ᠡᠷᠲᠡ ᠪᠠ ᠡᠳᠦᠭᠡ ᠶ᠋ᠢᠨ ᠬᠡᠦᠬᠡᠳ ᠦ᠋ᠨ ᠥᠷᠪᠥᠯᠭᠡ ᠬᠠᠢᠴᠢᠯᠠᠬᠤ ᠢᠷᠥᠭᠡᠯ-ᠬᠡᠷᠡᠢᠳ ᠪᠠ᠊ ᠬᠡᠢᠷᠦᠪ Эрт ба өдөөгийн хүүхдийн өрвөлгө хайчлах ерөөл-Хэрэйд Б·Хийрүб
ᠢᠷᠦᠭᠡᠯᠴᠢ᠄ ᠬᠡᠷᠡᠢᠳ ᠪᠠ᠊ ᠬᠡᠢᠷᠦᠪ
ᠡᠮᠬᠢᠳᠬᠡᠨ ᠨᠠᠢᠷᠠᠭᠤᠯᠤᠭᠴᠢ: ᠬᠡᠷᠡᠢᠳ ᠪᠠ᠊ ᠬᠡᠢᠷᠦᠪ
ᠤᠸᠮ ᠰᠠᠢᠨ ᠠᠮᠤᠭᠤᠯᠠᠩ ᠲᠠᠨ ᠪᠣᠯᠲᠤᠭᠠᠢ!
ᠤᠯᠠᠮ ᠰᠠᠢᠨ ᠵᠢᠷᠭᠠᠯᠠᠩ ᠲᠠᠨ ᠪᠣᠯᠲᠤᠭᠠᠢ!
ᠰᠠᠷ᠎ᠠ ᠶ᠋ᠢᠨ ᠰᠠᠢᠨ ᠢ᠋ ᠬᠦᠯᠢᠶᠡᠨ ᠪᠠᠢᠵᠤ
ᠡᠳᠦᠷ ᠦ᠋ᠨ ᠥᠯᠵᠡᠢ ᠶ᠋ᠢ ᠰᠣᠩᠭᠣᠨ ᠦᠵᠡᠵᠦ
ᠬᠡᠵᠢᠶ᠎ᠡ ᠬᠠᠮᠢᠭ᠎ᠠ
ᠬᠡᠨ ᠬᠡᠨ ᠦ᠌ ᠳ᠋ᠦ᠍ ᠮᠡᠨᠳᠦᠯᠡᠭᠰᠡᠨ
ᠪᠠᠨᠲᠠᠭᠠᠷ ᠴᠠᠭᠠᠨ ᠬᠥᠪᠡᠭᠦᠨ ᠤ
ᠪᠦᠯᠲᠡᠭᠡᠷ ᠰᠠᠢᠬᠠᠨ ᠬᠡᠦᠬᠡᠨ ᠦ᠌
ᠨᠢᠭᠡ ᠨᠠᠰᠤᠨ ᠤ᠋
ᠣᠢ ᠶ᠋ᠢᠨ ᠪᠠᠶᠠᠷ ᠪᠣᠯᠤᠭᠰᠠᠨ
ᠥᠯᠵᠡᠢ ᠪᠡᠯᠭᠡᠲᠦ ᠡᠨᠡ ᠰᠠᠢᠨ ᠡᠳᠦᠷ ᠠ᠋!
ᠰᠠᠷᠠᠭᠤᠯ ᠮᠡᠷᠭᠡᠨ ᠠᠪᠤ
ᠰᠠᠨᠠᠭ᠎ᠠ ᠰᠠᠢᠲᠤ ᠡᠵᠢ
ᠰᠠᠳᠤᠨ ᠣᠯᠠᠨ ᠲᠥᠷᠥᠯ ᠳᠠᠶᠠᠭᠠᠷ ᠢ᠋ᠶ᠋ᠠᠨ
ᠰᠠᠷ᠎ᠠ ᠨᠠᠷᠠ ᠮᠡᠲᠦ ᠭᠡᠷᠡᠯᠲᠦᠨ ᠢᠷᠡᠵᠦ
ᠥᠨᠢᠷ ᠤᠭᠰᠠᠭ᠎ᠠ ᠪᠦᠭᠦᠳᠡ
ᠥᠷᠭᠡᠨ ᠣᠯᠠᠨ ᠳᠠᠶᠠᠭᠠᠷ ᠢ᠋ᠶ᠋ᠠᠨ
ᠤᠴᠠᠷᠠᠵᠤ ᠵᠣᠯᠭᠠᠭᠰᠠᠨ ᠡᠨᠡ ᠡᠳᠦᠷ ᠠ᠋
ᠤᠴᠢᠷ ᠲᠠᠢ ᠰᠠᠢᠬᠠᠨ ᠶᠡᠬᠡ ᠪᠡᠷ
ᠵᠢᠷᠭᠠᠯ ᠶᠡᠬᠡᠲᠦ ᠠᠪᠠᠭ᠎ᠠ ᠨᠠᠷ
ᠵᠢᠷᠤᠮ ᠰᠠᠢᠲᠤ ᠨᠠᠭᠠᠴᠤ ᠨᠠᠷ
ᠬᠤᠪᠢ ᠢᠷᠦᠭᠡᠯ ᠢ᠋ᠶ᠋ᠡᠷ ᠤᠴᠠᠷᠠᠭᠰᠠᠨ
ᠬᠤᠷ᠎ᠠ ᠮᠡᠲᠦ ᠬᠤᠷᠠᠨ ᠴᠤᠭᠯᠠᠷᠠᠭᠰᠠᠨ
ᠡᠨᠡ ᠰᠠᠢᠬᠠᠨ ᠡᠳᠦᠷ ᠲᠤ
ᠨᠠᠰᠤᠨ ᠰᠢᠳᠢ ᠶ᠋ᠢ ᠰᠣᠶᠣᠷᠬᠠᠭᠴᠢ
ᠨᠠᠷᠠᠨ ᠵᠠᠯᠠᠭᠤ ᠶ᠋ᠢᠨ ᠡᠨᠡ ᠴᠠᠭ ᠲᠤ᠌
ᠫᠢᠯᠠ ᠲᠠᠢ ᠪᠣᠭᠣᠷᠰᠣᠭ ᠤ᠋ᠨ ᠳᠡᠭᠡᠷ᠎ᠡ
ᠠᠮᠲᠠᠲᠤ ᠰᠠᠢᠬᠠᠨ ᠠᠯᠢᠮ᠎ᠠ ᠵᠢᠮᠢᠰ
ᠠᠯᠲᠠᠨ ᠮᠥᠩᠭᠥᠨ ᠡᠳ᠋ ᠡᠷᠳᠡᠨᠢ
ᠠᠮᠤᠷ ᠮᠡᠨᠳᠦ ᠶ᠋ᠢᠨ ᠮᠠᠨᠤᠬᠤᠨ ᠬᠦᠬᠦᠷ
ᠪᠢᠷ ᠦᠵᠦᠭ ᠢ᠋ ᠵᠢᠭᠰᠠᠭᠠᠨ ᠲᠠᠯᠪᠢᠵᠤ
ᠣᠯᠠᠨ ᠳᠠᠶᠠᠭᠠᠷ ᠤ᠋ᠨ ᠮᠡᠳᠡᠬᠦ ᠪᠡᠷ
ᠣᠢ ᠬᠦᠷᠦᠭᠰᠡᠨ ᠬᠦᠦ ᠬᠡᠦᠬᠡᠨ
ᠥᠪᠡᠷ ᠢ᠋ᠶ᠋ᠡᠨ ᠳᠤᠷᠠᠲᠠᠢ ᠵᠦᠢᠯ ᠢ᠋ᠶ᠋ᠡᠨ
ᠭᠤᠷᠪᠠ ᠤᠳᠠᠭ᠎ᠠ ᠠᠪᠤᠭᠰᠠᠨ ᠤ᠋ ᠳᠠᠷᠠᠭ᠎ᠠ
ᠬᠡᠦᠬᠡᠳ ᠦ᠋ᠨ ᠨᠠᠭᠠᠴᠤ ᠠᠪᠤ ᠨᠢ
ᠬᠡᠦᠬᠡᠨ ᠦ᠌ ᠨᠠᠭᠠᠴᠤ ᠡᠵᠢ
ᠮᠥᠩᠭᠥᠨ ᠠᠶᠠᠭ᠎ᠠ ᠲᠠᠢ
ᠰᠢᠷ᠎ᠠ ᠲᠣᠰᠣ ᠴᠠᠭᠠᠨ ᠢᠳᠡᠭᠡ ᠪᠡᠷ
ᠮᠥᠨ ᠬᠡᠦᠬᠡᠳ ᠦ᠋ᠨ
ᠪᠠᠶᠠᠷ ᠤ᠋ᠨ ᠮᠠᠩᠨᠠᠢ ᠶ᠋ᠢ ᠮᠢᠯᠢᠶᠠᠵᠤ
ᠠᠮᠤᠷ ᠵᠢᠷᠭᠠᠬᠤ ᠪᠣᠯᠲᠤᠭᠠᠢ ᠭᠡᠮᠡᠨ
ᠣᠩᠭᠣᠨ ᠦᠰᠦ ᠶ᠋ᠢ ᠨᠢ ᠬᠥᠨᠳᠡᠭᠡᠵᠦ ᠡᠬᠢᠯᠡᠨ
ᠣᠳᠣ ᠪᠠᠷ ᠲᠡᠭᠦᠨ ᠢ ᠪᠣᠨᠳᠣᠭᠠᠢᠯᠠᠨ ᠠᠪᠴᠤ
ᠮᠥᠩᠭᠥᠨ ᠬᠠᠢᠴᠢ ᠶ᠋ᠢᠨ ᠳᠡᠢᠯᠦᠭ ᠢ᠋ ᠨᠡᠭᠡᠭᠡᠵᠦ
ᠮᠥᠩᠬᠡ ᠵᠢᠷᠭᠠᠬᠤ ᠮᠠᠭᠲᠠᠭᠠᠯ ᠢ᠋ ᠡᠷᠭᠦᠵᠦ
ᠪᠣᠯᠣᠳ ᠬᠠᠢᠴᠢ ᠶ᠋ᠢᠨ ᠳᠡᠢᠯᠦᠭ ᠢ᠋ ᠨᠡᠭᠡᠭᠡᠵᠦ
ᠪᠤᠶᠠᠨ ᠬᠡᠰᠢᠭ ᠴᠢᠨᠢ ᠳᠡᠯᠭᠡᠷᠡᠲᠦᠭᠡᠢ !ᠭᠡᠵᠦ
ᠨᠠᠩᠲᠠᠢ ᠠᠭᠤᠯᠠ ᠮᠡᠲᠦ ᠪᠤᠶᠠᠨ ᠬᠡᠰᠢᠭ ᠲᠡᠢ ᠪᠣᠯᠲᠤᠭᠠᠢ!
ᠨᠠᠮᠰᠠᠷᠠᠢ ᠪᠤᠷᠬᠠᠨ ᠮᠡᠲᠦ ᠱᠠᠩ ᠲᠠᠢ ᠪᠣᠯᠲᠤᠭᠠᠢ!
ᠤᠳᠤᠮ ᠰᠠᠢᠲᠤ ᠶ᠋ᠢᠨ ᠦᠷᠡᠰ ᠤᠯᠠᠮ ᠤᠯᠠᠮ ᠦᠷᠡᠵᠢᠲᠦᠭᠡᠢ
ᠰᠠᠳᠤᠨ ᠰᠠᠢᠲᠤ ᠶ᠋ᠢᠨ ᠦᠷᠡᠰ
ᠰᠠᠢᠨ ᠶᠠᠪᠤᠵᠤ ᠰᠠᠨᠠᠭ᠎ᠠ ᠪᠠᠷ ᠵᠢᠷᠭ᠎ᠠ!
ᠡᠩᠬᠡ ᠶᠠᠪᠤᠵᠤ ᠮᠥᠩᠬᠡ ᠵᠢᠷᠭᠠᠬᠤ ᠶ᠋ᠢᠨ
ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
2008 ᠣᠨ ᠤ᠋6 ᠰᠠᠷ᠎ᠠ ᠶ᠋ᠢᠨ5 ᠤ᠋ ᠡᠳᠦᠷ
※ ᠰᠢᠩᠭᠡᠭᠡᠯᠲᠡ ᠳ᠋ᠡᠬᠢ ᠥᠷᠪᠡᠯᠭᠡ ᠭᠡᠰᠡᠨ ᠦᠰᠦᠭ ᠢ᠋ ᠥᠷᠪᠥᠯᠭᠡ ᠭᠡᠵᠦ ᠪᠤᠷᠤᠭᠤ ᠪᠢᠴᠢᠭᠰᠡᠨ ᠢ᠋ ᠲᠣᠳᠣᠳᠬᠠᠶᠠ!
ᠦᠰᠦᠭ ᠠᠮᠢᠯᠠᠭᠤᠯᠤᠭᠴᠢ ᠬᠠᠳᠠᠭᠴᠢ᠄ ᠬᠡᠷᠡᠢᠳ ᠨᠠᠷᠠᠰᠤ
ᠬᠢᠨᠠᠭᠴᠢ᠄ ᠣᠳᠬᠠᠨᠰᠣ᠎ᠡ᠂ ᠨᠤᠮᠤᠴᠢᠨ ᠮᠡᠷᠭᠡᠨᠪᠢᠯᠢᠭ
