1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠳᠢᠷᠴᠢᠨ -ᠮᠣᠩᠭᠣᠯ ᠠᠷᠠᠳ ᠤᠨ ᠦᠯᠢᠭᠡᠷБадарчин -Монгол Ардын Үлгэр

ᠪᠠᠳᠢᠷᠴᠢᠨ -ᠮᠣᠩᠭᠣᠯ ᠠᠷᠠᠳ ᠤᠨ ᠦᠯᠢᠭᠡᠷБадарчин -Монгол Ардын Үлгэр

ᠠᠩᠭᠢᠯᠠᠯ:ᠳᠣᠮᠣᠭ ᠦᠯᠢᠭᠡᠷ
2022-04-08

297

ᠪᠠᠳᠢᠷᠴᠢᠨ

    ᠡᠷᠲᠡ ᠤᠷᠢᠳᠤ ᠶ᠋ᠢᠨ ᠴᠠᠭ ᠲᠤ᠌ ᠨᠢᠭᠡᠨ ᠰᠡᠷᠭᠦᠯᠡᠩ ᠪᠠᠳᠢᠷᠴᠢᠨ ᠠᠮᠢᠳᠤᠷᠠᠨ ᠰᠠᠭᠤᠳᠠᠭ ᠪᠠᠢᠵᠠᠢ᠃ ᠲᠡᠷᠡ ᠪᠠᠳᠢᠷᠴᠢᠨ ᠬᠠᠮᠢᠭᠠᠰᠢ ᠪᠠᠨ ᠬᠠᠷᠠᠨ᠎ᠠ ᠲᠡᠷᠡ ᠵᠦᠭ ᠲᠡᠭᠡᠨ ᠶᠠᠪᠤᠵᠤ᠂ ᠠᠢᠯ ᠠᠮᠢᠲᠠᠨ ᠢ᠋ᠶ᠋ᠠᠷ ᠬᠣᠨᠣᠭᠯᠠᠨ ᠬᠡᠴᠡ ᠪᠡᠷ ᠳᠡᠷ᠎ᠡ ᠬᠢᠵᠦ ᠬᠡᠭᠡᠷ᠎ᠡ ᠪᠡᠷ ᠬᠣᠨᠣᠭ ᠲᠥᠭᠡᠷᠢᠭᠦᠯᠦᠨ ᠶᠠᠪᠤᠳᠠᠭ ᠪᠠᠢᠵᠠᠢ᠃ᠨᠢᠭᠡᠨ ᠡᠳᠦᠷ ᠪᠠᠳᠢᠷᠴᠢᠨ ᠶᠠᠪᠤᠵᠤ ᠪᠠᠢᠲᠠᠯ᠎ᠠ ᠵᠠᠮ ᠳᠡᠭᠡᠷ᠎ᠡ ᠨᠢᠭᠡ ᠦᠬᠦᠭᠰᠡᠨ ᠠᠳᠤᠭᠤᠨ ᠤ᠋ ᠰᠡᠭ ᠪᠠᠢᠬᠤ ᠶ᠋ᠢ ᠦᠵᠡᠭᠡᠳ ᠬᠡᠷᠡᠭ ᠪᠣᠯᠵᠤ ᠮᠠᠭᠠᠳ ᠦᠭᠡᠢ ᠭᠡᠳ ᠲᠡᠭᠦᠨ ᠦ᠌ ᠰᠡᠭᠦᠯ ᠢ᠋ ᠳᠠᠭᠠᠷᠢᠨ ᠠᠪᠴᠤ ᠡᠭᠦᠷᠭᠡᠨ (ᠡᠭᠦᠷᠭᠡᠪᠴᠢ) ᠳ᠋ᠦ᠍ ᠪᠡᠨ ᠬᠢᠭᠡᠳ ᠴᠠᠭᠠᠱᠢ ᠶᠠᠪᠤᠵᠠᠢ ᠭᠡᠨ᠎ᠡ᠃ ᠭᠡᠲᠡᠯ᠎ᠡ ᠬᠡᠰᠡᠭ ᠪᠠᠶᠠᠴᠤᠳ ᠣᠪᠣᠭ᠎ᠠ ᠳᠠᠬᠢᠵᠤ ᠪᠠᠢᠭ᠎ᠠ ᠳᠡᠭᠡᠷ᠎ᠡ ᠬᠦᠷᠴᠦ ᠣᠴᠢᠪᠠᠯ ᠲᠡᠳᠡᠭᠡᠷ ᠬᠥᠮᠦᠰ ᠬᠤᠷᠮᠤᠰᠲᠠ ᠲᠩᠷᠢ ᠶ᠋ᠢᠨ ᠬᠤᠯᠠᠭᠴᠢ ᠭᠡᠭᠦᠦ ᠪᠠᠢᠳᠠᠭ ᠠ᠋᠂ ᠵᠠᠷᠢᠮ ᠨᠢ ᠬᠤᠷᠮᠤᠰᠲᠠ ᠲᠩᠷᠢ ᠶ᠋ᠢᠨ ᠬᠤᠯᠠᠭᠴᠢ ᠭᠡᠭᠦᠦ ᠣᠭᠲᠣ ᠪᠠᠢᠳᠠᠭ ᠦᠭᠡᠢ ᠭᠡᠵᠦ ᠮᠠᠷᠭᠤᠯᠳᠤᠨ ᠵᠢᠳᠬᠦᠵᠦ ᠪᠠᠢᠪᠠ ᠭᠡᠨ᠎ᠡ᠃ ᠪᠠᠳᠢᠷᠴᠢᠨ ᠲᠡᠭᠦᠨ ᠢ᠋ ᠭᠠᠢᠬᠠᠭᠰᠠᠭᠠᠷ ᠴᠠᠭᠠᠱᠢ ᠶᠠᠪᠤᠵᠤ ᠪᠠᠢᠲᠠᠯ᠎ᠠ ᠨᠢᠭᠡ ᠵᠢᠷᠣᠭ᠎ᠠ ᠮᠣᠷᠢ ᠤᠨᠤᠭᠰᠠᠨ ᠪᠠᠶᠠᠨ ᠬᠥᠮᠦᠨ ᠭᠣᠣᠯ ᠤᠷᠤᠭᠤᠳᠠᠨ ᠠᠢᠰᠤᠢ ᠶ᠋ᠢ ᠬᠠᠷᠠᠭᠠᠳ ᠨᠥᠬᠥᠭᠡ ᠠᠳᠤᠭᠤᠨ ᠤ᠋ ᠪᠠᠨ ᠰᠡᠭᠦᠯ ᠢ᠋ ᠣᠯᠣᠰᠣ ᠪᠠᠷ ᠣᠭᠣᠰᠣᠷᠯᠠᠨ ᠬᠣᠩᠭᠢᠯ ᠮᠣᠳᠣᠨ ᠤ᠋ ᠢᠷᠣᠭᠠᠷ ᠳᠣᠣᠭᠤᠷ ᠣᠷᠣᠭᠤᠯᠤᠨ ᠮᠣᠳᠣᠨ ᠤ᠋ ᠦᠨᠳᠦᠰᠦ ᠡᠴᠡ ᠪᠡᠬᠢᠯᠡᠵᠦ ᠤᠶᠠᠭᠠᠳ ᠬᠠᠭᠠᠰ ᠢ᠋ ᠨᠢ ᠰᠢᠷᠣᠢ ᠪᠠᠷ ᠪᠤᠯᠠᠵᠤ ᠶᠠᠩᠵᠤᠯᠠᠨ ᠰᠡᠭᠦᠯᠡᠨ ᠦ᠌ ᠦᠵᠦᠭᠦᠷ ᠡᠴᠡ ᠨᠢ ᠤᠭᠵᠠᠷᠠᠨ ᠴᠢᠩᠭᠠᠬᠤ ᠪᠠᠢᠳᠠᠯ ᠦᠵᠡᠭᠦᠯᠦᠨ ᠤᠷᠤᠯᠳᠤᠵᠤ ᠪᠠᠢᠲᠠᠯ᠎ᠠ ᠨᠥᠭᠥᠭᠡ ᠵᠢᠷᠣᠭ᠎ᠠ ᠮᠣᠷᠢᠲᠤ ᠪᠠᠶᠠᠨ ᠬᠥᠮᠦᠨ ᠬᠦᠷᠴᠦ ᠢᠷᠡᠭᠡᠳ᠄《ᠵᠠ᠂ ᠪᠠᠳᠢᠷᠴᠢᠨ ᠴᠢ ᠶᠠᠭᠤ ᠬᠢᠵᠦ ᠪᠠᠢᠨ᠎ᠠ?》ᠭᠡᠵᠦ ᠠᠰᠠᠭᠤᠬᠤ ᠳ᠋ᠤ᠌ ᠪᠠᠳᠢᠷᠴᠢᠨ᠄ ᠪᠢ ᠰᠠᠶᠢ ᠬᠤᠷᠮᠤᠰᠲᠠ ᠶ᠋ᠢᠨ ᠬᠤᠯᠠᠭᠴᠢ ᠭᠡᠭᠦᠦ ᠡᠨᠡ ᠮᠣᠳᠣᠨ ᠤ᠋ ᠳᠣᠣᠷ᠎ᠠ ᠤᠨᠲᠠᠵᠤ ᠪᠠᠢᠬᠤ ᠪᠠᠷ ᠨᠢ ᠡᠨᠡ ᠣᠯᠣᠰᠣ ᠪᠠᠷ ᠪᠤᠭᠤᠢᠯᠢᠳᠠᠭᠠᠳ ᠠᠪᠤᠭᠰᠠᠨ ᠴᠢᠨᠢ ᠨᠦᠬᠡ ᠤᠷᠤᠭᠤ ᠰᠢᠷᠭᠤᠭᠠᠳ ᠣᠷᠣᠴᠢᠬᠠᠳᠠᠭ ᠪᠠᠢᠨ᠎ᠠ ᠰᠢᠦ ᠣᠳᠣ ᠰᠡᠭᠦᠯ ᠨᠢ ᠴᠤᠬᠤᠢᠵᠤ ᠪᠠᠢᠨ᠎ᠠ ᠳᠠ ᠲᠤᠰᠠᠯᠠᠭᠠᠷᠠᠢ! ᠭᠡᠰᠡᠨ ᠳ᠋ᠦ᠍ ᠨᠥᠭᠥᠭᠡ ᠵᠢᠷᠣᠭ᠎ᠠ ᠮᠣᠷᠢ ᠲᠠᠢ ᠪᠠᠶᠠᠨ ᠄ ᠵᠠ ᠲᠡᠭᠡᠨ᠎ᠡ ᠲᠡᠷᠡ᠂ ᠪᠢᠳᠡ ᠨᠠᠷ ᠰᠠᠶᠢ ᠣᠪᠣᠭ᠎ᠠ ᠲᠠᠬᠢᠭᠰᠠᠨ ᠤᠴᠢᠷ ᠬᠤᠷᠮᠤᠰᠲᠠ ᠲᠩᠷᠢ ᠬᠡᠰᠢᠭ ᠢᠶᠡᠨ ᠬᠠᠢᠷᠠᠯᠠᠵᠤ ᠪᠠᠢᠭ᠎ᠠ ᠨᠢ ᠡᠨᠡ ᠳᠡ ᠭᠡᠳ ᠰᠡᠭᠦᠯ ᠡᠴᠡ ᠨᠢ ᠴᠢᠩᠭᠠᠯᠳᠤᠭᠰᠠᠨ ᠳ᠋ᠤ᠌ ᠭᠠᠵᠠᠷ ᠪᠥᠮᠪᠥᠯᠵᠡᠵᠦ ᠬᠥᠳᠡᠯᠵᠦ ᠪᠠᠢᠬᠤ ᠶ᠋ᠢ ᠠᠵᠢᠭᠯᠠᠭᠠᠳ ᠰᠢᠨᠤᠭ ᠰᠡᠳᠬᠢᠯ ᠲᠥᠷᠥᠬᠦ ᠳᠤ ᠪᠠᠨ ᠪᠠᠳᠢᠷᠴᠢᠨ ᠢ᠋ ᠶᠠᠪᠤᠭᠤᠯᠴᠢᠬᠠᠭᠠᠳ ᠭᠠᠭᠴᠠᠭᠠᠷ ᠢ᠋ᠶ᠋ᠠᠨ ᠤᠬᠤᠵᠤ ᠠᠪᠤᠪᠠᠯ ᠰᠠᠢᠬᠠᠨ ᠮᠣᠷᠢ ᠲᠠᠢ ᠪᠣᠯᠳᠠᠭ ᠬᠡᠷᠡᠭ ᠭᠡᠵᠦ ᠰᠢᠢᠳᠦᠭᠡᠳ᠄《ᠵᠠ᠂ ᠴᠢ ᠮᠢᠨᠦ ᠮᠣᠷᠢ ᠶ᠋ᠢ ᠤᠨᠤᠭᠠᠳ ᠶᠠᠪᠤ᠂ ᠡᠨᠡ ᠬᠥᠪᠡᠭᠡᠨ ᠦ᠌ ᠴᠠᠭᠠᠨ᠎ᠠ ᠮᠠᠨ ᠤ᠋ ᠬᠢ ᠪᠣᠢ᠂ ᠲᠡᠨᠳᠡ ᠡᠴᠡ ᠣᠯᠠᠨ ᠬᠥᠮᠦᠨ ᠳᠠᠭᠤᠳᠠᠨ ᠠᠪᠴᠢᠷᠠ》 ᠭᠡᠵᠦ ᠬᠡᠯᠡᠵᠡᠢ᠃ ᠰᠡᠷᠭᠦᠯᠡᠩ ᠪᠠᠳᠢᠷᠴᠢᠨ ᠦᠭᠡ ᠳᠠᠭᠤ ᠦᠭᠡᠢ ᠥᠨᠥᠬᠢ ᠪᠠᠶᠠᠨ ᠤ᠋ ᠮᠣᠷᠢ ᠶ᠋ᠢ ᠤᠨᠤᠨ ᠲᠡᠷᠡ ᠴᠢᠭ ᠲᠦ᠍ ᠪᠡᠨ ᠴᠠᠭᠠᠱᠢ ᠪᠠᠨ ᠶᠠᠪᠤᠵᠤ ᠠᠯᠠᠭ᠎ᠠ ᠪᠣᠯᠵᠠᠢ᠃ ᠥᠨᠥ ᠰᠢᠨᠤᠬᠠᠢ ᠪᠠᠶᠠᠨ ᠬᠡᠰᠡᠭ ᠬᠦᠯᠢᠶᠡᠭᠡᠳ ᠭᠠᠵᠠᠷ ᠢ᠋ ᠤᠬᠤᠵᠤ ᠦᠵᠡᠪᠡᠯ ᠣᠯᠣᠰᠣ᠂ ᠬᠠᠲᠠᠭᠰᠠᠨ ᠰᠡᠭᠦᠯ ᠬᠣᠶᠠᠷ ᠠ᠋ᠴᠠ ᠥᠭᠡᠷ᠎ᠡ ᠶᠠᠭᠤ ᠴᠤ᠌ ᠭᠠᠷᠤᠭᠰᠠᠨ ᠦᠭᠡᠢ ᠭᠡᠨ᠎ᠡ᠃
ᠰᠢᠨᠤᠬᠠᠢ ᠰᠡᠳᠬᠢᠯᠲᠦ ᠪᠠᠶᠠᠨ ᠰᠢᠨᠤᠭ ᠰᠡᠳᠬᠢᠯ ᠳ᠋ᠦ᠍ ᠪᠡᠨ ᠣᠷᠢᠶᠠᠭᠳᠠᠨ ᠬᠡᠢ ᠯᠡ ᠠᠮᠠᠨ ᠳ᠋ᠤ᠌ ᠪᠠᠨ ᠥᠭᠦᠯᠡᠨ ᠬᠣᠴᠣᠷᠴᠠᠢ᠃

   ᠦᠰᠦᠭ ᠠᠮᠢᠯᠠᠭᠤᠯᠵᠤ ᠬᠠᠲᠠᠭᠰᠠᠨ ᠨᠢ᠄ ᠪᠦᠷᠢᠨᠴᠡᠴᠡᠭ
   ᠬᠢᠨᠠᠭᠴᠢ᠄ ᠱᠤᠳᠤᠷᠭᠤ