ᠳᠡᠯᠡᠬᠡᠢ ᠶ᠋ᠢᠨ ᠬᠠᠮᠤᠭ ᠤ᠋ᠨ ᠬᠣᠣᠷᠲᠠᠢ ᠠᠷᠪᠠᠨ ᠬᠥᠬᠥᠲᠡᠨ ᠠᠮᠢᠲᠠᠨДэлхийн хамгийн хортой 10 хөхтөн амьтан ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠶ᠋ᠢᠨ ᠬᠠᠮᠤᠭ ᠤ᠋ᠨ ᠬᠣᠣᠷᠲᠠᠢ ᠠᠷᠪᠠᠨ ᠬᠥᠬᠥᠲᠡᠨ ᠠᠮᠢᠲᠠᠨДэлхийн хамгийн хортой 10 хөхтөн амьтан

ᠳᠡᠯᠡᠬᠡᠢ ᠶ᠋ᠢᠨ ᠬᠠᠮᠤᠭ ᠤ᠋ᠨ ᠬᠣᠣᠷᠲᠠᠢ ᠠᠷᠪᠠᠨ ᠬᠥᠬᠥᠲᠡᠨ ᠠᠮᠢᠲᠠᠨДэлхийн хамгийн хортой 10 хөхтөн амьтан

2024-01-10

369

ᠳᠡᠯᠡᠬᠡᠢ ᠶ᠋ᠢᠨ ᠬᠠᠮᠤᠭ ᠤ᠋ᠨ ᠬᠣᠣᠷᠲᠠᠢ ᠠᠷᠪᠠᠨ ᠬᠥᠬᠥᠲᠡᠨ ᠠᠮᠢᠲᠠᠨ

    ᠥᠪᠡᠷ ᠡᠴᠡ ᠪᠡᠨ ᠬᠣᠣᠷ ᠢᠯᠭᠠᠷᠠᠭᠤᠯᠳᠠᠭ ᠠᠮᠢᠲᠠᠳ ᠤ᠋ᠨ ᠲᠤᠬᠠᠢ ᠪᠣᠳᠣᠬᠤ ᠳ᠋ᠤ᠌ ᠬᠠᠮᠤᠭ ᠤ᠋ᠨ
ᠲᠡᠷᠢᠭᠦᠨ ᠳ᠋ᠦ᠍ ᠮᠣᠭᠠᠢ᠂ ᠠᠭᠠᠯᠵᠢ᠂ ᠡᠯᠳᠡᠪ ᠰᠢᠪᠠᠵᠢ ᠰᠠᠨᠠᠭᠠᠨ ᠳ᠋ᠤ᠌ ᠣᠷᠣᠳᠠᠭ᠃ ᠲᠡᠳᠡ ᠬᠠᠮᠤᠭ ᠤ᠋ᠨ ᠲᠦᠭᠡᠮᠡᠯ ᠬᠣᠣᠷᠲᠤ ᠭᠡᠭᠴᠢ ᠠᠮᠢᠲᠠᠳ ᠮᠥᠨ ᠪᠣᠯᠪᠠᠴᠤ᠂ ᠲᠡᠳᠡᠨ ᠡᠴᠡ ᠳᠤᠲᠠᠬᠤ ᠦᠭᠡᠢ ᠬᠣᠣᠷᠲᠠᠢ ᠬᠥᠬᠥᠲᠡᠨ ᠠᠮᠢᠲᠠᠳ ᠴᠥᠭᠡᠨ ᠦᠭᠡᠢ ᠪᠣᠢ᠃ ᠢᠩᠭᠢᠭᠡᠳ ᠳᠡᠯᠡᠬᠡᠢ ᠶ᠋ᠢᠨ ᠬᠠᠮᠤᠭ ᠤ᠋ᠨ ᠬᠣᠣᠷᠲᠠᠢ 10 ᠬᠥᠬᠥᠲᠡᠨ ᠠᠮᠢᠲᠠᠨ ᠲᠠᠢ ᠲᠠᠨᠢᠯᠴᠠᠶ᠎ᠠ᠃
    10 ᠳ᠋ᠤ᠌ ᠵᠡᠭᠦᠨ ᠠᠹᠷᠢᠺᠠ ᠶ᠋ᠢᠨ ᠲᠠᠯᠲᠤ ᠬᠠᠷᠬ᠎ᠠ᠄ ᠲᠠᠯᠲᠤ
ᠬᠠᠷᠬᠠᠨ ᠤ᠋ ᠬᠣᠣᠷ ᠦᠬᠦᠯ ᠦ᠋ᠨ ᠠᠶᠤᠯ ᠲᠠᠢ ᠪᠣᠯᠪᠠᠴᠤ ᠡᠨᠡ ᠵᠢᠭᠰᠠᠭᠠᠯᠲᠠ ᠶ᠋ᠢᠨ 10 ᠳ᠋ᠤᠭᠠᠷ ᠪᠠᠢᠷᠢ ᠶ᠋ᠢ ᠡᠵᠡᠯᠡᠭᠦᠯᠦᠯ᠎ᠡ᠃
ᠶᠠᠭᠠᠬᠢᠭᠠᠳ ᠭᠡᠪᠡᠯ ᠲᠡᠳᠡ ᠥᠪᠡᠷ ᠡᠴᠡ ᠪᠡᠨ ᠬᠣᠣᠷ ᠢᠯᠭᠠᠷᠠᠭᠤᠯᠳᠠᠭ ᠦᠭᠡᠢ᠃ ᠬᠠᠷᠢᠨ ᠨᠤᠲᠤᠭ ᠤ᠋ᠨ ᠤᠤᠭᠠᠯ ᠢᠷᠭᠡᠳ ᠡᠷᠲᠡᠨ ᠡᠴᠡ ᠬᠡᠷᠡᠭᠯᠡᠳᠡᠭ ᠪᠠᠢᠭᠰᠠᠨ ᠬᠤᠷᠳᠤᠰᠤᠨ ᠨᠡᠷ᠎ᠡ ᠲᠡᠢ ᠮᠣᠳᠣᠨ ᠤ᠋ ᠬᠣᠣᠷᠲᠠᠢ ᠬᠣᠯᠲᠣᠰᠣᠨ ᠠ᠋ᠴᠠ ᠵᠠᠵᠢᠯᠵᠤ᠂ ᠰᠢᠭᠦᠰᠦ ᠶ᠋ᠢ ᠨᠢ ᠭᠠᠳᠠᠭᠰᠢᠯᠠᠭᠤᠯᠵᠤ ᠳᠠᠷᠠᠭ᠎ᠠ ᠨᠢ ᠬᠣᠣᠷᠲᠠᠢ ᠰᠢᠭᠦᠰᠦᠨ ᠳ᠋ᠦ᠍ ᠨᠢ ᠨᠢᠷᠤᠭᠤ ᠪᠠᠨ ᠦᠷᠦᠳᠡᠭ᠃
ᠲᠠᠯᠲᠤ ᠬᠠᠷᠬ᠎ᠠ ᠠᠶᠤᠯ ᠳ᠋ᠤ᠌ ᠵᠠᠨᠤᠯᠬᠢᠯᠠᠭᠰᠠᠨ ᠦᠶ᠎ᠡ ᠳ᠋ᠦ᠍ ᠮᠤᠤᠷ ᠰᠢᠭ᠋ ᠨᠢᠷᠤᠭᠤ ᠪᠠᠨ ᠲᠥᠪᠥᠢᠯᠭᠡᠵᠦ ᠬᠣᠣᠷ ᠰᠢᠩᠭᠡᠭᠡᠭᠰᠡᠨ ᠳᠡᠯ ᠦᠰᠦ ᠪᠡᠨ ᠥᠷᠪᠥᠢᠯᠭᠡᠳᠡᠭ᠃ ᠲᠡᠭᠦᠨ ᠢ᠋ ᠬᠠᠵᠠᠬᠤ ᠭᠡᠵᠦ ᠣᠷᠣᠯᠳᠣᠭᠰᠠᠨ ᠠᠮᠢᠲᠠᠳ ᠠᠮᠠ ᠳᠦᠭᠦᠷᠡᠩ ᠬᠣᠣᠷᠲᠤ ᠦᠰᠦ ᠡᠮᠬᠦᠳᠡᠭ ᠪᠥᠭᠡᠳ ᠲᠤᠬᠠᠢ ᠶ᠋ᠢᠨ ᠠᠮᠢᠲᠠᠨ ᠤ᠋ ᠪᠡᠶ᠎ᠡ ᠶ᠋ᠢᠨ ᠬᠡᠮᠵᠢᠶ᠎ᠡ᠂ ᠬᠦᠯᠢᠶᠡᠨ ᠠᠪᠤᠭᠰᠠᠨ ᠬᠣᠣᠷ ᠤ᠋ᠨ ᠳ᠋ᠦᠩ ᠡᠴᠡ ᠰᠢᠯᠲᠠᠭᠠᠯᠠᠵᠤ ᠦᠬᠦᠯ ᠳ᠋ᠦ᠍ ᠬᠦᠷᠭᠡᠬᠦ ᠠᠶᠤᠯ ᠲᠠᠢ᠃ ᠲᠠᠯᠲᠤ ᠬᠠᠷᠬᠠᠨ ᠤ᠋ ᠪᠡᠶ᠎ᠡ ᠶ᠋ᠢᠨ ᠤᠷᠲᠤ
36 cm. ᠬᠠᠷᠢᠨ ᠲᠣᠯᠣᠭᠠᠢ ᠠ᠋ᠴᠠ ᠰᠡᠭᠦᠯ ᠬᠦᠷᠲᠡᠯ᠎ᠡ 53 cm ᠪᠠᠢᠳᠠᠭ᠃ ᠵᠢᠷᠤᠭ ᠳᠡᠭᠡᠷᠡᠬᠢ ᠰᠢᠭ ᠲᠣᠯᠣᠭᠠᠢ ᠶ᠋ᠢᠨ ᠣᠷᠣᠢ ᠠ᠋ᠴᠠ ᠰᠡᠭᠦᠯ ᠦ᠋ᠨ ᠦᠵᠦᠭᠦᠷ ᠬᠦᠷᠲᠡᠯ᠎ᠡ ᠦᠷᠭᠦᠯᠵᠢᠯᠡᠭᠰᠡᠨ ᠤᠷᠲᠤ ᠪᠦᠳᠦᠭᠦᠨ ᠰᠢᠷᠬᠡᠭ ᠲᠡᠢ ᠬᠠᠷ᠎ᠠ ᠴᠠᠭᠠᠨ ᠥᠩᠭᠡ ᠶ᠋ᠢᠨ ᠳᠡᠯ ᠲᠡᠢ ᠥᠪᠡᠷ ᠦ᠋ᠨ ᠭᠡᠰᠡᠨ ᠥᠪᠡᠷᠮᠢᠴᠡ ᠲᠥᠷᠬᠦ ᠲᠡᠢ ᠠᠮᠢᠲᠠᠨ ᠶᠤᠮ᠃
    9 ᠳ᠋ᠦ᠍ ᠴᠢᠰᠤ ᠰᠤᠷᠤᠭᠴᠢ ᠰᠠᠷᠢᠰᠤᠨ ᠪᠠᠭᠪᠠᠬᠠᠢ᠄ ᠰᠠᠷᠢᠰᠤᠨ ᠪᠠᠭᠪᠠᠬᠠᠢ ᠪᠣᠯ ᠴᠣᠷ ᠤ᠋ᠨ ᠭᠠᠭᠴᠠ ᠨᠢᠰᠳᠡᠭ ᠬᠥᠬᠥᠲᠡᠨ ᠠᠮᠢᠲᠠᠨ᠂ ᠬᠠᠷᠢᠨ ᠴᠢᠰᠤ ᠰᠤᠷᠤᠭᠴᠢ ᠰᠠᠷᠢᠰᠤᠨ ᠪᠠᠭᠪᠠᠬᠠᠢ ᠪᠣᠯ ᠴᠣᠷ ᠤ᠋ᠨ ᠭᠠᠭᠴᠠ ᠬᠣᠣᠷᠲᠠᠢ ᠪᠥᠭᠡᠳ ᠨᠢᠰᠳᠡᠭ ᠬᠥᠬᠥᠲᠡᠨ ᠠᠮᠢᠲᠠᠨ᠃ ᠴᠢᠰᠤ ᠰᠤᠷᠤᠭᠴᠢ ᠰᠠᠷᠢᠰᠤᠨ ᠪᠠᠭᠪᠠᠬᠠᠢ ᠺᠦᠪᠠ ᠪᠣᠯᠤᠨ ᠡᠮᠦᠨᠡᠲᠦ ᠠᠮᠧᠷᠢᠺᠠ ᠳ᠋ᠤ᠌ ᠠᠮᠢᠳᠤᠷᠠᠳᠠᠭ ᠪᠠ ᠲᠡᠳᠡ ᠳᠣᠲᠣᠷ᠎ᠠ ᠪᠠᠨ ᠦᠰᠦᠷᠬᠡᠭ ᠬᠥᠯᠲᠦ ᠴᠢᠰᠤ ᠰᠤᠷᠤᠭᠴᠢ ᠰᠠᠷᠢᠰᠤᠨ ᠪᠠᠭᠪᠠᠬᠠᠢ᠂ ᠴᠠᠭᠠᠨ ᠳᠠᠯᠠᠪᠴᠢ ᠲᠠᠢ ᠴᠢᠰᠤ ᠰᠤᠷᠤᠭᠴᠢ ᠰᠠᠷᠢᠰᠤᠨ ᠪᠠᠭᠪᠠᠬᠠᠢ᠂ ᠡᠩ ᠦ᠋ᠨ ᠴᠢᠰᠤ ᠰᠤᠷᠤᠭᠴᠢ ᠰᠠᠷᠢᠰᠤᠨ ᠪᠠᠭᠪᠠᠬᠠᠢ ᠭᠡᠰᠡᠨ ᠭᠤᠷᠪᠠᠨ ᠲᠥᠷᠥᠯ ᠳ᠋ᠦ᠍ ᠬᠤᠪᠢᠶᠠᠭᠳᠠᠳᠠᠭ᠃
ᠴᠢᠰᠤ ᠰᠤᠷᠤᠭᠴᠢ ᠰᠠᠷᠢᠰᠤᠨ ᠪᠠᠭᠪᠠᠬᠠᠢ ᠶ᠋ᠢᠨ ᠪᠦᠬᠦ ᠲᠥᠷᠥᠯ ᠦ᠋ᠳ ᠢᠮᠠᠭ᠎ᠠ᠂ ᠦᠬᠡᠷ᠂ ᠭᠠᠬᠠᠢ ᠪᠣᠯᠤᠨ ᠪᠤᠰᠤᠳ ᠲᠥᠷᠥᠯ ᠦ᠋ᠨ ᠮᠠᠯ ᠠᠮᠢᠲᠠᠨ ᠢ᠋ ᠠᠩᠨᠠᠳᠠᠭ᠃ ᠡᠳᠡᠭᠡᠷ ᠠᠮᠢᠲᠠᠳ ᠤ᠋ᠨ ᠴᠢᠰᠤ ᠲᠡᠳᠡᠨ ᠦ᠌ ᠭᠣᠣᠯ ᠬᠣᠭᠣᠯᠠ ᠲᠡᠵᠢᠭᠡᠯ ᠶᠦᠮ᠃ ᠲᠡᠳᠡᠨ ᠦ᠌ ᠳᠡᠭᠡᠳᠦ ᠰᠢᠲᠦ ᠹᠠᠯᠠᠨ ᠦᠭᠡᠢ ᠤᠴᠠᠷ ᠠ᠋ᠴᠠ ᠰᠠᠬᠠᠯ ᠤ᠋ᠨ ᠬᠢᠲᠤᠭ᠎ᠠ ᠰᠢᠭ᠋ ᠬᠤᠷᠴᠠ ᠪᠠᠢᠳᠠᠭ᠃ ᠰᠥᠨᠢ ᠶ᠋ᠢᠨ ᠴᠠᠭ ᠢ᠋ᠶ᠋ᠠᠷ ᠠᠩ ᠬᠢᠬᠦ ᠳ᠋ᠦ᠍ ᠰᠢᠳᠦ ᠪᠡᠷ ᠢ᠋ᠶ᠋ᠡᠨ 7 mm ᠥᠷᠭᠡᠨ᠂ 8 mm ᠭᠦᠨ ᠵᠦᠰᠦᠯᠲᠡ ᠬᠢᠵᠦ ᠬᠣᠨᠣᠭ ᠲᠤ ᠥᠪᠡᠷ ᠦ᠋ᠨ ᠪᠡᠶ᠎ᠡ ᠶ᠋ᠢᠨ ᠵᠢᠩ ᠦ᠋ᠨ ᠬᠠᠭᠠᠰ ᠬᠦᠷᠲᠡᠯ᠎ᠡ ᠴᠢᠰᠤ ᠤᠤᠭᠤᠳᠠᠭ᠃ ᠮᠥᠨ ᠴᠢᠰᠤ ᠰᠤᠷᠤᠯ ᠦᠭᠡᠢ ᠪᠡᠷ ᠬᠣᠶᠠᠷ ᠠ᠋ᠴᠠ ᠢᠯᠡᠭᠦᠦ ᠬᠣᠨᠣᠪᠠᠯ ᠦᠬᠦᠳᠡᠭ ᠠᠵᠢ᠃ ᠲᠡᠳᠡᠨ ᠦ᠌ ᠬᠣᠣᠷᠲᠤ ᠰᠢᠭᠦᠰᠦ ᠪᠤᠰᠤᠳ ᠠᠮᠢᠲᠠᠳ ᠤ᠋ᠨ ᠠᠳᠠᠯᠢ ᠡᠪᠡᠳᠦᠯᠲᠡ ᠴᠠᠭᠠᠵᠠᠯᠲᠠ ᠡᠭᠦᠰᠬᠡᠳᠡᠭ ᠦᠭᠡᠢ ᠪᠣᠯᠪᠠᠴᠤ ᠬᠠᠵᠠᠭᠰᠠᠨ ᠤ᠋ ᠳᠠᠷᠠᠭ᠎ᠠ ᠲᠤᠬᠠᠢ ᠶ᠋ᠢᠨ ᠬᠡᠰᠡᠭ ᠦ᠋ᠨ ᠴᠢᠰᠤ ᠪᠦᠯᠬᠦᠭᠡᠨᠡᠬᠦ ᠡᠴᠡ ᠰᠡᠷᠭᠡᠢᠯᠡᠳᠡᠭ᠃ ᠢᠩᠭᠢᠭᠰᠡᠨ ᠡᠴᠡ ᠲᠤᠰ ᠰᠠᠷᠢᠰᠤᠨ ᠪᠠᠭᠪᠠᠬᠠᠢ ᠬᠠᠵᠠᠭᠰᠠᠨ ᠬᠡᠰᠡᠭ ᠡᠴᠡ ᠪᠡᠨ ᠴᠢᠯᠥᠭᠡᠲᠡᠢ ᠴᠢᠰᠤ ᠰᠣᠷᠣᠬᠤ ᠪᠣᠯᠣᠮᠵᠢᠲᠠᠢ ᠪᠣᠯᠳᠠᠭ᠃ ᠬᠠᠵᠠᠭᠤᠯᠤᠭᠰᠠᠨ ᠤ᠋ ᠳᠠᠷᠠᠭ᠎ᠠ ᠰᠦᠷᠲᠡᠢ ᠬᠣᠣᠷ ᠬᠥᠨᠥᠭᠡᠯ ᠦᠭᠡᠢ ᠪᠣᠯᠪᠠᠴᠤ ᠴᠢᠰᠤ ᠪᠦᠯᠬᠦᠭᠡᠨᠡᠬᠦ ᠦᠭᠡᠢ
ᠤᠳᠠᠭᠰᠠᠨ ᠢ᠋ᠶ᠋ᠠᠷ ᠡᠯᠳᠡᠪ ᠡᠪᠡᠳᠴᠢᠨ ᠠᠪᠬᠤ ᠬᠠᠯᠳᠠᠪᠤᠷᠢ ᠡᠭᠦᠰᠬᠡᠬᠦ ᠡᠷᠡᠰᠳᠡᠯ ᠲᠡᠢ᠃
    8 ᠳ᠋ᠤᠭᠠᠷ ᠪᠠᠢᠷᠢ ᠧᠦ᠋ᠷᠣᠫᠠ ᠠᠽᠢᠶ᠎ᠠ ᠶ᠋ᠢᠨ ᠤᠰᠤᠨ ᠤ᠋ ᠠᠲᠠᠬᠠᠢ᠄
ᠧᠦ᠋ᠷᠣᠫᠠ ᠠᠽᠢᠶ᠎ᠠ ᠶ᠋ᠢᠨ ᠤᠰᠤᠨ ᠤ᠋ ᠠᠲᠠᠬᠠᠢ ᠨᠤᠭᠤᠳ ᠧᠦ᠋ᠷᠣᠫᠠ ᠠᠽᠢᠶ᠎ᠠ ᠶ᠋ᠢᠨ ᠬᠣᠢᠲᠤ ᠬᠡᠰᠡᠭ ᠲᠤ ᠴᠡᠩᠭᠡᠭ ᠤᠰᠤ ᠲᠠᠢ ᠣᠢᠷ᠎ᠠ ᠭᠠᠵᠠᠷ ᠤ᠋ᠳ ᠲᠤ ᠠᠮᠢᠳᠤᠷᠠᠳᠠᠭ᠃ ᠲᠡᠳᠡ ᠣᠢᠷᠠᠯᠴᠠᠭ᠎ᠠ ᠪᠠᠷ 10 cm ᠤᠷᠲᠤ ᠲᠠᠢ ᠬᠠᠷᠢᠨ ᠰᠡᠭᠦᠯ ᠨᠢ
8 cm ᠤᠷᠲᠤ ᠪᠠᠢᠳᠠᠭ᠃ ᠶᠡᠷᠦ ᠳ᠋ᠦ᠍ ᠪᠡᠨ 15—19 ᠭᠷᠠᠮ ᠵᠢᠩ ᠲᠡᠢ᠃ ᠨᠢᠭᠡ ᠠᠮᠢᠰᠬᠤᠯ ᠢ᠋ᠶ᠋ᠠᠷ ᠤᠰᠤᠨ ᠳ᠋ᠤ᠌
20 ᠰᠧᠺᠦ᠋ᠨ᠋ᠳ᠋ ᠱᠤᠩᠪᠠᠵᠤ ᠬᠠᠷᠴᠢ᠂ ᠤᠰᠤᠨ ᠤ᠋ ᠲᠤᠩ᠂ ᠵᠢᠷᠠᠭᠠᠬᠠᠢ᠂ ᠰᠢᠪᠠᠵᠢ ᠬᠣᠶᠠᠷ ᠨᠤᠲᠤᠭᠲᠠᠨ ᠪᠣᠯᠤᠨ ᠵᠢᠵᠢᠭ ᠮᠡᠷᠡᠭᠴᠢᠳ ᠢ᠋ᠶ᠋ᠡᠷ ᠬᠣᠭᠣᠯᠠᠯᠠᠳᠠᠭ᠃ ᠲᠡᠳᠡᠨ ᠦ᠌ ᠡᠷᠡᠦ ᠶ᠋ᠢᠨ ᠳᠣᠣᠷ᠎ᠠ ᠬᠣᠣᠷ ᠢᠯᠭᠠᠷᠠᠭᠤᠯᠳᠠᠭ ᠬᠣᠣᠰ ᠪᠤᠯᠴᠢᠷᠬᠠᠢ ᠪᠠᠢᠳᠠᠭ᠃ ᠥᠪᠡᠷ ᠲᠤ ᠨᠢ ᠬᠠᠯᠳᠠᠭᠰᠠᠨ ᠠᠮᠢᠲᠠᠳ ᠪᠣᠯᠤᠨ ᠣᠯᠵᠠ ᠪᠠᠨ ᠠᠯᠳᠠᠭᠰᠠᠨ ᠢ᠋ᠶ᠋ᠠᠷ ᠴᠠᠭᠠᠵᠠᠯᠲᠠ ᠡᠭᠦᠰᠬᠡᠵᠦ ᠬᠥᠳᠡᠯᠭᠡᠭᠡᠨ ᠦᠭᠡᠢ ᠪᠣᠯᠭᠠᠳᠠᠭ᠃ ᠭᠡᠪᠡᠴᠦ ᠲᠣᠮᠣ ᠠᠮᠢᠲᠠᠳ ᠪᠣᠯᠤᠨ ᠬᠥᠮᠦᠨ ᠦ᠌ ᠠᠷᠠᠰᠤ ᠶ᠋ᠢ ᠨᠡᠪᠲᠡᠯᠵᠦ ᠬᠠᠵᠠᠬᠤ ᠮᠠᠭᠠᠳᠯᠠᠯ ᠪᠠᠭ᠎ᠠ᠃
    7 ᠳ᠋ᠤ᠌ ᠭᠠᠵᠠᠷ ᠳᠤᠮᠳᠠ ᠶ᠋ᠢᠨ ᠲᠠᠩᠭᠢᠰ ᠤ᠋ᠨ ᠤᠰᠤᠨ ᠤ᠋ ᠠᠲᠠᠬᠠᠢ᠄ ᠲᠡᠳᠡ ᠭᠠᠵᠠᠷ ᠳᠤᠮᠳᠠ ᠶ᠋ᠢᠨ ᠲᠠᠩᠭᠢᠰ ᠳᠠᠭᠤ ᠢᠰᠫᠠᠨᠢ᠂ ᠢᠲ᠋ᠠᠯᠢ ᠲᠡᠭᠦᠨ ᠲᠡᠢ ᠬᠢᠯᠢᠯᠡᠳᠡᠭ ᠣᠷᠣᠨ
 ᠨᠤᠭᠤᠳ ᠲᠤ ᠠᠮᠢᠳᠤᠷᠠᠳᠠᠭ᠃ ᠳᠤᠮᠳᠠᠴᠢ ᠪᠠᠷ 6—9 cm ᠤᠷᠲᠤ᠂ 8—16 ᠭᠷᠠᠮ ᠵᠢᠩ ᠲᠡᠢ ᠪᠠᠢᠳᠠᠭ᠃ ᠲᠡᠭᠦᠨ ᠦ᠌ ᠬᠣᠣᠷᠲᠤ ᠰᠢᠯᠦᠰᠦ ᠮᠡᠯᠡᠬᠡᠢ᠂ ᠵᠢᠵᠢᠭ
ᠵᠢᠭᠠᠰᠤ ᠶ᠋ᠢ ᠬᠥᠳᠡᠯᠭᠡᠭᠡᠨ ᠦᠭᠡᠢ ᠪᠣᠯᠭᠠᠬᠤ ᠳ᠋ᠤ᠌ ᠬᠠᠩᠭᠠᠯᠲᠠ ᠲᠠᠢ ᠬᠦᠴᠦ ᠲᠡᠢ᠃ ᠦᠷᠪᠡᠯ᠂ ᠮᠡᠯᠡᠬᠡᠢ᠂ ᠬᠠᠪᠴᠢ ᠬᠡᠯᠪᠡᠷᠢᠲᠡᠨ᠂ ᠡᠮᠡᠭᠡᠨ ᠬᠢᠮᠤᠰᠤ ᠵᠡᠷᠭᠡ ᠥᠪᠡᠷ ᠡᠴᠡ ᠪᠡᠨ60 ᠳᠠᠬᠢᠨ ᠬᠦᠨᠳᠦ ᠣᠯᠵᠠ ᠲᠠᠢ ᠲᠡᠮᠡᠴᠡᠵᠦ ᠡᠳᠦᠷ ᠲᠤ ᠪᠡᠶ᠎ᠡ ᠶ᠋ᠢᠨ ᠵᠢᠩ ᠡᠴᠡ ᠪᠡᠨ ᠬᠣᠶᠠᠷ ᠠ᠋ᠴᠠ ᠭᠤᠷᠪᠠ ᠳᠠᠬᠢᠨ ᠶᠡᠬᠡ ᠢᠳᠡᠳᠡᠭ᠃
    6 ᠳ᠋ᠤ᠌ ᠪᠣᠭᠣᠨᠢ ᠰᠡᠭᠦᠯᠲᠦ ᠠᠲᠠᠬᠠᠢ᠄ ᠪᠣᠭᠣᠨᠢ ᠰᠡᠭᠦᠯᠲᠦ ᠠᠲᠠᠬᠠᠢ ᠬᠣᠢᠲᠤ ᠠᠮᠧᠷᠢᠺᠠ ᠶ᠋ᠢᠨ ᠲᠥᠪ ᠪᠣᠯᠤᠨ ᠵᠡᠭᠦᠨ ᠬᠡᠰᠡᠭ ᠲᠤ ᠠᠮᠢᠳᠤᠷᠠᠳᠠᠭ᠃ ᠲᠡᠳᠡ ᠡᠮᠦᠨᠡᠲᠦ ᠶ᠋ᠢᠨ ᠪᠣᠭᠣᠨᠢ ᠰᠡᠭᠦᠯᠲᠦ ᠠᠲᠠᠬᠠᠢ᠂ ᠬᠣᠢᠲᠤ ᠵᠦᠭ ᠦ᠋ᠨ ᠪᠣᠭᠣᠨᠢ ᠰᠡᠭᠦᠯᠲᠦ ᠠᠲᠠᠬᠠᠢ᠂ ᠢᠴᠡᠯᠲᠦ ᠶ᠋ᠢᠨ ᠪᠣᠭᠣᠨᠢ ᠰᠡᠭᠦᠯᠲᠦ ᠠᠲᠠᠬᠠᠢ ᠭᠡᠰᠡᠨ ᠭᠤᠷᠪᠠᠨ ᠲᠥᠷᠥᠯ ᠳ᠋ᠦ᠍ ᠬᠤᠪᠢᠶᠠᠭᠳᠠᠳᠠᠭ᠃ ᠲᠥᠷᠥᠯ ᠡᠴᠡ ᠪᠡᠨ ᠬᠠᠮᠤᠷᠴᠤ 7—14 cm ᠤᠷᠲᠤ᠂13—30 ᠭᠷᠠᠮ ᠵᠢᠩ ᠲᠡᠢ᠃ ᠲᠡᠳᠡ ᠪᠦᠭᠦᠳᠡ ᠬᠣᠣᠷᠲᠠᠢ ᠰᠢᠯᠦᠰᠦ ᠪᠡᠷ ᠢ᠋ᠶ᠋ᠡᠨ ᠴᠠᠭᠠᠵᠠᠯᠲᠠ ᠡᠭᠦᠰᠬᠡᠵᠦ ᠣᠯᠵᠠ ᠪᠠᠨ ᠪᠠᠷᠢᠳᠠᠭ ᠠᠵᠢ᠃
    5 ᠳ᠋ᠤ᠌ ᠧᠦ᠋ᠷᠣᠫᠠ ᠶ᠋ᠢᠨ ᠰᠣᠬᠣᠷ ᠨᠣᠮᠣᠨ᠄ ᠲᠡᠳᠡ ᠧᠦ᠋ᠷᠣᠫᠠ ᠪᠣᠯᠤᠨ
ᠪᠠᠷᠠᠭᠤᠨ ᠠᠽᠢᠶ᠎ᠠ ᠳᠠᠶᠠᠭᠠᠷ ᠥᠷᠭᠡᠨ ᠲᠠᠷᠬᠠᠭᠰᠠᠨ ᠴᠢᠯᠢᠨᠳᠡᠷ ᠬᠡᠯᠪᠡᠷᠢᠲᠡᠢ ᠪᠡᠶ᠎ᠡ ᠲᠡᠢ ᠪᠥᠭᠡᠳ 11—16 cm ᠤᠷᠲᠤ᠂70—130
ᠭᠷᠠᠮ ᠵᠢᠩ ᠲᠡᠢ᠃ ᠲᠡᠭᠦᠨ ᠦ᠌ ᠰᠢᠯᠦᠰᠦ ᠠᠲᠠᠬᠠᠢ ᠲᠠᠢ ᠠᠳᠠᠯᠢ ᠴᠠᠭᠠᠵᠠᠯᠲᠠ ᠡᠭᠦᠰᠬᠡᠬᠦ ᠴᠢᠳᠠᠯ ᠲᠠᠢ ᠪᠣᠯᠪᠠᠴᠤ ᠢᠯᠡᠭᠦᠦ ᠲᠣᠮᠣ
ᠪᠡᠶ᠎ᠡ ᠲᠡᠢ ᠤᠴᠢᠷ ᠠ᠋ᠴᠠ ᠲᠠᠪᠤᠳᠤᠭᠠᠷ ᠪᠠᠢᠷᠢᠨ ᠳ᠋ᠤ᠌ ᠣᠷᠣᠭᠤᠯᠪᠠ᠃
4ᠳ᠋ᠦ᠍ᠭᠡᠷ ᠪᠠᠢᠷᠢ᠄ ᠺᠦᠪᠠ ᠶ᠋ᠢᠨ ᠰᠣᠯᠶᠣᠨᠣᠳᠣᠨ᠄ ᠲᠡᠳᠡ ᠺᠦᠪᠠ ᠤᠯᠤᠰ ᠲᠤ ᠣᠬᠣᠭᠰᠠᠨ ᠨᠦᠬᠡ ᠡᠰᠡᠬᠦᠯ᠎ᠡ ᠬᠥᠨᠳᠡᠢ ᠮᠣᠳᠣᠨ ᠳᠣᠲᠣᠷ᠎ᠠ ᠠᠮᠢᠳᠤᠷᠠᠳᠠᠭ᠃ ᠺᠦᠪᠠ ᠶ᠋ᠢᠨ ᠰᠣᠯᠶᠣᠨᠣᠳᠣᠨ ᠬᠠᠮᠠᠷ ᠤ᠋ᠨ ᠦᠵᠦᠭᠦᠷ ᠡᠴᠡ ᠰᠡᠭᠦᠯ ᠦ᠋ᠨ ᠲᠡᠭᠦᠰᠬᠡᠯ ᠳ᠋ᠦ᠍ ᠬᠦᠷᠲᠡᠯ᠎ᠡ 41—56 cm ᠤᠷᠲᠤ᠂ ᠶᠡᠬᠡᠪᠴᠢᠯᠡᠨ ᠨᠢᠭᠡ ᠠᠷᠪᠠᠨ ᠤ᠋ ᠳᠥᠷᠪᠡᠨ ᠺᠢᠯᠣᠭ᠌ᠷᠠᠮ ᠠ᠋ᠴᠠ ᠶᠡᠬᠡ ᠦᠭᠡᠢ ᠵᠢᠩ ᠲᠡᠢ ᠪᠠᠢᠳᠠᠭ᠃ ᠰᠥᠨᠢ ᠶ᠋ᠢᠨ ᠴᠠᠭ ᠢ᠋ᠶ᠋ᠠᠷ ᠮᠡᠯᠡᠬᠡᠢ᠂ ᠵᠢᠵᠢᠭ ᠮᠠᠷᠠᠭᠴᠢ᠂ ᠬᠡᠪᠡᠯᠢ ᠪᠡᠷ ᠢ᠋ᠶ᠋ᠡᠨ ᠶᠤᠭᠤᠭᠴᠢ ᠠᠮᠢᠲᠠᠳ ᠢ᠋ ᠠᠩᠨᠠᠬᠤ ᠪᠠᠷ ᠡᠭᠦᠷ ᠡᠴᠡ ᠪᠡᠨ ᠭᠠᠷᠳᠠᠭ᠃ ᠲᠡᠳᠡ ᠡᠷᠡᠦ ᠶ᠋ᠢᠨ ᠳᠣᠣᠷ᠎ᠠ ᠪᠠᠨ ᠬᠣᠣᠷ ᠤ᠋ᠨ ᠪᠤᠯᠴᠢᠷᠬᠠᠢ ᠲᠠᠢ ᠪᠥᠭᠡᠳ ᠳᠣᠣᠷ᠎ᠠ ᠰᠢᠳᠦ ᠪᠡᠷ ᠢ᠋ᠶ᠋ᠡᠨ ᠰᠢᠬᠠᠳᠠᠭ᠃ ᠲᠡᠭᠦᠨ ᠳ᠋ᠦ᠍ ᠬᠠᠵᠠᠭᠤᠯᠤᠭᠰᠠᠨ ᠠᠮᠢᠲᠠᠨ ᠳ᠋ᠤ᠌ ᠬᠡᠢ ᠬᠢᠮᠤᠷᠠᠬᠤ᠂ ᠠᠮᠢᠰᠬᠤᠯ ᠲᠠᠷᠴᠢᠯᠠᠬᠤ᠂ ᠴᠠᠭᠠᠵᠠᠯᠲᠠ ᠡᠭᠦᠰᠬᠡᠬᠦ᠂ ᠲᠠᠲᠠᠯᠲᠠ ᠥᠭᠬᠦ ᠰᠢᠨᠵᠢ ᠲᠡᠮᠳᠡᠭ ᠦ᠋ᠳ ᠢᠯᠡᠷᠡᠳᠡᠭ᠃ ᠲᠤᠷᠰᠢᠯᠲᠠ ᠪᠠᠷ ᠲᠡᠭᠦᠨ ᠦ᠌ ᠬᠣᠣᠷ ᠢ᠋ ᠬᠤᠯᠤᠭᠠᠨ᠎ᠠ ᠳᠡᠭᠡᠷ᠎ᠡ ᠶᠡᠬᠡ ᠬᠡᠮᠵᠢᠶ᠎ᠡ ᠪᠡᠷ ᠲᠠᠷᠢᠬᠤ ᠳ᠋ᠤ᠌ ᠤᠳᠠᠯ ᠦᠭᠡᠢ ᠦᠬᠦᠵᠦ ᠪᠠᠢᠪᠠ᠃ ᠺᠦᠪᠠ ᠶ᠋ᠢᠨ ᠰᠣᠯᠶᠣᠨᠣᠳᠣᠨ ᠮᠠᠰᠢ ᠬᠣᠪᠣᠷᠳᠠᠭᠰᠠᠨ ᠠᠮᠢᠲᠠᠨ ᠤᠴᠢᠷ ᠵᠠᠷᠢᠮ ᠡᠷᠳᠡᠮᠲᠡᠳ ᠤᠰᠠᠳᠴᠤ ᠦᠭᠡᠢ ᠪᠣᠯᠤᠭᠰᠠᠨ ᠭᠡᠵᠦ ᠦᠵᠡᠳᠡᠭ᠃
3 ᠳ᠋ᠤ᠌ ᠬᠢᠰᠫᠠᠨᠢᠣᠯᠠᠨ ᠰᠣᠯᠶᠣᠨᠣᠳᠣᠨ᠄ ᠲᠡᠳᠡ ᠺᠠᠷᠠᠯᠢᠨ ᠤ᠋ ᠲᠠᠩᠭᠢᠰ ᠲᠤ ᠪᠠᠢᠷᠢᠯᠠᠬᠤ ᠬᠢᠰᠫᠠᠨᠢᠣᠯ᠎ᠠ ᠠᠷᠠᠯ ᠳᠡᠭᠡᠷ᠎ᠡ ᠠᠮᠢᠳᠤᠷᠠᠳᠠᠭ᠃ ᠺᠦᠪᠠ ᠶ᠋ᠢᠨ ᠰᠣᠯᠶᠣᠨᠣᠳᠣᠨ ᠠ᠋ᠴᠠ ᠢᠯᠡᠭᠦᠦ ᠬᠦᠴᠦᠲᠡᠢ ᠬᠣᠣᠷᠲᠠᠢ ᠪᠥᠭᠡᠳ ᠮᠥᠯᠬᠥᠭᠴᠢ ᠠᠮᠢᠲᠠᠳ ᠦᠷᠪᠡᠯ᠂ ᠰᠢᠪᠠᠵᠢ ᠵᠡᠷᠭᠡ ᠪᠡᠷ ᠬᠣᠭᠣᠯᠠᠯᠠᠳᠠᠭ᠃ ᠳᠣᠣᠷ᠎ᠠ ᠰᠢᠲᠦ ᠪᠡᠷ ᠢ᠋ᠶ᠋ᠡᠨ ᠬᠣᠣᠷ ᠢ᠋ᠶ᠋ᠠᠨ ᠰᠢᠬᠠᠵᠤ ᠴᠠᠭᠠᠵᠠᠯᠲᠠ ᠡᠭᠦᠰᠬᠡᠵᠦ ᠴᠠᠭᠠᠰᠢᠯᠠᠭᠠᠳ ᠦᠬᠦᠯ ᠳ᠋ᠦ᠍ ᠬᠦᠷᠭᠡᠳᠡᠭ᠃ ᠲᠡᠳᠡ ᠨᠢᠭᠡ ᠺᠢᠯᠣᠭ᠌ᠷᠠᠮ ᠬᠦᠷᠬᠦ ᠦᠭᠡᠢ ᠵᠢᠩ ᠲᠡᠢ ᠵᠢᠵᠢᠭ ᠪᠡᠶ᠎ᠡ ᠲᠡᠢ ᠤᠴᠢᠷ ᠠ᠋ᠴᠠ ᠬᠥᠮᠦᠨ ᠳ᠋ᠦ᠍ ᠠᠶᠤᠯ ᠤᠴᠠᠷᠠᠭᠤᠯᠬᠤ ᠬᠡᠮᠵᠢᠶᠡᠨ ᠦ᠌ ᠬᠣᠣᠷ ᠢᠯᠭᠠᠷᠠᠭᠤᠯᠳᠠᠭ ᠦᠭᠡᠢ᠃
    ᠵᠢᠭᠰᠠᠭᠠᠯᠲᠠ ᠶ᠋ᠢᠨ 2 ᠳ᠋ᠤᠭᠠᠷ ᠪᠠᠢᠷᠢ ᠤᠳᠠᠭᠠᠨ ᠯᠤᠷᠶᠤᠢᠰ᠄ ᠤᠳᠠᠭᠠᠨ ᠯᠤᠷᠶᠤᠢᠰ ᠪᠣᠯ ᠵᠢᠭᠰᠠᠭᠠᠯᠲᠠ ᠶ᠋ᠢᠨ ᠬᠠᠮᠤᠭ ᠤ᠋ᠨ ᠥᠬᠥᠭᠡᠷᠳᠡᠮ᠎ᠡ ᠠᠮᠢᠲᠠᠨ ᠶᠤᠮ᠃ ᠲᠡᠳᠡ ᠵᠡᠭᠦᠨ ᠡᠮᠦᠨᠡᠲᠦ ᠠᠽᠢᠶ᠎ᠠ ᠳ᠋ᠤ᠌ ᠠᠮᠢᠳᠤᠷᠠᠳᠠᠭ ᠪᠥᠭᠡᠳ ᠳᠣᠲᠣᠷ᠎ᠠ ᠨᠢ ᠨᠠᠢ᠍ᠮᠠᠨ ᠲᠥᠷᠥᠯ ᠵᠦᠢᠯ ᠳ᠋ᠦ᠍ ᠬᠤᠪᠢᠶᠠᠭᠳᠠᠭ᠃ ᠡᠳᠡᠭᠡᠷ ᠲᠥᠷᠥᠯ ᠦ᠋ᠳ 265 ᠭᠷᠠᠮ ᠠ᠋ᠴᠠ ᠡᠬᠢᠯᠡᠭᠡᠳ ᠬᠣᠶᠠᠷ ᠠᠷᠪᠠᠨ ᠤ᠋ ᠨᠢᠭᠡ ᠺᠢᠯᠣᠭ᠌ᠷᠠᠮ ᠬᠦᠷᠲᠡᠯ᠎ᠡ ᠵᠢᠩ ᠲᠡᠢ ᠪᠠ ᠥᠭᠡᠷ᠎ᠡ ᠥᠭᠡᠷ᠎ᠡ ᠬᠡᠮᠵᠢᠶ᠎ᠡ ᠥᠩᠭᠡ ᠵᠢᠰᠦ ᠲᠡᠢ ᠪᠠᠢᠳᠠᠭ᠃ ᠤᠳᠠᠭᠠᠨ ᠯᠤᠷᠶᠤᠢᠰ ᠭᠡᠮ ᠬᠣᠣᠷ ᠦᠭᠡᠢ ᠢᠲᠡᠭᠡᠬᠦ ᠦᠭᠡᠢ ᠰᠸᠷᠢᠺᠡ ᠶ᠋ᠢᠨ ᠮᠤᠤᠷ ᠰᠢᠭ᠋ ᠬᠠᠷᠠᠭᠳᠠᠳᠠᠭ ᠪᠣᠯᠪᠠᠴᠤ ᠲᠡᠳᠡ ᠦᠨᠡᠨ ᠳ᠋ᠦ᠍ ᠪᠡᠨ ᠦᠨᠡᠬᠡᠷ ᠠᠶᠤᠯ ᠲᠠᠢ ᠠᠮᠢᠲᠠᠳ᠃ ᠤᠴᠢᠷ ᠨᠢ ᠲᠡᠳᠡᠨ ᠦ᠌ ᠬᠠᠵᠠᠯᠲᠠ ᠬᠣᠣᠷᠲᠠᠢ ᠪᠠᠢᠳᠠᠭ᠃ ᠲᠡᠭᠦᠨ ᠦ᠌ ᠬᠣᠣᠷ ᠬᠥᠮᠦᠨ ᠦ᠌ ᠪᠡᠶ᠎ᠡ ᠳ᠋ᠦ᠍ ᠠᠨᠠᠰᠢᠯᠢᠯᠲᠠ ᠶ᠋ᠢᠨ ᠱᠣᠺᠦ ᠪᠤᠶᠤ ᠬᠠᠷᠰᠢᠯᠠᠯ ᠤ᠋ᠨ ᠬᠦᠨᠳᠦ ᠬᠡᠯᠪᠡᠷᠢ ᠶ᠋ᠢᠨ ᠬᠠᠷᠢᠭᠤ ᠤᠷᠪᠠᠯ ᠢ᠋ᠶ᠋ᠠᠷ ᠢᠯᠡᠷᠡᠵᠦ ᠴᠠᠭᠠᠰᠢᠯᠠᠭᠠᠳ ᠦᠬᠦᠯ ᠳ᠋ᠦ᠍ ᠬᠦᠷᠭᠡᠳᠡᠭ᠃ ᠬᠣᠣᠷᠳᠠᠭᠤᠯᠬᠤ ᠠᠷᠭ᠎ᠠ ᠵᠠᠮ ᠨᠢ ᠶᠡᠬᠡ ᠥᠪᠡᠷᠮᠢᠴᠡ᠂ ᠠᠶᠤᠯ ᠵᠠᠨᠤᠯᠬᠢᠯᠠᠭᠰᠠᠨ ᠦᠶ᠎ᠡ ᠳ᠋ᠦ᠍ ᠭᠠᠷ ᠢ᠋ᠶ᠋ᠠᠨ ᠳᠡᠭᠡᠭᠰᠢ ᠡᠷᠭᠦᠵᠦ ᠲᠣᠬᠣᠢ ᠶ᠋ᠢᠨ ᠬᠡᠰᠡᠭ ᠲᠤ ᠪᠠᠢᠳᠠᠭ ᠥᠪᠡᠷᠮᠢᠴᠡ ᠬᠥᠯᠥᠰᠥᠨ ᠦ᠌ ᠪᠤᠯᠴᠢᠷᠬᠠᠢ ᠪᠠᠨ ᠳᠣᠯᠢᠶᠠᠳᠠᠭ᠃ ᠢᠩᠭᠢᠭᠡᠳ ᠪᠤᠯᠴᠢᠷᠬᠠᠢ ᠶ᠋ᠢᠨ ᠬᠥᠯᠥᠰᠥ ᠲᠡᠭᠦᠨ ᠦ᠌ ᠰᠢᠯᠦᠰᠦ ᠲᠡᠢ ᠬᠣᠯᠢᠯᠳᠤᠭᠰᠠᠨ ᠢ᠋ᠶ᠋ᠠᠷ ᠬᠣᠣᠷ ᠢᠳᠡᠪᠬᠢᠵᠢᠵᠦ ᠬᠠᠵᠠᠬᠤ ᠳ᠋ᠤ᠌ ᠪᠡᠯᠡᠨ ᠪᠣᠯᠳᠠᠭ ᠠᠵᠢ᠃
    ᠵᠢᠭᠰᠠᠭᠠᠯᠲᠠ ᠶ᠋ᠢᠨ 1ᠳ᠋ᠦ᠍ᠭᠡᠷ ᠪᠠᠢᠷᠢᠨ ᠳ᠋ᠤ᠌ ᠨᠤᠭᠤᠰᠤᠨ ᠬᠣᠰᠢᠭᠤᠲᠤ ᠣᠷᠣᠯ᠎ᠠ᠃ ᠨᠤᠭᠤᠰᠤᠨ ᠬᠣᠰᠢᠭᠤᠲᠤ ᠪᠣᠯ ᠳᠡᠯᠡᠬᠡᠢ ᠶ᠋ᠢᠨ ᠬᠠᠮᠤᠭ ᠤ᠋ᠨ ᠬᠣᠣᠷᠲᠠᠢ ᠬᠥᠬᠥᠲᠡᠨ ᠠᠮᠢᠲᠠᠨ᠂ ᠲᠡᠭᠦᠨ ᠦ᠌ ᠬᠣᠣᠷ ᠬᠥᠮᠦᠰ ᠲᠤ ᠦᠨᠡᠬᠡᠷ ᠠᠶᠤᠯ ᠲᠠᠢ᠃ ᠬᠡᠳᠦᠢᠪᠡᠷ ᠦᠬᠦᠯ ᠳ᠋ᠦ᠍ ᠬᠦᠷᠭᠡᠬᠦ ᠦᠭᠡᠢ ᠪᠣᠯᠪᠠᠴᠤ ᠶᠠᠮᠠᠷ ᠴᠤ᠌ ᠬᠥᠮᠦᠨ
ᠲᠡᠰᠬᠦ ᠶ᠋ᠢᠨ ᠠᠷᠭ᠎ᠠ ᠦᠭᠡᠢ ᠠᠶᠤᠮᠰᠢᠭᠲᠠᠢ ᠶᠡᠬᠡ ᠡᠪᠡᠳᠳᠡᠭ᠃ ᠡᠨᠡ ᠡᠪᠡᠳᠦᠯᠲᠡ ᠪᠦᠷ ᠰᠠᠷ᠎ᠠ ᠭᠠᠷᠤᠢ ᠦᠷᠭᠦᠯᠵᠢᠯᠡᠳᠡᠭ ᠪᠥᠭᠡᠳ ᠡᠩ ᠦ᠋ᠨ ᠡᠪᠡᠳᠴᠢᠨ ᠨᠠᠮᠳᠠᠭᠠᠬᠤ ᠡᠮ ᠳ᠋ᠦ᠍ ᠳᠠᠷᠤᠭᠳᠠᠳᠠᠭ ᠦᠭᠡᠢ᠃ ᠬᠠᠷᠢᠨ ᠲᠡᠭᠦᠨ ᠦ᠌ ᠬᠣᠣᠷ ᠲᠤ ᠬᠣᠣᠷᠳᠠᠭᠰᠠᠨ ᠨᠣᠬᠠᠢ᠂ ᠬᠥᠮᠦᠨ ᠳ᠋ᠦ᠍ ᠣᠢᠷᠠᠯᠴᠠᠭ᠎ᠠ ᠬᠡᠮᠵᠢᠶ᠎ᠡ ᠲᠡᠢ ᠠᠮᠢᠲᠠᠳ ᠨᠡᠯᠢᠶᠡᠳ ᠬᠤᠷᠳᠤᠨ ᠦᠬᠦᠳᠡᠭ᠃
    ᠬᠠᠴᠢᠨ ᠵᠢᠭᠲᠡᠢ ᠷᠢᠳᠢ ᠰᠢᠳᠢ ᠶ᠋ᠢᠨ ᠮᠡᠲᠦ ᠶ᠋ᠢᠨ ᠠᠮᠢᠲᠠᠨ ᠤ᠋ ᠲᠠᠯ᠎ᠠ ᠪᠠᠷ ᠳᠡᠯᠭᠡᠷᠡᠩᠭᠦᠢ ᠮᠡᠳᠡᠯᠭᠡ ᠬᠦᠰᠡᠪᠡᠯ ᠢᠲᠡᠭᠡᠮᠡᠷ ᠦᠭᠡᠢ ᠠᠮᠢᠲᠠᠨ ᠪᠠ ᠨᠤᠭᠤᠰᠤᠨ ᠬᠣᠰᠢᠭᠤᠲᠤ ᠪᠢᠴᠢᠯᠭᠡ ᠡᠴᠡ ᠬᠦᠯᠢᠶᠡᠨ ᠠᠪᠴᠤ ᠦᠵᠡᠭᠡᠷᠡᠢ᠃ ᠡᠬᠡ ᠪᠣᠯᠤᠭᠰᠠᠨ ᠪᠠᠢᠭᠠᠯᠢ ᠳᠡᠯᠡᠬᠡᠢ ᠬᠣᠪᠣᠷᠳᠠᠭᠰᠠᠨ ᠬᠣᠪᠣᠷᠳᠠᠭ᠎ᠠ ᠦᠭᠡᠢ ᠪᠦᠬᠦᠢ ᠯᠡ ᠠᠮᠢᠲᠠᠨ ᠤᠷᠭᠤᠮᠠᠯ ᠢ᠋ᠶ᠋ᠠᠨ ᠬᠠᠢᠷᠠᠯᠠᠨ ᠬᠠᠮᠠᠭᠠᠯᠠᠶ᠎ᠠ᠃ ᠡᠨᠡᠬᠦ ᠪᠢᠴᠢᠯᠭᠡ ᠶ᠋ᠢ ᠦᠵᠡᠭᠰᠡᠨ ᠲᠠᠨ ᠳ᠋ᠤ᠌ ᠪᠠᠶᠠᠷᠯᠠᠯ᠎ᠠ᠃ ᠲᠠᠭᠠᠯᠠᠭᠳᠠᠭᠰᠠᠨ《subscribe》 ᠳᠠᠷᠤᠭᠠᠷᠠᠢ᠃

   ᠦᠰᠦᠭ ᠠᠮᠢᠯᠠᠭᠤᠯᠤᠭᠰᠠᠨ ᠨᠢ᠄ ᠳ᠋ᠠᠰᠢᠨᠢᠮ᠎ᠠ
   ᠦᠰᠦᠭ ᠬᠠᠲᠠᠭᠰᠠᠨ ᠨᠢ᠄ ᠳ᠋ᠠᠰᠢᠨᠢᠮ᠎ᠠ
   ᠦᠰᠦᠭ ᠬᠢᠨᠠᠭᠰᠠᠨ ᠨᠢ᠄ ᠠᠯᠲᠠᠨᠴᠢᠮᠡᠭ ᠮᠠᠨᠳᠠᠷᠠᠸ᠎ᠠ ᠮᠥᠴᠢᠷ