠷ ᠴᠠᠭ ᠬᠢᠷᠢ ᠲᠠᠯᠪᠢᠨ ᠰᠢᠩᠭᠡᠭᠡᠭᠡᠳ ᠰᠢᠷ᠎ᠠ ᠲᠣᠰᠣ ᠲᠦᠷᠬᠢᠭᠰᠡᠨ ᠬᠠᠪᠲᠠᠭᠠᠢ ᠲᠣᠭᠣᠭᠠᠨ ᠳᠡᠭᠡᠷ᠎ᠡ ᠲᠡᠮᠦᠷ ᠱᠣᠷᠣ ᠳ᠋ᠤ᠌ ᠠᠷᠪᠠ ᠠᠷᠪᠠ ᠪᠠᠷ ᠬᠡᠯᠬᠢᠨ ᠰᠢᠷᠠᠨ᠎ᠠ᠃ ᠬᠡᠵᠢᠶ᠎ᠡ ᠮᠢᠬᠠᠨ ᠤ᠋ ᠥᠩᠭᠡ ᠨᠢ ᠴᠠᠭᠠᠨ ᠰᠢᠷᠠᠪᠲᠤᠷ ᠪᠣᠯᠤᠭᠰᠠᠨ ᠤ᠋ ᠬᠣᠢᠨ᠎ᠠ ᠠᠪᠴᠤ ᠳᠠᠪᠰᠢᠯᠠᠨ᠎ᠠ᠃ ᠡᠭᠦᠨ ᠢ᠋ ᠬᠡᠯᠬᠢᠵᠦ ᠰᠢᠷᠠᠭᠰᠠᠨ ᠬᠣᠨᠢᠨ ᠮᠢᠬ᠎ᠠ ᠭᠡᠨ᠎ᠡ᠃ 
ᠬᠠᠩᠨᠠᠭᠰᠠᠨ ᠬᠣᠨᠢᠨ ᠮᠢᠬ᠎ᠠ  
       ᠬᠣᠨᠢᠨ ᠮᠢᠬ᠎ᠠ ᠪᠠᠨ ᠨᠠᠷᠢᠯᠢᠭ ᠳᠠᠪᠲᠠᠨ ᠬᠡᠷᠴᠢᠵᠦ ᠂ ᠨᠢᠭᠡ ᠵᠢᠩ ᠮᠢᠬ᠎ᠠ ᠳ᠋ᠤ᠌ ᠳᠠᠪᠤᠰᠤ ᠪᠣᠯᠤᠨ ᠲᠠᠪᠤᠨ ᠠᠮᠲᠠᠲᠠᠨ ᠂ ᠪᠠᠰᠠ ᠨᠢᠭᠡ ᠥᠨᠳᠡᠭᠡ ᠂ ᠨᠢᠭᠡ ᠯᠠᠩ ᠪᠣᠳᠣᠨᠴᠢᠷ ᠤ᠋ᠨ ᠭᠤᠯᠢᠷ ᠢ᠋ ᠬᠠᠮᠲᠤ ᠳ᠋ᠤᠨᠢ ᠬᠢᠵᠦ ᠨᠠᠢᠷᠠᠭᠤᠯᠤᠭᠠᠳ ᠂ ᠰᠢᠷ᠎ᠠ ᠲᠣᠰᠣ ᠲᠦᠷᠬᠢᠭᠰᠡᠨ ᠬᠠᠪᠲᠠᠭᠠᠢ  ᠲᠣᠭᠣᠭᠠᠨ ᠳᠡᠭᠡᠷ᠎ᠡ ᠪᠡᠨ ᠬᠠᠩᠨᠠᠵᠤ ᠳᠠᠪᠰᠢᠯᠠᠨ᠎ᠠ ᠃ ᠡᠭᠦᠨ ᠢ᠋ ᠬᠠᠩᠨᠠᠭᠰᠠᠨ ᠬᠣᠨᠢᠨ ᠮᠢᠬ᠎ᠠ ᠭᠡᠨ᠎ᠡ᠃ 
ᠴᠠᠭᠠᠨ ᠨᠣᠭᠣᠭᠠᠨ ᠤ᠋ ᠣᠷᠢᠶᠠᠮᠠᠭᠲᠤ ᠬᠣᠨᠢᠨ ᠮᠢᠬ᠎ᠠ  
       ᠮᠢᠬ᠎ᠠ ᠪᠠᠨ ᠨᠠᠷᠢᠯᠢᠭ ᠳᠠᠪᠲᠠᠨ ᠬᠡᠷᠴᠢᠭᠡᠳ ᠳᠠᠪᠤᠰᠤ ᠂ ᠲᠠᠪᠤᠨ ᠠᠮᠲᠠᠲᠠᠨ ᠢ᠋ ᠨᠠᠢᠷᠠᠭᠤᠯᠵᠤ ᠳᠠᠭᠠᠷᠠᠭᠤᠯᠤᠭᠰᠠᠨ ᠤ᠋ ᠳᠠᠷᠠᠭ᠎ᠠ ᠂ ᠴᠠᠭᠠᠨ ᠨᠣᠭᠣᠭᠠᠨ ᠤ᠋ ᠨᠠᠪᠴᠢ ᠶ᠋ᠢ ᠪᠤᠴᠠᠯᠤᠭᠰᠠᠨ ᠤᠰᠤᠨ ᠳ᠋ᠤ᠌ ᠴᠠᠭᠠᠨ ᠡᠰᠢ ᠶ᠋ᠢ ᠨᠢ ᠵᠥᠭᠡᠯᠡᠷᠡᠲᠡᠯ᠎ᠡ ᠬᠢᠵᠦ ᠂ ᠨᠢᠭᠡᠨ ᠢᠮᠠᠬᠤ ᠬᠠᠭᠠᠰ ᠲᠠᠰᠢᠭᠤ ᠬᠡᠷᠴᠢᠭᠡᠳ ᠳᠣᠲᠣᠷ᠎ᠠ ᠨᠢ ᠹᠦᠨ ᠬᠠᠭᠠᠰ ᠮᠢᠬ᠎ᠠ ᠬᠢᠵᠦ ᠣᠷᠢᠶᠠᠭᠠᠳ ᠫᠢᠯᠠ ᠳ᠋ᠤ᠌ ᠵᠡᠷᠭᠡᠴᠡᠭᠦᠯᠦᠨ ᠥᠷᠥᠵᠦ ᠵᠢᠩᠨᠡᠭᠦᠷ ᠲᠦ᠍ 15 ᠮᠢᠨᠦ᠋ᠲ ᠪᠣᠯᠭᠠᠭᠠᠳ ᠭᠠᠷᠭᠠᠨ᠎ᠠ ᠃ ᠡᠭᠦᠨ ᠢ᠋ ᠴᠠᠭᠠᠨ ᠨᠣᠭᠣᠭᠠᠨ ᠤ᠋ ᠣᠷᠢᠶᠠᠮᠠᠭᠲᠤ ᠬᠣᠨᠢᠨ ᠮᠢᠬ᠎ᠠ ᠭᠡᠨ᠎ᠡ᠃ 
ᠬᠣᠨᠢᠨ ᠡᠪᠴᠢᠭᠦᠨ ᠮᠢᠬ᠎ᠠ    ᠡᠪᠴᠢᠭᠦᠦ ᠪᠡᠨ ᠬᠠᠳᠠᠭᠠᠯᠠᠭᠠᠳ ᠥᠭᠡᠯᠵᠢᠨ ᠰᠠᠷ᠎ᠠ (ᠯᠠ ᠰᠠᠷ᠎ᠠ ) ᠶ᠋ᠢᠨ 23 ᠂ 24 ᠳ᠋ᠦ᠍ ᠴᠢᠨᠠᠵᠤ ᠢᠳᠡᠳᠡᠭ ᠃ ᠬᠦᠢᠲᠡᠨ ᠤᠰᠤᠨ ᠳ᠋ᠤ᠌ ᠪᠠᠭ᠎ᠠ ᠴᠠᠭ᠎ᠠ ᠪᠤᠶᠤ ᠰᠦ ᠂ 5 ᠯᠠᠩ ᠱᠦᠭᠦᠮᠡᠯ ᠂ ᠵᠢᠩ ᠴᠢᠪᠠᠭ᠎ᠠ ᠲᠠᠢ ᠬᠠᠮᠲᠤ ᠡᠪᠴᠢᠭᠦᠦ ᠪᠡᠨ ᠬᠢᠵᠦ ᠴᠢᠨᠠᠵᠤ ᠪᠣᠯᠭᠣᠭᠠᠳ ᠳᠠᠪᠰᠢᠯᠠᠨ᠎ᠠ᠃ ᠡᠭᠦᠨ ᠢ᠋ ᠬᠣᠨᠢᠨ ᠡᠪᠴᠢᠭᠦᠨ ᠮᠢᠬ᠎ᠠ ᠬᠡᠮᠡᠨ᠎ᠡ᠃ 
ᠦᠩᠬᠦᠯᠴᠡᠭ ᠦ᠋ᠨ ᠮᠢᠬ᠎ᠠ   
       ᠦᠩᠬᠦᠯᠴᠡᠭ ᠢ᠋ ᠪᠦᠲᠦᠨ ᠢ᠋ᠶ᠋ᠡᠷ ᠣᠭᠲᠣᠯᠤᠨ ᠠᠪᠴᠤ ᠥᠪᠳᠡᠯ ᠴᠥᠪᠥᠳᠡᠯ ᠥᠭᠡᠬᠦ ᠮᠢᠬ᠎ᠠ ᠶ᠋ᠢ ᠳᠦᠭᠦᠷᠲᠡᠯ᠎ᠡ ᠴᠢᠬᠢᠵᠦ ᠠᠮᠠ ᠶ᠋ᠢ ᠨᠢ ᠤᠲᠠᠰᠤ ᠪᠠᠷ ᠣᠶᠣᠵᠤ ᠪᠢᠲᠡᠭᠦᠯᠡᠭᠡᠳ ᠴᠢᠨᠠᠵᠤ ᠢᠳᠡᠨ᠎ᠡ ᠃ ᠡᠭᠦᠨ ᠢ᠋ ᠦᠩᠬᠦᠯᠴᠡᠭ ᠮᠢᠬ᠎ᠠ ᠭᠡᠨ᠎ᠡ᠃ 
ᠴᠢᠬᠢᠮᠡᠯ ᠠᠪᠢᠯᠢᠭ ᠮᠢᠬ᠎ᠠ  
       ᠠᠪᠢᠯᠢᠭ ( ᠠᠪᠢᠰᠤ - ᠬᠣᠰ ) ᠢ᠋ ᠬᠣᠶᠠᠷ ᠲᠣᠬᠣᠢ ᠤᠷᠲᠤ ᠣᠭᠲᠣᠯᠤᠨ ᠠᠪᠴᠤ ᠲᠤᠭᠤᠷᠠᠬᠠᠢ ᠶ᠋ᠢ ᠨᠢ ᠡᠷᠭᠢᠭᠦᠯᠴᠢᠭᠡᠳ ᠰᠠᠢᠨ ᠰᠠᠷᠬᠢᠨᠠᠭ ᠪᠠ ᠴᠣᠷᠣᠢ ᠶ᠋ᠢᠨ ᠮᠢᠬ᠎ᠠ ᠶ᠋ᠢ ᠰᠤᠷᠯᠠᠨ ᠪᠣᠷᠴᠠᠯᠠᠵᠤ ᠠᠪᠢᠯᠢᠭ ᠲᠤ᠌ ᠴᠢᠬᠢᠵᠦ ᠪᠣᠷᠳᠣᠭᠰᠠᠨ ᠢ᠋ ᠴᠢᠬᠢᠮᠡᠯ ᠠᠪᠢᠯᠢᠭ ᠮᠢᠬ᠎ᠠ ᠭᠡᠨ᠎ᠡ᠃ 
ᠪᠥᠭᠡᠷ᠎ᠡ ᠵᠢᠷᠦᠬᠡᠨ ᠦ᠌ ᠬᠣᠨᠳᠣᠭ 
       ᠶᠡᠬᠡ ᠂ ᠪᠠᠭ᠎ᠠ ᠮᠠᠯ ᠤ᠋ᠨ ᠪᠥᠭᠡᠷ᠎ᠡ ᠵᠢᠷᠦᠬᠡ ᠶ᠋ᠢ ᠬᠠᠮᠢᠶ᠎ᠠ ᠦᠭᠡᠢ ᠨᠠᠷᠢᠨ ᠬᠡᠷᠴᠢᠨ ᠂ ᠵᠢᠭᠠᠬᠠᠨ ᠥᠭᠡᠬᠦ ᠬᠢᠵᠦ ᠂ ᠲᠡᠭᠦᠨ ᠦ᠌ ᠳᠡᠭᠡᠷ᠎ᠡ ᠰᠢᠩᠼᠠ᠂ ᠫᠣᠸᠠᠷᠢ ᠂ ᠽᠠᠳᠢ ᠂ ᠴᠠᠭᠠᠨ ᠰᠦᠭᠮᠧᠯ ᠂ ᠰᠸᠪᠤᠷᠤ ᠵᠡᠷᠭᠡ ᠶ᠋ᠢ ᠬᠤᠪᠢ ᠲᠡᠭᠰᠢ ᠨᠠᠢᠷᠠᠭᠤᠯᠤᠭᠰᠠᠨ ᠲᠠᠯᠬ᠎ᠠ ᠠ᠋ᠴᠠ ᠪᠠᠭ᠎ᠠ ᠵᠡᠷᠭᠡ ᠬᠢᠵᠦ ᠠᠮᠲᠠ ᠣᠷᠣᠭᠤᠯᠬᠤ ᠶ᠋ᠢᠨ ᠬᠠᠮᠲᠤ ᠰᠣᠩᠭᠢᠨ᠎ᠠ ᠳᠠᠪᠤᠰᠤ ᠶ᠋ᠢ ᠪᠤᠤᠰᠠ ᠳ᠋ᠤ᠌ ᠬᠢᠬᠦ ᠠᠳᠠᠯᠢ ᠲᠠᠭᠠᠷᠠᠭᠤᠯᠵᠤ ᠨᠠᠢᠷᠠᠭᠤᠯᠤᠭᠠᠳ ᠰᠠᠭᠠᠭ ᠤ᠋ᠨ ᠭᠤᠯᠢᠷ ᠢ᠋ᠶ᠋ᠠᠷ ᠠᠷᠠᠰᠤ ᠬᠢᠵᠦ ᠬᠣᠨᠳᠣᠭ ᠪᠣᠯᠭᠠᠨ ᠪᠠᠷᠢᠭᠠᠳ ᠪᠣᠯᠭᠣᠪᠠᠯ ᠪᠥᠭᠡᠷ᠎ᠡ ᠵᠢᠷᠦᠬᠡᠨ ᠦ᠌ ᠬᠣᠨᠳᠣᠭ ᠭᠡᠳᠡᠭ ᠪᠣᠯᠤᠨ᠎ᠠ᠃ ᠬᠣᠨᠢᠨ ᠤ᠋ ᠬᠣᠨᠳᠣᠭ ᠨᠢ ᠬᠦᠢᠲᠡᠨ ᠬᠡᠢ ᠳ᠋ᠦ᠍ ᠰᠠᠢᠨ᠂ ᠦᠬᠡᠷ ᠢᠮᠠᠭ᠎ᠠ ᠶ᠋ᠢᠨ ᠬᠢᠨᠢ ᠬᠠᠯᠠᠭᠠᠪᠠᠯ ᠬᠡᠢ ᠳ᠋ᠦ᠍ ᠰᠠᠢᠨ᠃ 

              ᠬᠠᠷᠠᠴᠢᠨ ᠨᠤᠲᠤᠭ ᠤ᠋ᠨ ᠮᠢᠬᠠᠨ ᠢᠳᠡᠭᠡᠨ ᠄ 
ᠪᠦᠷᠢᠨ ᠬᠣᠨᠢᠨ ᠰᠢᠷᠡᠭᠡ 
       ᠬᠣᠨᠢᠨ ᠤ᠋ ᠪᠦᠬᠦᠯᠢ ᠮᠢᠬ᠎ᠠ ᠂ ᠲᠠᠪᠤᠨ ᠴᠤᠯᠤ ᠂ ᠲᠣᠯᠣᠭᠠᠢ ᠰᠢᠭᠢᠷ᠎ᠡ ᠂ ᠭᠡᠳᠡᠰᠦ ᠭᠦᠵᠡᠭᠡ ᠰᠡᠯᠲᠡ ᠪᠡᠷ 12 ᠳᠠᠪᠰᠢ ᠂ 4 ᠠᠶᠠᠭ᠎ᠠ ᠂ ᠡᠰᠡᠬᠦᠯ᠎ᠡ 8 ᠠᠶᠠᠭ᠎ᠠ ᠪᠠᠷ ᠪᠦᠷᠢᠯᠳᠦᠭᠰᠡᠨ ᠨᠢᠭᠡᠨ ᠰᠢᠷᠡᠭᠡ ᠶ᠋ᠢᠨ ᠳᠠᠢᠯᠠᠯᠭ᠎ᠠ ᠬᠢᠨ᠎ᠡ ᠃ ᠭᠡᠬᠦ ᠳ᠋ᠡᠭᠡᠨ ᠡᠳᠡᠭᠡᠷ ᠢ᠋ᠶ᠋ᠡᠷ ᠶᠠᠩᠵᠤ ᠪᠦᠷᠢ ᠶ᠋ᠢᠨ ᠦᠨᠦᠷ ᠠᠮᠲᠠᠲᠠᠢ ᠪᠣᠯᠭᠠᠨ ᠬᠠᠭᠤᠷᠤᠨ ᠬᠠᠭᠠᠷᠢᠵᠤ ᠪᠣᠯᠤᠭᠰᠠᠨ ᠢ᠋ ᠪᠦᠷᠢᠨ ᠬᠣᠨᠢᠨ ᠰᠢᠷᠡᠭᠡ ᠭᠡᠨ᠎ᠡ ( ᠬᠣᠨᠢᠨ ᠡᠯᠢᠭᠡ ᠂ ᠬᠣᠨᠢᠨ ᠲᠣᠯᠣᠭᠠᠢ ᠶ᠋ᠢᠨ ᠮᠢᠬᠠᠨ ᠴᠠᠷᠴᠠᠮᠠᠯ ᠂ ᠬᠣᠨᠢᠨ ᠬᠡᠷᠴᠢᠮ ᠂ ᠭᠤᠷᠪᠠᠨ ᠴᠤᠯᠤ ᠶ᠋ᠢᠨ ᠬᠠᠭᠤᠷᠤᠯᠭ᠎ᠠ ᠂ ᠬᠠᠭᠤᠷᠤᠮᠠᠯ ᠭᠦᠵᠡᠭᠡ ᠂ ᠬᠠᠭᠤᠷᠤᠮᠠᠯ ᠭᠡᠳᠡᠰᠦ ᠂ ᠬᠣᠨᠢᠨ ᠴᠢᠬᠢ ᠂  ᠡᠷᠡᠦ ᠂ ᠲᠠᠩᠨᠠᠢ ᠶ᠋ᠢᠨ ᠬᠠᠭᠠᠷᠢᠮ᠎ᠠ ᠂ ᠬᠣᠨᠢᠨ ᠰᠡᠭᠦᠯ ᠦ᠋ᠨ ᠬᠠᠭᠠᠷᠢᠮ᠎ᠠ ᠂ ᠬᠣᠨᠢᠨ ᠬᠠᠪᠢᠷᠭ᠎ᠠ ᠂ ᠬᠣᠨᠢᠨ ᠠᠭᠤᠰᠬᠢ ᠶ᠋ᠢᠨ ᠪᠥᠮᠪᠥᠭᠡ ᠂ ᠬᠣᠨᠢᠨ ᠤᠭᠤᠴᠠᠨ ᠬᠠᠭᠠᠷᠢᠮᠠᠯ ᠵᠡᠷᠭᠡ 12 ) ᠃ 
ᠬᠣᠨᠢᠨ ᠡᠯᠢᠭᠡᠨ ᠲᠡᠪᠰᠢ  
       ᠪᠣᠯᠭᠣᠭᠰᠠᠨ ᠡᠯᠢᠭᠡ ᠪᠡᠨ ᠬᠠᠪᠢᠰᠤᠯᠠᠨ ᠬᠡᠷᠴᠢᠭᠡᠳ ᠂ ᠳᠠᠪᠤᠰᠤᠲᠠᠢ ᠤᠰᠤᠨ ᠳ᠋ᠤ᠌ ᠰᠠᠷᠢᠮᠰᠠᠭ ᠤ᠋ᠨ ᠨᠤᠨᠲᠠᠭ ᠢ᠋ᠶ᠋ᠠᠷ ᠬᠦᠢᠲᠡᠨ ᠢ᠋ᠶ᠋ᠡᠷ ᠲᠠᠯᠪᠢᠬᠤ ᠶ᠋ᠢ ᠡᠯᠢᠭᠡᠨ ᠲᠠᠪᠰᠢ ᠭᠡᠨ᠎ᠡ ᠃ 
ᠬᠣᠨᠢᠨ ᠲᠠᠷᠢᠬᠢᠨ ᠳᠠᠪᠰᠢ  
       ᠴᠢᠨᠠᠵᠤ ᠪᠣᠯᠭᠣᠭᠰᠠᠨ ᠲᠠᠷᠢᠬᠢ ᠪᠠᠨ ᠳᠠᠪᠰᠢ ᠳ᠋ᠤ᠌ ᠠᠭᠤᠯᠵᠤ ᠰᠠᠷᠢᠮᠰᠠᠭ ᠤ᠋ᠨ ᠨᠤᠨᠲᠠᠭ ᠢ᠋ ᠰᠦᠷᠴᠢᠨ ᠲᠠᠯᠪᠢᠬᠤ ᠶ᠋ᠢ ᠲᠠᠷᠢᠬᠢᠨ ᠲᠠᠪᠰᠢ ᠭᠡᠨ᠎ᠡ ᠃ 
ᠬᠣᠨᠢᠨ ᠲᠣᠯᠣᠭᠠᠢ ᠶ᠋ᠢᠨ ᠮᠢᠬᠠᠨ ᠴᠠᠷᠴᠠᠮᠠᠯ  
       ᠴᠢᠨᠠᠭᠰᠠᠨ ᠬᠣᠨᠢᠨ ᠲᠣᠯᠣᠭᠠᠢ ᠶ᠋ᠢᠨ ᠮᠢᠬ᠎ᠠ ᠠᠷᠠᠰᠤ ᠶ᠋ᠢ ᠬᠠᠭᠤᠯᠤᠨ ᠠᠪᠴᠤ ᠳᠠᠬᠢᠨ ᠴᠢᠨᠠᠵᠤ ᠰᠢᠯᠵᠠᠷᠠᠭᠤᠯᠤᠭᠰᠠᠨ ᠤ᠋ ᠳᠠᠷᠠᠭ᠎ᠠ ᠰᠠᠪᠠ ᠳ᠋ᠤ᠌ ᠬᠢᠵᠦ ᠴᠠᠷᠴᠠᠭᠤᠯᠤᠭᠠᠳ ᠦᠨᠦᠷ ᠠᠮᠲᠠ ᠬᠠᠴᠢᠷᠯᠠᠵᠤ ᠬᠡᠰᠡᠭᠯᠡᠨ ᠬᠡᠷᠴᠢᠵᠦ ᠲᠠᠯᠪᠢᠬᠤ ᠶ᠋ᠢ ᠬᠣᠨᠢᠨ ᠲᠣᠯᠣᠭᠠᠢ ᠮᠢᠬᠠᠨ ᠴᠠᠷᠴᠠᠮᠠᠯ ᠭᠡᠳᠡᠭ᠃ 
ᠬᠣᠨᠢᠨ ᠮᠢᠬᠠᠨ ᠬᠡᠷᠴᠢᠮ  
       ᠪᠣᠯᠭᠣᠭᠰᠠᠨ ᠬᠣᠨᠢᠨ ᠮᠢᠬ᠎ᠠ ᠶ᠋ᠢ ᠬᠥᠷᠥᠭᠡᠭᠡᠳ ᠬᠠᠪᠢᠰᠤᠯᠠᠨ ᠬᠡᠷᠴᠢᠵᠦ ᠲᠠᠯᠪᠢᠬᠤ ᠶ᠋ᠢ ᠬᠣᠨᠢᠨ ᠮᠢᠬᠠᠨ ᠬᠡᠷᠴᠢᠮ ᠭᠡᠨ᠎ᠡ᠃ 
ᠭᠤᠷᠪᠠᠨ ᠴᠤᠯᠤ ᠶ᠋ᠢᠨ ᠬᠠᠭᠤᠷᠤᠯᠭ᠎ᠠ   
       ᠵᠢᠷᠦᠬᠡ ᠂ ᠪᠥᠭᠡᠷ᠎ᠡ ᠂ ᠬᠡᠯᠡ ᠭᠤᠷᠪᠠ ᠶ᠋ᠢ ᠬᠡᠰᠡᠭᠯᠡᠨ ᠬᠡᠷᠴᠢᠭᠡᠳ ᠬᠠᠭᠤᠷᠴᠤ ᠰᠢᠩᠭᠡᠨ ᠭᠤᠯᠢᠷ ᠪᠤᠶᠤ ᠴᠠᠷᠳᠠᠭᠤᠯ ᠢ᠋ ᠰᠢᠩᠭᠡᠯᠡᠵᠦ ᠦᠨᠦᠷ ᠠᠮᠲᠠᠲᠠᠨ ᠬᠢᠵᠦ ᠬᠤᠳᠬᠤᠨ ᠭᠠᠷᠭᠠᠭᠠᠳ ᠳᠠᠪᠰᠢ ᠳ᠋ᠤ᠌ ᠠᠭᠤᠯᠤᠭᠰᠠᠨ ᠢ᠋ ᠭᠤᠷᠪᠠᠨ ᠴᠤᠯᠤ ᠶ᠋ᠢᠨ ᠬᠠᠭᠤᠷᠤᠯᠭ᠎ᠠ ᠭᠡᠨ᠎ᠡ᠃ 
ᠬᠠᠭᠤᠷᠤᠮᠠᠯ ᠭᠦᠵᠡᠭᠡ  
       ᠱᠠᠯᠵᠠᠷᠠᠲᠠᠯ᠎ᠠ ᠴᠢᠨᠠᠭᠰᠠᠨ ᠬᠣᠨᠢᠨ ᠭᠦᠵᠡᠭᠡ ᠪᠡᠨ ᠨᠠᠷᠢᠨ ᠤᠷᠲᠤᠯᠵᠢᠨ ᠬᠡᠷᠴᠢᠵᠦ ᠴᠠᠷᠳᠠᠭᠤᠯ ᠲᠠᠢ ᠬᠠᠭᠤᠷᠴᠤ ᠲᠡᠪᠰᠢᠯᠡᠭᠰᠡᠨ ᠢ᠋ ᠬᠠᠭᠤᠷᠤᠮᠠᠯ ᠭᠦᠵᠡᠭᠡ ᠭᠡᠨ᠎ᠡ᠃ 
ᠬᠠᠭᠤᠷᠤᠮᠠᠯ ᠭᠡᠳᠡᠰᠦ 
       ᠪᠣᠯᠭᠣᠭᠰᠠᠨ ᠬᠣᠰ ᠢ᠋ᠶ᠋ᠠᠨ ᠬᠡᠷᠴᠢᠵᠦ ᠴᠠᠷᠳᠠᠭᠤᠯ ᠲᠠᠢ ᠬᠠᠭᠤᠷᠤᠭᠠᠳ ᠲᠡᠪᠰᠢᠯᠡᠭᠰᠡᠨ ᠢ᠋ ᠬᠠᠭᠤᠷᠤᠮᠠᠯ ᠭᠡᠳᠡᠰᠦ ᠭᠡᠳᠡᠭ ᠃ 
ᠬᠣᠨᠢᠨ ᠴᠢᠬᠢ ᠡᠷᠡᠦ ᠲᠠᠩᠨᠠᠢ ᠶ᠋ᠢᠨ ᠬᠠᠭᠤᠷᠤᠮᠠᠯ 
       ᠴᠢᠨᠠᠵᠤ ᠪᠣᠯᠭᠣᠭᠰᠠᠨ ᠴᠢᠬᠢ ᠡᠷᠡᠦ ᠲᠠᠩᠨᠠᠢ ᠶ᠋ᠢ ᠨᠠᠷᠢᠯᠢᠭ ᠬᠡᠷᠴᠢᠵᠦ ᠬᠠᠭᠤᠷᠤᠭᠰᠠᠨ ᠢ᠋ ᠬᠣᠨᠢᠨ ᠴᠢᠬᠢ ᠡᠷᠡᠦ ᠲᠠᠩᠨᠠᠢ ᠶ᠋ᠢᠨ ᠬᠠᠭᠤᠷᠤᠮᠠᠯ ᠭᠡᠨ᠎ᠡ᠃ 
ᠬᠠᠭᠠᠷᠢᠮᠠᠯ ᠰᠡᠭᠦᠯ  
       ᠬᠠᠪᠢᠰᠤᠯᠠᠨ ᠬᠡᠷᠴᠢᠭᠰᠡᠨ ᠬᠣᠨᠢᠨ ᠰᠡᠭᠦᠯ ᠢ᠋ ᠵᠢᠭᠤᠷᠠᠵᠤ ᠪᠡᠯᠡᠳᠬᠡᠭᠰᠡᠨ ᠰᠢᠩᠭᠡᠨ ᠭᠤᠯᠢᠷ ᠪᠤᠶᠤ ᠴᠠᠷᠳᠠᠭᠤᠯ ᠳ᠋ᠤ᠌ ᠲᠥᠷᠥᠵᠦ ᠠᠪᠤᠭᠠᠳ ᠪᠤᠴᠠᠯᠤᠮ᠎ᠠ ᠲᠣᠰᠣᠨ ᠳ᠋ᠤ᠌ ᠬᠢᠵᠦ ᠪᠣᠯᠭᠣᠭᠠᠳ ᠭᠠᠷᠭᠠᠵᠤ ᠳᠡᠭᠡᠷ᠎ᠡ ᠨᠢ ᠴᠠᠭᠠᠨ ᠰᠢᠬᠢᠷ ᠰᠠᠴᠤᠵᠤ ᠲᠡᠪᠰᠢᠯᠡᠭᠰᠡᠨ ᠢ᠋ ᠬᠠᠭᠠᠷᠢᠮᠠᠯ ᠰᠡᠭᠦᠯ ᠭᠡᠳᠡᠭ᠃ 
ᠬᠠᠭᠠᠷᠢᠮᠠᠯ ᠬᠣᠨᠢᠨ ᠬᠠᠪᠢᠷᠭ᠎ᠠ  
       ᠬᠠᠪᠢᠷᠭ᠎ᠠ ᠪᠠᠨ ᠵᠣᠬᠢᠬᠤ ᠬᠡᠮᠵᠢᠶ᠎ᠡ ᠪᠡᠷ ᠲᠠᠰᠤᠳᠠᠨ ᠬᠡᠷᠴᠢᠭᠡᠳ ᠂ ᠬᠠᠯᠠᠭᠤᠨ ᠲᠣᠰᠣᠨ ᠳ᠋ᠤ᠌ ᠬᠠᠭᠠᠷᠢᠨ ᠪᠣᠯᠭᠣᠭᠰᠠᠨ ᠤ᠋ ᠳᠠᠷᠠᠭ᠎ᠠ ᠳᠠᠪᠤᠰᠤᠨ ᠨᠤᠨᠲᠠᠭ ᠪᠤᠶᠤ ᠴᠠᠭᠠᠨ ᠰᠢᠬᠢᠷ ᠰᠠᠴᠤᠵᠤ ᠲᠡᠪᠰᠢᠯᠡᠭᠰᠡᠨ ᠢ᠋ ᠬᠠᠭᠠᠷᠢᠮᠠᠯ ᠬᠠᠪᠢᠷᠭ᠎ᠠ ᠭᠡᠨ᠎ᠡ᠃ 
ᠬᠣᠨᠢᠨ ᠠᠭᠤᠰᠬᠢ ᠶ᠋ᠢᠨ ᠪᠥᠮᠪᠥᠭᠡ 
       ᠬᠣᠨᠢᠨ ᠠᠭᠤᠰᠬᠢ ᠪᠡᠨ ᠬᠢᠲᠤᠭᠠᠨ ᠮᠥᠷᠥ ᠪᠡᠷ ᠪᠠᠯᠪᠠᠴᠢᠨ ᠨᠢᠴᠠᠯᠠᠵᠤ ᠳᠠᠪᠤᠰᠤ ᠪᠠ ᠰᠠᠷᠢᠮᠰᠠᠭ ᠢ᠋ ᠰᠠᠢᠲᠤᠷ ᠬᠣᠯᠢᠭᠠᠳ᠂ ᠪᠡᠯᠡᠳᠬᠡᠭᠰᠡᠨ ᠰᠢᠩᠭᠡᠨ ᠭᠤᠯᠢᠷ ᠪᠤᠶᠤ ᠴᠠᠷᠳᠠᠭᠤᠯ ᠳ᠋ᠤ᠌ ᠲᠥᠷᠥᠵᠦ᠂ ᠳᠠᠬᠢᠨ ᠪᠤᠴᠠᠯᠤᠭᠰᠠᠨ ᠲᠣᠰᠣᠨ ᠳ᠋ᠤ᠌ ᠲᠥᠷᠥᠵᠦ ᠪᠣᠯᠭᠣᠭᠠᠳ ᠲᠡᠪᠰᠢᠯᠡᠭᠰᠡᠨ ᠢ᠋  ᠬᠣᠨᠢᠨ ᠠᠭᠤᠰᠬᠢ ᠶ᠋ᠢᠨ ᠪᠥᠮᠪᠥᠭᠡ ᠭᠡᠨ᠎ᠡ᠃ 
ᠬᠣᠨᠢᠨ ᠤᠭᠤᠴᠠᠨ ᠬᠠᠭᠠᠷᠢᠮᠠᠯ 
       ᠬᠣᠨᠢᠨ ᠤᠭᠤᠴᠠᠨ ᠮᠢᠬ᠎ᠠ ᠪᠤᠶᠤ ᠭᠤᠶ᠎ᠠ ᠶ᠋ᠢᠨ ᠮᠢᠬ᠎ᠠ ᠶ᠋ᠢ ᠶᠡᠬᠡᠬᠡᠨ ᠬᠡᠰᠡᠭᠯᠡᠨ ᠬᠡᠷᠴᠢᠭᠡᠳ ᠳᠠᠪᠤᠰᠤᠨ ᠨᠤᠨᠲᠠᠭ ᠵᠡᠷᠭᠡ ᠦᠨᠦᠷ ᠠᠮᠲᠠᠲᠠᠨ ᠢ᠋ ᠮᠢᠬᠠᠨ ᠳᠡᠭᠡᠷ᠎ᠡ ᠪᠡᠨ ᠰᠠᠴᠤᠵᠤ᠂ ᠬᠢᠲᠤᠭᠠᠨ ᠮᠥᠷᠥ ᠪᠡᠷ ᠣᠯᠠᠨᠲᠠ ᠳᠡᠯᠡᠳᠴᠦ ᠂ ᠪᠠᠭ᠎ᠠ ᠰᠢᠭ᠋ ᠪᠤᠴᠠᠯᠤᠭᠰᠠᠨ ᠲᠣᠰᠣᠨ ᠳ᠋ᠤ᠌ ᠬᠠᠭᠠᠷᠢᠬᠤ ᠶ᠋ᠢ ᠤᠭᠤᠴᠠᠨ ᠬᠠᠭᠠᠷᠢᠮᠠᠯ ᠭᠡᠨ᠎ᠡ᠃ 
ᠶᠠᠰᠤᠨ ᠱᠥᠯᠥ ᠶ᠋ᠢᠨ ᠢᠳᠡᠭᠡᠨ  
       ᠶᠠᠰᠤᠨ ᠱᠥᠯᠦᠨ ᠳ᠋ᠦ᠍ ᠴᠢᠨᠠᠭᠰᠠᠨ ᠳᠣᠲᠣᠷ ᠴᠤᠯᠤ ᠪᠤᠶᠤ ᠮᠢᠬ᠎ᠠ ᠵᠡᠷᠭᠡ ᠶ᠋ᠢ ᠳᠥᠷᠪᠡᠨ ᠠᠶᠠᠭᠠᠨ ᠳ᠋ᠤ᠌ ᠬᠤᠪᠢᠶᠠᠨ ᠲᠠᠯᠪᠢᠨ᠎ᠠ ᠃ ᠡᠭᠦᠨ ᠢ᠋ ᠶᠠᠰᠤᠨ ᠱᠥᠯᠥ ᠶ᠋ᠢᠨ ᠢᠳᠡᠭᠡᠨ ᠭᠡᠨ᠎ᠡ᠃  

               ᠵᠠᠷᠢᠮ ᠨᠤᠲᠤᠭ ᠤ᠋ᠨ ᠢᠳᠡᠭᠡᠨ ᠄ 
ᠬᠣᠨᠢᠨ ᠵᠢᠷᠦᠬᠡᠨ ᠰᠢᠷᠠᠮᠠᠯ   
       ᠬᠣᠨᠢᠨ ᠵᠢᠷᠦᠬᠡ ᠨᠢᠭᠡ ᠂ ᠲᠥᠪᠡᠳ ᠭᠦᠷᠭᠦᠮ ᠭᠤᠷᠪᠠᠨ ᠴᠢᠨ ᠬᠡᠷᠡᠭᠯᠡᠨ᠎ᠡ ᠃ ᠤᠷᠢᠳ ᠢ᠋ᠶ᠋ᠠᠷ ᠭᠦᠷᠭᠦᠮ ᠢ᠋ᠶ᠋ᠡᠨ ᠨᠢᠭᠡᠨ ᠠᠶᠠᠭ᠎ᠠ ᠰᠡᠪᠢᠮᠧᠳᠡᠭ ᠦ᠋ᠨ ᠤᠰᠤᠨ ᠳ᠋ᠤ᠌ ᠳᠡᠪᠲᠦᠭᠡᠨ ᠪᠠᠭ᠎ᠠ ᠳᠠᠪᠤᠰᠤ ᠬᠢᠵᠦ ᠲᠤᠩᠭᠠᠯᠠᠭ ᠰᠥᠮᠥᠰᠦ ᠶ᠋ᠢ ᠨᠢ ᠠᠪᠤᠭᠠᠳ ᠂ ᠰᠢᠪᠠᠭᠠᠨ ᠳ᠋ᠤ᠌ ᠱᠣᠷᠣᠯᠠᠨ ᠰᠢᠷᠠᠵᠤ  ᠪᠠᠢᠭ᠎ᠠ ᠵᠢᠷᠦᠬᠡᠨ ᠳᠡᠭᠡᠷ᠎ᠡ ᠪᠡᠨ ᠰᠢᠷᠠᠵᠤ ᠪᠠᠷᠠᠲᠠᠯ᠎ᠠ ᠨᠢ ᠠᠭᠠᠵᠢᠮ ᠢ᠋ᠶ᠋ᠠᠷ ᠳᠦᠷᠭᠢᠭᠡᠳ ᠰᠢᠷᠠᠬᠤ ᠪᠠᠨ ᠵᠣᠭᠰᠣᠨ᠎ᠠ ᠃ ᠡᠭᠦᠨ ᠢ᠋ ᠵᠢᠷᠦᠬᠡᠨ ᠰᠢᠷᠠᠮᠠᠯ ᠭᠡᠨ᠎ᠡ ᠃ ᠡᠭᠦᠨ ᠢ᠋ᠶ᠋ᠡᠷ ᠵᠢᠷᠦᠬᠡ ᠠᠮᠤᠷ ᠦᠭᠡᠢ ᠪᠤᠬᠢᠨᠢᠳᠤᠨ ᠭᠣᠨᠢᠷᠬᠠᠭᠠᠳ ᠦᠯᠦ ᠪᠠᠶᠠᠰᠬᠤ ᠡᠪᠡᠳᠴᠢᠨ ᠢ᠋ ᠵᠠᠰᠠᠨ᠎ᠠ᠃ 
ᠬᠣᠨᠢᠨ ᠪᠥᠭᠡᠷᠡᠨ ᠰᠢᠷᠠᠮᠠᠯ  
       ᠬᠣᠨᠢᠨ ᠪᠥᠭᠡᠷ᠎ᠡ ᠨᠢᠭᠡ ᠬᠣᠣᠰ᠂ ᠭᠦᠷᠭᠦᠮ ᠨᠢᠭᠡ ᠴᠢᠨ ᠣᠷᠣᠨ᠎ᠠ᠃ ᠪᠣᠯᠭᠣᠬᠤ ᠠᠷᠭ᠎ᠠ ᠨᠢ ᠬᠣᠨᠢᠨ ᠵᠢᠷᠦᠬᠡ ᠲᠡᠢ ᠠᠳᠠᠯᠢ᠃ ᠨᠠᠷᠢᠨ ᠨᠢᠷᠤᠭᠤ ᠶ᠋ᠢᠨ ᠴᠣᠴᠢᠮᠠᠭ ᠡᠪᠡᠷᠰᠢᠶᠡᠯ ᠳ᠋ᠦ᠍ ᠰᠠᠢᠨ᠃ 
ᠬᠣᠨᠢᠨ ᠰᠡᠭᠦᠯ ᠦ᠋ᠨ ᠬᠠᠭᠠᠷᠢᠮᠠᠯ 
       ᠬᠣᠨᠢᠨ ᠰᠡᠭᠦᠯ ᠦ᠋ᠨ ᠵᠤᠵᠠᠭᠠᠨ ᠲᠠᠯ᠎ᠠ ᠥᠭᠡᠳᠡ᠂ ᠮᠠᠭᠤ ᠰᠠᠷᠬᠢᠨᠠᠭ ᠰᠢᠭ᠋ ᠨᠢᠮᠭᠡᠯᠡᠨ ᠬᠡᠷᠴᠢᠭᠡᠳ᠂ ᠬᠣᠶᠠᠷ ᠬᠡᠷᠴᠢᠮ ᠪᠦᠷᠢ ᠶ᠋ᠢᠨ ᠵᠠᠪᠰᠠᠷ ᠲᠤ᠌ ᠱᠦᠭᠦᠭᠰᠡᠨ ᠥᠷᠥᠮ᠎ᠡ ᠬᠠᠪᠴᠢᠭᠤᠯᠤᠨ᠂ ᠰᠢᠩᠭᠡᠨ ᠵᠢᠭᠤᠷᠠᠭᠰᠠᠨ ᠭᠤᠯᠢᠷ ᠲᠤ᠌ ᠲᠥᠷᠥᠵᠦ ᠠᠪᠤᠭᠠᠳ ᠪᠤᠴᠠᠯᠤᠭᠰᠠᠨ ᠲᠣᠰᠣᠨ ᠳ᠋ᠤ᠌ ᠬᠠᠭᠠᠷᠢᠵᠤ ᠪᠣᠯᠭᠣᠭᠠᠳ ᠳᠡᠭᠡᠷ᠎ᠡ ᠨᠢ ᠴᠠᠭᠠᠨ ᠰᠢᠬᠢᠷ ᠥᠷᠥᠵᠦ ᠲᠡᠪᠰᠢᠯᠡᠨ᠎ᠡ᠃ ᠡᠭᠦᠨ ᠢ᠋ ᠬᠣᠨᠢᠨ ᠰᠡᠭᠦᠯ ᠦ᠋ᠨ ᠬᠠᠭᠠᠷᠢᠮᠠᠯ ᠭᠡᠨ᠎ᠡ᠃ 
ᠬᠣᠨᠢᠨ ᠭᠤᠷᠪᠠᠨ ᠴᠤᠯᠤ ᠶ᠋ᠢᠨ ᠬᠠᠭᠠᠷᠢᠮᠠᠯ  
       ᠡᠯᠢᠭᠡ ᠂ ᠵᠢᠷᠦᠬᠡ ᠂ ᠪᠥᠭᠡᠷ᠎ᠡ ᠬᠠᠭᠠᠷᠢᠵᠤ ᠱᠥᠯᠦᠨ ᠳ᠋ᠦ᠍ ᠪᠤᠴᠠᠯᠭᠠᠨ ᠦᠨᠦᠷ ᠠᠮᠲᠠ ᠬᠠᠴᠢᠷᠯᠠᠨ ᠲᠡᠪᠰᠢᠯᠡᠨ᠎ᠡ ᠃ ᠡᠭᠦᠨ ᠢ᠋ ᠭᠤᠷᠪᠠᠨ ᠴᠤᠯᠤ ᠶ᠋ᠢᠨ ᠬᠠᠭᠠᠷᠢᠮᠠᠯ ᠭᠡᠨ᠎ᠡ᠃ 
ᠬᠣᠨᠢᠨ ᠠᠭᠤᠰᠬᠢᠨ ᠪᠣᠷᠳᠣᠮᠠᠯ  
       ᠵᠢᠷᠭᠤᠭᠠᠨ ᠯᠠᠩ ᠭᠣᠭᠣᠳ ᠤ᠋ᠨ ᠰᠢᠭᠦᠰᠦ ᠶ᠋ᠢ ᠨᠢᠭᠡ ᠵᠢᠩ ᠵᠢᠭᠤᠷᠠᠮᠠᠯ ᠭᠤᠯᠢᠷ ᠲᠤ᠌ ᠬᠢᠵᠦ ᠳᠡᠭᠡᠷ᠎ᠡ ᠨᠢ ᠬᠠᠭᠠᠰ ᠵᠢᠩ ᠰᠢᠷ᠎ᠠ ᠲᠣᠰᠣ᠂ ᠨᠠᠯᠢᠰᠠᠮ ᠬᠣᠶᠠᠷ ᠯᠠᠩ ᠂ ᠨᠣᠢᠲᠠᠨ ᠭᠠ ᠶ᠋ᠢᠨ ᠰᠢᠭᠦᠰᠦ ᠵᠡᠷᠭᠡ ᠶ᠋ᠢ ᠲᠡᠭᠰᠢ ᠨᠠᠢᠷᠠᠭᠤᠯᠤᠨ ᠬᠢᠭᠡᠳ ᠠᠭᠤᠰᠬᠢᠨ ᠳ᠋ᠤ᠌ ᠴᠢᠳᠬᠤᠨ ᠪᠣᠯᠭᠣᠵᠤ ᠱᠥᠯᠦᠨ ᠳ᠋ᠦ᠍ ᠲᠥᠷᠥᠵᠦ ᠢᠳᠡᠨ᠎ᠡ ᠃ ᠡᠭᠦᠨ ᠢ᠋ ᠠᠭᠤᠰᠬᠢᠨ ᠪᠣᠷᠳᠣᠮᠠᠯ ᠭᠡᠨ᠎ᠡ᠃ 

               ᠨᠡᠢᠳᠡᠮ ᠬᠢᠵᠦ ᠪᠣᠢ ᠢᠳᠡᠭᠡᠨ᠄ 
ᠰᠢᠷᠠᠭᠰᠠᠨ ᠡᠯᠢᠭᠡ  
       ᠬᠣᠨᠢ ᠢᠮᠠᠭᠠᠨ ᠤ᠋ ᠲᠦᠭᠦᠬᠡᠢ ᠡᠯᠢᠭᠡ ᠶ᠋ᠢ ᠰᠥᠰᠥ ᠶ᠋ᠢ ᠨᠢ ᠠᠪᠴᠤ ᠬᠠᠶᠠᠭᠠᠳ ᠰᠡᠮᠡᠵᠡᠨ ᠥᠭᠡᠬᠦᠨ ᠳ᠋ᠦ᠍ ᠪᠠᠭᠯᠠᠵᠤ ᠰᠢᠷᠠᠭᠠᠳ ᠱᠦᠷᠬᠡᠢ ᠪᠡᠷ ᠨᠢ ᠢᠳᠡᠨ᠎ᠡ ᠃ ᠡᠨᠡ ᠨᠢ ᠨᠢᠳᠦᠨ ᠳ᠋ᠦ᠍ ᠲᠤᠰᠠᠲᠠᠢ᠃ 
ᠪᠣᠷᠳᠣᠭᠰᠠᠨ ᠳᠡᠯᠢᠭᠦᠦ  
       ᠬᠣᠨᠢ᠂ ᠢᠮᠠᠭᠠᠨ ᠤ᠋ ᠳᠡᠯᠢᠭᠦᠦ ᠶ᠋ᠢ ᠬᠢᠲᠤᠭ᠎ᠠ ᠶ᠋ᠢᠨ ᠦᠵᠦᠭᠦᠷ ᠢ᠋ ᠳᠣᠲᠣᠷ᠎ᠠ ᠨᠢ ᠣᠷᠣᠭᠤᠯᠵᠤ ᠰᠡᠮᠡᠯᠵᠦ ᠤᠭᠤᠲᠠ ᠭᠠᠷᠭᠠᠭᠠᠳ ᠳᠣᠲᠣᠷ᠎ᠠ ᠨᠢ ᠬᠡᠷᠴᠢᠭᠰᠡᠨ ᠥᠭᠡᠬᠦ ᠮᠢᠬ᠎ᠠ᠂ ᠰᠣᠩᠭᠢᠨ᠎ᠠ ᠪᠤᠶᠤ ᠬᠦᠮᠡᠯᠢ ᠵᠡᠷᠭᠡ ᠪᠡᠨ ᠬᠢᠵᠦ ᠪᠣᠷᠳᠣᠭᠠᠳ ᠣᠶᠣᠵᠤ ᠴᠢᠨᠠᠵᠤ ᠢᠳᠡᠨ᠎ᠡ᠂ ᠡᠭᠦᠨ ᠢ᠋  ᠪᠣᠷᠳᠣᠭᠰᠠᠨ ᠳᠡᠯᠢᠭᠦᠦ ᠭᠡᠨ᠎ᠡ᠃ 
ᠵᠢᠩᠨᠡᠭᠰᠡᠨ ᠪᠥᠭᠡᠷ᠎ᠡ  
       ᠬᠣᠨᠢᠨ ᠪᠥᠭᠡᠷ᠎ᠡ ( ᠳᠣᠲᠣᠷ ) ᠢ᠋ ᠪᠢᠲᠡᠭᠦᠦ ( ᠥᠭᠡᠬᠦ ᠲᠡᠢ ) ᠪᠡᠷ ᠠᠪᠴᠤ ᠵᠢᠩᠨᠡᠵᠦ ᠢᠳᠡᠬᠦ ᠶ᠋ᠢ ᠬᠡᠯᠡᠨ᠎ᠡ᠃ ᠡᠨᠡ ᠨᠢ ᠬᠠᠷ᠎ᠠ ᠪᠥᠭᠡᠷ᠎ᠡ ᠶ᠋ᠢᠨ ᠬᠦᠢᠲᠡᠨ ᠬᠡᠢ ᠳ᠋ᠦ᠍ ᠰᠠᠢᠨ᠃ 
ᠴᠢᠨᠠᠭᠰᠠᠨ ᠪᠥᠭᠡᠨᠰᠦᠭ  
       ᠬᠤᠷᠠᠭ᠎ᠠ ᠂ ᠢᠰᠢᠭᠡ ᠂ ᠪᠢᠷᠠᠭᠤ ᠶ᠋ᠢᠨ ᠴᠠᠭᠠᠯᠠᠭᠰᠠᠨ ᠪᠥᠭᠡᠨᠰᠦᠭ ᠂ ᠰᠦᠨ ᠳ᠋ᠦ᠍ ᠴᠢᠨᠠᠬᠤ ᠪᠤᠶᠤ ᠠᠮᠤᠰᠤ ᠬᠢᠵᠦ ᠢᠳᠡᠬᠦ ᠶ᠋ᠢ ᠬᠡᠯᠡᠨ᠎ᠡ ᠃ ᠦᠷᠢᠶᠡᠨ ᠦ᠌ ᠴᠠᠭᠠᠯᠠᠭᠰᠠᠨ ᠪᠥᠭᠡᠷ᠎ᠡ ᠶ᠋ᠢ ᠭᠠᠯ ᠳ᠋ᠤ᠌ ᠰᠢᠷᠠᠵᠤ ᠢᠳᠡᠨ᠎ᠡ᠃ 
ᠴᠢᠬᠢᠭᠰᠡᠨ ᠬᠣᠰ ( ᠬᠣᠰᠬᠢᠨᠠᠭ ᠪᠣᠷᠳᠣᠬᠤ )  
       ᠬᠣᠨᠢ ᠢᠮᠠᠭᠠᠨ ᠤ᠋ ᠬᠣᠰᠬᠢᠨᠠᠭ ᠢ᠋ ᠬᠣᠷᠭᠣᠯ ᠢ᠋ ᠨᠢ ᠠᠷᠴᠢᠵᠤ ᠴᠡᠪᠡᠷᠯᠡᠭᠡᠳ ᠴᠣᠷᠣᠢ᠂ ᠰᠠᠢᠨ ᠰᠠᠷᠬᠢᠨᠠᠭ ᠢ᠋ ᠰᠤᠷᠯᠠᠨ ᠵᠦᠰᠦᠵᠦ ᠂ ᠨᠠᠷᠢᠨ ᠭᠡᠳᠡᠰᠦ ᠵᠡᠷᠭᠡ ᠶ᠋ᠢᠨ ᠬᠠᠮᠲᠤ ᠴᠢᠬᠢᠵᠦ ᠡᠷᠭᠢᠭᠦᠯᠦᠭᠰᠡᠨ ᠢ᠋ ᠴᠢᠬᠢᠭᠰᠡᠨ ᠬᠣᠣᠰ ᠭᠡᠨ᠎ᠡ᠃ 
ᠦᠩᠬᠦᠯᠴᠡᠭ ᠴᠢᠬᠢᠬᠦ  
       ᠨᠢᠷᠤᠭᠤᠨ ᠤ᠋ ᠭᠣᠣᠯ ᠮᠢᠬ᠎ᠠ ᠪᠤᠶᠤ ᠴᠣᠷᠣᠢ ᠶ᠋ᠢᠨ ᠳᠣᠲᠣᠷ ᠮᠢᠬ᠎ᠠ ᠪᠠᠷ ᠪᠣᠷᠳᠣᠨ᠎ᠠ᠃ 
ᠰᠢᠭᠢᠷ᠎ᠡ ᠂ ᠲᠣᠯᠣᠭᠠᠢ ᠬᠤᠢᠬᠠᠯᠠᠭᠰᠠᠨ ᠢᠳᠡᠭᠡᠨ 
       ᠮᠠᠯ ᠤ᠋ᠨ ᠰᠢᠭᠢᠷ᠎ᠡ ᠂ ᠲᠣᠯᠣᠭᠠᠢ ᠶ᠋ᠢ ᠭᠠᠯ ᠳ᠋ᠤ᠌ ᠬᠤᠢᠬᠠᠯᠠᠵᠤ ᠤᠬᠢᠶᠠᠨ ᠴᠡᠪᠡᠷᠯᠡᠭᠡᠳ ᠴᠢᠨᠠᠵᠤ ᠢᠳᠡᠳᠡᠭ ᠢ᠋ ᠬᠡᠯᠡᠨ᠎ᠡ᠃ 
ᠬᠣᠷᠬᠣᠭ ᠢᠳᠡᠬᠦ   
       ᠬᠠᠪᠤᠷ ᠴᠠᠭ ᠂ ᠬᠠᠩᠰᠢ ᠶ᠋ᠢᠨ ᠦᠶ᠎ᠡ ᠲᠠᠪᠤ ᠠ᠋ᠴᠠ ᠳᠡᠭᠡᠭᠰᠢ ᠬᠣᠨᠢᠴᠢᠳ ᠨᠡᠢᠯᠡᠵᠦ ᠂ 5 ᠵᠢᠯ ᠡᠴᠡ ᠳᠡᠭᠡᠭᠰᠢ ᠬᠣᠨᠢ ᠬᠠᠷᠢᠭᠤᠯᠤᠭᠰᠠᠨ ᠬᠠᠰᠢᠷ ᠮᠠᠯᠴᠢᠨ ᠤ᠋ ᠰᠦᠷᠦᠭ ᠡᠴᠡ ᠲᠠᠷᠭᠤ ᠰᠠᠢᠲᠠᠢ ᠬᠣᠨᠢ ᠶ᠋ᠢ ᠰᠢᠯᠢᠵᠦ ᠠᠯᠠᠭᠠᠳ ᠂ ᠭᠦᠵᠡᠭᠡ ᠶ᠋ᠢ ᠨᠢ ᠴᠡᠪᠡᠷᠯᠡᠵᠦ ᠤᠰᠤ ᠬᠢᠬᠦ ᠂ ᠲᠡᠭᠦᠨ ᠳ᠋ᠡᠭᠡᠨ ᠲᠤᠶᠠᠴᠢᠭᠰᠠᠨ ᠮᠢᠬ᠎ᠠ ᠪᠠᠨ ᠬᠢᠵᠦ ᠂ ᠬᠠᠳᠬᠤᠭᠰᠠᠨ ᠮᠣᠳᠣᠨ ᠠ᠋ᠴᠠ ᠡᠯᠭᠦᠵᠦ ᠂ ᠳᠣᠣᠷ᠎ᠠ ᠨᠢ ᠭᠠᠯ ᠲᠦᠯᠡᠵᠦ ᠂ ᠴᠢᠯᠠᠭᠤ ᠤᠯᠠᠢᠰᠬᠠᠭᠠᠳ᠂ ᠤᠯᠠᠢᠰᠬᠠᠭᠰᠠᠨ ᠴᠢᠯᠠᠭᠤ ᠪᠠᠨ ᠪᠠᠢᠨ ᠳᠠᠬᠢᠨ ᠬᠢᠵᠦ ᠮᠢᠬ᠎ᠠ ᠪᠠᠨ ᠪᠣᠯᠭᠣᠭᠰᠠᠨ ᠤ᠋ ᠳᠠᠷᠠᠭ᠎ᠠ ᠳᠡᠭᠡᠵᠢ ᠶ᠋ᠢ ᠨᠢ ᠲᠡᠭᠷᠢ ᠭᠠᠵᠠᠷ ᠲᠤ᠌ ᠡᠷᠭᠦᠭᠡᠳ ᠣᠯᠠᠨ ᠢ᠋ᠶ᠋ᠠᠷ ᠢ᠋ᠶ᠋ᠠᠨ ᠰᠠᠭᠤᠯᠴᠠᠨ ᠢᠳᠡᠳᠡᠭ ᠃ ᠡᠭᠦᠨ ᠢ᠋ ᠬᠣᠷᠬᠣᠭ ᠢᠳᠡᠨ᠎ᠡ ᠭᠡᠳᠡᠭ ᠃ ᠠᠷᠠᠰᠤ ᠲᠣᠯᠣᠭᠠᠢ ᠶ᠋ᠢ ᠨᠢ ᠡᠵᠡᠨ ᠳ᠋ᠦ᠍ᠨᠢ ᠪᠤᠴᠠᠭᠠᠬᠤ ᠳ᠋ᠠᠭᠠᠨ ᠄ᠲᠠᠨ ᠤ᠋ ᠬᠣᠨᠢ ᠪᠠᠷ ᠲᠡᠭᠷᠢ ᠳᠠᠬᠢᠪᠠ 》 ᠭᠡᠵᠦ ᠲᠠᠯᠠᠷᠬᠠᠨ᠎ᠠ ᠃ ᠡᠵᠡᠨ ᠨᠢ  《ᠮᠢᠨᠦ ᠬᠣᠨᠢ ᠶ᠋ᠢ ᠲᠡᠭᠷᠢ ᠵᠣᠭᠣᠭᠯᠠᠵᠠᠢ ᠭᠡᠵᠦ ᠪᠡᠶᠡᠰᠦᠨ ᠣᠳᠣ ᠮᠢᠨᠦ ᠮᠠᠯ ᠥᠰᠦᠨ᠎ᠡ 》 ᠭᠡᠵᠦ ᠪᠠᠶᠠᠷᠯᠠᠨ᠎ᠠ ᠃ ᠡᠭᠦᠨ ᠢ ᠭᠣᠣᠯᠳᠠᠭᠤ ᠬᠡᠰᠢᠭᠲᠡᠨ ᠂ ᠰᠥᠨᠢᠳ ᠦ᠋ᠨ ᠨᠤᠲᠤᠭ ᠢ᠋ᠶ᠋ᠠᠷ ᠬᠠᠪᠤᠷ ᠴᠠᠭ ᠂ ᠬᠠᠩᠰᠢ ᠶ᠋ᠢᠨ ᠦᠶ᠎ᠡ ᠬᠣᠨᠢᠴᠢᠳ ᠬᠣᠨᠢᠨ ᠤ᠋ ᠥᠰᠦᠯᠲᠡ ᠪᠣᠢᠵᠢᠯᠲᠠ ᠶ᠋ᠢ ᠪᠡᠯᠭᠡᠳᠡᠨ ᠵᠥᠩᠨᠡᠵᠦ ᠬᠤᠷᠠᠨ ᠢᠳᠡᠳᠡᠭ ᠵᠠᠩᠰᠢᠯᠲᠠᠢ ᠪᠠᠢᠳᠠᠭ᠃ 
ᠬᠣᠨᠢᠨ ᠱᠥᠯᠥ  
       ᠮᠣᠩᠭᠣᠯᠴᠤᠳ ᠡᠷᠲᠡ ᠳᠡᠭᠡᠳᠦ ᠦᠶ᠎ᠡ ᠡᠴᠡ ᠪᠡᠨ ᠬᠣᠨᠢᠨ ᠱᠥᠯᠥ ᠪᠡᠷ ᠡᠮ ᠲᠣᠮ ᠪᠣᠯᠭᠠᠵᠤ ᠤᠤᠭᠤᠭᠠᠳ ᠪᠡᠶ᠎ᠡ ᠶ᠋ᠢᠨ ᠲᠠᠮᠢᠷ ᠨᠥᠬᠥᠵᠦ ᠴᠣᠭ ᠰᠦᠯᠳᠡ ᠪᠡᠨ ᠪᠠᠳᠠᠷᠠᠭᠤᠯᠳᠠᠭ ᠃ ᠭᠡᠬᠦ ᠳ᠋ᠡᠭᠡᠨ ᠱᠥᠯᠥ ᠪᠡᠨ ᠣᠯᠠᠨ ᠶᠠᠩᠵᠤ ᠪᠠᠷ ᠬᠢᠳᠡᠭ᠃ 
ᠬᠠᠷ᠎ᠠ ᠱᠥᠯᠥ   
       ᠲᠤᠰᠬᠠᠢ ᠪᠤᠴᠠᠯᠭᠠᠭᠰᠠᠨ ᠱᠥᠯᠥ ᠃ ᠪᠡᠶ᠎ᠡ ᠲᠠᠮᠢᠷᠳᠠᠵᠤ ᠬᠡᠢ ᠡᠷᠭᠦᠭᠳᠡᠭᠰᠡᠨ ᠬᠥᠮᠦᠨ ᠳ᠋ᠦ᠍ ᠤᠤᠭᠤᠯᠭᠠᠳᠠᠭ᠃ 
ᠪᠢᠲᠡᠭᠦᠦ ᠱᠥᠯᠥ  
       ᠠᠶᠠᠭ᠎ᠠ ᠪᠤᠶᠤ ᠸᠠᠭᠠᠷ ᠰᠠᠪᠠ ᠳ᠋ᠤ᠌ ᠬᠣᠨᠢᠨ ᠤ᠋ ᠬᠠᠷ᠎ᠠ ᠮᠢᠬ᠎ᠠ ᠪᠠᠨ ᠬᠡᠷᠴᠢᠨ ᠂ ᠳᠠᠪᠤᠰᠤ ᠂ ᠦᠨᠦᠷ ᠠᠮᠲᠠᠲᠠᠨ ᠬᠠᠮᠲᠤ ᠪᠠᠷ ᠲᠠᠭᠠᠷᠠᠭᠤᠯᠵᠤ ᠬᠢᠭᠡᠳ ᠠᠶᠠᠭ᠎ᠠ ᠂ ᠸᠠᠭᠠᠷ ᠤ᠋ᠨ ᠠᠮᠠ ᠪᠠᠨ ᠡᠯᠳᠡᠵᠦ ᠨᠢᠮᠭᠡᠯᠡᠭᠰᠡᠨ ᠭᠤᠯᠢᠷ ᠢ᠋ᠶ᠋ᠠᠷ ᠪᠦᠷᠢᠬᠦ ᠶᠦᠮ ᠤᠤ ᠂ ᠲᠤᠰᠬᠠᠢ ᠪᠡᠯᠡᠳᠬᠡᠭᠰᠡᠨ ᠴᠠᠭᠠᠨ ᠪᠥᠰ ᠢ᠋ᠶ᠋ᠡᠷ ᠪᠦᠷᠢᠵᠦ ᠵᠢᠩᠨᠡᠨ᠎ᠡ ᠃ ᠪᠣᠯᠭᠣᠭᠠᠳ ᠤᠤᠭᠤᠨ᠎ᠠ ᠃ ᠲᠠᠮᠢᠷᠳᠠᠭᠰᠠᠨ ᠢ᠋ ᠰᠡᠷᠭᠦᠭᠡᠨ᠎ᠡ ᠃ 
ᠳᠠᠪᠬᠤᠷ ᠬᠠᠢᠰᠤ ( ᠲᠣᠭᠣᠭ᠎ᠠ )  
       ᠢᠷᠭᠡ ᠶ᠋ᠢᠨ ᠪᠦᠬᠦ ᠶᠠᠰᠤ ᠮᠢᠬ᠎ᠠ ᠶ᠋ᠢ ᠴᠢᠨᠠᠵᠤ ᠱᠥᠯᠥ ᠭᠠᠷᠭᠠᠬᠤ ᠶ᠋ᠢ ᠳᠠᠪᠬᠤᠷ ᠬᠠᠢᠰᠤ ᠨᠡᠷᠡᠬᠦ ᠭᠡᠨ᠎ᠡ ᠃ ᠠᠯᠠᠭᠰᠠᠨ ᠬᠣᠨᠢᠨ ᠤ᠋ ᠮᠢᠬ᠎ᠠ ᠶ᠋ᠢ ᠪᠠᠭ᠎ᠠ ᠰᠢᠭ᠋ ᠱᠤᠯᠤᠭᠠᠳ ᠡᠪᠡᠷ ᠂ ᠬᠣᠭᠢᠰᠣ ᠶ᠋ᠢ ᠨᠢ ᠮᠤᠯᠲᠤᠯᠤᠨ ᠂ ᠪᠦᠬᠦ ᠶᠠᠰᠤ ᠶ᠋ᠢ ᠭᠡᠭᠡᠭᠳᠡᠭᠦᠯᠦᠯ ᠦᠭᠡᠢ ᠵᠢᠴᠢ ᠭᠡᠳᠡᠰᠦ ᠳᠣᠲᠣᠷ  ᠠ᠋ᠴᠠ ᠨᠠᠷᠢᠨ ᠭᠡᠳᠡᠰᠦ ᠂ ᠭᠦᠵᠡᠭᠡᠨ ᠦ᠌ ᠬᠤᠵᠢᠷᠬᠠᠢ ᠂ ᠰᠠᠢᠨ ᠮᠠᠭᠤ ᠰᠠᠷᠬᠢᠨᠠᠭ ᠂ ᠡᠯᠢᠭᠡ ᠂ ᠠᠭᠤᠰᠬᠢ ᠶ᠋ᠢᠨ ᠬᠣᠷᠮᠣᠢ ᠂ ᠬᠣᠰᠬᠢᠨᠠᠭ ᠂ ᠳᠡᠯᠢᠭᠦᠦ ᠲᠤᠰ ᠪᠦᠷᠢ ᠡᠴᠡ ᠪᠠᠭ᠎ᠠ ᠬᠤᠪᠢ ᠠᠪᠴᠤ ᠂ ᠪᠦᠬᠦᠯᠢ ᠪᠥᠭᠡᠷ᠎ᠡ ᠵᠢᠷᠦᠬᠡ ᠶ᠋ᠢᠨ ᠬᠠᠮᠲᠤ ᠪᠢᠲᠡᠭᠦᠦ ᠲᠣᠭᠣᠭᠠᠨ ᠳ᠋ᠤ᠌ ᠬᠢᠵᠦ ᠡᠰᠡᠬᠦᠯ᠎ᠡ ᠪᠢᠲᠡᠭᠦᠦ ᠰᠠᠪᠠ ᠲᠠᠢ  ᠲᠣᠭᠣᠭᠠᠨ ᠳ᠋ᠤ᠌ ᠰᠠᠭᠤᠯᠭᠠᠵᠤ ᠪᠢᠲᠡᠭᠦᠯᠡᠭᠡᠳ ᠳᠡᠭᠡᠷ᠎ᠡ ᠨᠢ ᠰᠥᠰᠥᠨ ᠡᠴᠡ ᠪᠠᠭ᠎ᠠ ᠳᠤᠰᠤᠭᠠᠵᠤ ᠂ ᠮᠥᠰᠥᠨ ᠰᠢᠬᠢᠷ ᠂ ᠴᠠᠭᠠᠨ ᠱᠠᠲᠠᠩ ᠂ ᠪᠤᠷᠠᠮ ᠂ ᠵᠥᠭᠡᠢ ᠶ᠋ᠢᠨ ᠪᠠᠯ ᠲᠤᠰ ᠪᠦᠷᠢ ᠲᠠᠪᠤᠨ ᠴᠢᠨ ᠂ ᠬᠠᠷ᠎ᠠ ᠠᠷᠢᠬᠢ ᠂ ᠦᠬᠡᠷ ᠦ᠋ᠨ ᠰᠢᠷ᠎ᠠ ᠲᠣᠰᠣ ᠲᠤᠰ ᠪᠦᠷᠢ ᠨᠢᠭᠡ ᠯᠠᠩ ᠂ ᠬᠣᠶᠠᠷ ᠰᠣᠩᠭᠢᠨ᠎ᠠ ᠂  ᠲᠠᠪᠤᠨ ᠬᠠᠯᠠᠭᠤᠨ ᠪᠠᠭ᠎ᠠ ᠬᠢᠵᠦ ᠬᠦᠢᠲᠡᠨ ᠤᠰᠤ ᠶ᠋ᠢ ᠳᠦᠭᠦᠷᠲᠡᠯ᠎ᠡ ᠬᠢᠵᠦ ᠂ ᠵᠥᠭᠡᠯᠡᠨ ᠭᠠᠯ ᠢ᠋ᠶ᠋ᠠᠷ 3 ᠂ 4 ᠴᠠᠭ ᠪᠤᠴᠠᠯᠭᠠᠵᠤ ᠭᠠᠷᠭᠠᠨ᠎ᠠ ᠃ ᠲᠡᠭᠡᠭᠡᠳ ᠲᠣᠰᠣ ᠶ᠋ᠢ ᠨᠢ ᠠᠪᠴᠤ ᠰᠡᠷᠢᠭᠦᠨ ᠭᠠᠵᠠᠷ ᠲᠠᠯᠪᠢᠵᠤ ᠂ ᠡᠪᠡᠳᠴᠢᠲᠡᠨ ᠳ᠋ᠦ᠍ ᠥᠷᠯᠥᠭᠡ ᠪᠦᠷᠢ ᠬᠡᠪᠲᠡᠭᠡ ᠳ᠋ᠦ᠍ᠨᠢ 2 – 3 ᠯᠠᠩ ᠬᠠᠯᠠᠭᠤᠯᠵᠤ  ᠤᠤᠭᠤᠯᠭᠠᠨ᠎ᠠ ᠃ ᠡᠨᠡ ᠬᠦ᠌ ᠱᠥᠯᠥ ᠶ᠋ᠢ 21 – 49 ᠬᠣᠨᠣᠭ ᠤᠤᠭᠤᠪᠠᠯ ᠬᠡᠢ ᠡᠷᠭᠦᠵᠦ ᠲᠠᠮᠢᠷ ᠠᠯᠳᠠᠬᠤ ᠂ ᠲᠣᠯᠣᠭᠠᠢ ᠡᠷᠭᠢᠵᠦ ᠴᠢᠬᠢ ᠱᠤᠤᠭᠢᠬᠤ ᠂ ᠪᠡᠶ᠎ᠡ ᠰᠤᠯᠳᠠᠢᠵᠤ ᠲᠠᠮᠢᠷᠳᠠᠬᠤ ᠂ ᠨᠣᠢᠷ ᠠᠯᠳᠠᠬᠤ ᠂ ᠬᠣᠳᠣᠭᠣᠳᠣ ᠰᠡᠷᠢᠭᠦᠨ ᠢ᠋ᠶ᠋ᠡᠷ ᠡᠪᠡᠳᠬᠦ ᠵᠡᠷᠭᠡ ᠶ᠋ᠢ ᠵᠠᠰᠠᠵᠤ ᠲᠤᠰᠠᠯᠠᠨ᠎ᠠ ᠃ ᠭᠡᠬᠦ ᠳ᠋ᠡᠭᠡᠨ ᠶᠢᠰᠦ  ᠡᠬᠢᠯᠡᠬᠦ ᠳ᠋ᠦ᠍ ᠤᠤᠭᠤᠨ᠎ᠠ ᠃ ᠡᠨᠡ ᠱᠥᠯᠥ ᠶ᠋ᠢ ᠤᠤᠭᠤᠭᠰᠠᠨ ᠬᠥᠮᠦᠨ ᠂ ᠡᠳᠦᠷ ᠤᠨᠲᠠᠬᠤ ᠂ ᠬᠥᠳᠡᠯᠮᠦᠷᠢ ᠂ ᠲᠠᠮᠢᠷ ᠬᠢᠬᠦ ᠂ ᠲᠠᠭᠠᠷᠠᠵᠤ ᠪᠣᠷᠣᠭᠠᠨ ᠳ᠋ᠤ᠌ ᠨᠤᠷᠠᠬᠤ ᠵᠡᠷᠭᠡ ᠶ᠋ᠢ ᠴᠡᠭᠡᠷᠯᠡᠨ᠎ᠡ ᠃ ᠪᠠᠳᠬᠠᠨ ᠪᠣᠷᠣ ᠂ ᠡᠯᠢᠭᠡ ᠰᠥᠰᠥᠨ ᠡᠪᠡᠳᠴᠢᠨ ᠂ ᠴᠢᠰᠤᠨ ᠣᠢᠯᠲᠠ ᠲᠠᠢ ᠬᠥᠮᠦᠨ ᠤᠤᠭᠤᠵᠤ ᠪᠣᠯᠬᠤ ᠦᠭᠡᠢ ᠃ 
ᠶᠠᠰᠤᠨ ᠱᠥᠯᠥ   
       ᠮᠢᠬ᠎ᠠ ᠶ᠋ᠢ ᠨᠢ ᠮᠥᠯᠵᠢᠵᠦ ᠴᠡᠪᠡᠷᠯᠡᠭᠰᠡᠨ ᠦᠬᠡᠷ ᠬᠣᠨᠢᠨ ᠤ᠋ ᠶᠠᠰᠤ ᠶ᠋ᠢ ᠬᠡᠮᠬᠡᠯᠦᠭᠡᠳ ᠴᠢᠨᠠᠵᠤ ᠤᠤᠭᠤᠬᠤ ᠶ᠋ᠢ ᠬᠡᠯᠡᠨ᠎ᠡ ᠃ ᠡᠨᠡ ᠨᠢ ᠪᠡᠶ᠎ᠡ ᠶ᠋ᠢ ᠲᠠᠮᠢᠷᠵᠢᠭᠤᠯᠤᠨ ᠬᠡᠢ ᠶ᠋ᠢ ᠨᠠᠮᠳᠠᠭᠤᠯᠬᠤ ᠦᠢᠯᠡᠳᠦᠯ ᠲᠡᠢ᠃ 
ᠭᠣᠷᠬᠣᠭ ᠱᠥᠯᠥ  
       ᠪᠠᠰᠠ ᠪᠢᠲᠡᠭᠦᠦ ᠱᠥᠯᠥ ᠭᠡᠳᠡᠭ ᠃ ᠬᠣᠶᠠᠷ ᠬᠠ ᠭᠤᠶ᠎ᠠ ᠂ ᠤᠭᠤᠴᠠ ᠂ ᠡᠪᠴᠢᠭᠦᠦ ᠂ ᠰᠡᠭᠡᠷ ᠂ ᠬᠦᠵᠦᠭᠦᠦ ᠵᠡᠷᠭᠡ ᠲᠣᠭᠲᠠᠯᠳᠤ ᠮᠥᠴᠢ ᠪᠦᠬᠦᠨ ᠡᠴᠡ ᠲᠠᠪᠤᠨ ᠴᠢᠨ ᠣᠷᠴᠢᠨ ᠠᠪᠴᠤ ᠂ ᠪᠠᠰᠠ ᠡᠯᠢᠭᠡ ᠂ ᠠᠭᠤᠰᠬᠢ ᠂ ᠵᠢᠷᠦᠬᠡ ᠂ ᠪᠥᠭᠡᠷ᠎ᠡ ᠵᠡᠷᠭᠡ ᠡᠴᠡ ᠲᠤᠰ ᠪᠦᠷᠢ ᠲᠠᠪᠤᠨ ᠴᠢᠨ  ᠠᠪᠴᠤ ᠂ ᠨᠠᠷᠢᠨ ᠬᠡᠷᠴᠢᠨ ᠨᠤᠨᠲᠠᠭᠯᠠᠭᠠᠳ ᠰᠣᠩᠭᠢᠨ᠎ᠠ ᠂ ᠳᠠᠪᠤᠰᠤ ᠂ ᠦᠨᠦᠷ ᠠᠮᠲᠠᠲᠠᠨ ᠢ᠋ ᠲᠡᠩᠴᠡᠭᠦᠯᠦᠨ ᠬᠢᠵᠦ ᠰᠠᠢᠨ ᠰᠠᠷᠬᠢᠨᠠᠭ ᠪᠤᠶᠤ ᠭᠦᠵᠡᠭᠡ ᠶ᠋ᠢᠨ ᠪᠤᠯᠤᠩ ᠳ᠋ᠤ᠌ ᠬᠢᠵᠦ ᠨᠠᠷᠢᠨ ᠮᠣᠳᠣᠨ ᠱᠣᠷᠣ ᠪᠠᠷ ᠰᠦᠪᠡᠯᠡᠵᠦ ᠣᠯᠣᠰᠣ ᠪᠠᠷ ᠰᠠᠢᠲᠤᠷ ᠪᠣᠭᠣᠵᠤ ᠪᠡᠬᠢᠯᠡᠭᠡᠳ ᠤᠰᠤ ᠪᠤᠶᠤ ᠱᠥᠯᠦᠨ ᠳ᠋ᠦ᠍ ᠬᠢᠵᠦ  ᠪᠤᠷᠭᠠᠰᠤᠨ ᠭᠠᠯ ᠢ᠋ᠶ᠋ᠠᠷ ᠠᠯᠭᠤᠷᠬᠠᠨ ᠢ᠋ᠶ᠋ᠠᠷ 3 ᠂ 4 ᠴᠠᠭ ᠴᠢᠨᠠᠵᠤ ᠭᠠᠷᠭᠠᠭᠠᠳ ᠪᠦᠯᠢᠶᠡᠨ ᠢ᠋ᠶ᠋ᠡᠷ ᠤᠤᠭᠤᠨ᠎ᠠ᠃ 
ᠳᠥᠷᠪᠡᠨ ᠰᠢᠮᠡᠳᠦ ᠶ᠋ᠢᠨ ᠱᠥᠯᠥ 
       ᠬᠣᠨᠢᠨ ᠤ᠋ ᠪᠣᠷᠪᠢ ᠂ ᠲᠣᠢᠭ ᠂ ᠲᠠᠯᠤᠨ ᠶᠠᠰᠤᠨ ᠤ᠋ ᠪᠠᠷᠢᠭᠤᠯ ᠂ ᠣᠬᠣᠷ ᠰᠡᠭᠦᠯ ᠦ᠋ᠨ ᠶᠠᠰᠤ ᠶ᠋ᠢ ᠲᠡᠷᠡ ᠬᠡᠰᠡᠭ ᠦ᠋ᠨ ᠬᠢᠨᠢ ᠮᠢᠬ᠎ᠠ ᠲᠠᠢ ᠴᠠᠪᠴᠢᠨ ᠠᠪᠴᠤ ᠳᠠᠪᠤᠰᠤ ᠬᠢᠬᠦ ᠦᠭᠡᠢ ᠪᠡᠷ 5 – 6 ᠵᠢᠩ ᠤᠰᠤᠨ ᠳ᠋ᠤ᠌ ᠤᠳᠠᠭᠠᠨ ᠴᠢᠨᠠᠵᠤ 2 ᠵᠢᠩ ᠪᠣᠯᠲᠠᠯ᠎ᠠ ᠰᠢᠷᠭᠡᠭᠡᠭᠡᠳ ᠬᠠᠯᠠᠭᠤᠨ ᠪᠦᠯᠢᠶᠡᠨ ᠪᠤᠶᠤ ᠡᠰᠡᠬᠦᠯ᠎ᠡ ᠡᠮᠴᠢ ᠶ᠋ᠢᠨ ᠰᠠᠨᠠᠭᠤᠯᠭ᠎ᠠ ᠪᠠᠷ ᠡᠮ ᠦ᠋ᠨ ᠬᠠᠮᠲᠤ ᠤᠤᠭᠤᠨ᠎ᠠ᠃ ᠡᠭᠦᠨ ᠢ᠋ ᠳᠥᠷᠪᠡᠨ ᠰᠢᠮᠡᠲᠦ ᠶ᠋ᠢᠨ ᠱᠥᠯᠥ ᠭᠡᠨ᠎ᠡ ᠃ ᠡᠨᠡ ᠨᠢ ᠡᠪᠡᠳᠴᠢᠲᠡᠨ ᠢ᠋ ᠡᠷᠡᠭᠦᠯᠵᠢᠭᠦᠯᠬᠦ ᠪᠤᠶᠤ ᠬᠥᠭᠰᠢᠳ ᠨᠠᠰᠤᠲᠠᠳ ᠢ᠋ ᠲᠠᠮᠢᠷᠵᠢᠭᠤᠯᠬᠤ ᠳ᠋ᠤ᠌ ᠲᠡᠵᠢᠭᠡᠯ ᠶᠡᠬᠡᠲᠦ ᠢᠳᠡᠭᠡᠨ ᠪᠣᠯᠠᠢ᠃ 
ᠲᠥᠮᠥᠰᠥ ᠲᠡᠢ ᠬᠣᠨᠢᠨ ᠱᠥᠯᠥ   
       ᠵᠢᠩ ᠮᠢᠬ᠎ᠠ ᠶ᠋ᠢ ᠬᠠᠭᠠᠰ ᠵᠢᠩ ᠲᠥᠮᠥᠰᠥ ( ᠢᠮᠠᠬᠤ ᠤᠷᠲᠤ ᠬᠢᠲᠤᠭᠠᠨ ᠮᠥᠷᠥ ᠴᠢᠨᠡᠭᠡ ᠵᠤᠵᠠᠭᠠᠨ ᠬᠡᠷᠴᠢᠨ᠎ᠡ ) ᠲᠡᠢ 4 ᠵᠢᠩ ᠤᠰᠤᠨ ᠳ᠋ᠤ᠌ ᠰᠣᠩᠭᠢᠨ᠎ᠠ ᠬᠤᠸᠠᠵᠤᠤ ᠂ ᠳᠠᠪᠤᠰᠤ ᠲᠠᠢ ᠬᠢᠵᠦ ᠪᠤᠴᠠᠯᠭᠠᠭᠠᠳ ᠂ ᠳᠠᠬᠢᠨ ᠵᠥᠭᠡᠯᠡᠨ ᠭᠠᠯ ᠳᠡᠭᠡᠷ᠎ᠡ ᠲᠥᠮᠥᠰᠥ ᠶ᠋ᠢ ᠨᠢ ᠵᠥᠭᠡᠯᠡᠷᠡᠬᠦ ᠦᠶ᠎ᠡ ᠳ᠋ᠦ᠍ ᠨᠠᠷᠢᠨ ᠬᠡᠷᠴᠢᠵᠦ ᠳᠡᠪᠲᠦᠭᠡᠭᠰᠡᠨ ᠲᠥᠪᠡᠳ ᠬᠠᠰᠢ ᠂  ᠫᠦᠨᠲ᠋ᠢᠦᠽᠢ ᠪᠡᠨ ᠬᠢᠵᠦ ᠲᠠᠪᠤᠨ ᠮᠢᠨᠦ᠋ᠲ ᠪᠤᠴᠠᠯᠭᠠᠭᠠᠳ ᠠᠪᠴᠤ ᠦᠨᠦᠷ ᠦ᠋ᠨ ᠣᠬᠢ ᠶ᠋ᠢ ᠬᠢᠵᠦ ᠠᠶᠠᠭᠠᠯᠠᠨ᠎ᠠ ᠃ ᠡᠭᠦᠨ ᠢ᠋ ᠲᠥᠮᠥᠰᠥ ᠲᠡᠢ ᠬᠣᠨᠢᠨ ᠱᠥᠯᠥ ᠭᠡᠳᠡᠭ᠃ 
ᠯᠤᠤᠪᠠᠩ ᠲᠠᠢ ᠬᠣᠨᠢᠨ ᠱᠥᠯᠥ  
       ᠨᠠᠷᠢᠨ ᠬᠡᠷᠴᠢᠭᠰᠡᠨ ᠬᠠᠭᠠᠰ ᠵᠢᠩ ᠬᠣᠨᠢᠨ ᠮᠢᠬᠠᠨ ᠳ᠋ᠤ᠌ ᠨᠢᠭᠡ ᠯᠤᠤᠪᠠᠩ ᠬᠡᠷᠴᠢᠨ ᠬᠢᠭᠡᠳ ᠳᠡᠭᠡᠷ᠎ᠡ ᠨᠢ ᠭᠠᠭᠤᠯᠠ ᠂ ᠵᠦᠷᠪᠠᠭ ( ᠭᠣᠣᠯ ᠢ᠋ ᠨᠢ ᠠᠪᠴᠤ ᠬᠠᠶᠠᠨ᠎ᠠ ) ᠂ ᠭᠠᠮᠠᠷ ᠂ ᠪᠢᠪᠢᠯᠢᠩ ᠂ ᠫᠣᠸᠠᠷᠢ ᠶ᠋ᠢ ᠲᠤᠰ ᠪᠦᠷᠢ ᠨᠢᠭᠡ ᠴᠢᠨ ᠬᠢᠵᠦ ᠂ ᠰᠣᠩᠭᠢᠨ᠎ᠠ ᠶ᠋ᠢᠨ ᠴᠠᠭᠠᠨ ᠭᠤᠷᠪᠠᠨ ᠰᠢᠷᠬᠡᠭ ᠲᠡᠢ ᠪᠤᠴᠠᠯᠭᠠᠨ ᠱᠥᠯᠦᠨ ᠳ᠋ᠦ᠍ᠨᠢ ᠳᠠᠪᠤᠰᠤ ᠵᠢᠶᠠᠩᠶ᠋ᠢᠤ ᠬᠢᠵᠦ ᠭᠤᠯᠢᠷ ᠤ᠋ᠨ ᠵᠣᠭᠣᠰᠤᠨ ᠪᠣᠭᠣᠷᠰᠣᠭ ᠬᠢᠵᠦ ᠪᠣᠯᠭᠣᠬᠤ ᠪᠤᠶᠤ ᠡᠰᠡᠬᠦᠯ᠎ᠡ ᠱᠥᠯᠦᠨ ᠳ᠋ᠡᠬᠢ ᠰᠢᠭᠠᠷᠤᠭ ᠢ᠋ ᠱᠦᠭᠦᠨ ᠲᠤᠩᠭᠠᠯᠠᠭᠰᠢᠭᠤᠯᠤᠭᠠᠳ ᠪᠤᠳᠠᠭ᠎ᠠ ᠬᠢᠵᠦ ᠪᠤᠴᠠᠯᠭᠠᠨ ᠢᠳᠡᠨ᠎ᠡ᠃ ᠡᠭᠦᠨ ᠢ᠋ ᠯᠤᠤᠪᠠᠩ ᠲᠠᠢ ᠬᠣᠨᠢᠨ ᠱᠥᠯᠥ ᠭᠡᠨ᠎ᠡ᠃ ᠡᠭᠦᠨ ᠢ᠋ ᠪᠥᠭᠡᠷ᠎ᠡ ᠶ᠋ᠢᠨ ᠲᠠᠮᠢᠷ ᠪᠠᠭᠤᠷᠠᠵᠤ ᠬᠦᠴᠦᠨ ᠲᠠᠮᠢᠷ ᠰᠤᠯᠠᠷᠠᠨ ᠂ ᠬᠥᠯ ᠪᠡᠯᠬᠡᠭᠦᠰᠦ ᠬᠦᠴᠦᠨ ᠦᠭᠡᠢ ᠪᠣᠯᠣᠭᠰᠠᠳ ᠢ᠋ ᠵᠠᠰᠠᠨ᠎ᠠ᠃ 
ᠨᠣᠭᠣᠭ᠎ᠠ ᠲᠠᠢ ᠬᠣᠨᠢᠨ ᠮᠢᠬᠠᠨ ᠱᠥᠯᠥ  
       ᠵᠢᠩ ᠬᠣᠨᠢᠨ ᠮᠢᠬ᠎ᠠ ᠶ᠋ᠢ ᠬᠢᠲᠤᠭᠠᠨ ᠮᠥᠷᠥ ᠴᠢᠨᠡᠭᠡ ᠵᠤᠵᠠᠭᠠᠨ ᠬᠡᠷᠴᠢᠵᠦ ᠳᠥᠷᠪᠡᠨ ᠵᠢᠩ ᠤᠰᠤᠨ ᠳ᠋ᠤ᠌ ᠬᠢᠵᠦ ᠬᠦᠴᠦᠲᠡᠢ ᠭᠠᠯ ᠢ᠋ᠶ᠋ᠠᠷ ᠪᠤᠴᠠᠯᠭᠠᠭᠠᠳ ᠂ ᠳᠠᠬᠢᠨ ᠵᠥᠭᠡᠯᠡᠨ ᠭᠠᠯ ᠳᠡᠭᠡᠷ᠎ᠡ 20  ᠮᠢᠨᠦ᠋ᠲ ᠴᠢᠨᠠᠭᠠᠳ ᠬᠢᠭᠰᠡᠨ ᠴᠠᠭᠠᠨ ᠨᠣᠭᠣᠭ᠎ᠠ ᠲᠥᠮᠥᠰᠥ ᠶ᠋ᠢ ᠵᠥᠭᠡᠯᠡᠷᠡᠬᠦ ᠦᠶ᠎ᠡ ᠳᠠᠪᠤᠰᠤ ᠂  ᠬᠤᠸᠠᠵᠤᠤ ᠂ ᠰᠣᠩᠭᠢᠨ᠎ᠠ ᠬᠢᠵᠦ ᠬᠤᠳᠬᠤᠭᠠᠳ ᠭᠠᠷᠭᠠᠨ᠎ᠠ ᠃ ᠡᠭᠦᠨ ᠢ᠋ ᠨᠣᠭᠣᠭ᠎ᠠ ᠲᠠᠢ ᠬᠣᠨᠢᠨ ᠱᠥᠯᠥ ᠭᠡᠨ᠎ᠡ᠃ 
ᠲᠥᠷᠥᠵᠦ ᠢᠳᠡᠬᠦ ᠬᠣᠨᠢᠨ ᠮᠢᠬᠠᠨ ᠱᠥᠯᠥ  
       ᠨᠢᠮᠭᠡᠨ ᠬᠡᠷᠴᠢᠭᠰᠡᠨ ᠬᠣᠨᠢᠨ ᠮᠢᠬ᠎ᠠ ( ᠦᠬᠡᠷ ᠂ ᠢᠮᠠᠭ᠎ᠠ ᠶ᠋ᠢᠨ ) ᠢ᠋ᠶ᠋ᠡᠨ ᠬᠠᠯᠠᠭᠤᠨ ᠲᠣᠭᠣᠭᠠᠨ ᠤ᠋ ᠪᠤᠴᠠᠯᠤᠭᠰᠠᠨ ᠱᠥᠯᠥ ᠳ᠋ᠦ᠍ ᠲᠥᠷᠥᠨ ᠪᠣᠯᠭᠣᠵᠤ ᠢᠳᠡᠬᠦ ᠶ᠋ᠢ ᠬᠡᠯᠡᠨ᠎ᠡ ᠃ ( ᠨᠢᠮᠭᠡᠨ ᠬᠡᠷᠴᠢᠭᠰᠡᠨ ᠮᠢᠬ᠎ᠠ ᠂ ᠴᠠᠭᠠᠨ ᠨᠣᠭᠣᠭ᠎ᠠ ᠂ ᠳᠡᠪᠲᠦᠭᠡᠭᠰᠡᠨ ᠫᠦᠨᠲ᠋ᠢᠦᠽᠢ᠂ ᠬᠠᠢᠳᠠᠢ᠂ ᠰᠣᠩᠭᠢᠨ᠎ᠠ᠂ ᠰᠠᠷᠢᠮᠰᠠᠭ᠂ ᠰᠣᠷᠢᠰᠤ ᠵᠡᠷᠭᠡ ᠶ᠋ᠢ ᠠᠰ ᠠᠰ ᠲᠤᠨᠢ ᠪᠡᠯᠡᠳᠬᠡᠭᠡᠳ ᠠᠯᠢ ᠳᠤᠷᠠᠲᠠᠢ ᠪᠠᠨ ᠲᠥᠷᠥᠨ ᠪᠣᠯᠭᠣᠵᠤ ᠢᠳᠡᠬᠦ ᠶ᠋ᠢ ᠬᠡᠯᠡᠨ᠎ᠡ᠃ 
ᠶᠠᠰᠤᠨ ᠤ᠋ ᠬᠠᠨᠳᠠ    
       ᠪᠦᠬᠦᠯᠢ ᠬᠣᠨᠢᠨ ᠤ᠋ ᠶᠠᠰᠤ ᠶ᠋ᠢ ᠮᠢᠬ᠎ᠠ ᠶ᠋ᠢ ᠨᠢ ᠴᠡᠪᠡᠷᠯᠡᠨ ᠠᠪᠤᠭᠠᠳ ᠲᠣᠭᠣᠭᠠᠨ ᠳ᠋ᠤ᠌ ᠬᠢᠵᠦ ᠴᠢᠨᠠᠭᠰᠠᠨ ᠱᠥᠯᠥ ᠶ᠋ᠢ ᠶᠠᠰᠤᠨ ᠤ᠋ ᠬᠠᠨᠳᠠ ᠱᠥᠯᠥ ᠭᠡᠨ᠎ᠡ ᠃ ᠶᠠᠰᠤ ᠪᠠᠨ ᠥᠷᠯᠥᠭᠡ ᠡᠴᠡ ᠦᠳᠡ ᠪᠣᠯᠲᠠᠯ᠎ᠠ ᠪᠤᠴᠠᠯᠭᠠᠬᠤ ᠶᠠᠪᠤᠴᠠ ᠳ᠋ᠠᠭᠠᠨ ᠲᠣᠰᠣ ᠶ᠋ᠢ ᠨᠢ ᠬᠡᠳᠦ ᠤᠳᠠᠭ᠎ᠠ ᠬᠠᠮᠤᠨ ᠠᠪᠴᠤ ᠴᠢᠨᠠᠭᠰᠠᠭᠠᠷ ᠶᠠᠰᠤᠨ ᠳᠣᠲᠣᠷᠠᠬᠢ ᠰᠤᠳᠠᠰᠤ ᠨᠢ ᠦᠵᠡᠭᠳᠡᠬᠦ ᠦᠭᠡᠢ ᠪᠣᠯᠵᠤ ᠶᠠᠰᠤ ᠨᠢ ᠭᠡᠭᠡᠨ ᠥᠩᠭᠡᠲᠡᠢ ᠪᠣᠯᠬᠤ ᠳ᠋ᠤ᠌ ᠱᠦᠭᠦᠨ ᠭᠠᠷᠭᠠᠵᠤ᠂ ᠵᠥᠭᠡᠯᠡᠨ ᠭᠠᠯ ᠳᠡᠭᠡᠷ᠎ᠡ ᠲᠠᠯᠪᠢᠨ᠎ᠠ᠃ ᠲᠦᠯᠡᠭᠳᠡᠬᠦ ᠶ᠋ᠢ ᠬᠢᠴᠢᠶᠡᠨ ᠪᠠᠢᠵᠤ ᠬᠠᠨᠳᠠᠷᠠᠭᠰᠠᠨ ᠬᠠᠨᠳᠠ ᠶ᠋ᠢ ᠦᠷᠡᠯ ᠪᠣᠯᠭᠠᠨ ᠰᠠᠯᠬᠢ ᠨᠡᠪᠲᠡᠷᠡᠬᠦ ᠦᠭᠡᠢ ᠰᠡᠷᠢᠭᠦᠨ ᠭᠠᠵᠠᠷ ᠲᠠᠯᠪᠢᠵᠤ ᠬᠠᠲᠠᠭᠠᠵᠤ ᠠᠪᠤᠨ᠎ᠠ᠃ ᠬᠣᠭᠣᠯᠠ ᠳ᠋ᠤ᠌ ᠬᠢᠪᠡᠯ ᠣᠨᠴᠠ ᠰᠠᠢᠬᠠᠨ ᠠᠮᠲᠠᠲᠠᠢ᠃ ᠡᠪᠡᠳᠴᠢᠲᠡᠨ ᠥᠷᠯᠥᠭᠡ ᠪᠦᠷᠢ ᠪᠤᠰᠣᠯ ᠦᠭᠡᠢ᠂ ᠰᠠᠷ᠎ᠠ ᠤᠤᠭᠤᠪᠠᠯ ᠲᠠᠮᠢᠷ ᠣᠷᠣᠵᠤ ᠡᠪᠡᠳᠴᠢᠨ ᠢᠯᠠᠷᠢᠰᠢᠨ᠎ᠠ᠃ 
ᠬᠢᠷᠤᠮᠴᠠᠭ ᠱᠥᠯᠥ   
       ᠦᠭᠦᠴᠡ ᠬᠢᠬᠦ ᠳ᠋ᠡᠭᠡᠨ ᠢᠮᠠᠭᠠᠨ ᠤ᠋ ᠡᠯᠢᠭᠡ ᠂ ᠠᠭᠤᠰᠬᠢ ᠂ ᠭᠡᠳᠡᠰᠦ ᠳᠣᠲᠣᠷ ᠢ᠋ ᠵᠢᠵᠢᠭᠯᠡᠨ ᠬᠡᠷᠴᠢᠵᠦ᠂ ᠴᠢᠰᠤᠨ ᠤ᠋ ᠬᠠᠮᠲᠤ ᠭᠦᠵᠡᠭᠡᠨ ᠳ᠋ᠦ᠍ᠨᠢ ᠬᠢᠵᠦ ᠬᠥᠯᠳᠡᠭᠡᠭᠡᠳ ᠡᠪᠦᠯ ᠳ᠋ᠡᠭᠡᠨ ᠪᠠᠢᠨ ᠪᠠᠢᠨ ᠪᠤᠴᠠᠯᠭᠠᠵᠤ ᠱᠥᠯᠥ ᠤᠤᠭᠤᠬᠤ ᠶ᠋ᠢ ᠬᠢᠷᠤᠮᠴᠠᠭ ᠱᠥᠯᠥ ᠭᠡᠨ᠎ᠡ᠃ 
ᠣᠯᠣᠭᠠᠢ ᠶ᠋ᠢᠨ ᠱᠥᠯᠥ  
      ᠬᠣᠨᠢ ᠢᠮᠠᠭᠠᠨ ᠤ᠋ ᠣᠯᠣᠭᠠᠢ ᠶ᠋ᠢ ᠤᠬᠢᠶᠠᠨ ᠴᠡᠪᠡᠷᠯᠡᠵᠦ ᠳᠣᠲᠣᠷ᠎ᠠ ᠨᠢ ᠮᠢᠬ᠎ᠠ᠂ ᠨᠣᠭᠣᠭ᠎ᠠ ᠶ᠋ᠢ ᠲᠠᠭᠠᠷᠠᠭᠤᠯᠤᠨ ᠬᠢᠵᠦ ᠳᠠᠪᠤᠰᠤ ᠣᠷᠬᠢᠭᠠᠳ ᠠᠮᠠ ᠶ᠋ᠢ ᠨᠢ ᠤᠲᠠᠰᠤ ᠪᠠᠷ ᠪᠣᠭᠣᠨ ᠴᠢᠨᠠᠵᠤ ᠢᠳᠡᠬᠦ ᠶ᠋ᠢ ᠣᠯᠣᠭᠠᠢ ᠶ᠋ᠢᠨ ᠱᠥᠯᠥ ᠭᠡᠨ᠎ᠡ᠃ ᠨᠠᠰᠤᠲᠠᠢ ᠬᠥᠮᠦᠨ ᠪᠤᠶᠤ ᠲᠠᠮᠢᠷ ᠮᠠᠭᠤᠲᠠᠢ ᠡᠪᠡᠳᠴᠢᠲᠡᠨ ᠳ᠋ᠦ᠍ ᠲᠠᠮᠢᠷ ᠣᠷᠣᠭᠤᠯᠤᠨ᠎ᠠ᠃ 
ᠭᠤᠷᠪᠠᠨ ᠰᠢᠮᠡᠲᠦ ᠶ᠋ᠢᠨ ᠱᠥᠯᠥ   
       ᠰᠢᠳᠦᠯᠡᠩ ᠬᠣᠨᠢᠨ ᠤ᠋ ᠳᠠᠯᠤ ᠶ᠋ᠢᠨ ᠪᠠᠷᠢᠭᠤᠯ ᠂ ᠪᠣᠷᠪᠢ ᠶ᠋ᠢᠨ ᠶᠠᠰᠤ ᠂ ᠲᠦᠢᠭ᠋ ᠦ᠋ᠨ ᠶᠠᠰᠤ ᠶ᠋ᠢ ᠮᠢᠬᠠᠨ ᠠ᠋ᠴᠠ ᠱᠤᠯᠤᠵᠤ ᠠᠪᠤᠭᠠᠳ ᠪᠢᠲᠡᠭᠦᠦ ᠰᠠᠪᠠᠨ ᠳ᠋ᠤ᠌ ᠵᠢᠩᠨᠡᠵᠦ ᠱᠥᠯᠥᠰᠢᠭᠰᠡᠨ ᠱᠥᠯᠥ ᠶ᠋ᠢ ᠬᠡᠯᠡᠨ᠎ᠡ ᠃ ᠡᠨᠡ ᠨᠢ ᠠᠷᠬᠠᠭ ᠢ᠋ ᠵᠠᠰᠠᠵᠤ ᠲᠠᠮᠢᠷ ᠢ᠋ ᠰᠠᠢᠵᠢᠷᠠᠭᠤᠯᠤᠨ᠎ᠠ᠃ 
ᠳᠥᠷᠪᠡᠨ ᠰᠢᠮᠡᠳᠦ ᠶ᠋ᠢᠨ ᠱᠥᠯᠥ  
       ᠲᠥᠯᠥᠭᠡᠨ ᠡᠮ᠎ᠡ ᠬᠣᠨᠢᠨ ᠤ᠋ ᠳᠠᠯᠤ ᠶ᠋ᠢᠨ ᠪᠠᠷᠢᠭᠤᠯ ᠂ ᠪᠣᠷᠪᠢ ᠂ ᠲᠣᠢᠭ ᠤ᠋ᠨ ᠶᠠᠰᠤ ᠂ ᠬᠠᠷ᠎ᠠ ᠰᠡᠭᠡᠷ ᠵᠡᠷᠭᠡ ᠶ᠋ᠢ ᠮᠢᠬᠠᠨ ᠠ᠋ᠴᠠ ᠨᠢ ᠱᠤᠯᠤᠵᠤ ᠠᠪᠤᠭᠠᠳ ᠲᠣᠭᠣᠭᠠᠨ ᠳ᠋ᠤ᠌ ᠬᠢᠵᠦ ᠳᠠᠪᠤᠰᠤ ᠲᠠᠭᠠᠷᠠᠭᠤᠯᠤᠭᠠᠳ ᠱᠥᠯᠥ ᠭᠠᠷᠭᠠᠨ ᠤᠤᠭᠤᠬᠤ ᠶ᠋ᠢ ᠬᠡᠯᠡᠨ᠎ᠡ᠃ ᠡᠨᠡ ᠮᠥᠨ ᠰᠢᠮᠡᠵᠢᠭᠦᠯᠬᠦ ᠦᠢᠯᠡᠳᠦᠯ ᠲᠡᠢ᠃ 
ᠬᠣᠨᠢᠨ ᠲᠣᠯᠣᠭᠠᠢ ᠶ᠋ᠢᠨ ᠪᠢᠲᠡᠭᠦᠦ ᠱᠥᠯᠥ 
       ᠬᠣᠨᠢᠨ ᠲᠣᠯᠣᠭᠠᠢ ᠶ᠋ᠢ ᠡᠷᠡᠦ ᠶ᠋ᠢ ᠨᠢ ᠰᠠᠯᠭᠠᠯ ᠦᠭᠡᠢ ᠬᠤᠢᠬᠠᠯᠠᠵᠤ (ᠡᠰᠡᠬᠦᠯ᠎ᠡ ᠥᠪᠴᠢᠵᠦ) ᠱᠠᠭᠠᠵᠠᠩ ᠰᠠᠪᠠ ᠪᠤᠶᠤ ᠰᠢᠷ ᠲᠡᠢ ᠰᠠᠪᠠᠨ ᠳ᠋ᠤ᠌ ᠪᠢᠲᠡᠭᠦᠮᠵᠢᠯᠡᠨ ᠬᠢᠵᠦ ᠵᠢᠩᠨᠡᠵᠦ ᠪᠣᠯᠭᠣᠭᠰᠠᠨ ᠱᠥᠯᠥ ᠶ᠋ᠢ ᠬᠡᠯᠡᠨ᠎ᠡ ᠃ ᠡᠨᠡ ᠨᠢ ᠲᠣᠯᠣᠭᠠᠢ ᠶ᠋ᠢᠨ ᠬᠡᠢ ᠡᠪᠡᠳᠴᠢᠨ ᠳ᠋ᠦ᠍ ᠰᠠᠢᠨ᠃ 
ᠮᠤᠬᠤᠷ ᠣᠯᠣᠭᠠᠢ ᠶ᠋ᠢᠨ ᠪᠢᠲᠡᠭᠦᠦ ᠱᠥᠯᠥ 
       ᠮᠤᠬᠤᠷ ᠣᠯᠣᠭᠠᠢ ᠳ᠋ᠤ᠌ ᠮᠢᠬ᠎ᠠ ᠂ ᠥᠭᠡᠬᠦ ᠂ ᠡᠯᠢᠭᠡ ᠶ᠋ᠢ ᠬᠡᠷᠴᠢᠨ ᠳᠡᠭᠡᠷ᠎ᠡ ᠨᠢ ᠨᠣᠭᠣᠭ᠎ᠠ ᠂ ᠳᠠᠪᠤᠰᠤ ᠂ ᠤᠰᠤ ᠶ᠋ᠢ ᠨᠢ ᠲᠠᠭᠠᠷᠠᠭᠤᠯᠤᠨ ᠰᠢᠶᠠᠨᠽᠢ ᠮᠡᠲᠦ ᠨᠠᠢᠷᠠᠭᠤᠯᠤᠨ ᠴᠢᠳᠬᠤᠵᠤ ᠢᠳᠡᠬᠦ ᠶ᠋ᠢ ᠬᠡᠯᠡᠨ᠎ᠡ ᠃ ᠰᠢᠮ᠎ᠡ ᠲᠡᠵᠢᠭᠡᠯ ᠰᠠᠢᠨ ᠃ ᠪᠠᠰᠠ ᠪᠣᠷᠳᠣᠭᠰᠠᠨ ᠣᠯᠣᠭᠠᠢ ᠭᠡᠨ᠎ᠡ᠃ 
ᠬᠠᠯᠠᠭᠤᠨ ᠲᠣᠭᠣᠭ᠎ᠠ  
       ᠵᠡᠭᠦᠨ ᠣᠷᠣᠨ ᠢ᠋ᠶ᠋ᠠᠷ ᠬᠦᠨᠳᠦᠲᠦ ᠵᠣᠴᠢᠨ ᠢ᠋ᠶ᠋ᠠᠨ ᠳᠠᠢᠯᠠᠬᠤ ᠳ᠋ᠤ᠌ ᠬᠠᠯᠠᠭᠤᠨ ᠲᠣᠭᠣᠭ᠎ᠠ ᠪᠠᠨ 6 ᠪᠤᠶᠤ 8 ᠬᠡᠭᠡᠰᠦᠯᠡᠨ ᠮᠢᠬ᠎ᠠ ᠨᠣᠭᠣᠭ᠎ᠠ ᠲᠠᠭᠠᠷᠠᠭᠤᠯᠵᠤ  《ᠬᠠᠯᠠᠭᠤᠨ ᠬᠣᠰᠢᠭᠤᠲᠤ ᠬᠣᠨᠢᠨ ᠰᠢᠭᠦᠰᠦ 》 ᠶ᠋ᠢ ᠣᠷᠣᠯᠠᠭᠤᠯᠳᠠᠭ᠃ ᠡᠭᠦᠨ ᠢ᠋ ᠬᠠᠯᠠᠭᠤᠨ ᠲᠣᠭᠣᠭ᠎ᠠ ᠭᠡᠨ᠎ᠡ᠃ ᠳᠤᠮᠳᠠ ᠪᠠᠨ ᠭᠠᠯ ᠪᠦᠬᠦᠢ ᠲᠣᠭᠣᠭ᠎ᠠ᠃  
       6 ᠬᠡᠭᠡᠰᠦᠯᠡᠭᠰᠡᠨ ᠬᠠᠯᠠᠭᠤᠨ ᠲᠣᠭᠣᠭ᠎ᠠ ᠂ 6 ᠬᠠᠭᠤᠷᠤᠯᠭ᠎ᠠ ᠳᠠᠭᠠᠭᠤᠯᠵᠤ ᠂ ᠪᠦᠬᠦᠯᠢ ᠬᠣᠨᠢ ᠶ᠋ᠢ ᠣᠷᠣᠯᠠᠳᠠᠭ ᠂ 8 ᠬᠡᠭᠡᠰᠦᠯᠡᠭᠰᠡᠨ ᠨᠢ 8 ᠲᠠᠪᠠᠭ ᠢ᠋ ᠣᠷᠣᠯᠠᠵᠤ ᠂ ᠮᠥᠨ 6 ᠠᠶᠠᠭ᠎ᠠ ᠳᠠᠭᠠᠭᠤᠯᠵᠤ ᠂ ᠮᠥᠨ ᠬᠣᠨᠢᠨ ᠰᠢᠭᠦᠰᠦ ᠶ᠋ᠢ ᠲᠥᠯᠥᠭᠡᠯᠡᠨ᠎ᠡ᠃ ᠭᠡᠬᠦ ᠳ᠋ᠡᠭᠡᠨ ᠲᠣᠯᠣᠭᠠᠢ ᠲᠠᠯ᠎ᠠ ( ᠲᠣᠭᠣᠭᠠᠨ ᠳ᠋ᠤ᠌  ᠠᠮᠠ ᠲᠠᠯ᠎ᠠ ᠶ᠋ᠢᠨ ᠡᠰᠡᠷᠭᠦ ) ᠶ᠋ᠢᠨ ᠬᠡᠭᠡᠰᠦᠨ ᠳ᠋ᠦ᠍ ᠬᠠᠷ᠎ᠠ ᠮᠢᠬᠠᠨ ᠪᠣᠭᠣᠷᠰᠣᠭ ( ᠸᠠᠨᠽᠢ ) ᠪᠠᠷ ᠂ ᠰᠡᠭᠦᠯ ᠲᠠᠯ᠎ᠠ ᠶ᠋ᠢᠨ ᠬᠡᠭᠡᠰᠦᠨ ( ᠲᠣᠭᠣᠭᠠᠨ ᠤ᠋ ᠠᠮᠠᠨ ᠲᠠᠯ᠎ᠠ ) ᠳ᠋ᠤ᠌ ᠬᠣᠨᠢᠨ ᠰᠡᠭᠦᠯ ᠦ᠋ᠨ ᠨᠢᠮᠭᠡᠨ ᠵᠦᠰᠦᠮᠡᠯ ᠢ᠋ᠶ᠋ᠡᠷ ᠬᠡᠭᠡᠰᠦᠯᠡᠵᠦ ᠪᠤᠰᠤᠳ ᠢ᠋ ᠨᠢ ᠠᠯᠢ ᠪᠡᠯᠡᠳᠬᠡᠭᠰᠡᠨ ᠢ᠋ᠶ᠋ᠡᠷ ᠬᠡᠭᠡᠰᠦᠯᠡᠵᠦ ᠬᠢᠨ᠎ᠡ᠃ 
ᠬᠠᠯᠠᠭᠤᠨ ᠲᠣᠭᠣᠭ᠎ᠠ ᠣᠷᠣᠭᠤᠯᠬᠤ ᠶᠣᠰᠣᠨ 
       ᠲᠣᠯᠣᠭᠠᠢ ᠲᠠᠯ᠎ᠠ ᠶ᠋ᠢ ᠭᠣᠣᠯ ᠵᠣᠴᠢᠨ ᠤ᠋ ᠵᠦᠭ ᠬᠠᠨᠳᠤᠭᠤᠯᠵᠤ ᠣᠷᠣᠭᠤᠯᠬᠤ ᠪᠥᠭᠡᠳ ᠭᠣᠣᠯ ᠵᠣᠴᠢᠨ ᠬᠥᠨᠳᠡᠭᠰᠡᠨ ᠦ᠌ ᠳᠠᠷᠠᠭ᠎ᠠ ᠪᠦᠭᠦᠳᠡᠭᠡᠷ ᠢᠳᠡᠯᠴᠡᠨ᠎ᠡ᠃ 
ᠬᠠᠯᠠᠭᠤᠨ ᠲᠣᠭᠣᠭ᠎ᠠ ᠪᠠᠭᠤᠯᠭᠠᠬᠤ ᠶᠣᠰᠣᠨ 
       ᠮᠥᠨ ᠨᠠᠷᠠᠨ ᠵᠥᠪ ᠢ᠋ᠶ᠋ᠡᠷ ᠡᠷᠭᠢᠭᠦᠯᠵᠦ ᠲᠣᠯᠣᠭᠠᠢ ᠲᠠᠯ᠎ᠠ ᠶ᠋ᠢ ᠭᠠᠳᠠᠭᠰᠢ ᠬᠠᠨᠳᠤᠭᠤᠯᠤᠨ ᠪᠤᠴᠠᠭᠠᠨ᠎ᠠ᠃