ᠰᠥᠩ ᠦ᠋ᠨ ᠢᠷᠥᠭᠡᠯ Сөнгийн ерөөл
ᠰᠥᠩ ᠦ᠋ᠨ ᠢᠷᠥᠭᠡᠯ
ᠵᠠ᠂
ᠡᠷᠲᠡ ᠳᠡᠭᠡᠷ᠎ᠡ ᠡᠴᠡ ᠡᠬᠢ ᠲᠡᠢ
ᠡᠴᠢᠭᠡ ᠡᠪᠦᠭᠡᠳ ᠡᠴᠡ ᠵᠢᠷᠤᠮ ᠲᠠᠢ
ᠡᠷᠬᠢᠮ ᠶᠣᠰᠣ ᠶ᠋ᠢ ᠰᠠᠬᠢᠭᠰᠠᠨ
ᠡᠨᠡ ᠨᠠᠢᠷ ᠤ᠋ᠨ ᠵᠣᠭᠣᠭ ᠪᠣᠯᠭᠠᠨ
ᠪᠠᠲᠤ ᠴᠠᠭᠠᠨ ᠦᠷᠭᠦᠭᠡᠨ ᠦ᠌ ᠬᠢᠨ ᠳᠤᠮᠳᠠ
ᠪᠠᠶᠠᠷ ᠤ᠋ᠨ ᠮᠠᠩᠯᠠᠢ ᠶ᠋ᠢ ᠴᠣᠭᠴᠠᠯᠠᠭᠤᠯᠤᠭᠰᠠᠨ
ᠪᠠᠳᠮᠠᠯᠢᠩᠬᠤ᠎ᠠ ᠲᠠᠪᠴᠠᠩ ᠳᠡᠭᠡᠷ᠎ᠡ
ᠪᠠᠢᠷᠢᠯᠠᠭᠤᠯᠵᠤ ᠲᠠᠯᠪᠢᠭᠰᠠᠨ ᠰᠥᠩ ᠪᠣᠯᠪᠠᠰᠤ
ᠵᠤᠨ ᠳ᠋ᠤ᠌ ᠪᠠᠨ ᠤᠷᠭᠤᠭᠰᠠᠨ ᠴᠡᠴᠡᠭ ᠦ᠋ᠨ ᠦᠷ᠎ᠡ
ᠵᠢᠷᠤᠮ ᠲᠠᠢ ᠲᠠᠯᠪᠢᠭᠰᠠᠨ ᠰᠠᠷᠬᠤᠳ ᠤ᠋ᠨ ᠳᠡᠭᠡᠵᠢ
ᠨᠠᠮᠤᠷ ᠲᠤ᠌ ᠪᠠᠨ ᠤᠷᠭᠤᠭᠰᠠᠨ ᠨᠠᠪᠴᠢᠨ ᠤ᠋ ᠦᠷ᠎ᠡ
ᠨᠠᠢᠷ ᠲᠤ᠌ ᠲᠠᠯᠪᠢᠭᠰᠠᠨ ᠰᠠᠷᠬᠤᠳ ᠤ᠋ᠨ ᠳᠡᠭᠡᠵᠢ
ᠠᠷᠠᠳ ᠣᠯᠠᠨ ᠲᠦᠮᠡᠨ ᠳ᠋ᠦ᠍ ᠪᠡᠨ ᠨᠠᠢᠷ ᠪᠣᠯᠤᠭᠰᠠᠨ
ᠠᠢᠯᠴᠢᠨ ᠣᠯᠠᠨ ᠳ᠋ᠤ᠌ ᠪᠠᠨ ᠵᠣᠭᠣᠭ ᠪᠣᠯᠤᠭᠰᠠᠨ
ᠠᠳᠤᠭᠤ ᠮᠠᠯ ᠤ᠋ᠨ ᠮᠠᠨᠢ ᠬᠡᠰᠢᠭ
ᠠᠮᠲᠠ ᠰᠢᠮ᠎ᠡ ᠲᠡᠭᠦᠯᠳᠡᠷ
ᠠᠢᠷᠠᠭ ᠰᠠᠷᠬᠤᠳ ᠢᠳᠡᠭᠡ ᠪᠡᠨ
ᠠᠯᠲᠠᠨ ᠠᠮᠠᠰᠠᠷ ᠲᠤ᠌ ᠮᠥᠩᠭᠥᠨ ᠳᠣᠲᠣᠷ᠎ᠠ ᠳ᠋ᠤ᠌
ᠠᠭᠠᠷᠤ ᠵᠠᠪᠢᠶ᠎ᠠ ᠰᠠᠪᠤᠩ ᠳ᠋ᠤ᠌ ᠨᠢ ᠪᠢᠯᠬᠠᠯᠵᠠᠭᠤᠯᠤᠭᠰᠠᠨ
ᠠᠮᠲᠠᠲᠤ ᠢᠳᠡᠭᠡᠨ ᠦ᠌ ᠶᠡᠬᠡ ᠰᠥᠩ ᠢ ᠴᠢᠨᠢ
ᠠᠷᠢᠭᠤᠨ ᠴᠠᠭᠠᠨ ᠬᠠᠳᠠᠭ ᠢ᠋ᠶ᠋ᠠᠷ
ᠠᠮᠠᠰᠠᠷ ᠶᠠᠭᠡ ᠶᠢ ᠨᠢ ᠠᠯᠳᠠᠷᠠᠭᠤᠯᠤᠨ ᠨᠡᠭᠡᠭᠡᠵᠦ
ᠠᠬ᠎ᠠ ᠳᠡᠭᠦᠦ ᠠᠢᠯᠴᠢᠨ ᠣᠯᠠᠨ ᠳ᠋ᠤ᠌ ᠪᠠᠨ
ᠠᠯᠳᠠᠷ ᠭᠡᠷᠡᠯ ᠲᠡᠢ ᠨᠠᠢᠷ ᠤ᠋ᠨ ᠴᠢᠨᠢ
ᠠᠩᠬᠠᠯᠠᠨ ᠡᠭᠦᠰᠬᠡᠬᠦ ᠶ᠋ᠢᠨ ᠤᠴᠢᠷ ᠢ᠋
ᠠᠢᠯᠠᠳᠬᠠᠨ ᠰᠣᠨᠣᠷᠳᠠᠭᠤᠯᠤᠶ᠎ᠠ᠃
