ᠮᠥᠩᠬᠡ ᠲᠤᠩᠬᠤ 6-10Мөнх ТунхMunkh Tunkh
ᠮᠥᠩᠬᠡ ᠲᠤᠩᠬᠤ 6-10
ᠮᠥᠩᠬᠡ᠄ ᠭᠦᠦᠭ᠂ ᠠᠷᠸ᠎ᠡ ᠠᠬ᠎ᠠ ᠠ᠋᠂ᠶᠠᠮᠠᠷ ᠭᠣᠶᠣ ᠶᠤᠮ ᠪᠣᠢ?ᠨᠡᠭᠡᠷᠡᠨ ᠰᠢᠨ᠎ᠡ ᠵᠢᠯ ᠪᠣᠯᠬᠤ ᠭᠡᠵᠦ ᠪᠠᠢᠭ᠎ᠠ ᠶᠤᠮ ᠪᠠᠢᠨ᠎ᠠ ᠰᠢᠲᠠ ᠲᠡᠢᠮᠦ?
ᠠᠷᠸ᠎ᠡ᠄ ᠳᠡᠭᠦᠦ ᠨᠠᠷ ᠲᠤ᠌ ᠪᠠᠨ ᠵᠣᠷᠢᠭᠤᠯᠤᠭᠠᠳ ᠳ᠋ᠤᠷᠤᠷᠠᠨ ᠪᠢᠳᠡ ᠬᠣᠶᠠᠷ ᠴᠢᠮᠡᠭᠯᠡᠭᠡᠳ ᠪᠠᠢᠵᠤ ᠪᠠᠢᠯ᠎ᠠ᠃
ᠳ᠋ᠤᠷᠤᠷᠠᠨ ᠄ ᠬᠡ ᠬᠡ ᠬᠡ᠂ᠬᠠᠷᠢᠨ ᠲᠡᠢᠮᠦ ᠠ᠋ ᠵᠥᠩᠳᠡᠭᠡᠨ ᠭᠣᠶᠣ ᠪᠣᠯᠤᠭᠰᠠᠨ ᠪᠠᠢᠭ᠎ᠠ ᠪᠢᠵᠡ ᠳᠡ᠃
ᠲᠤᠩᠬᠤ᠄ ᠶᠠᠮᠠᠷ ᠭᠣᠶᠣ ᠶᠤᠮ ᠪᠣᠢ?ᠰᠢᠨ᠎ᠡ ᠵᠢᠯ ᠪᠣᠯᠬᠤ ᠭᠡᠵᠦ ᠪᠠᠢᠭ᠎ᠠ ᠭᠡᠰᠡᠨ ᠴᠢᠨᠢ ᠪᠦᠷ ᠳᠣᠭᠳᠣᠯᠴᠢᠬᠠᠯᠠ᠃
ᠮᠥᠩᠬᠡ᠄ᠪᠢ ᠡᠨᠡ ᠰᠢᠨ᠎ᠡ ᠵᠢᠯ ᠢ᠋ᠶ᠋ᠡᠨ ᠵᠥᠩᠳᠡᠭᠡᠨ ᠭᠣᠶᠣ ᠪᠡᠯᠡᠭ ᠠᠪᠤᠮᠠᠷ ᠪᠠᠢᠨ᠎ᠠ᠂ ᠡᠪᠦᠯ ᠦ᠋ᠨ ᠡᠪᠦᠭᠡ ᠤᠷᠤᠭᠤ ᠮᠢᠨᠦ ᠪᠢᠴᠢᠭᠰᠡᠨ ᠵᠠᠬᠢᠳᠠᠯ ᠪᠦᠷ ᠡᠢᠮᠦ ᠤᠷᠲᠤ ᠪᠣᠯᠤᠭᠰᠠᠨ ᠭᠡᠳ ᠪᠣᠳᠣ ᠳᠠ᠂ ᠬᠡ ᠬᠠ᠁ ᠡᠭᠦᠨ ᠢ᠋ ᠬᠠᠷ᠎ᠠ ᠯᠠ ᠳᠠ᠃
ᠲᠤᠩᠬᠤ᠄ᠬᠡ ᠬᠡ ᠬᠡ᠂ ᠪᠢ ᠭᠡᠬᠦ ᠳ᠋ᠦ᠍ ᠪᠡᠨ ᠨᠢᠭᠡ ᠬᠥᠮᠦᠨ ᠳ᠋ᠦ᠍ ᠪᠡᠯᠡᠭ ᠥᠭᠭᠦᠮᠡᠷ ᠪᠠᠢᠬᠤ ᠶᠤᠮ᠃
ᠮᠥᠩᠬᠡ᠄ ᠬᠥᠥᠭ᠂ᠲᠡᠢᠮᠦ ᠤᠤ?ᠲᠡᠭᠡᠭᠡᠳ ᠬᠡᠨ ᠳ᠋ᠦ᠍ ᠪᠡᠯᠡᠭ ᠥᠭᠬᠦ ᠭᠡᠵᠦ ᠪᠠᠢᠭ᠎ᠠ ᠶᠤᠮ ᠳᠠ᠂ ᠠ? ᠬᠡᠯᠡᠴᠢᠬᠡ ᠯᠡ ᠳᠡ᠂ ᠬᠡᠯᠡᠴᠢᠬᠡ ᠯᠡ ᠳᠡ᠃
ᠲᠤᠩᠬᠤ᠄ ᠠᠷᠸ᠎ᠡ ᠠᠬ᠎ᠠ ᠠ᠋ ᠪᠢᠳᠡ ᠨᠠᠷ ᠡᠪᠦᠯ ᠦ᠋ᠨ ᠡᠪᠦᠭᠡ ᠶ᠋ᠢᠨ ᠦᠯᠢᠭᠡᠷ ᠢ᠋ᠶ᠋ᠡᠷ ᠠᠶᠠᠯᠠᠵᠤ ᠪᠣᠯᠬᠤ ᠪᠣᠯ ᠤᠤ?
ᠠᠷᠸ᠎ᠡ᠄ ᠪᠣᠯᠤᠯ ᠦᠭᠡᠢ ᠶᠠᠭᠠᠬᠢᠬᠤᠪ᠃
ᠮᠥᠩᠬᠡ᠄ ᠬᠥᠥᠭ᠂ᠦᠨᠡᠨ ᠤᠤ?ᠲᠡᠭᠡᠪᠡᠯ ᠪᠢᠳᠡ ᠨᠠᠷ ᠪᠦᠷ ᠦᠨᠡᠬᠡᠷ ᠡᠪᠦᠯ ᠦ᠋ᠨ ᠡᠪᠦᠭᠡ ᠳ᠋ᠦ᠍ ᠪᠡᠨ ᠵᠢᠩᠬᠢᠨᠢ ᠡᠴᠡ ᠪᠡᠨ ᠠᠭᠤᠯᠵᠠᠬᠤ ᠨᠢ ᠠ᠋᠃
ᠲᠤᠩᠬᠤ᠄ ᠦᠨᠡᠬᠡᠷ ᠪᠣᠯᠤᠮᠵᠢ ᠲᠠᠢ ᠭᠡᠵᠦ ᠤᠤ?ᠶᠠᠮᠠᠷ ᠭᠣᠶᠣ ᠶᠤᠮ ᠪᠣᠢ!ᠪᠢ ᠲᠡᠭᠡᠪᠡᠯ ᠡᠪᠦᠭᠡ ᠪᠡᠷ ᠳᠠᠮᠵᠢᠭᠤᠯᠤᠭᠠᠳ ᠨᠠᠢᠵᠠ ᠳ᠋ᠤ᠌ ᠪᠠᠨ ᠪᠡᠯᠡᠭ ᠥᠭᠭᠦᠭᠦᠯᠦᠨᠡ᠃
ᠠᠷᠸ᠎ᠡ᠄ᠵᠠ᠂ ᠮᠢᠨᠦ ᠳᠡᠭᠦᠦ ᠨᠠᠷ ᠠᠶᠠᠯᠠᠬᠤ ᠳ᠋ᠤ᠌ ᠪᠠᠨ ᠪᠡᠯᠡᠨ ᠤᠤ?
ᠮᠥᠩᠬᠡ᠄ ᠲᠡᠢᠮᠦ ᠠ᠋᠃
ᠪᠠᠰᠠᠷ᠄ᠬᠥᠥᠭ᠂ᠡᠨᠡ ᠴᠢᠨᠢ ᠵᠢᠩᠬᠢᠨᠢ ᠶᠠᠩᠵᠤ ᠶ᠋ᠢᠨ ᠦᠯᠢᠭᠡᠷ ᠤᠤ ᠦᠭᠡᠢ ᠤᠤ? ᠠ
ᠬᠦ ᠶᠠ ᠶᠠ ᠶᠠ᠂ ᠺᠠᠢᠳᠤᠤ (ᠶᠧᠯᠸᠢ ᠬᠡᠦᠬᠡᠳ) ᠤᠷᠠᠯᠠᠳᠠᠭ ᠪᠦᠷ ᠰᠠᠨᠠᠭᠳᠠᠭᠤᠯᠴᠢᠬᠠᠯᠠ ᠪᠠᠢᠨ᠎ᠠ᠃
ᠴᠠᠰᠤᠬᠠᠨ᠄ ᠠ?ᠡᠨᠡ ᠶᠠᠮᠠᠷ ᠭᠠᠵᠠᠷ ᠶᠤᠮ ᠪᠣᠢ? ᠪᠠᠰᠠᠷ ᠠ᠋᠃
ᠪᠠᠰᠠᠷ: ᠠ᠂ᠨᠢᠭᠡ ᠭᠣᠶᠣ ᠦᠯᠢᠭᠡᠷ ᠦ᠋ᠨ ᠭᠠᠵᠠᠷ ᠪᠠᠢᠳᠠᠭ ᠶᠤᠮ᠂ ᠬᠡ ᠬᠡ᠂ᠡᠨᠡ ᠮᠣᠳᠣᠨ ᠠ᠋ᠴᠠ ᠨᠢ ᠬᠦᠷᠲᠡᠯ᠎ᠡ ᠰᠢᠬᠢᠷ ᠡᠯᠭᠦᠭᠰᠡᠨ ᠪᠠᠢᠬᠤ ᠶ᠋ᠢ ᠪᠣᠳᠣᠪᠠᠯ᠂ ᠵᠥᠪ ᠦᠯᠢᠭᠡᠷ ᠲᠦ᠍ ᠯᠡ ᠣᠷᠣᠵᠤ ᠢᠷᠡᠭᠰᠡᠨ ᠶᠦ᠍ᠮ ᠰᠢᠭ ᠪᠠᠢᠨ᠎ᠠ ᠳᠠ᠃
ᠮᠥᠩᠬᠡ᠄ᠦᠨᠡᠬᠡᠷ ᠭᠣᠶᠣ ᠦᠯᠢᠭᠡᠷ ᠪᠠᠢᠨ᠎ᠠ ᠳᠠ᠂ᠡᠪᠦᠯ ᠦ᠋ᠨ ᠡᠪᠦᠭᠡ ᠬᠠᠮᠢᠭ᠎ᠠ ᠪᠠᠢᠭ᠎ᠠ ᠪᠣᠯ ᠠ᠋᠂ ᠬᠤᠷᠳᠤᠬᠠᠨ ᠰᠢᠭ᠋ ᠣᠯᠤᠭᠠᠳ᠂ ᠶᠠᠭᠤᠮ᠎ᠠ ᠨᠤᠭᠤᠳ ᠢ᠋ᠶ᠋ᠠᠨ ᠢᠳᠡᠮᠡᠷ ᠪᠠᠢᠬᠤ ᠶᠤᠮ᠂ᠡᠪᠦᠭᠡ ᠳ᠋ᠦ᠍ ᠠᠪᠤᠮᠠᠷ ᠪᠠᠢᠭ᠎ᠠ ᠶᠠᠭᠤᠮ᠎ᠠ ᠨᠤᠭᠤᠳ ᠢ᠋ᠶ᠋ᠠᠨ ᠬᠡᠯᠡᠬᠦ ᠭᠡᠬᠦ ᠪᠡᠷ ᠡᠨᠡ ᠦᠯᠢᠭᠡᠷ ᠲᠦ᠍ ᠥᠩᠭᠡᠷᠡᠭᠦᠯᠬᠦ ᠴᠠᠭ ᠬᠤᠭᠤᠴᠠᠭ᠎ᠠ ᠠᠮᠵᠢᠳᠠᠭ ᠶᠤᠮ ᠪᠣᠯᠪᠠ ᠤᠤ? ᠠ᠃
ᠪᠠᠰᠠᠷ᠄ᠬᠠᠷᠢᠨ ᠲᠡᠢᠮᠦ ᠠ᠋ ᠪᠢ ᠴᠦ᠍ ᠭᠡᠰᠡᠨ ᠵᠥᠩᠳᠡᠭᠡᠨ ᠶᠠᠭᠤᠮ᠎ᠠ ᠠᠪᠤᠮᠠᠷ ᠪᠠᠢᠭ᠎ᠠ ᠬᠡ ᠬᠡ᠁
ᠲᠤᠩᠬᠤ᠄ ᠪᠢ ᠯᠠᠪ ᠨᠠᠢᠵᠠ ᠶ᠋ᠢᠨ ᠢ᠋ᠶ᠋ᠡᠨ ᠬᠦᠷᠭᠡᠭᠦᠯᠬᠦ᠌ ᠪᠡᠯᠡᠭ ᠢ᠋ᠶ᠋ᠡᠨ ᠵᠠᠪᠠᠯ ᠥᠭᠭᠦᠨ᠎ᠡ᠃
ᠴᠠᠰᠤᠬᠠᠨ᠄ ᠠᠷᠸ᠎ᠠ ᠡᠠᠬ᠎ᠠ ᠶ᠋ᠢᠨ ᠦᠭᠭᠦᠭᠰᠡᠨ ᠭᠠᠵᠠᠷ ᠤ᠋ᠨ ᠵᠢᠷᠤᠭ ᠢ᠋ᠶ᠋ᠠᠷ ᠪᠣᠯ ᠡᠨᠳᠡ ᠯᠡ ᠭᠡᠵᠦ ᠵᠢᠭᠠᠵᠤ ᠪᠠᠢᠨ᠎ᠠ ᠳᠠ᠃
ᠪᠠᠰᠠᠷ᠄ᠬᠠᠷᠢᠨ ᠲᠡᠢᠮᠦ᠂ᠬᠡᠳᠦᠭᠦᠯᠡ ᠪᠡᠨ ᠪᠦᠷ ᠨᠡᠯᠢᠶᠡᠳ ᠬᠣᠯᠠ ᠶᠠᠪᠤᠴᠢᠬᠠᠯ᠎ᠠ ᠰᠢᠦ ᠳᠡ ᠃
ᠮᠥᠩᠬᠡ᠄ᠬᠠᠷᠢᠨ ᠲᠡᠢᠮᠦ ᠠ᠋᠂ᠡᠪᠦᠯ ᠦ᠋ᠨ ᠡᠪᠦᠭᠡ ? ᠡᠪᠦᠭᠡ᠃
ᠲᠤᠩᠬᠤ᠄ ᠡᠪᠦᠭᠡ? ᠡᠪᠦᠭᠡ
ᠪᠠᠰᠠᠷ᠄ᠢᠩᠭᠢᠵᠦ ᠳᠠᠭᠤᠳᠠᠭᠠᠳ ᠴᠤ᠌ ᠭᠠᠷᠴᠤ ᠢᠷᠡᠬᠦ ᠦᠭᠡᠢ ᠯᠡ ᠪᠠᠢᠬᠤ ᠳᠠ᠂ ᠬᠡ ᠬᠡ
ᠴᠠᠰᠤᠬᠠᠨ᠄ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠡᠨᠡ ᠭᠠᠵᠠᠷ ᠤ᠋ᠨ ᠵᠢᠷᠤᠭ ᠢ᠋ᠶ᠋ᠠᠷ ᠨᠢ ᠶᠠᠪᠤᠭᠠᠳ ᠬᠠᠢᠭᠠᠳ ᠦᠵᠡᠶ᠎ᠡ᠃
ᠴᠠᠰᠤᠬᠠᠨ᠄ ᠮᠠᠨ ᠤ᠋ ᠬᠢ ᠠ᠋᠂ ᠲᠡᠷᠡ ᠪᠠᠢᠰᠢᠩ ᠢ᠋ ᠬᠠᠷᠠᠵᠤ ᠪᠠᠢᠨ᠎ᠠ ᠤᠤ?
ᠪᠠᠰᠠᠷ᠄ ᠬᠦ᠂ᠶᠠᠭ ᠯᠠ ᠡᠪᠦᠯ ᠦ᠋ᠨ ᠡᠪᠦᠭᠡ ᠶ᠋ᠢᠨ ᠪᠠᠢᠰᠢᠩ ᠮᠥᠨ ᠪᠠᠢᠨ᠎ᠠ ᠳᠠ᠃
ᠮᠥᠩᠬᠡ᠄ ᠬᠥᠥᠭ᠂ ᠲᠡᠢᠮᠦ ᠪᠠᠢᠨ᠎ᠠ᠃
ᠪᠠᠰᠠᠷ᠄ ᠡᠪᠦᠭᠡ ᠡᠪᠦᠭᠡ ᠡᠪᠦᠭᠡ
ᠡᠪ ᠦᠭᠡᠢ ᠮᠥᠩᠬᠡ᠄ᠴᠢ ᠥᠪᠡᠷ ᠢ᠋ᠶ᠋ᠡᠨ ᠡᠪᠦᠭᠡ᠂ ᠬᠡ ᠬᠠ ᠬᠠ
ᠪᠦᠭᠦᠳᠡᠭᠡᠷ᠄ ᠠ!
ᠡᠩ ᠦᠭᠡᠢ ᠲᠤᠩᠬᠤ᠄ ᠪᠢᠳᠡ ᠨᠠᠷ ᠲᠠ ᠨᠠᠷ ᠤ᠋ᠨ ᠰᠢᠨ᠎ᠡ ᠵᠢᠯ ᠢ᠋ ᠬᠤᠯᠠᠭᠠᠢᠯᠠᠬᠤ ᠪᠠᠷ ᠢᠷᠡᠯ᠎ᠡ᠂ ᠬᠡ ᠬᠠ ᠬᠠ ᠬᠠ᠃
ᠰᠠᠬᠢᠯᠭ᠎ᠠ ᠦᠭᠡᠢ ᠪᠠᠰᠠᠷ᠄ ᠬᠥᠶᠢ ᠶᠠᠭᠠᠬᠢᠭᠰᠠᠨ ᠡᠭᠳᠡᠭᠦᠦ ᠲᠠᠢ ᠶᠤᠮ ᠳᠠ᠃ᠶᠠᠭᠠᠬᠢᠬᠤ ᠭᠡᠵᠦ ᠪᠠᠢᠭ᠎ᠠ᠂ ᠲᠡᠷᠡ ᠬᠠᠷᠠᠭᠠᠳ ᠪᠠᠢᠭ᠎ᠠ ᠨᠢ ᠬᠥᠶᠢ᠂ ᠪᠡᠯᠡᠭ ᠡᠨᠡ ᠲᠡᠷᠡ ᠶ᠋ᠢ ᠪᠡᠨ ᠮᠦᠷᠦᠭᠡᠳᠴᠢᠬᠡᠭᠰᠡᠨ ᠬᠡ ᠬᠡ᠃
ᠡᠪ ᠦᠭᠡᠢ ᠮᠥᠩᠬᠡ᠄ᠪᠢᠳᠡ ᠨᠠᠷ
ᠦᠭᠡ ᠦᠭᠡᠢ ᠲᠤᠩᠬᠤ᠄ᠲᠠ ᠨᠠᠷ ᠤ᠋ᠨ
ᠰᠠᠨᠠᠭ᠎ᠠ ᠴᠠᠰᠤᠬᠠᠨ᠄ ᠰᠢᠨ᠎ᠡ ᠵᠢᠯ ᠦ᠋ᠨ
ᠰᠠᠬᠢᠯᠭ᠎ᠠ ᠦᠭᠡᠢ ᠪᠠᠰᠠᠷ᠄ᠪᠠᠶᠠᠷ ᠢ᠋ ᠬᠤᠯᠠᠭᠠᠢᠯᠠᠬᠤ ᠦᠭᠡᠢ᠃
ᠪᠦᠭᠦᠳᠡᠭᠡᠷ᠄ ᠠ!
ᠰᠠᠬᠢᠯᠭ᠎ᠠ ᠦᠭᠡᠢ ᠪᠠᠰᠠᠷ᠄ ᠠ ᠶᠠᠭᠤ ᠪᠣᠢ? ᠤᠭ ᠠ᠋ᠴᠠ ᠪᠠᠨ ᠬᠤᠯᠠᠭᠠᠢᠯᠠᠬᠤ ᠦᠭᠡᠢ ᠭᠡᠵᠦ ᠶᠠᠷᠢᠭ᠎ᠠ ᠪᠢᠵᠡ ᠳᠡ?ᠶᠠᠭᠤ ᠶᠠᠷᠢᠭᠠᠳ᠁
ᠪᠠᠰᠠᠷ᠄ ᠠ!
ᠰᠠᠬᠢᠯᠭ᠎ᠠ ᠦᠭᠡᠢ ᠪᠠᠰᠠᠷ᠄ ᠲᠡᠢᠮᠦ ᠠ᠋᠂ ᠬᠤᠯᠠᠭᠠᠢᠯᠠᠨ᠎ᠠ᠂ ᠨᠠᠢᠷ ᠬᠠᠢᠷ᠎ᠠ ᠦᠭᠡᠢ ᠬᠤᠯᠠᠭᠠᠢᠯᠠᠬᠤ ᠶᠤᠮ ᠪᠠᠢᠨ᠎ᠠ᠃
ᠰᠠᠨᠠᠭ᠎ᠠ ᠴᠠᠰᠤᠬᠠᠨ᠄ᠲᠠ ᠨᠠᠷ ᠢᠩᠭᠢᠭᠡᠳ ᠰᠢᠨ᠎ᠡ ᠵᠢᠯ ᠦ᠋ᠨ ᠪᠠᠶᠠᠷ ᠦᠭᠡᠢ ᠪᠣᠯᠬᠤ ᠨᠢ ᠳᠡ᠃
ᠪᠠᠰᠠᠷ᠄ ᠦᠭᠡᠢ᠃
ᠰᠠᠬᠢᠯᠭ᠎ᠠ ᠦᠭᠡᠢ ᠪᠠᠰᠠᠷ᠄ᠶᠠᠭᠠᠬᠢᠭᠰᠠᠨ ᠪᠠᠰᠠᠷ ᠠ᠋᠂ ᠵᠥᠩᠳᠡᠭᠡᠨ ᠪᠡᠯᠡᠭ ᠠᠪᠤᠨ᠎ᠠ ᠭᠡᠵᠦ ᠪᠣᠳᠣᠵᠤ ᠪᠠᠢᠭᠰᠠᠨ ᠪᠢᠰᠢ ᠪᠢᠵᠡ ᠳᠡ᠃
ᠮᠥᠩᠬᠡ᠄ Oh NO( ᠦ ᠦᠭᠡᠢ)
ᠡᠪ ᠦᠭᠡᠢ ᠮᠥᠩᠬᠡ᠄ᠬᠠ ᠬᠠ᠂ᠵᠠ ᠡᠨᠡ ᠤᠳᠠᠭ᠎ᠠ ᠶ᠋ᠢᠨ ᠳᠣᠯᠣᠭᠠᠨ ᠳ᠋ᠤ᠌ ᠲᠠ ᠨᠠᠷ ᠢ᠋ ᠪᠡᠯᠡᠳᠬᠡᠯ ᠲᠡᠢ ᠢᠷᠡᠭᠰᠡᠨ ᠭᠡᠵᠦ ᠨᠠᠢᠳᠠᠶ᠎ᠠ᠃
ᠰᠠᠬᠢᠯᠭ᠎ᠠ ᠦᠭᠡᠢ ᠪᠠᠰᠠᠷ᠄ ᠦ᠂ ᠲᠠ ᠨᠠᠷ ᠢ᠋ ᠵᠦᠭᠡᠷ ᠶᠠᠪᠤᠭᠤᠯᠤᠭᠠᠳ ᠯᠠ᠂ ᠦᠶᠠᠭᠠᠬᠢᠨᠠ᠂ ᠢᠯᠠᠴᠢᠬᠠᠯᠠ ᠢᠯᠠᠭᠳᠠᠴᠢᠬᠠᠯᠠ ᠭᠡᠳ ᠶᠠᠪᠤᠭᠤᠯᠤᠭᠠᠳ ᠪᠠᠢᠨ᠎ᠠ ᠭᠡᠳ ᠪᠣᠳᠣᠭᠰᠠᠨ ᠶᠤᠮ ᠪᠢᠰᠢ ᠪᠢᠵᠡ ᠳᠡ᠂ ᠡᠩ᠂ ᠡᠨᠡ ᠤᠳᠠᠭ᠎ᠠ ᠲᠡᠢᠮᠦ ᠵᠦᠢᠯ ᠠᠷᠠᠢ ᠴᠤ᠌ ᠪᠣᠯᠬᠤ ᠦᠭᠡᠢ ᠪᠠᠢᠬ᠎ᠠ᠂ ᠠ ᠬᠠ ᠬᠠ
ᠡᠩ ᠦᠭᠡᠢ ᠲᠤᠩᠬᠤ᠄ ᠪᠢᠳᠡ ᠨᠠᠷ ᠢ᠋ ᠢᠩᠭᠢᠨ᠎ᠡ ᠭᠡᠵᠦ ᠲᠥᠰᠦᠭᠡᠯᠡᠭᠡ ᠦᠭᠡᠢ ᠪᠢᠵᠡ᠃
ᠪᠠᠰᠠᠷ᠄ᠡᠨᠡ ᠣᠳᠣ ᠦᠨᠡᠬᠡᠷ ᠯᠡ ᠡᠨᠡ ᠬᠡᠳᠦ ᠪᠢᠳᠡ ᠨᠠᠷ ᠢ᠋ ᠡᠨᠳᠡ ᠡᠴᠡ ᠶᠠᠪᠤᠭᠤᠯᠬᠤ ᠦᠭᠡᠢ ᠪᠡᠷ ᠰᠢᠢᠳᠦᠭᠰᠡᠨ ᠶᠦ᠍ᠮ ᠰᠢᠭ ᠪᠠᠢᠨ᠎ᠠ ᠳᠠ᠃ᠮᠠᠨ ᠤ᠋ ᠬᠢ ᠠ᠋᠂ ᠪᠣᠯᠭᠣᠮᠵᠢ ᠲᠠᠢ ᠪᠠᠢᠭᠠᠷᠠᠢ᠃
ᠲᠤᠩᠬᠤ᠄ᠬᠠᠷᠢᠨ ᠲᠡᠢᠮᠦ ᠠ᠋ ᠪᠦᠭᠦᠳᠡᠭᠡᠷ ᠢ᠋ᠶ᠋ᠡᠨ ᠣᠳᠣ ᠶᠠᠭᠠᠬᠢᠬᠤ ᠪᠣᠢ?
ᠡᠩ ᠦᠭᠡᠢ ᠲᠤᠩᠬᠤ᠄ᠬᠠᠷᠢᠨ ᠲᠡᠢᠮᠦ ᠠ᠋ ᠪᠦᠭᠦᠳᠡᠭᠡᠷ ᠢ᠋ᠶ᠋ᠡᠨ᠂ ᠬᠡ ᠬᠠ ᠬᠠ ᠬᠠ᠁ᠣᠳᠣ ᠢᠩᠭᠢᠨ᠎ᠡ᠃
ᠮᠥᠩᠬᠡ᠄ᠦᠭᠡᠢ ᠂ ᠪᠠᠰᠠᠷ ᠠ᠋ ᠠᠪᠤᠷᠠᠭᠠᠷᠠᠢ!
ᠲᠤᠩᠬᠤ᠄ ᠶᠠᠭᠠᠬᠢᠨ᠎ᠠ?
ᠴᠠᠰᠤᠬᠠᠨ᠄ ᠮᠠᠨ ᠤ᠋ ᠬᠢ ᠠ᠋᠂ ᠵᠦᠭᠡᠷ ᠪᠢᠵᠡ ᠳᠡ ᠂ᠮᠢᠨᠦ ᠠᠷᠤ ᠳ᠋ᠤ᠌ ᠣᠷᠣᠭᠠᠷᠠᠢ!
ᠲᠤᠩᠬᠤ᠄ᠡᠨᠡ ᠪᠠᠢᠳᠠᠯ ᠢ᠋ᠶ᠋ᠠᠷ ᠬᠡᠳᠦᠭᠦᠯᠡ ᠪᠡᠨ ᠤᠳᠠᠭᠠᠨ ᠲᠡᠰᠬᠦ ᠦᠭᠡᠢ ᠨᠢ ᠠ᠋᠃
ᠪᠠᠰᠠᠷ᠄ᠡᠢᠮᠦ ᠬᠦᠴᠦ ᠲᠡᠩᠴᠡᠭᠦᠷᠢ ᠦᠭᠡᠢ ᠳᠣᠯᠣᠭᠠᠨ ᠭᠡᠵᠦ ᠶᠠᠭᠤ ᠪᠠᠢᠭᠰᠠᠨ ᠶᠤᠮ ᠪᠣᠢ?
ᠮᠥᠩᠬᠡ᠄ ᠪᠠᠰᠠᠷ ᠠ᠋ ᠶᠠᠮᠠᠷ ᠨᠢᠭᠡᠨ ᠶᠠᠭᠤᠮ᠎ᠠ ᠬᠢᠭᠡᠷᠡᠢ!
ᠪᠠᠰᠠᠷ᠄ᠵᠠ ᠠᠷᠢᠶᠠᠲᠠᠨ ᠪᠠᠰᠠᠷ ᠤ᠋ᠨ ᠨᠠᠢᠵᠠ ᠨᠤᠭᠤᠳ ᠢ᠋ ᠲᠠ ᠨᠠᠷ᠃
ᠡᠩ ᠦᠭᠡᠢ ᠲᠤᠩᠬᠤ᠄ ᠶᠠ ᠧᠦ᠃
ᠪᠠᠰᠠᠷ᠄Yeah
ᠲᠤᠩᠬᠤ᠄ᠬᠡᠷᠡᠭ ᠦᠭᠡᠢ ᠪᠠᠰᠠᠷ ᠠ᠋᠂ ᠪᠣᠯᠬᠤ ᠦᠭᠡᠢ᠂ ᠪᠠᠰᠠᠷ ᠠ᠋ ᠦᠭᠡᠢ᠃
ᠮᠥᠩᠬᠡ᠄ᠲᠤᠩᠬᠤ ᠠ᠋ ᠪᠣᠯᠬᠤ ᠦᠭᠡᠢ᠃
ᠪᠠᠰᠠᠷ᠄ ᠦᠭᠡᠢ ᠲᠤᠩᠬᠤ ᠠ᠋᠃
ᠡᠪ ᠦᠭᠡᠢ ᠮᠥᠩᠬᠡ᠄ ᠲᠤᠩᠬᠤ ᠠ᠋᠂ ᠵᠦᠭᠡᠷ ᠤᠤ?
ᠪᠠᠰᠠᠷ᠄ ᠦ᠂ᠲᠠ ᠨᠠᠷ ᠢᠩᠭᠢᠭᠡᠳ ᠯᠡ ᠵᠢᠭᠤᠲᠠᠨ᠎ᠠ ᠰᠢᠲᠠ᠂ ᠠ᠂ᠨᠠᠳᠠ ᠲᠠᠢ ᠨᠢᠭᠡ ᠶ᠋ᠢᠨ ᠡᠰᠡᠷᠭᠦ ᠳᠥᠷᠪᠡ ᠦᠵᠡᠵᠦ ᠪᠠᠷᠠᠬᠤ ᠦᠭᠡᠢ ᠪᠣᠯᠬᠤ ᠪᠠᠷ ᠢ᠋ᠶ᠋ᠠᠨ ᠵᠢᠭᠤᠲᠠᠵᠤ ᠪᠠᠢᠨ᠎ᠠ ᠤᠤ? ᠲᠠ ᠨᠠᠷ ᠺᠠᠯᠠᠴᠸ ( ᠰᠢᠭᠦᠷᠡᠭᠴᠢ) ᠪᠠᠰᠠᠷ ᠭᠡᠵᠦ ᠰᠣᠨᠣᠰᠤᠭ᠎ᠠ ᠦᠭᠡᠢ ᠤᠤ? ᠠ
ᠮᠥᠩᠬᠡ᠄ ᠲᠤᠩᠬᠤ ᠠ᠋᠂ ᠵᠦᠭᠡᠷ ᠤᠤ?
ᠲᠤᠩᠬᠤ᠄ ᠵᠦᠭᠡᠷ ᠠ᠋ ᠮᠥᠩᠬᠡ ᠠ᠋᠂ᠠᠵᠠ ᠪᠠᠷ ᠠᠭᠤᠷ ᠲᠠᠢ ᠮᠥᠩᠬᠡ ᠳ᠋ᠦ᠍ ᠥᠭᠬᠦ ᠭᠡᠵᠦ ᠪᠠᠢᠭᠰᠠᠨ ᠪᠡᠯᠡᠭ ᠢ᠋ ᠮᠠᠨᠢ ᠯᠠᠢᠰᠤᠷ ᠤᠨᠤᠭᠰᠠᠨ ᠶᠤᠮ ᠰᠢᠭ᠋ ᠪᠠᠢᠨ᠎ᠠ᠂ ᠬᠠᠷᠢᠨ ᠪᠡᠯᠡᠭ ᠨᠢ ᠵᠦᠭᠡᠷ ᠪᠠᠢᠭ᠎ᠠ᠃
ᠪᠠᠰᠠᠷ᠄ ᠲᠤᠩᠬᠤ ᠠ᠋᠂ᠴᠢ ᠨᠠᠢᠵᠠ ᠳ᠋ᠤ᠌ ᠪᠠᠨ ᠪᠡᠯᠡᠭ ᠡᠪᠦᠯ ᠦ᠋ᠨ ᠡᠪᠦᠭᠡ ᠪᠡᠷ ᠥᠭᠭᠦᠭᠦᠯᠦᠨᠡ ᠭᠡᠳ ᠪᠠᠢᠭᠰᠠᠨ ᠠᠭᠤᠷ ᠲᠠᠢ ᠮᠥᠩᠬᠡ ᠳ᠋ᠦ᠍ ᠥᠭᠬᠦ ᠭᠡᠵᠦ ᠪᠠᠢᠭᠰᠠᠨ ᠶᠤᠮ᠂ ᠶᠠᠭᠠᠬᠢᠭᠠᠳ?
ᠲᠤᠩᠬᠤ᠄ᠰᠢᠨ᠎ᠡ ᠵᠢᠯ ᠢ᠋ᠶ᠋ᠡᠷ ᠬᠡᠦᠬᠡᠳ ᠪᠦᠬᠦᠨ ᠪᠠᠶᠠᠷ ᠪᠠᠶᠠᠰᠤᠯ ᠲᠠᠢ᠂ ᠠᠵᠠ ᠵᠢᠷᠭᠠᠯ ᠲᠠᠢ ᠪᠠᠢᠭᠠᠰᠠᠢ ᠭᠡᠵᠦ ᠪᠣᠳᠣᠭᠰᠠᠨ ᠳ᠋ᠤ᠌ ᠪᠠᠨ ᠥᠭᠬᠦ ᠭᠡᠵᠦ ᠪᠠᠢᠭᠰᠠᠨ ᠶᠤᠮ᠃
ᠮᠥᠩᠬᠡ᠄ ᠲᠡᠢᠮᠦ ᠰᠢᠦ᠂ ᠮᠠᠨ ᠤ᠋ ᠬᠡᠳᠦ ᠵᠢᠭᠠᠬᠠᠨ ᠠᠭᠤᠷ ᠲᠠᠢ ᠯᠠ ᠪᠣᠯᠬᠤ ᠠ᠋ᠴᠠ ᠪᠢᠳᠡ ᠨᠠᠷ ᠲᠠᠢ ᠯᠠ ᠢᠵᠢᠯᠬᠡᠨ ᠬᠡᠦᠬᠡᠳ ᠦ᠋ᠳ ᠰᠢᠦ ᠳᠡ ᠃
ᠡᠪ ᠦᠭᠡᠢ ᠮᠥᠩᠬᠡ᠄ ᠠᠭᠤᠷ ᠲᠠᠢ ᠬᠥᠭᠡᠷᠦᠬᠦᠨ ᠮᠥᠩᠬᠡ ᠠ᠋᠂ᠰᠢᠨ᠎ᠡ ᠵᠢᠯ ᠦ᠋ᠨ ᠮᠡᠨᠳᠦ ᠬᠦᠷᠭᠡᠶ᠎ᠡ ᠭᠡᠨ᠎ᠡ ᠤᠤ?
ᠰᠠᠬᠢᠯᠭ᠎ᠠ ᠦᠭᠡᠢ ᠪᠠᠰᠠᠷ᠄ᠶᠠᠭᠤ ᠭᠡᠰᠡᠨ ᠪᠣᠢ ᠮᠥᠩᠬᠡ ᠠ᠋ ᠂ ᠰᠠᠶᠢ ᠤᠤᠯ ᠨᠢ ᠪᠢᠳᠡ ᠨᠠᠷ ᠢᠯᠠᠬᠤ ᠳ᠋ᠤ᠌ ᠦᠨᠡᠬᠡᠷ ᠣᠢᠷᠬᠠᠨ ᠪᠠᠢᠯ᠎ᠠ᠃
ᠡᠪ ᠦᠭᠡᠢ ᠮᠥᠩᠬᠡ᠄ ᠲᠡᠢᠮᠦ ᠨᠢ ᠴᠦ᠍ ᠲᠡᠢᠮᠦ ᠯᠡ ᠳᠡ᠂ ᠭᠡᠬᠦ ᠳ᠋ᠦ᠍ ᠪᠡᠨ᠁
ᠡᠩ ᠦᠭᠡᠢ ᠲᠤᠩᠬᠤ᠄ᠭᠡᠬᠦ ᠳ᠋ᠦ᠍ ᠪᠡᠨ ᠶᠠᠭᠤ ᠭᠡᠵᠢ ? ᠠᠭᠤᠷ ᠲᠠᠢ ᠮᠥᠩᠬᠡ ᠠ᠋?
ᠡᠪ ᠦᠭᠡᠢ ᠮᠥᠩᠬᠡ᠄ᠭᠡᠬᠦ ᠳ᠋ᠦ᠍ ᠪᠡᠨ ᠨᠠᠢᠵᠠ ᠨᠤᠭᠤᠳ ᠠ᠋᠂᠂ᠪᠦᠭᠦᠳᠡᠭᠡᠷ ᠢ᠋ᠶ᠋ᠡᠨ ᠵᠠᠪᠠᠯ ᠲᠤᠯᠤᠯᠳᠤᠬᠤ ᠬᠡᠷᠡᠭ ᠲᠡᠢ ᠭᠡᠵᠦ ᠤᠤ?
ᠰᠠᠬᠢᠯᠭ᠎ᠠ ᠦᠭᠡᠢ ᠪᠠᠰᠠᠷ᠄ ᠠ!
ᠡᠪ ᠦᠭᠡᠢ ᠮᠥᠩᠬᠡ᠄ ᠠ᠂ ᠶᠠᠭᠤ ᠴᠤ᠌ ᠪᠢᠰᠢ᠂ᠨᠠᠢᠵᠠ ᠨᠤᠭᠤᠳ ᠠ᠋ ᠂ ᠲᠠ ᠨᠠᠷ ᠰᠢᠨ᠎ᠡ ᠵᠢᠯ ᠦ᠋ᠨ ᠲᠠᠯ᠎ᠠ ᠪᠠᠷ᠁
ᠰᠠᠬᠢᠯᠭ᠎ᠠ ᠦᠭᠡᠢ ᠪᠠᠰᠠᠷ᠄ ᠠ?ᠶᠠᠭᠤᠨ ᠰᠢᠨ᠎ᠡ ᠵᠢᠯ ᠪᠣᠢ?
ᠡᠪ ᠦᠭᠡᠢ ᠮᠥᠩᠬᠡ᠄ᠦᠭᠡᠢ ᠶᠠᠭᠠᠬᠢᠬᠤᠪ ᠳᠠ᠂ᠰᠢᠨ᠎ᠡ ᠵᠢᠯ ᠢ᠋ᠶ᠋ᠡᠷ ᠬᠡᠦᠬᠡᠳ ᠪᠦᠬᠦᠨ ᠠᠵᠠ ᠵᠢᠷᠭᠠᠯ ᠲᠠᠢ ᠪᠠᠢᠬᠤ ᠶᠣᠰᠣᠲᠠᠢ ᠰᠢᠦ ᠳᠡ᠂ᠮᠠᠭᠠᠳ ᠦᠭᠡᠢ ᠪᠢᠳᠡ ᠨᠠᠷ ᠲᠡᠢᠮᠦ ᠴᠦ᠍ ᠮᠠᠭᠤ ᠬᠡᠦᠬᠡᠳ ᠦ᠋ᠳ ᠪᠢᠰᠢ ᠴᠦ᠍ ᠶᠦᠮ ᠪᠢᠯᠡ ᠤᠤ?
ᠡᠩ ᠦᠭᠡᠢ ᠲᠤᠩᠬᠤ᠄ᠨᠠᠢᠵᠠ ᠨᠤᠭᠤᠳ ᠠ᠋᠂ᠰᠢᠨ᠎ᠡ ᠵᠢᠯ ᠦ᠋ᠨ ᠮᠡᠨᠳᠦ ᠬᠦᠷᠭᠡᠶ᠎ᠡ!
ᠰᠠᠬᠢᠯᠭ᠎ᠠ ᠦᠭᠡᠢ ᠪᠠᠰᠠᠷ᠄ ᠬᠢ ᠬᠢ᠂ᠰᠢᠨ᠎ᠡ ᠵᠢᠯ ᠦ᠋ᠨ ᠮᠡᠨᠳᠦ ᠬᠦᠷᠭᠡᠶ᠎ᠡ᠃
ᠡᠪ ᠦᠭᠡᠢ ᠮᠥᠩᠬᠡ᠄ᠬᠠ ᠬᠠ ᠬᠠ ᠬᠠ᠁
ᠪᠠᠰᠠᠷ᠄ ᠭᠦᠦᠭ᠂ᠲᠡᠷᠡ ᠡᠪᠦᠯ ᠦ᠋ᠨ ᠡᠪᠦᠭᠡ ᠶᠠᠪᠤᠵᠤ ᠪᠠᠢᠨ᠎ᠠ᠂ ᠪᠦᠷ ᠬᠤᠸᠠᠷ ᠫᠤᠤᠵᠢᠩ\b ᠫᠤᠤᠳᠠᠵᠤ ᠪᠠᠢᠨ᠎ᠠ ᠰᠢᠳᠡ᠃ᠠ! ᠭᠣᠶᠣ ᠶᠤᠮ ᠠ᠋᠃
ᠮᠥᠩᠬᠡ᠄ ᠬᠥᠥᠭ᠂ ᠭᠣᠶᠣ ᠶᠤᠮ ᠠ᠋᠃
ᠲᠤᠩᠬᠤ᠄ᠦᠨᠡᠬᠡᠷ ᠦᠵᠡᠰᠬᠦᠯᠡᠩᠲᠡᠢ ᠬᠠᠷᠠᠭᠳᠠᠵᠤ ᠪᠠᠢᠨ᠎ᠠ᠃
ᠴᠠᠰᠤᠬᠠᠨ᠄ ᠭᠠᠢᠬᠠᠯᠲᠠᠢ ᠬᠠᠷᠠᠭᠳᠠᠵᠤ ᠪᠠᠢᠨ᠎ᠠ᠃
ᠪᠠᠰᠠᠷ᠄ᠬᠥᠶᠢ ᠵᠠ᠂ ᠶᠠᠭᠤ ᠶᠠᠭᠤ ᠦᠭᠡᠢ ᠣᠷᠣ ᠰᠣᠯᠢᠭᠳᠠᠯ᠎ᠠ᠂ᠪᠦᠭᠦᠳᠡᠭᠡᠷ ᠢ᠋ᠶ᠋ᠡᠨ ᠬᠤᠷᠳᠤᠨ ᠪᠤᠴᠠᠭᠠᠳ ᠶᠠᠪᠤᠶ᠎ᠠ᠂ ᠡᠪᠦᠭᠡ ᠴᠦ᠍ ᠭᠡᠰᠡᠨ ᠶᠠᠪᠤᠴᠢᠬᠠᠯ᠎ᠠ᠃
ᠮᠥᠩᠬᠡ᠄ ᠵᠠ ᠲᠡᠭᠡᠶ᠎ᠡ᠃
ᠳᠠᠭᠤᠤ᠄ᠴᠠᠰᠤ ᠪᠤᠲᠠᠷᠠᠵᠤ ᠪᠠᠢᠨ᠎ᠠ
ᠴᠠᠩ ᠬᠦᠯᠦᠭ ᠲᠠᠲᠠᠭᠤᠯᠤᠭᠰᠠᠨ ᠡᠪᠦᠭᠡ
ᠲᠠᠭᠠᠷᠠᠭ᠎ᠠ ᠦᠭᠡᠢ ᠪᠠᠢᠭ᠎ᠠ ᠳᠠ
ᠨᠠᠢᠵᠠ ᠨᠤᠭᠤᠳ ᠳᠠᠭᠤᠯᠠᠵᠤ ᠪᠠᠢᠨ᠎ᠠ
ᠨᠣᠭᠣᠭᠠᠨ ᠮᠣᠳᠣ ᠪᠠᠨ ᠴᠢᠮᠡᠭᠯᠡᠩᠭᠡᠨ ᠪᠡᠶᠡᠰᠴᠦ ᠪᠠᠢᠭ᠎ᠠ ᠳᠠ
ᠰᠢᠨ᠎ᠡ ᠵᠢᠯ ᠳ᠋ᠦ᠍ ᠳᠤᠷ᠎ᠠ ᠲᠠᠢ ᠤᠤ? ᠲᠡᠢᠮᠦ
ᠰᠢᠨ᠎ᠡ ᠵᠢᠯ ᠳ᠋ᠦ᠍ ᠬᠠᠢᠷᠠᠲᠠᠢ ᠤᠤ? ᠲᠡᠢᠮᠦ
ᠡᠨᠡ ᠵᠢᠯ ᠮᠤᠨᠳᠠᠭ ᠬᠡᠦᠬᠡᠳ ᠪᠠᠢᠭᠰᠠᠨ ᠲᠠ ᠨᠠᠷ ᠲᠠᠭᠠᠨ ᠪᠠᠶᠠᠷᠯᠠᠯ᠎ᠠ᠂
ᠬᠡᠦᠬᠡᠳ ᠦ᠋ᠨ ᠰᠡᠳᠬᠢᠯ ᠦ᠋ᠨ ᠬᠦᠰᠡᠯ ᠦ᠋ᠨ ᠰᠢᠨ᠎ᠡ ᠵᠢᠯ ᠨᠢ
ᠬᠠᠢᠷᠠᠲᠠᠢ ᠪᠦᠬᠦᠨ ᠨᠢ ᠬᠠᠮᠲᠤ ᠳ᠋ᠤ᠌ ᠪᠠᠨ ᠪᠠᠢᠬᠤ ᠶᠤᠮ ᠰᠢᠦ᠃
ᠳᠤᠯᠠᠭᠠᠬᠠᠨ ᠭᠡᠷ ᠲᠡᠭᠡᠨ ᠳᠤᠷ᠎ᠠ ᠪᠠᠷ ᠢ᠋ᠶ᠋ᠠᠨ ᠢᠨᠢᠶᠡᠬᠦ
ᠳᠤᠷᠠᠰᠤᠮᠵᠢ ᠨᠢ ᠲᠡᠳᠡᠨ ᠦ᠌ ᠮᠢᠨᠢ ᠬᠠᠮᠤᠭ ᠤ᠋ᠨ ᠵᠢᠷᠭᠠᠯ ᠲᠠᠢ ᠦᠶ᠎ᠡ ᠰᠢᠦ᠂
ᠬᠣᠩᠬᠣ ᠴᠢᠩᠭᠢᠨᠠᠵᠤ ᠪᠠᠢᠨ᠎ᠠ᠂
ᠡᠪᠦᠯ ᠦ᠋ᠨ ᠡᠪᠦᠭᠡ ᠶ᠋ᠢᠨ ᠣᠢ ᠶ᠋ᠢᠨ ᠠᠮᠢᠲᠠᠳ ᠲᠠᠭᠠᠷᠠᠭ᠎ᠠ ᠦᠭᠡᠢ ᠪᠠᠢᠭ᠎ᠠ ᠳᠠ
ᠬᠡᠦᠬᠡᠳ ᠦ᠋ᠳ ᠳᠠᠭᠤᠯᠠᠵᠤ ᠪᠠᠢᠨ᠎ᠠ᠂
ᠭᠠᠴᠤᠷ᠎ᠠ ᠮᠣᠳᠣ ᠪᠠᠨ ᠲᠣᠭᠣᠷᠢᠩᠬᠠᠨ ᠪᠠᠶᠠᠰᠤᠯᠳᠤᠵᠤ ᠪᠠᠢᠭ᠎ᠠ ᠳᠠ᠂
ᠰᠢᠨ᠎ᠡ ᠵᠢᠯ ᠳ᠋ᠦ᠍ ᠳᠤᠷ᠎ᠠ ᠲᠠᠢ ᠤᠤ? ᠲᠡᠢᠮᠦ!
ᠰᠢᠨ᠎ᠡ ᠵᠢᠯ ᠳ᠋ᠦ᠍ ᠬᠠᠢᠷᠠᠲᠠᠢ ᠤᠤ? ᠲᠡᠢᠮᠦ!
ᠡᠨᠡ ᠵᠢᠯ ᠳ᠋ᠦ᠍ ᠮᠤᠨᠳᠠᠭ ᠬᠡᠦᠬᠡᠳ ᠪᠠᠢᠭᠰᠠᠨ ᠲᠠ ᠨᠠᠷ ᠲᠠᠭᠠᠨ ᠪᠠᠶᠠᠷᠯᠠᠯ᠎ᠠ᠃
ᠬᠡᠦᠬᠡᠳ ᠦ᠋ᠨ ᠰᠡᠳᠬᠢᠯ ᠦ᠋ᠨ ᠬᠦᠰᠡᠯ ᠦ᠋ᠨ ᠰᠢᠨ᠎ᠡ ᠵᠢᠯ ᠨᠢ
ᠬᠠᠢᠷᠠᠲᠠᠢ ᠪᠦᠬᠦᠨ ᠨᠢ ᠬᠠᠮᠲᠤ ᠳ᠋ᠠᠭᠠᠨ ᠪᠠᠢᠬᠤ ᠶᠤᠮ ᠰᠢᠦ᠃
ᠳᠤᠯᠠᠭᠠᠬᠠᠨ ᠭᠡᠷ ᠲᠡᠭᠡᠨ ᠳᠤᠷ᠎ᠠ ᠪᠠᠷ ᠢ᠋ᠶ᠋ᠠᠨ ᠢᠨᠢᠶᠡᠬᠦ ᠳᠤᠷᠠᠰᠤᠮᠵᠢ ᠨᠢ
ᠲᠡᠳᠡᠨ ᠦ᠌ ᠮᠢᠨᠢ ᠬᠠᠮᠤᠭ ᠤ᠋ᠨ ᠵᠢᠷᠭᠠᠯ ᠲᠠᠢ ᠦᠶ᠎ᠡ ᠰᠢᠦ᠃
ᠵᠠ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋᠂ᠥᠨᠥᠳᠥᠷ ᠪᠦᠭᠦᠳᠡᠭᠡᠷ ᠢ᠋ᠶ᠋ᠡᠨ ᠣᠶᠤᠨ ᠲᠣᠯᠣᠭᠠᠢ ᠶ᠋ᠢᠨ ᠭᠦᠨ ᠦ᠌ ᠣᠯᠪᠤᠷᠢᠯᠠᠯᠲᠠ ᠲᠠᠢ ᠲᠠᠨᠢᠯᠴᠠᠬᠤ ᠪᠣᠯᠤᠨ᠎ᠠ᠃ᠠᠬ᠎ᠠ ᠡᠭᠡᠴᠢ ᠨᠠᠷ ᠮᠢᠨᠢ ᠶᠠᠮᠠᠷ ᠠᠵᠢᠯ ᠳ᠋ᠤ᠌ ᠬᠡᠷᠬᠢᠨ ᠬᠢᠳᠡᠭ ᠢ᠋ ᠬᠠᠮᠲᠤ ᠣᠷᠣᠵᠤ ᠰᠣᠨᠢᠷᠬᠠᠵᠠᠭᠠᠶᠠ᠃ ᠠᠯᠲᠠ ᠵᠡᠰ ᠵᠡᠷᠭᠡ ᠨᠢ ᠦᠨ᠎ᠡ ᠴᠠᠨ᠎ᠠ ᠲᠠᠢ ᠮᠸᠲ᠋ᠡᠨ ᠦ᠌ ᠡᠷᠦᠳᠡᠰᠦ ᠠᠬᠤᠭᠤᠯᠤᠭᠰᠠᠨ ᠴᠢᠯᠠᠭᠤᠯᠢᠭ ᠤ᠋ᠨ ᠪᠥᠭᠡᠮᠨᠡᠷᠡᠯ ᠦ᠋ᠨ ᠬᠦᠳᠡᠷ ᠦ᠋ᠨ ᠪᠡᠶᠡᠲᠦ ᠭᠡᠳᠡᠭ᠃ᠬᠠᠷᠢᠨ ᠲᠤᠬᠠᠢ ᠶ᠋ᠢᠨ ᠭᠠᠵᠠᠷ ᠲᠤ᠌ ᠣᠯᠪᠤᠷᠢᠯᠠᠯᠲᠠ ᠶᠠᠪᠤᠭᠤᠯᠬᠤ ᠠᠵᠢᠯ ᠢ᠋ ᠠᠭᠤᠯᠠ ᠠᠭᠤᠷᠬᠠᠢ ᠶ᠋ᠢᠨ ᠦᠢᠯᠡᠳᠪᠦᠷᠢᠯᠡᠯ ᠭᠡᠵᠦ ᠨᠡᠷᠡᠯᠡᠳᠡᠭ ᠨᠢ ᠰᠣᠨᠢᠷᠬᠠᠯᠲᠠᠢ ᠪᠠᠢᠭ᠎ᠠ ᠪᠢᠵᠡ᠃ᠭᠠᠵᠠᠷ ᠤ᠋ᠨ ᠭᠠᠳᠠᠷᠭᠤ ᠳᠡᠭᠡᠷ᠎ᠡ ᠡᠴᠡ ᠬᠦᠳᠡᠷ ᠦ᠋ᠨ ᠪᠡᠶᠡᠲᠦ ᠶ᠋ᠢᠨ ᠭᠤᠴᠢ ᠣᠷᠴᠢᠮ ᠬᠤᠪᠢ ᠶ᠋ᠢ ᠨᠢ ᠣᠯᠪᠤᠷᠢᠯᠠᠳᠠᠭ᠃ᠬᠠᠷᠢᠨ ᠡᠷᠦᠳᠡᠰᠦ ᠶ᠋ᠢᠨ ᠥᠨᠳᠥᠷ ᠠᠭᠤᠯᠤᠭᠳᠠᠴᠠ ᠲᠠᠢ ᠬᠦᠳᠡᠷ ᠦ᠋ᠨ ᠳᠡᠢᠯᠦᠩᠬᠡᠢ ᠶ᠋ᠢ ᠭᠠᠵᠠᠷ ᠤ᠋ᠨ ᠭᠦᠨ ᠪᠠᠢᠬ᠎ᠠ ᠣᠷᠣᠨ ᠠ᠋ᠴᠠ ᠣᠯᠳᠠᠪᠤᠷᠢᠯᠠᠳᠠᠭ᠃ ᠡᠭᠦᠨ ᠢ᠋ ᠭᠦᠨ ᠦ᠌ ᠠᠭᠤᠷᠬᠠᠢ ᠶ᠋ᠢᠨ ᠣᠯᠪᠤᠷᠢᠯᠠᠯᠲᠠ ᠭᠡᠳᠡᠭ ᠶᠦᠮ ᠪᠠᠢᠨ᠎ᠠ᠃ᠣᠳᠣ ᠪᠦᠭᠦᠳᠡᠭᠡᠷ ᠢ᠋ᠶ᠋ᠡᠨ ᠭᠦᠨ ᠦ᠌ ᠠᠭᠤᠷᠬᠠᠢ ᠶ᠋ᠢᠨ ᠣᠯᠪᠤᠷᠢᠯᠠᠯᠲᠠ ᠲᠠᠢ ᠲᠠᠨᠢᠯᠴᠠᠬᠤ ᠠᠶᠠᠯᠠᠯ ᠳ᠋ᠤ᠌ ᠪᠠᠨ ᠣᠷᠣᠵᠠᠭᠠᠶ᠎ᠠ ᠃ Let's go ( ᠡᠬᠢᠯᠡᠵᠡᠭᠡᠶ᠎ᠡ) ᠨᠠᠢᠵᠠ ᠨᠤᠭᠤᠳ ᠠ᠋᠂ ᠠᠶᠤᠯ ᠦᠭᠡᠢ ᠪᠠᠢᠳᠠᠯ ᠬᠠᠮᠤᠭ ᠤ᠋ᠨ ᠨᠢᠭᠡᠳᠦᠭᠡᠷ ᠲᠦ᠍ ᠰᠢᠦ ᠳᠡ᠃ ᠲᠡᠢᠮᠦ ᠤᠴᠢᠷ ᠪᠦᠭᠦᠳᠡᠭᠡᠷ ᠢ᠋ᠶ᠋ᠡᠨ ᠬᠠᠮᠠᠭᠠᠯᠠᠯᠲᠠ ᠶ᠋ᠢᠨ ᠬᠤᠪᠴᠠᠰᠤ ᠪᠠᠨ ᠡᠮᠦᠰᠴᠢᠬᠡᠶᠡ᠃
ᠡᠮᠦᠨ᠎ᠡ ᠨᠢ ᠶᠠᠷᠢᠬᠰᠠᠨᠴᠢᠯᠠᠨ ᠣᠶᠤᠨ ᠲᠣᠯᠣᠭᠠᠢ ᠶ᠋ᠢᠨ ᠬᠦᠳᠡᠷ ᠦ᠋ᠨ ᠪᠡᠶᠡᠲᠦ ᠳ᠋ᠦ᠍ ᠬᠥᠨᠳᠡᠯᠡᠨ ᠬ᠌ᠬᠢᠷ ᠲᠡᠢ ᠬᠡᠯᠪᠡᠷᠢ ᠲᠡᠢ ᠪᠠᠢᠳᠠᠭ᠃ ᠣᠶᠤᠨ ᠲᠣᠯᠣᠭᠠᠢ ᠶ᠋ᠢᠨ ᠠᠬ᠎ᠠ ᠡᠭᠡᠴᠢ ᠨᠠᠷ ᠮᠠᠨᠢ ᠡᠨᠡ ᠬᠡᠰᠡᠭ ᠢ᠋ ᠮᠠᠯᠲᠠᠯᠭ᠎ᠠ ᠨᠤᠭᠤᠳ ᠤ᠋ᠨ ᠣᠯᠪᠤᠷᠢᠯᠠᠯᠲᠠ ᠶ᠋ᠢᠨ ᠲᠦᠪᠰᠢᠨ ᠭᠡᠵᠦ ᠨᠡᠷᠡᠯᠡᠳᠡᠭ ᠶᠦᠮ ᠪᠠᠢᠨ᠎ᠠ ᠃
ᠸᠠ ᠧᠦ᠂ ᠬᠦᠳᠡᠷ ᠦ᠋ᠨ ᠪᠡᠶᠡᠲᠦ ᠶ᠋ᠢ ᠣᠯᠪᠤᠷᠢᠯᠠᠬᠤ ᠳ᠋ᠤ᠌ ᠡᠳᠡᠭᠡᠷ ᠬᠡᠳᠦ ᠬᠡᠳᠦᠨ ᠲᠦᠪᠰᠢᠨ ᠢ᠋ ᠳᠠᠮᠵᠢᠬᠤ ᠱᠠᠭᠠᠷᠳᠠᠯᠭ᠎ᠠ ᠲᠠᠢ ᠪᠣᠯᠳᠠᠭ ᠪᠠᠢᠨ᠎ᠠ᠃ ᠭᠦᠦᠭ᠂ ᠬᠦᠳᠡᠷ ᠦ᠋ᠨ ᠪᠡᠶᠡᠲᠦ ᠶ᠋ᠢ ᠣᠯᠪᠤᠷᠢᠯᠠᠳᠠᠭ ᠡᠨᠡ ᠬᠥᠲᠥᠯᠪᠦᠷᠢ ᠬᠦᠷᠲᠡᠯ᠎ᠡ ᠬᠡᠮᠵᠢᠶ᠎ᠡ ᠪᠡᠷ ᠢ᠋ᠶ᠋ᠡᠨ ᠶᠡᠬᠡ ᠳᠡᠯᠭᠡᠭᠦᠷ ᠲᠡᠢ ᠲᠡᠩᠴᠡᠳᠡᠭ ᠭᠡᠳ ᠪᠣᠳᠣ ᠳᠠ᠃
ᠸᠠ ᠧᠦ᠂ ᠶᠡᠬᠡ ᠲᠣᠮᠣ ᠪᠠᠢᠭ᠎ᠠ ᠪᠢᠵᠡ᠂ᠲᠡᠭᠡᠬᠦ ᠪᠡᠷ ᠨᠠᠢᠵᠠ ᠨᠤᠭᠤᠳ ᠠ᠋᠂ᠡᠳᠡᠭᠡᠷ ᠠᠭᠤᠷᠬᠠᠢ ᠠ᠋ᠴᠠ ᠣᠯᠪᠤᠷᠢᠯᠠᠵᠤ ᠪᠠᠢᠭ᠎ᠠ ᠠᠰᠢᠭᠲᠤ ᠮᠠᠯᠲᠠᠮᠠᠯ ᠨᠢ ᠪᠢᠳᠡᠨ ᠦ᠌ ᠡᠳᠦᠷ ᠳᠣᠳᠣᠮ ᠤ᠋ᠨ ᠠᠮᠢᠳᠤᠷᠠᠯ ᠳ᠋ᠤ᠌ ᠪᠠᠢᠩᠭᠤ ᠬᠡᠷᠡᠭᠯᠡᠳᠡᠭ ᠭᠡᠬᠦ ᠪᠡᠷ ᠦᠨᠡᠬᠡᠷ ᠭᠠᠢᠬᠠᠯᠲᠠᠢ ᠪᠠᠢᠭ᠎ᠠ ᠪᠢᠵᠡ᠃ᠨᠠᠢᠵᠠ ᠨᠤᠭᠤᠳ ᠠ᠋ ᠢᠩᠭᠢᠬᠦ ᠳ᠋ᠦ᠍ ᠲᠠ ᠪᠦᠬᠦᠨ ᠦ᠌ ᠪᠡᠨ ᠭᠦᠨ ᠦ᠌ ᠣᠯᠪᠤᠷᠢᠯᠠᠯᠲᠠ ᠶ᠋ᠢᠨ ᠲᠠᠯ᠎ᠠ ᠪᠠᠷ ᠰᠤᠳᠤᠯᠬᠤ ᠬᠦᠰᠡᠯ ᠡᠷᠡᠮᠡᠯᠵᠡᠯ ᠢ᠋ ᠨᠢ ᠠᠰᠠᠭᠠᠭᠰᠠᠨ ᠭᠡᠳᠡᠭ ᠲᠦ᠍ ᠢᠲᠡᠭᠡᠵᠦ ᠪᠠᠢᠨ᠎ᠠ᠃
ᠲᠠ ᠪᠦᠬᠦᠨ ᠦ᠌ ᠰᠠᠢᠨ ᠨᠠᠢᠵᠠ ᠲᠤᠰᠠᠯᠠᠭᠴᠢ ᠰᠫᠣᠷᠲ ᠮᠠᠽᠠ ᠨᠢ ᠪᠠᠢᠯ᠎ᠠ᠃
ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠨᠢ ᠬᠠᠳᠠᠪᠠ᠂ ᠬᠡᠦᠬᠡᠯᠳᠡᠢ ᠵᠦᠴᠦᠭᠡ ᠶ᠋ᠢᠨ ᠰᠡᠭᠦᠯᠴᠢ ᠶ᠋ᠢᠨ ᠳᠠᠭᠤᠤ ᠶ᠋ᠢ ᠭᠠᠷᠮ᠎ᠠ ᠪᠠᠭᠰᠢ ᠺᠢᠷᠢᠯ ᠡᠴᠡ ᠬᠥᠷᠪᠡᠭᠦᠯᠵᠦ ᠥᠭᠴᠡᠢ ᠂ ᠱᠤᠳᠤᠷᠭᠤ᠂ ᠮᠥᠴᠢᠷ ᠰᠡᠴᠡᠩᠭᠤᠸ᠎ᠠ ᠬᠢᠨᠠᠵᠤ ᠥᠭᠪᠡ᠃