ᠣᠷᠣᠢ ᠦᠭᠡᠢ ᠰᠦᠮ᠎ᠡ – ᠬᠣᠷᠢᠨ ᠭᠤᠷᠪᠠ ᠂ ᠨᠣᠮ ᠬᠠᠶᠠᠯᠴᠠᠨ ᠴᠣᠭᠣᠷᠠᠭᠰᠠᠨ ᠨᠢ Оройгүй сүм – Хорин гурав ᠂ Ном хаялцан цуурсан нь - Oroigui sum 23
ᠬᠣᠷᠢᠨ ᠭᠤᠷᠪᠠ ᠂ ᠨᠣᠮ ᠬᠠᠶᠠᠯᠴᠠᠨ ᠴᠣᠭᠣᠷᠠᠭᠰᠠᠨ ᠨᠢ
ᠴᠠᠰᠤ ᠴᠠᠭᠠᠨ ᠴᠤ᠌ ᠤᠰᠤ ᠨᠢ ᠬᠠᠷ᠎ᠠ
ᠴᠠᠭᠠᠰᠤ ᠴᠠᠭᠠᠨ ᠴᠤ᠌ ᠪᠢᠴᠢᠭ ᠨᠢ ᠬᠠᠷ᠎ᠠ
ᡀᠠᠰᠠ ᠵᠣᠣ ᠶ᠋ᠢᠨ ᠪᠠᠷᠠᠪᠠᠡᠭ ᠬᠡᠢᠳ ᠦ᠋ᠨ ᠡᠭᠦᠳᠡᠨ ᠳ᠋ᠦ᠍ ᡀᠠᠷᠠᠮᠪᠠ ᠶ᠋ᠢᠨ ᠨᠣᠮ ᠬᠠᠶᠠᠯᠴᠠᠬᠤ ᠲᠡᠷᠡ ᠣᠨᠴᠠᠭᠠᠢ ᠡᠳᠦᠷ ᠲᠡᠢ ᠪᠡᠨ ᠨᠢᠭᠡ ᠯᠡ ᠮᠡᠳᠡᠭᠰᠡᠨ ᠰᠠᠨᠵᠢ ᠵᠣᠯᠭᠠᠬᠤ ᠪᠣᠯᠴᠢᠬᠠᠵᠠᠢ᠃ ᠮᠠᠷᠭᠠᠰᠢ ᡀᠠᠷᠠᠮᠪᠠ ᠶ᠋ᠢᠨ ᠨᠣᠮ ᠬᠠᠶᠠᠯᠴᠠᠨ᠎ᠠ ᠭᠡᠬᠦ ᠡᠴᠡ ᠦᠨᠡᠮᠰᠢᠭᠳᠡᠬᠦ ᠦᠭᠡᠢ ᠪᠠᠢᠯ᠎ᠠ᠃ ᠬᠡᠵᠢᠶ᠎ᠡ ᠡᠨᠡ ᠣᠷᠣᠨ ᠳ᠋ᠤ᠌ ᠢᠷᠡᠭᠰᠡᠨ ᠢ᠋ᠶ᠋ᠡᠨ ᠡᠷᠭᠢᠨ ᠰᠠᠨᠠᠪᠠᠯ ᠶᠠᠭᠠᠬᠢᠬᠤ ᠶᠢᠨ ᠵᠠᠭᠤᠷ᠎ᠠ ᠦᠭᠡᠢ ᠯᠡ ᠨᠢᠭᠡᠨ ᠷᠠᠪᠵᠤᠩ ᠤ᠋ᠨ ᠨᠢᠭᠡ ᠮᠥᠴᠡᠯᠭᠡ ᠬᠡᠳᠦᠢ ᠨᠢ ᠥᠩᠭᠡᠷᠡᠴᠢᠬᠡᠭᠰᠡᠨ ᠪᠠᠢᠯ᠎ᠠ᠃ ᠬᠣᠷᠢ ᠡᠷᠭᠢᠮ᠎ᠡ ᠨᠠᠰᠤᠲᠠᠢ ᠪᠠᠨᠳᠢ ᠠᠷᠤ ᠭᠠᠵᠠᠷ ᠠ᠋ᠴᠠ ᠢᠷᠡᠭᠰᠡᠨ ᠲᠡᠷᠡ ᠡᠳᠦᠷ ᠰᠠᠨᠠᠭᠠᠨ ᠤ᠋ ᠦᠵᠦᠭᠦᠷ ᠲᠦ᠍ ᠠᠯᠤᠰᠯᠠᠨ ᠪᠦᠳᠡᠭᠢᠷᠡᠵᠡᠢ᠃ ᠠᠯᠲᠠᠳᠠᠮᠠᠯ ᠤᠢᠰᠤᠨ ᠮᠠᠯᠠᠭᠠᠢ ᠡᠮᠦᠰᠬᠦ ᠡᠷᠬᠡ ᠶ᠋ᠢ ᠣᠯᠵᠤ᠂ ᠠᠷᠪᠠᠨ ᠪᠡᠷᠬᠡᠲᠦ ᠪᠤᠶᠤ ᠭᠠᠪᠵᠢ ᠴᠣᠯᠠ ᠲᠠᠢ ᠨᠢᠭᠡᠨ ᠪᠣᠯᠤᠭᠠᠳ ᠲᠥᠷᠥᠭᠰᠡᠨ ᠨᠤᠲᠤᠭ ᠤ᠋ᠨ ᠪᠠᠷ᠎ᠠ ᠶ᠋ᠢ ᠬᠠᠷᠠᠬᠤ ᠣᠢᠷᠠᠳᠴᠤ ᠪᠠᠢᠯ᠎ᠠ᠃ ᠣᠳᠣ ᠲᠡᠷᠡ ᡀᠠᠰᠠ ᠵᠣᠣ ᠶ᠋ᠢᠨ ᠶᠡᠬᠡ ᠳᠤᠭᠠᠩ ᠤ᠋ᠨ ᠡᠭᠦᠳᠡᠨ ᠳᠡᠭᠡᠷᠡᠬᠢ ᠳᠡᠪᠵᠢᠶᠡᠨ ᠳᠡᠭᠡᠷ᠎ᠡ ᠭᠠᠷᠴᠤ ᠲᠥᠪᠡᠳ ᠣᠷᠣᠨ ᠤ᠋ ᠮᠡᠷᠭᠡᠳ ᠯᠠᠮᠠ ᠨᠠᠷ ᠤ᠋ᠨ ᠡᠮᠦᠨ᠎ᠡ ᠨᠣᠮ ᠬᠠᠶᠠᠯᠴᠠᠬᠤ ᠶ᠋ᠢ ᠵᠠᠪᠳᠤᠨ ᠪᠠᠢᠨ᠎ᠠ᠃ ᠨᠣᠮ ᠬᠠᠶᠠᠯᠴᠠᠨ ᠴᠣᠭᠣᠷᠠᠵᠤ ᠴᠢᠳᠠᠪᠠᠯ ᡀᠠᠷᠠᠮᠪᠠ ᠴᠣᠯᠠ ᠶ᠋ᠢ ᠣᠯᠵᠤ᠂ ᠪᠤᠷᠬᠠᠨ ᠤ᠋ ᠡᠨᠡᠬᠦ ᠣᠷᠣᠨ ᠳ᠋ᠤ᠌ ᠵᠣᠷᠢᠵᠤ ᠢᠷᠡᠭᠰᠡᠨ ᠬᠡᠷᠡᠭ ᠢ᠋ᠶ᠋ᠡᠨ ᠪᠦᠲᠦᠭᠡᠨ᠎ᠡ᠃ ᠠᠯᠤᠰ ᠲᠡᠷᠲᠡᠭᠡ ᠵᠡᠭᠦᠨ ᠬᠣᠢᠲᠤ ᠵᠦᠭ ᠲᠦ᠍ ᠬᠡᠳᠦᠨ ᠮᠢᠩᠭᠠᠨ ᠤ᠋ ᠴᠠᠭᠠᠨ᠎ᠠ ᠪᠠᠷᠠᠭᠤᠨ ᠠ᠋ᠴᠠ ᠡᠮᠦᠨ᠎ᠡ ᠶ᠋ᠢ ᠴᠢᠭᠯᠡᠨ ᠴᠡᠩᠬᠡᠷᠯᠡᠬᠦ ᠬᠠᠷ᠎ᠠ ᠠᠵᠢᠷᠭ᠎ᠠ ᠶ᠋ᠢᠨ ᠨᠢᠷᠤᠭᠤᠨ ᠤ᠋ ᠴᠠᠴᠤᠷᠠᠭᠠ ᠭᠣᠣᠯ ᠢ᠋ᠶ᠋ᠠᠷ ᠨᠤᠲᠤᠭᠯᠠᠬᠤ ᠡᠳᠦᠭᠡ ᠶᠡᠬᠡ ᠯᠡ ᠨᠠᠰᠤᠵᠢᠵᠤ ᠶᠠᠳᠠᠷᠠᠭᠰᠠᠨ ᠬᠠᠢᠷᠠᠲᠤ ᠡᠴᠢᠭᠡ ᠰᠠᠢᠨᠴᠣᠭᠲᠣ ᠡᠨᠡᠷᠢᠯᠲᠦ ᠡᠬᠡ ᠴᠡᠨᠳᠡ ᠶ᠋ᠢᠨ ᠪᠦᠬᠦᠢᠯᠡ ᠨᠠᠰᠤᠨ ᠤ᠋ ᠮᠥᠷᠥᠭᠡᠳᠦᠯ᠂ ᠢᠲᠡᠭᠡᠯ ᠨᠠᠶᠢᠳᠠᠪᠤᠷᠢ ᠶ᠋ᠢ ᠲᠡᠢᠨ ᠬᠦ᠌ ᠭᠦᠢᠴᠡᠭᠡᠭᠡᠳ ᠨᠤᠲᠤᠭ ᠶᠤᠭᠠᠨ ᠵᠣᠷᠢᠨ ᠪᠤᠴᠠᠬᠤ ᠳ᠋ᠤ᠌ ᠪᠣᠯᠤᠨ᠎ᠠ᠃ ᠶᠠᠭᠤ ᠣᠯᠵᠤ ᠠᠪᠤᠭᠠᠳ ᠪᠤᠴᠠᠬᠤ ᠲᠤᠬᠠᠢ ᠪᠣᠳᠣᠵᠤ ᠪᠠᠢᠭ᠎ᠠ ᠪᠢᠯᠡ ᠭᠡᠵᠦ ᠭᠡᠨᠡᠳᠲᠡ ᠰᠠᠨᠵᠢ ᠭᠠᠪᠵᠤ ᠥᠪᠡᠷ ᠡᠴᠡ ᠪᠡᠨ ᠠᠰᠠᠭᠤᠯ᠎ᠠ᠃ ᠥᠪᠡᠷ ᠦ᠋ᠨ ᠢ᠋ᠶ᠋ᠡᠨ ᠠᠰᠠᠭᠤᠯᠲᠠ ᠳ᠋ᠤ᠌ ᠲᠡᠷᠡ ᠥᠪᠡᠷ ᠢ᠋ᠶ᠋ᠡᠨ ᠬᠠᠷᠢᠭᠤᠯᠠᠬᠤ ᠳ᠋ᠤ᠌ ᠪᠠᠨ ᠶᠡᠬᠡ ᠯᠡ ᠶᠠᠳᠠᠷᠠᠳᠠᠭ ᠵᠠᠩᠰᠢᠯ ᠲᠠᠢ ᠪᠣᠯᠵᠠᠢ᠃ ᠥᠪᠡᠷ ᠡᠴᠡ ᠪᠡᠨ ᠥᠪᠡᠷ ᠢ᠋ᠶ᠋ᠡᠨ ᠬᠠᠷᠢᠭᠤᠯᠵᠤ ᠴᠢᠳᠠᠬᠤ ᠪᠠᠷ ᠦᠭᠡᠢ ᠲᠡᠢᠮᠦ ᠠᠰᠠᠭᠤᠯᠲᠠ ᠠᠰᠠᠭᠤᠳᠠᠭ ᠪᠣᠯᠵᠤ ᠡᠬᠢᠯᠡᠭᠰᠡᠨ ᠨᠢ ᠭᠠᠪᠵᠤ ᠶ᠋ᠢᠨ ᠳᠡᠮᠵᠢᠶ᠎ᠡ ᠪᠠᠷᠢᠭᠰᠠᠨ ᠠ᠋ᠴᠠ ᠬᠣᠢᠰᠢ ᠶᠤᠮ᠃ ᠭᠠᠪᠵᠤ ᠶ᠋ᠢᠨ ᠳᠠᠮᠵᠢᠶ᠎ᠠ ᠶ᠋ᠢ ᠰᠠᠢᠨ ᠪᠠᠷᠢᠭᠰᠠᠨ ᠠ᠋ᠴᠠ ᠬᠣᠢᠰᠢ ᠢᠯᠡᠷᠬᠡᠢ ᠠᠢᠮᠠᠭ ᠰᠠᠪᠠ᠂ ᠰᠤᠳᠤᠷ ᠤ᠋ᠨ ᠠᠢᠮᠠᠭ ᠰᠠᠪᠠ᠂ ᠸᠢᠨᠠᠢ ᠶ᠋ᠢᠨ ᠠᠢᠮᠠᠭ ᠰᠠᠪᠠ ᠶ᠋ᠢ ᠦᠵᠡᠨ ᠳᠠᠭᠤᠰᠬᠠᠭᠠᠳ ᠵᠢᠷᠤᠬᠠᠢ ᠲᠠᠷᠨᠢ ᠶ᠋ᠢᠨ ᠨᠣᠮ ᠢ᠋ ᠭᠦᠢᠴᠡᠭᠡᠵᠡᠢ᠃ ᠣᠲᠠᠴᠢ ᠮᠠᠨᠠᠯ ᠤ᠋ᠨ ᠤᠬᠠᠭᠠᠨ᠂ ᠣᠷᠣᠨ ᠬᠡᠢᠳ ᠢ᠋ ᠪᠣᠰᠬᠠᠬᠤ ᠶᠣᠰᠣᠨ ᠬᠣᠶᠠᠷ ᠰᠠᠨᠵᠢ ᠭᠠᠪᠵᠤ ᠶ᠋ᠢᠨ ᠢᠯᠡᠭᠦᠦ ᠰᠣᠨᠢᠷᠬᠠᠳᠠᠭ ᠨᠣᠮ ᠪᠣᠯᠤᠭᠰᠠᠨ ᠢ᠋ ᠵᠢᠭ᠌ᠳᠠᠭᠠᠨ ᠤ᠋ ᠬᠢᠨ ᠡᠴᠡ ᠴᠣᠭᠰᠣᠩ ᠨᠠᠢᠵᠠ ᠨᠢ ᠢᠯᠡᠭᠦᠦ ᠰᠠᠢᠨ ᠮᠡᠳᠡᠵᠦ ᠪᠠᠢᠯ᠎ᠠ᠃ 《ᠴᠡᠭᠡᠵᠢ ᠶ᠋ᠢ ᠮᠢᠨᠢ ᠪᠦᠷᠢᠨ ᠪᠡᠲᠡᠭᠢᠷᠡᠲᠡᠯᠡ ᠳᠦᠭᠦᠷᠦᠭᠰᠡᠨ ᠬᠣᠭᠣᠰᠣᠨ ᠴᠢᠨᠠᠷ ᠤ᠋ᠨ ᠨᠣᠮ ᠢ᠋ᠶ᠋ᠠᠷ ᠬᠥᠭᠡᠷᠦᠬᠦᠢ ᠡᠴᠢᠭᠡ᠂ ᠡᠬᠡ ᠬᠣᠶᠠᠷ ᠶᠠᠭᠤ ᠶ᠋ᠢ ᠪᠡᠨ ᠬᠢᠨ᠎ᠡ ᠳᠡ᠃ ᠬᠠᠷᠢᠨ ᠪᠢᠯᠢᠭ ᠴᠢᠨᠠᠷ ᠤ᠋ᠨ ᠨᠣᠮ ᠦᠵᠡᠵᠦ᠂ ᠮᠡᠰᠡ ᠵᠠᠰᠠᠯ᠂ ᠶᠢᠨᠵᠠᠡᠭ᠂ ᠳᠣᠨᠵᠠᠡᠭ ᠦ᠋ᠨ ᠲᠠᠯ᠎ᠠ ᠶ᠋ᠢᠨ ᠶᠠᠭᠤᠮ᠎ᠠ ᠪᠠᠷ ᠡᠪ ᠳᠦᠢᠲᠡᠢ ᠪᠣᠯᠪᠠᠯ ᠠᠷᠠᠢ ᠳᠡᠭᠡᠷ᠎ᠡ ᠦᠭᠡᠢ ᠤᠤ?》 ᠭᠡᠵᠦ ᠪᠡᠷᠢᠮᠦᠭ ᠡᠮᠡᠭᠡᠨ ᠠᠮᠢᠰᠬᠤᠭᠠᠳᠠᠭᠰᠠᠨ ᠰᠥᠭᠡᠩᠭᠢ ᠳᠠᠭᠤᠨ ᠢ᠋ᠶ᠋ᠠᠷ ᠬᠡᠯᠡᠭᠡᠳ ᠭᠠᠷ ᠳᠡᠭᠡᠷ᠎ᠡ ᠨᠢ ᠨᠠᠰᠤᠨ ᠬᠤᠲᠤᠭ ᠪᠣᠯᠤᠭᠰᠠᠨ ᠢ᠋ ᠡᠨᠡ ᠮᠥᠴᠡ ᠳ᠋ᠦ᠍ ᠳᠠᠬᠢᠭᠠᠳ ᠯᠠ ᠰᠠᠨᠵᠢ ᠡᠷᠭᠢᠨ ᠰᠠᠨᠠᠯ᠎ᠠ᠃ ᠬᠡᠳᠦᠬᠡᠨ ᠵᠢᠯ ᠦ᠋ᠨ ᠡᠮᠦᠨ᠎ᠡ ᠲᠡᠷᠡ ᠡᠮᠡᠭᠡᠨ ᠶᠢᠷᠲᠢᠨᠴᠦ ᠶ᠋ᠢ ᠣᠷᠬᠢᠭᠰᠠᠨ᠃ ᠲᠡᠭᠦᠨ ᠡᠴᠡ ᠬᠣᠢᠰᠢ ᠰᠠᠨᠵᠢ ᠶᠡᠬᠡ ᠯᠡ ᠥᠨᠥᠴᠢᠷᠡᠭᠰᠡᠨ ᠢ᠋ᠶ᠋ᠡᠨ ᠪᠠᠢᠩᠭᠤ ᠮᠡᠳᠡᠷᠡᠵᠦ ᠪᠠᠢᠯ᠎ᠠ᠃ 《ᠠᠨᠢᠭ ᠭᠣᠮᠪᠣ ᠳ᠋ᠠᠭᠠᠨ ᠣᠴᠢᠵᠤ ᠪᠣᠱᠣᠭ᠎ᠠ ᠪᠠᠷ ᠨᠢ ᠠᠯᠬᠤᠭᠠᠳ ᠯᠠ ᠨᠢᠳᠦ ᠠᠨᠢᠬᠤ ᠶᠤᠮᠰᠠᠨ ᠳᠠ!》 ᠭᠡᠵᠦ ᠪᠡᠷᠢᠮᠦᠭ ᠡᠮᠡᠭᠡᠨ ᠬᠡᠴᠢᠨᠡᠨ ᠴᠦ᠍ ᠣᠯᠠᠨ ᠤᠳᠠᠭ᠎ᠠ ᠰᠠᠨᠠᠭᠠᠰᠢᠷᠠᠨ ᠬᠡᠯᠡᠵᠦ ᠪᠠᠢᠪᠠ ᠳᠠ ᠃ ᠲᠡᠷᠡ ᠪᠦᠬᠦᠨ ᠢ᠋ ᠨᠢ ᠭᠦᠢᠴᠡᠯᠳᠦᠭᠦᠯᠵᠦ ᠠᠮᠵᠢᠯ ᠦᠭᠡᠢ ᠲᠡᠭᠦᠨ ᠢ᠋ ᠨᠠᠰᠤ ᠪᠠᠨ ᠶᠡᠭᠦᠯᠡᠬᠦ ᠶ᠋ᠢ ᠨᠢ ᠬᠠᠷᠠᠭᠰᠠᠨ ᠳ᠋ᠠᠭᠠᠨ ᠰᠠᠨᠵᠢ ᠶᠡᠬᠡᠳᠡ ᠭᠡᠮᠰᠢᠳᠡᠭ ᠪᠠᠢᠯ᠎ᠠ᠃ ᠬᠡᠳᠦᠨ ᠵᠢᠯ ᠦ᠋ᠨ ᠡᠮᠦᠨ᠎ᠡ ᠠᠩᠬ᠎ᠠ ᠤᠳᠠᠭ᠎ᠠ ᠪᠡᠷᠢᠮᠦᠭ ᠡᠮᠡᠭᠡᠨ ᠢ᠋ ᠲᠡᠭᠡᠵᠦ ᠬᠡᠯᠡᠬᠦ ᠳ᠋ᠦ᠍ ᠨᠢ ᠰᠠᠨᠵᠢ ᠶᠡᠬᠡ ᠭᠠᠢᠬᠠᠵᠤ ᠪᠢᠯᠡ᠃ 《ᠠᠨᠢᠭ ᠭᠣᠮᠪᠣ ᠭᠡᠵᠦ ᠡᠪᠦᠭᠡᠨ ᠨᠢ ᠯᠡ ᠶᠦ᠍ᠮ ᠪᠠᠢᠬ᠎ᠠ ᠳᠠ᠃ ᠬᠠᠮᠢᠭ᠎ᠠ ᠪᠠᠢᠳᠠᠭ ᠶᠤᠮ ᠪᠣᠯ?》 ᠭᠡᠮᠡᠨ ᠤᠳᠠᠲᠠᠯ᠎ᠠ ᠡᠷᠡᠭᠡᠯᠵᠡᠵᠦ ᠪᠢᠯᠡ᠃ ᠲᠡᠭᠡᠭᠡᠳ ᠨᠢᠭᠡ ᠤᠳᠠᠭ᠎ᠠ ᠲᠡᠰᠴᠦ ᠴᠢᠳᠠᠭᠰᠠᠨ ᠦᠭᠡᠢ 《ᠡᠮᠡᠭᠡ᠂ ᠠᠨᠢᠭ ᠭᠣᠮᠪᠣ ᠭᠤᠸᠠᠢ ᠬᠠᠮᠢᠭ᠎ᠠ ᠰᠠᠭᠤᠳᠠᠭ ᠶᠤᠮ ᠪᠣᠢ? 》ᠭᠡᠵᠦ ᠠᠰᠠᠭᠤᠴᠢᠬᠠᠭᠰᠠᠨ ᠴᠢᠨᠢ ᠪᠡᠷᠢᠮᠦᠭ ᠡᠮᠡᠭᠡᠨ ᠡᠯᠢᠭᠡ ᠪᠡᠨ ᠬᠥᠰᠢᠲᠡᠯ᠎ᠡ ᠢᠨᠢᠶᠡᠵᠦ ᠪᠢᠯᠡ᠃ 《ᠶᠡᠬᠡ ᠬᠣᠯᠠ ᠪᠣᠢ!》 ᠭᠡᠰᠡᠨ ᠬᠠᠷᠢᠭᠤ ᠪᠠᠷ ᠪᠡᠷᠢᠮᠦᠭ ᠡᠮᠡᠭᠡᠨ ᠢᠨᠢᠶᠡᠳᠦ ᠪᠡᠨ ᠪᠠᠷᠢᠭᠰᠠᠨ ᠶᠤᠮᠰᠠᠨ᠃ ᠲᠡᠭᠦᠨ ᠡᠴᠡ ᠬᠣᠢᠰᠢ ᠰᠠᠨᠵᠢ ᠲᠡᠷᠡ ᠬᠦ᠌ ᠪᠡᠷᠢᠮᠦᠭ ᠡᠮᠡᠭᠡᠨ ᠦ᠌ ᠡᠪᠦᠭᠡᠨ ᠨᠢ ᠠᠨᠢᠭ ᠭᠣᠮᠪᠣ ᠭᠡᠳᠡᠭ ᠬᠥᠮᠦᠨ ᠪᠠᠢᠳᠠᠭ ᠭᠡᠵᠦ ᠪᠦᠷᠢᠨ ᠢᠲᠡᠭᠡᠴᠢᠬᠡᠵᠡᠢ᠃ 《ᠶᠠᠭᠠᠬᠢᠵᠤ ᠡᠨᠡ ᠬᠥᠭᠡᠷᠦᠬᠦᠢ ᠡᠮᠡᠭᠡᠨ ᠢ᠋ ᠠᠯᠤᠰ ᠬᠣᠯᠠ ᠪᠠᠢᠭ᠎ᠠ ᠡᠪᠦᠭᠡᠨ ᠲᠡᠢ ᠨᠢ ᠠᠭᠤᠯᠵᠠᠭᠤᠯᠳᠠᠭ ᠶᠤᠮ ᠪᠢᠯᠡ ᠳᠠ?》 ᠭᠡᠵᠦ ᠦᠶ᠎ᠡ ᠦᠶ᠎ᠡ ᠪᠣᠳᠣᠬᠤ ᠪᠣᠯᠤᠯ᠎ᠠ᠃ ᠲᠡᠭᠡᠲᠡᠯ᠎ᠡ ᠨᠢᠭᠡ ᠶᠡᠬᠡ ᠤᠳᠠᠭᠰᠠᠨ ᠦᠭᠡᠢ ᠪᠡᠷᠢᠮᠦᠭ ᠡᠮᠡᠭᠡᠨ ᠬᠡᠪᠲᠡᠷᠢ ᠳ᠋ᠦ᠍ ᠣᠷᠣᠪᠠ᠃ ᠡᠳᠦᠷ ᠬᠣᠨᠣᠭ ᠢ᠋ᠶ᠋ᠠᠷ ᠪᠡᠶ᠎ᠡ ᠨᠢ ᠮᠠᠭᠤᠳᠠᠵᠤ ᠡᠬᠢᠯᠡᠪᠡ᠃ ᠰᠠᠨᠵᠢ ᠠᠷᠭ᠎ᠠ ᠪᠠᠨ ᠪᠠᠷᠠᠬᠤ ᠳ᠋ᠤ᠌ ᠪᠠᠨ ᠫᠦᠷᠪᠦᠳᠣᠨᠣᠢ ᠮᠠᠷᠠᠮᠪᠠ ᠶ᠋ᠢ ᠨᠢᠭᠡ ᠡᠳᠦᠷ ᠵᠠᠯᠠᠵᠤ ᠭᠡᠷ ᠲᠦ᠍ ᠪᠡᠨ ᠠᠪᠠᠴᠢᠭᠰᠠᠨ ᠴᠢᠨᠢ ᠪᠡᠷᠢᠮᠦᠭ ᠡᠮᠡᠭᠡᠨ ᠴᠢᠩ ᠳ᠋ᠡᠭᠡᠨ ᠲᠤᠯᠲᠠᠯ᠎ᠠ ᠠᠭᠤᠷᠯᠠᠵᠤ᠂ ᠮᠠᠷᠠᠮᠪᠠ ᠶ᠋ᠢ ᠬᠥᠭᠡᠭᠡᠨ ᠭᠠᠷᠭᠠᠵᠠᠢ᠃ ᠪᠡᠷᠢᠮᠦᠭ ᠡᠮᠡᠭᠡᠨ᠂
— ᠵᠣᠷ ᠮᠡᠳᠡᠳᠡᠭ ᠯᠠᠮᠠ ᠠ᠋ᠴᠠ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ ᠭᠡᠵᠦ ᠦᠭᠡ ᠲᠡᠢ ᠶᠦᠮ᠃ ᠡᠨᠡ ᠦᠯᠦ ᠬᠠᠯᠵᠠᠨ ᠮᠠᠷᠠᠮᠪᠠ ᠪᠠᠷ ᠶᠠᠭᠤ ᠪᠠᠨ ᠬᠢᠨ᠎ᠡ? ᠭᠡᠵᠦ ᠠᠭᠤᠷᠯᠠᠪᠠ᠃
— ᠰᠠᠢᠨ ᠮᠠᠷᠠᠮᠪᠠ ᠭᠡᠳᠡᠭ ᠪᠣᠯᠬᠣᠷ ᠯᠠ ᠲᠠᠨ ᠢ᠋ ᠡᠳᠡᠭᠡᠷᠡᠭᠦᠯᠬᠦ ᠪᠡᠷ ᠵᠠᠯᠠᠭᠰᠠᠨ ᠶᠤᠮ ᠳᠠ ᠭᠡᠵᠦ ᠰᠠᠨᠵᠢ ᠬᠡᠯᠡᠲᠡᠯ᠎ᠡ ᠪᠡᠷᠢᠮᠦᠭ ᠡᠮᠡᠭᠡᠨ ᠪᠦᠷ ᠴᠦ᠍ ᠠᠭᠤᠷᠯᠠᠵᠤ᠂
— ᠮᠠᠷᠠᠮᠪᠠ᠂ ᠳᠣᠣᠷᠠᠮᠪᠠ ᠳ᠋ᠤ᠌ ᠪᠢ ᠰᠦᠵᠢᠭ ᠪᠠᠭᠤᠷᠠᠭᠰᠠᠨ ᠬᠥᠮᠦᠨ᠃ ᠬᠣᠭᠣᠰᠣᠨ ᠴᠢᠨᠠᠷ ᠤ᠋ᠨ ᠨᠣᠮ ᠢ᠋ᠶ᠋ᠠᠷ ᠪᠡᠲᠡᠭᠢᠷᠡᠴᠢᠬᠡᠭᠰᠡᠨ ᠠᠮᠢᠲᠠᠳ ᠪᠠᠢᠳᠠᠭ ᠶᠤᠮ᠃ ᠮᠠᠷᠠᠮᠪᠠ ᠵᠠᠯᠠᠭᠰᠠᠨ ᠳ᠋ᠤ᠌ ᠣᠷᠣᠪᠠᠯ ᠴᠢ ᠨᠠᠳᠠ ᠳ᠋ᠤ᠌ ᠡᠭᠡᠵᠡᠭᠡᠢ ᠮᠥᠭᠥ ᠨᠢᠭᠡ ᠰᠢᠷᠬᠡᠭ ᠢ᠋ ᠣᠯᠤᠭᠠᠳ ᠥᠭ! ᠭᠡᠵᠦ ᠱᠠᠭᠠᠷᠳᠠᠵᠠᠢ᠃ ᠰᠠᠨᠵᠢ ᠲᠡᠷᠡ ᠮᠥᠭᠥ ᠶ᠋ᠢ ᠣᠯᠬᠤ ᠶ᠋ᠢ ᠵᠠᠪᠳᠤᠨ ᠵᠠᠬ᠎ᠠ ᠤᠷᠤᠭᠤ ᠶᠠᠪᠤᠬᠤ ᠪᠣᠯᠤᠭᠰᠠᠨ ᠳ᠋ᠤ᠌ ᠡᠮᠡᠭᠡᠨ᠂
— ᠡᠭᠡᠵᠡᠭᠡᠢ ᠮᠥᠭᠥ ᠶ᠋ᠢ ᠡᠨᠡᠳᠬᠡᠭ ᠭᠠᠵᠠᠷ ᠠ᠋ᠴᠠ ᠠᠪᠴᠢᠷᠠᠳᠠᠭ ᠶᠤᠮ᠃ ᠫᠡᠸ᠋ᠪᠡᠸ ᠨᠠᠷ ᠠ᠋ᠴᠠ ᠬᠠᠢ! ᠭᠡᠵᠦ ᠵᠠᠬᠢᠪᠠ᠃ ᠰᠠᠨᠵᠢ ᠲᠡᠷᠡ ᠳᠣᠣᠷ᠎ᠠ ᠪᠠᠨ ᠵᠠᠬ᠎ᠠ ᠣᠷᠣᠵᠤ ᠴᠠᠭᠠᠨ ᠣᠷᠬᠢᠮᠵᠢ ᠨᠥᠮᠥᠷᠦᠭᠰᠡᠨ ᠫᠡᠸ᠋ᠪᠡᠸ ᠨᠠᠷ ᠪᠤᠶᠤ ᠢᠨᠳᠣᠣ ᠤ᠋ᠳ ᠢ᠋ ᠬᠠᠢᠵᠤ ᠣᠯᠤᠭᠠᠳ ᠡᠭᠡᠵᠡᠭᠡᠢ ᠮᠥᠭᠥ ᠭᠡᠭᠴᠢ ᠶ᠋ᠢ ᠰᠤᠷᠠᠭᠯᠠᠭᠰᠠᠭᠠᠷ ᠪᠠᠢᠵᠤ ᠬᠣᠶᠠᠷ ᠭᠤᠷᠪᠠᠨ ᠰᠢᠷᠬᠡᠭ ᠮᠥᠭᠥ ᠣᠯᠵᠤ ᠠᠪᠴᠢᠷᠠᠭᠰᠠᠨ ᠶᠤᠮᠰᠠᠨ᠃
— ᠠᠰᠢᠭᠦᠢ᠂ ᠡᠨᠡ ᠮᠥᠭᠥ ᠴᠢᠨᠢ ᠯᠡ ᠨᠠᠳᠠ ᠳ᠋ᠤ᠌ ᠲᠤᠰᠠ ᠪᠣᠯᠤᠨ᠎ᠠ᠃ ᠲᠡᠭᠦᠨ ᠡᠴᠡ ᠪᠢᠰᠢ ᠲᠦᠮᠡᠨ ᠮᠠᠷᠠᠮᠪᠠ ᠪᠠᠢᠭᠠᠳ ᠨᠡᠮᠡᠷᠢ ᠦᠭᠡᠢ ᠭᠡᠵᠦ ᠪᠡᠷᠢᠮᠦᠭ ᠡᠮᠡᠭᠡᠨ ᠪᠠᠶᠠᠷᠯᠠᠵᠤ ᠪᠢᠯᠡ᠃ ᠲᠡᠷᠡ ᠮᠥᠭᠥ ᠶ᠋ᠢ ᠤᠰᠤᠨ ᠳ᠋ᠤ᠌ ᠤᠬᠢᠶᠠᠭᠠᠳ ᠨᠢᠭᠡ ᠠᠶᠠᠭ᠎ᠠ ᠰᠦᠨ ᠳᠣᠲᠣᠷ᠎ᠠ ᠬᠢᠵᠦ ᠬᠡᠳᠦᠨ ᠴᠠᠭ ᠥᠩᠭᠡᠷᠡᠬᠦ ᠳ᠋ᠦ᠍ ᠰᠦ ᠨᠢ ᠠᠶᠠᠨᠳᠠᠭᠠᠨ ᠲᠠᠷᠠᠭ ᠪᠣᠯᠤᠨ ᠪᠦᠷᠢᠯᠳᠦᠵᠦ ᠣᠷᠬᠢᠳᠠᠭ ᠠᠵᠢ᠃ ᠪᠦᠷᠢᠯᠳᠦᠭᠰᠡᠨ ᠲᠠᠷᠠᠭ ᠢ᠋ ᠤᠤᠭᠤᠭᠠᠳ ᠳᠠᠬᠢᠭᠠᠳ ᠯᠠ ᠰᠦᠨ ᠳ᠋ᠦ᠍ ᠬᠢᠵᠦ ᠲᠠᠯᠪᠢᠬᠤ ᠳ᠋ᠤ᠌ ᠲᠡᠷᠡ ᠰᠦ ᠮᠥᠨ ᠯᠡ ᠲᠠᠷᠠᠭ ᠪᠣᠯᠤᠨ ᠪᠦᠷᠢᠯᠳᠦᠨ᠎ᠡ᠃ ᠡᠢᠨ ᠬᠦ᠌ ᠪᠡᠷᠢᠮᠦᠭ ᠡᠮᠡᠭᠡᠨ ᠬᠡᠳᠦᠨ ᠰᠠᠷ᠎ᠠ ᠶ᠋ᠢᠨ ᠲᠤᠷᠰᠢ ᠭᠠᠭᠴᠠᠬᠦ ᠡᠭᠡᠵᠡᠭᠡᠢ ᠮᠥᠭᠥ ᠪᠡᠷ ᠪᠦᠷᠢᠭᠰᠡᠨ ᠲᠠᠷᠠᠭ ᠢ᠋ᠶ᠋ᠠᠷ ᠬᠣᠭᠣᠯᠠᠯᠠᠵᠤ ᠪᠡᠶ᠎ᠡ ᠨᠢ ᠨᠡᠯᠢᠶᠡᠳ ᠬᠥᠩᠭᠡᠷᠡᠵᠦ ᠤᠬᠠᠭᠠᠨ ᠰᠠᠨᠠᠭ᠎ᠠ ᠨᠢ ᠰᠠᠷᠠᠭᠤᠯ ᠪᠣᠯᠵᠤ ᠪᠢᠯᠡ᠃ ᠪᠡᠷᠢᠮᠦᠭ ᠡᠮᠡᠭᠡᠨ᠂
— ᠨᠠᠮᠠᠶ᠋ᠢ ᠵᠢᠵᠢᠭᠬᠡᠨ ᠬᠥᠬᠥᠯ ᠰᠤᠨᠵᠢᠭᠤ ᠲᠠᠢ ᠥᠬᠢᠨ ᠪᠠᠢᠬᠤ ᠲᠡᠷᠡ ᠡᠷᠲᠡ ᠶ᠋ᠢᠨ ᠴᠠᠭ ᠲᠤ᠌ ᠶᠤᠮᠰᠠᠨ᠃ ᠬᠥᠭᠡᠷᠦᠬᠦᠢ ᠡᠬᠡ ᠮᠢᠨᠢ ᠨᠠᠰᠤ ᠡᠴᠦᠰᠯᠡᠬᠦ ᠶ᠋ᠢᠨ ᠢ᠋ᠶ᠋ᠡᠨ ᠳᠠᠪᠠᠭᠠᠨ ᠳᠡᠭᠡᠷ᠎ᠡ ᠨᠠᠳᠠ ᠳ᠋ᠤ᠌ ᠵᠠᠬᠢᠵᠤ ᠪᠢᠯᠡ᠃ 《ᠣᠳᠣ ᠡᠬᠡ ᠴᠢᠨᠢ ᠲᠡᠰᠦᠰᠢ ᠦᠭᠡᠢ ᠨᠢ ᠪᠣᠯᠤᠯᠲᠠᠢ᠃ ᠥᠬᠢᠨ ᠴᠢᠮ᠎ᠠ ᠳ᠋ᠤ᠌ ᠮᠢᠨᠢ ᠬᠠᠨᠢ ᠲᠦᠰᠢᠭ ᠪᠣᠯᠬᠤ ᠬᠥᠮᠦᠨ ᠪᠠᠢᠬᠤ ᠦᠭᠡᠢ᠃ ᠡᠴᠢᠭᠡ ᠴᠢᠨᠢ ᠪᠤᠷᠬᠠᠨ ᠤ᠋ ᠣᠷᠣᠨ ᠬᠦᠷᠬᠦ ᠪᠡᠷ ᠭᠤᠷᠪᠠᠨ ᠵᠢᠯ ᠦ᠋ᠨ ᠡᠮᠦᠨ᠎ᠡ ᠲᠥᠪᠡᠳ ᠤᠷᠤᠭᠤ ᠶᠠᠪᠤᠭᠠᠳ ᠰᠤᠷᠠᠭ ᠦᠭᠡᠢ ᠪᠣᠯᠤᠭᠰᠠᠨ᠃ ᠮᠥᠷᠭᠥᠯᠴᠢᠨ ᠳᠠᠭᠠᠵᠤ ᠲᠥᠪᠡᠳ ᠣᠷᠣᠪᠠᠯ ᠡᠴᠢᠭᠡ ᠲᠡᠢ ᠪᠡᠨ ᠠᠭᠤᠯᠵᠠᠵᠤ ᠶᠠᠭᠤᠨ ᠮᠠᠭᠠᠳ᠃ ᠡᠴᠢᠭᠡ ᠲᠡᠢ ᠪᠡᠨ ᠠᠭᠤᠯᠵᠠᠪᠠᠯ ᠤᠲᠠᠢ᠂ ᠭᠦᠮᠪᠦᠮ᠂ ᡀᠠᠰᠠ ᠶ᠋ᠢᠨ ᠶᠡᠬᠡ ᠪᠤᠷᠬᠠᠨ ᠰᠢᠲᠦᠭᠡᠨ ᠳ᠋ᠦ᠍ ᠮᠥᠷᠭᠥᠵᠦ᠂ ᠡᠬᠡ ᠶ᠋ᠢᠨ ᠢ᠋ᠶ᠋ᠡᠨ ᠲᠥᠯᠥᠭᠡ ᠪᠤᠶᠠᠨ ᠦᠢᠯᠡᠳ》 ᠭᠡᠵᠦ ᠬᠡᠯᠡᠭᠡᠳ ᠵᠡᠰ ᠭᠣᠣ ᠲᠠᠢ ᠰᠠᠬᠢᠭᠤᠰᠤ ᠪᠠᠨ ᠡᠬᠡ ᠮᠢᠨᠢ ᠨᠠᠳᠠ ᠳ᠋ᠤ᠌ ᠬᠦᠵᠦᠭᠦᠨ ᠡᠴᠡ ᠪᠡᠨ ᠠᠪᠴᠤ ᠥᠭᠭᠦᠭᠰᠡᠨ ᠶᠤᠮᠰᠠᠨ᠃ ᠲᠡᠭᠡᠭᠡᠳ ᠯᠡ ᠬᠥᠭᠡᠷᠦᠬᠦᠢ ᠡᠬᠡ ᠮᠢᠨᠢ ᠥᠩᠭᠡᠷᠡᠭᠰᠡᠨ᠃ ᠪᠢ ᠭᠡᠳᠡᠭ ᠠᠮᠢᠲᠠᠨ ᠡᠬᠡ ᠶ᠋ᠢᠨ ᠵᠠᠬᠢᠭᠰᠠᠨ ᠢ᠋ᠶ᠋ᠠᠷ ᠮᠥᠷᠭᠥᠯᠴᠢᠨ ᠳᠠᠭᠠᠵᠤ᠂ ᠲᠦᠮᠡᠨ ᠭᠠᠵᠠᠷ ᠢ᠋ ᠲᠤᠭᠤᠯᠤᠨ ᠪᠤᠷᠬᠠᠨ ᠤ᠋ ᠣᠷᠣᠨ ᠭᠡᠭᠳᠡᠭᠰᠡᠨ ᠡᠨᠡ ᠲᠥᠪᠡᠳ ᠭᠠᠵᠠᠷ ᠢᠷᠡᠵᠦ ᠪᠢᠯᠡ᠃ ᠲᠡᠭᠦᠨ ᠡᠴᠡ ᠬᠣᠢᠰᠢ ᠶᠠᠭ ᠵᠢᠷᠠᠨ ᠵᠢᠯ᠂ ᠨᠢᠭᠡ ᠷᠠᠪᠵᠤᠩ ᠥᠩᠭᠡᠷᠡᠯ᠎ᠡ᠃ ᠡᠴᠢᠭᠡ ᠪᠡᠨ ᠴᠦ᠍ ᠣᠯᠤᠭᠰᠠᠨ ᠦᠭᠡᠢ᠃ ᠪᠤᠶᠠᠨ ᠴᠤ᠌ ᠦᠢᠯᠡᠳᠴᠦ ᠴᠢᠳᠠᠭᠰᠠᠨ ᠦᠭᠡᠢ᠃ ᠨᠢᠭᠡ ᠪᠡᠶ᠎ᠡ ᠪᠡᠨ ᠡᠯᠡᠭᠡᠵᠦ ᠳᠠᠭᠤᠰᠤᠯ᠎ᠠ᠃ ᠰᠡᠭᠦᠯ ᠳ᠋ᠦ᠍ ᠬᠠᠯᠬ᠎ᠠ ᠮᠢᠴᠠᠭ ᠦ᠋ᠨ ᠬᠢᠨ ᠡᠴᠡ ᠡᠴᠢᠭᠡ ᠶ᠋ᠢᠨ ᠢ᠋ᠶ᠋ᠡᠨ ᠰᠤᠷᠠᠭ ᠢ᠋ ᠭᠠᠷᠭᠠᠭᠰᠠᠨ᠃ ᠡᠴᠢᠭᠡ ᠮᠢᠨᠢ ᠤᠭᠤᠯᠢᠨ ᠲᠣᠯᠣᠭᠠᠢ ᠲᠠᠢ ᠬᠥᠮᠦᠨ ᠪᠠᠢᠵᠠᠢ᠃ ᠲᠡᠭᠦᠨ ᠳ᠋ᠦ᠍ ᠨᠢ ᠲᠥᠪᠡᠳ ᠦ᠋ᠳ ᠰᠢᠨᠤᠭᠠᠳ ᠬᠥᠭᠡᠷᠦᠬᠦᠢ ᠡᠴᠢᠭᠡ ᠶ᠋ᠢ ᠮᠢᠨᠢ ᠪᠦᠷᠢᠯᠭᠡᠵᠦ ᠣᠷᠬᠢᠭᠰᠠᠨ ᠶᠤᠮ ᠭᠡᠨ᠎ᠡ ᠯᠠᠢ᠃ ᠡᠴᠢᠭᠡ ᠶ᠋ᠢᠨ ᠭᠠᠪᠠᠯᠠ ᠶ᠋ᠢᠨ ᠶᠠᠰᠤ ᠪᠠᠷ ᠠᠶᠠᠭ᠎ᠠ ᠬᠢᠵᠦ ᠯᠠᠪᠷᠠᠩ ᠬᠡᠢᠳ ᠦ᠋ᠨ ᠬᠠᠩᠪᠤ ᠳ᠋ᠤ᠌ ᠡᠷᠭᠦᠬᠦ ᠭᠡᠵᠦ ᠲᠡᠢᠮᠦ ᠮᠠᠭᠤᠬᠠᠢ ᠬᠡᠷᠡᠭ ᠬᠢᠭᠰᠡᠨ ᠢ᠋ ᠮᠡᠳᠡᠭᠡᠳ ᠨᠠᠳᠠ ᠳ᠋ᠤ᠌ ᠲᠥᠪᠡᠳ ᠭᠠᠵᠠᠷ ᠠᠷᠢᠭᠤᠨ ᠨᠠᠨᠳᠢᠨ ᠶᠠᠭᠤᠮ᠎ᠠ ᠪᠠᠢᠬᠤ ᠦᠭᠡᠢ ᠪᠣᠯᠵᠤ᠂ ᠭᠤᠲᠤᠷᠠᠬᠤ ᠶ᠋ᠢᠨ ᠡᠷᠬᠡᠨ ᠳ᠋ᠦ᠍ ᠰᠢᠮᠨᠠᠨᠼ ᠤ᠋ᠨ ᠰᠠᠬᠢᠯ ᠬᠦᠷᠲᠡᠭᠡᠳ ᠠᠨᠢᠭ ᠭᠣᠮᠪᠣ ᠳ᠋ᠤ᠌ ᠰᠠᠭᠤᠭᠰᠠᠨ ᠶᠤᠮ ᠳᠠ》 ᠭᠡᠵᠦ ᠶᠠᠷᠢᠭᠰᠠᠨ ᠦᠭᠡ ᠪᠣᠯᠭᠠᠨ ᠨᠢ ᠰᠠᠨᠵᠢ ᠭᠠᠪᠵᠤ ᠶ᠋ᠢᠨ ᠴᠢᠬᠢᠨ ᠳ᠋ᠦ᠍ ᠣᠳᠣ ᠴᠤ᠌ ᠲᠣᠳᠣᠬᠠᠨ ᠰᠣᠨᠣᠰᠤᠭᠳᠠᠬᠤ ᠰᠢᠭ᠋ ᠪᠣᠯᠵᠤ ᠪᠠᠢᠯ᠎ᠠ᠃ ᠭᠠᠰᠢᠭᠤᠨ ᠬᠤᠪᠢ ᠲᠠᠪᠢᠯᠠᠩ ᠢ᠋ ᠡᠳ᠋ᠯᠡᠭᠰᠡᠨ ᠲᠡᠷᠡ ᠡᠮᠡᠭᠡᠨ ᠰᠠᠨᠠᠮᠰᠠᠷ ᠦᠭᠡᠢ ᠲᠣᠬᠢᠶᠠᠯᠳᠤᠯ ᠢ᠋ᠶ᠋ᠠᠷ ᠰᠠᠨᠵᠢ ᠲᠠᠢ ᠠᠭᠤᠯᠵᠠᠵᠤ᠂ ᠲᠡᠭᠦᠨ ᠢ᠋ ᠦᠬᠦᠯ ᠡᠴᠡ ᠠᠪᠤᠷᠠᠭᠠᠳ᠂ ᠳᠠᠷᠠᠭ᠎ᠠ ᠪᠠᠷ ᠨᠢ ᠣᠯᠠᠨ ᠵᠢᠯ ᠲᠣᠭᠣᠭ᠎ᠠ ᠶ᠋ᠢ ᠨᠢ ᠪᠠᠷᠢᠵᠤ ᠲᠥᠷᠥᠭᠦᠯᠦᠭᠰᠡᠨ ᠡᠬᠡ ᠰᠢᠭ ᠨᠢ ᠢᠵᠢᠯᠢᠳᠦᠭᠰᠡᠨ ᠶᠤᠮᠰᠠᠨ᠃ ᠶᠠᠳᠠᠭᠤ᠂ ᠡᠭᠡᠯ ᠲᠡᠷᠡ ᠡᠮᠡᠭᠡᠨ ᠦ᠌ ᠬᠠᠯᠠ ᠦᠵᠡᠵᠦ᠂ ᠬᠠᠰᠢᠷ ᠲᠠᠨᠢᠭᠰᠠᠨ ᠤᠬᠠᠭᠠᠯᠢᠭ ᠰᠡᠳᠬᠢᠯ ᠢ᠋ ᠰᠠᠨᠵᠢ ᠪᠢᠰᠢᠷᠡᠵᠦ ᠶᠠᠪᠤᠳᠠᠭ ᠪᠠᠢᠪᠠ᠃ ᠪᠠᠰᠠ ᠦᠷᠦ ᠡᠪᠡᠳᠦᠨ ᠬᠦᠨᠳᠦᠳᠬᠡᠳᠡᠭ ᠰᠠᠨ᠃
ᠡᠭᠡᠵᠡᠭᠡᠢ ᠮᠥᠭᠥ ᠪᠡᠷ ᠪᠦᠷᠢᠭᠰᠡᠨ ᠲᠠᠷᠠᠭ ᠤ᠋ᠨ ᠬᠦᠴᠦ ᠪᠡᠷ ᠪᠡᠷᠢᠮᠦᠭ ᠡᠮᠡᠭᠡᠨ ᠬᠡᠳᠦᠨ ᠰᠠᠷ᠎ᠠ ᠶ᠋ᠢᠨ ᠲᠤᠷᠰᠢ ᠪᠡᠶ᠎ᠡ ᠪᠡᠨ ᠡᠵᠡᠮᠳᠡᠵᠦ ᠪᠠᠢᠯ᠎ᠠ᠃ ᠲᠡᠭᠡᠭᠡᠳ ᠨᠢᠭᠡᠨ ᠡᠳᠦᠷ ᠰᠠᠨᠵᠢ ᠶ᠋ᠢ ᠳᠠᠭᠤᠳᠠᠵᠤ᠂ ᠪᠢ ᠴᠦ᠍ ᠲᠡᠰᠬᠦ ᠦᠭᠡᠢ ᠨᠢ ᠰᠢᠭ ᠪᠠᠢᠨ᠎ᠠ᠃ ᠴᠢᠮ᠎ᠠ ᠳ᠋ᠤ᠌ ᠰᠡᠭᠦᠯᠴᠢ ᠶ᠋ᠢᠨ ᠦᠭᠡ ᠪᠡᠨ ᠬᠡᠯᠡᠶ᠎ᠡ᠃ ᠴᠢᠨᠦ ᠪᠠᠭᠰᠢ ᠴᠣᠢᠮᠴᠣᠭ ᠭᠡᠯᠦᠩ ᠭᠡᠵᠦ ᠪᠠᠢᠭᠰᠠᠨ ᠪᠢᠵᠡ? ᠭᠡᠵᠦ ᠠᠰᠠᠭᠤᠬᠤ ᠳ᠋ᠤ᠌ ᠨᠢ ᠰᠠᠨᠵᠢ ᠭᠡᠨᠡᠳᠲᠡ ᠴᠣᠴᠢᠷᠳᠠᠨ ᠬᠠᠮᠤᠭ ᠪᠡᠶ᠎ᠡ ᠨᠢ ᠴᠡᠴᠡᠷᠡᠬᠦ ᠰᠢᠭ ᠪᠣᠯᠪᠠ᠃ ᠣᠯᠠᠨ ᠵᠢᠯ ᠦ᠋ᠨ ᠲᠡᠷᠲᠡᠭᠡ ᠵᠤᠯᠠ ᠶ᠋ᠢᠨ ᠭᠣᠣᠯ ᠪᠣᠯᠤᠨ《ᠬᠠᠢᠯᠠᠭᠰᠠᠨ》 ᠪᠠᠭᠰᠢ ᠯᠠᠮᠠ ᠶ᠋ᠢᠨ ᠢ᠋ᠶ᠋ᠡᠨ ᠨᠡᠷ᠎ᠡ ᠶ᠋ᠢ ᠭᠡᠨᠡᠳᠲᠡ ᠲᠡᠷᠡ ᠬᠦ᠌ ᠡᠮᠡᠭᠡᠨ ᠡᠴᠡ ᠰᠣᠨᠣᠰᠤᠨ᠎ᠠ ᠭᠡᠵᠦ ᠣᠭᠲᠣ ᠰᠠᠨᠠᠭ᠎ᠠ ᠦᠭᠡᠢ ᠶᠠᠪᠤᠵᠠᠢ᠃ ᠪᠡᠷᠢᠮᠦᠭ ᠡᠮᠡᠭᠡᠨ ᠴᠠᠭᠠᠰᠢ ᠨᠢ᠂
— ᠪᠠᠭᠰᠢ ᠶ᠋ᠢᠨ ᠴᠢᠨᠢ ᠲᠤᠬᠠᠢ ᠪᠢ ᠰᠣᠨᠣᠰᠤᠭᠰᠠᠨ᠃ ᠲᠡᠭᠡᠭᠡᠳ ᠴᠢᠮ᠎ᠠ ᠶ᠋ᠢ ᠡᠷᠢᠵᠦ ᠣᠯᠤᠭᠰᠠᠨ ᠶᠤᠮ᠃ ᠠᠰᠢᠭᠦᠢ ᠴᠢ ᠪᠠᠭᠰᠢ ᠰᠢᠭ᠋ ᠢᠶᠠᠨ ᠰᠠᠢᠨ ᠬᠥᠮᠦᠨ ᠪᠣᠯᠵᠠᠢ᠁ ᠭᠡᠳ ᠴᠢᠮᠡᠭᠡ ᠦᠭᠡᠢ ᠬᠡᠰᠡᠭ ᠵᠠᠭᠤᠷ᠎ᠠ ᠪᠣᠳᠣᠯᠭᠠᠰᠢᠷᠠᠭᠰᠠᠨ ᠢ᠋ᠶ᠋ᠠᠨ᠂
— ᠪᠠᠭᠰᠢ ᠴᠢᠨᠢ ᠴᠢᠮ᠎ᠠ ᠳ᠋ᠤ᠌ ᠶᠠᠭᠤ ᠴᠤ᠌ ᠵᠠᠬᠢᠭᠠ ᠦᠭᠡᠢ ᠤᠤ? ᠭᠡᠪᠡ ᠃ ᠰᠠᠨᠵᠢ ᠶ᠋ᠢᠨ ᠰᠡᠳᠬᠢᠯ ᠳ᠋ᠦ᠍ ᠰᠠᠶᠢ ᠯᠠ ᠪᠦᠳᠡᠭᠢ ᠪᠡᠲᠡᠭᠢ ᠶᠠᠭᠤᠮ᠎ᠠ ᠣᠷᠣᠵᠤ ᠢᠷᠡᠯ᠎ᠡ᠃ ᠲᠡᠷᠡ ᠨᠢᠭᠡᠨ ᠲᠦᠭᠰᠢᠭᠦᠷᠢᠲᠡᠢ ᠬᠠᠷᠠᠩᠭᠤᠢ ᠰᠥᠨᠢ ᠯᠠᠮᠠ ᠪᠠᠭᠰᠢ ᠶ᠋ᠢᠨ ᠵᠠᠬᠢᠵᠤ ᠪᠠᠢᠭᠰᠠᠨ ᠦᠭᠡ ᠨᠢᠭᠡ ᠨᠢᠭᠡ ᠪᠡᠷ ᠢ᠋ᠶ᠋ᠡᠨ ᠰᠡᠷᠭᠦᠨ ᠲᠣᠳᠣᠷᠠᠬᠤ ᠰᠢᠭ᠋ ᠪᠣᠯᠤᠨ᠂ 《ᠪᠠᠭᠰᠢ ᠶ᠋ᠢ ᠴᠢᠨᠢ ᠬᠡᠨ ᠨᠢᠭᠡᠨ ᠬᠥᠮᠦᠨ ᠰᠤᠷᠠᠭᠯᠠᠪᠠᠯ ᠡᠭᠦᠨ ᠢ᠋ ᠥᠭᠭᠦᠭᠡᠷᠡᠢ》 ᠭᠡᠵᠦ ᠵᠠᠬᠢᠭᠰᠠᠨ ᠨᠢ ᠰᠠᠢ ᠯᠠ ᠰᠠᠨᠠᠭᠠᠨ ᠳ᠋ᠤ᠌ ᠣᠷᠣᠯ᠎ᠠ᠃ ᠰᠠᠨᠵᠢ ᠰᠡᠳᠬᠢᠯ ᠢ᠋ᠶ᠋ᠡᠨ ᠪᠠᠷᠢᠵᠤ ᠶᠠᠳᠠᠨ᠂
— ᠪᠠᠭᠰᠢ ᠯᠠᠮᠠ ᠮᠢᠨᠢ ᠪᠤᠶᠠᠨ ᠦᠢᠯᠡᠳᠬᠦ ᠶ᠋ᠢᠨ ᠢ᠋ᠶ᠋ᠡᠨ ᠡᠮᠦᠨᠡᠬᠡᠨ ᠨᠠᠳᠠ ᠳ᠋ᠤ᠌ ᠨᠢᠭᠡ ᠵᠢᠵᠢᠭᠬᠡᠨ ᠪᠣᠭᠣᠳᠠᠯ ᠲᠠᠢ ᠶᠠᠭᠤᠮ᠎ᠠ ᠥᠭᠭᠦᠭᠡᠳ 《ᠨᠠᠮᠠᠶ᠋ᠢ ᠰᠤᠷᠠᠭᠯᠠᠵᠤ ᠠᠰᠠᠭᠤᠭᠰᠠᠨ ᠬᠥᠮᠦᠨ ᠳ᠋ᠦ᠍ ᠥᠭᠭᠦᠭᠡᠷᠡᠢ》 ᠭᠡᠵᠦ ᠵᠠᠬᠢᠭᠰᠠᠨ ᠶᠤᠮ᠃ ᠲᠡᠷᠡ ᠨᠢ ᠲᠠ ᠶᠤᠮ ᠤᠤ? ᠭᠡᠵᠦ ᠠᠰᠠᠭᠤᠯ᠎ᠠ᠃ ᠪᠡᠷᠢᠮᠦᠭ ᠡᠮᠡᠭᠡᠨ ᠦ᠌ ᠴᠢᠷᠠᠢ ᠳ᠋ᠤ᠌ ᠶᠡᠷᠦ ᠪᠤᠰᠤ ᠶ᠋ᠢᠨ ᠭᠡᠷᠡᠯ ᠭᠡᠭᠡ ᠲᠤᠰᠬᠤ ᠰᠢᠭ᠋ ᠪᠣᠯᠵᠤ᠂ ᠥᠩᠭᠡ ᠣᠷᠣᠨ ᠲᠤᠶᠠᠭᠠᠷᠠᠬᠤ ᠶ᠋ᠢ ᠰᠠᠨᠵᠢ ᠠᠵᠢᠵᠤ ᠮᠡᠳᠡᠪᠡ᠃ ᠡᠮᠡᠭᠡᠨ ᠡᠪᠡᠳᠴᠢᠨ ᠢ᠋ᠶ᠋ᠡᠨ ᠲᠠᠭ ᠮᠠᠷᠲᠠᠨ ᠥᠭᠡᠷᠡᠴᠢᠯᠡᠭᠳᠡᠪᠡ᠃
— ᠲᠡᠷᠡ ᠨᠢ ᠪᠢ ᠮᠥᠨ ! ᠪᠠᠭᠰᠢ ᠯᠠᠮᠠ ᠲᠠᠢ ᠴᠢᠨᠢ ᠠᠭᠤᠯᠵᠠᠵᠤ ᠴᠢᠳᠠᠭ᠎ᠠ ᠦᠭᠡᠢ ᠳ᠋ᠡᠭᠡᠨ ᠪᠢ ᠭᠣᠮᠣᠳᠠᠯ ᠲᠠᠢ ᠪᠠᠢᠨ᠎ᠠ᠃ ᠪᠢᠳᠡ ᠬᠣᠶᠠᠷ ᠤᠤᠯ ᠨᠢ ᠠᠨᠢᠭ ᠭᠣᠮᠪᠣ ᠳ᠋ᠤ᠌ ᠠᠭᠤᠯᠵᠠᠬᠤ ᠤᠴᠢᠷᠲᠠᠢ ᠪᠠᠢᠭᠰᠠᠨ ᠶᠤᠮ᠃ ᠴᠢᠳᠠᠭᠰᠠᠨ ᠦᠭᠡᠢ᠃ ᠬᠤᠪᠢ ᠲᠠᠪᠢᠯᠠᠩ ᠲᠡᠢᠮᠦ ᠪᠠᠢᠵᠤ ᠯᠠ ᠳᠠ᠃ ᠵᠠ ᠶᠠᠭᠠᠬᠢᠶ᠎ᠠ ᠭᠡᠬᠦ ᠪᠣᠢ? ᠪᠠᠭᠰᠢ ᠯᠠᠮᠠ ᠶ᠋ᠢᠨ ᠢ᠋ᠶ᠋ᠡᠨ ᠥᠭᠭᠦᠭᠰᠡᠨ ᠶᠠᠭᠤᠮ᠎ᠠ ᠶ᠋ᠢ ᠴᠢ ᠨᠠᠳᠠ ᠳ᠋ᠤ᠌ ᠦᠵᠡᠭᠦᠯᠦᠭᠡᠴᠢ! ᠭᠡᠵᠦ ᠪᠡᠷᠢᠮᠦᠭ ᠡᠮᠡᠭᠡᠨ ᠦᠭᠡ ᠪᠡᠨ ᠵᠥᠭᠡᠭᠡᠨ ᠬᠡᠯᠡᠬᠦ ᠳ᠋ᠦ᠍ ᠰᠠᠨᠵᠢ ᠤᠬᠤᠰᠬᠢᠨ ᠪᠣᠰᠴᠤ ᠭᠦᠩᠭᠠᠷᠪᠠ ᠶᠢᠨ ᠳᠣᠲᠣᠷ᠎ᠠ ᠠ᠋ᠴᠠ ᠵᠢᠵᠢᠭᠬᠡᠨ ᠪᠣᠭᠣᠳᠠᠯ ᠲᠠᠢ ᠶᠠᠭᠤᠮ᠎ᠠ ᠶ᠋ᠢ ᠣᠯᠵᠤ ᠠᠪᠴᠢᠷᠠᠯ᠎ᠠ᠃ ᠭᠠᠷ ᠨᠢ ᠴᠡᠴᠡᠷᠡᠬᠦ ᠶ᠋ᠢ ᠥᠪᠡᠷ ᠢ᠋ᠶ᠋ᠡᠨ ᠮᠡᠳᠡᠵᠦ᠂ ᠪᠠᠭᠰᠢ ᠯᠠᠮᠠ ᠶ᠋ᠢ ᠪᠡᠨ ᠳᠤᠷᠠᠰᠤᠨ ᠪᠣᠳᠣᠯ᠎ᠠ᠃ ᠲᠡᠭᠡᠭᠡᠳ ᠪᠡᠷᠢᠮᠦᠭ ᠡᠮᠡᠭᠡᠨ ᠳ᠋ᠦ᠍ ᠲᠡᠭᠦᠨ ᠢ᠋ ᠬᠣᠶᠠᠷ ᠭᠠᠷᠳᠠᠨ ᠪᠠᠷᠢᠯ᠎ᠠ᠃ ᠡᠮᠡᠭᠡᠨ ᠲᠡᠭᠦᠨ ᠢ᠋ ᠮᠥᠨ ᠯᠡ ᠬᠣᠶᠠᠷ ᠭᠠᠷᠳᠠᠨ ᠠᠪᠬᠤ ᠳ᠋ᠤ᠌ ᠪᠠᠨ ᠮᠣᠢᠨᠣᠭ ᠬᠤᠷᠤᠭᠤ ᠨᠤᠭᠤᠳ ᠨᠢ ᠬᠣᠭᠣᠷᠣᠨᠳᠣ ᠪᠠᠨ ᠡᠪᠯᠡᠬᠦ ᠦᠭᠡᠢ ᠴᠡᠴᠡᠷᠡᠵᠦ ᠪᠠᠢᠬᠤ ᠶ᠋ᠢ ᠰᠠᠨᠵᠢ ᠠᠵᠢᠭᠯᠠᠪᠠ᠃ ᠡᠮᠡᠭᠡᠨ ᠨᠥᠭᠥᠭᠡᠬᠢ ᠵᠦᠢᠯ ᠢ᠋ ᠳᠤᠬᠤᠨ ᠳ᠋ᠤ᠌ ᠪᠠᠨ ᠬᠦᠷᠭᠡᠨ ᠠᠳᠢᠰ ᠠᠪᠤᠭᠠᠳ ᠬᠣᠶᠠᠷ ᠨᠢᠳᠦ ᠪᠡᠨ ᠠᠨᠢᠨ ᠬᠡᠰᠡᠭ ᠵᠠᠭᠤᠷ᠎ᠠ ᠪᠣᠳᠣᠯᠭᠠᠰᠢᠷᠠᠯᠠ᠃ ᠬᠣᠯᠠ ᠶ᠋ᠢᠨ ᠶᠠᠭᠤᠮ᠎ᠠ ᠶ᠋ᠢ ᠳᠤᠷᠠᠰᠤᠨ ᠪᠣᠳᠣᠵᠤ᠂ ᠣᠭᠲᠣ ᠥᠭᠡᠷ᠎ᠡ ᠶᠢᠷᠲᠢᠨᠴᠦ ᠪᠡᠷ ᠲᠡᠷᠡ ᠠᠶᠠᠯᠠᠵᠤ ᠪᠠᠢᠬᠤ ᠰᠢᠭ᠋᠂ ᠡᠪᠡᠳᠴᠢᠨ ᠳ᠋ᠦ᠍ ᠨᠡᠷᠪᠡᠭᠳᠡᠭᠰᠡᠨ ᠪᠡᠶ᠎ᠡ ᠪᠡᠨ ᠮᠠᠷᠲᠠᠴᠢᠬᠠᠭᠰᠠᠨ ᠮᠡᠲᠦ ᠪᠣᠯᠵᠠᠢ᠃ ᠲᠡᠭᠡᠭᠰᠡᠨ ᠢ᠋ᠶ᠋ᠡᠨ ᠬᠣᠶᠠᠷ ᠨᠢᠳᠦᠨ ᠡᠴᠡ ᠨᠢ ᠨᠢᠯᠪᠤᠰᠤ ᠮᠡᠯᠮᠡᠷᠡᠨ ᠭᠠᠷᠴᠤ ᠦᠷᠴᠢᠯᠡᠭᠡᠲᠦ ᠬᠠᠴᠠᠷ ᠳᠡᠭᠡᠭᠦᠷ ᠨᠢ ᠮᠡᠯᠡᠷᠡᠨ ᠤᠷᠤᠰᠪᠠ᠃ 《ᠲᠠ ᠨᠠᠮᠠᠶ᠋ᠢ ᠪᠠᠨ ᠥᠷᠥᠰᠢᠶᠡᠨ ᠰᠣᠶᠣᠷᠬᠠᠭᠠᠷᠠᠢ》 ᠭᠡᠵᠦ ᠡᠮᠡᠭᠡᠨ ᠠᠮᠠᠨ ᠳᠣᠲᠣᠷ᠎ᠠ ᠪᠠᠨ ᠪᠠᠷᠤᠭ ᠳᠤᠭᠤᠯᠳᠠᠬᠤ ᠦᠭᠡᠢ ᠪᠡᠷ ᠰᠢᠪᠡᠨᠡᠨ ᠬᠡᠯᠡᠪᠡ᠃ ᠯᠠᠮᠠ ᠪᠠᠭᠰᠢ ᠴᠣᠢᠮᠴᠣᠭ ᠭᠡᠯᠦᠩ ᠳ᠋ᠦ᠍ ᠨᠢ ᠬᠠᠨᠳᠤᠨ ᠬᠡᠯᠡᠵᠦ ᠪᠠᠢᠭ᠎ᠠ ᠶ᠋ᠢ ᠰᠠᠨᠵᠢ ᠣᠢᠯᠠᠭᠠᠯ᠎ᠠ᠃ ᠡᠮᠡᠭᠡᠨ ᠲᠡᠢᠨ ᠬᠦ᠌ ᠨᠡᠯᠢᠶᠡᠳ ᠤᠳᠠᠭᠰᠠᠨ ᠢ᠋ᠶ᠋ᠠᠨ᠂
— ᠵᠠ ᠬᠦᠦ ᠮᠢᠨᠢ᠂ ᠡᠭᠦᠨ ᠦ᠌ ᠪᠠᠷᠢᠮᠲᠠ ᠶ᠋ᠢ ᠲᠠᠢᠯᠤᠭᠠᠳ ᠬᠠᠷᠠᠭᠣᠯᠣᠭᠠᠲᠠᠭᠠᠬᠠᠴᠢ ! ᠭᠡᠵᠦ ᠭᠤᠶᠤᠯ᠎ᠠ᠃ ᠰᠠᠨᠵᠢ ᠲᠡᠷᠡ ᠪᠣᠭᠣᠳᠠᠯ ᠲᠠᠢ ᠶᠠᠭᠤᠮ᠎ᠠ ᠶ᠋ᠢ ᠬᠢᠴᠢᠶᠡᠩᠭᠦᠢᠯᠡᠨ ᠨᠡᠭᠡᠭᠡᠵᠦ ᠡᠮᠡᠭᠡᠨ ᠳ᠋ᠦ᠍ ᠬᠠᠷᠠᠭᠤᠯᠪᠠ᠃ ᠬᠠᠰᠢ ᠬᠠᠮᠢᠭᠠᠰᠢ ᠪᠠᠨ ᠬᠣᠶᠠᠷ ᠽᠦᠨ ᠦ᠌ ᠬᠡᠮᠵᠢᠶ᠎ᠡ ᠲᠡᠢ ᠳᠥᠷᠪᠡᠯᠵᠢᠨ ᠠᠯᠲᠠ ᠠᠵᠠᠢ᠃ ᠳᠡᠭᠡᠳᠦ ᠲᠠᠯ᠎ᠠ ᠶ᠋ᠢᠨ ᠬᠠᠪᠲᠠᠭᠠᠢ ᠳᠡᠭᠡᠷ᠎ᠡ ᠸᠴᠢᠷ ᠰᠢᠭ᠋ ᠶᠠᠭᠤᠮ᠎ᠠ ᠵᠢᠷᠤᠵᠠᠢ᠃ ᠡᠮᠡᠭᠡᠨ ᠲᠡᠭᠦᠨ ᠢ᠋ ᠢᠯᠢᠵᠦ ᠦᠵᠡᠭᠰᠡᠨ ᠢ᠋ᠶ᠋ᠡᠨ ᠳᠠᠬᠢᠨ ᠪᠠᠰᠠ ᠳᠤᠬᠤᠨ ᠳ᠋ᠤ᠌ ᠪᠠᠨ ᠬᠦᠷᠭᠡᠨ ᠠᠳᠢᠰ ᠠᠪᠤᠭᠠᠳ᠂
— ᠵᠠ ᠡᠭᠦᠨ ᠢ᠋ ᠸᠴᠢᠷ ᠵᠢᠷᠤᠭᠠᠰᠤ ᠲᠠᠢ ᠲᠠᠯ᠎ᠠ ᠠ᠋ᠴᠠ ᠨᠢ ᠲᠡᠭ ᠳᠤᠮᠳᠠᠭᠤᠷ ᠨᠢ ᠬᠤᠪᠢᠶᠠᠭᠠᠳ ᠨᠢᠭᠡ ᠬᠡᠰᠡᠭ ᠢ᠋ ᠨᠢ ᠠᠨᠢᠭ ᠭᠣᠮᠪᠣ ᠳ᠋ᠤ᠌ ᠡᠷᠭᠦᠭᠡᠷᠡᠢ! ᠨᠥᠭᠦᠭᠡ ᠬᠡᠰᠡᠭ ᠢ᠋ ᠪᠠᠷᠢᠨᠲᠠᠭ ᠲᠤ᠌ ᠨᠢ ᠪᠣᠭᠣᠭᠠᠳ ᠨᠤᠲᠤᠭ ᠲᠤ᠌ ᠪᠠᠨ ᠠᠪᠴᠤ ᠬᠠᠷᠢᠭᠠᠷᠠᠢ᠃ ᠶᠠᠮᠠᠷ ᠨᠢᠭᠡᠨ ᠬᠥᠮᠦᠨ ᠡᠭᠦᠨ ᠢ᠋ ᠰᠤᠷᠠᠭᠯᠠᠵᠤ ᠢᠷᠡᠪᠡᠯ ᠥᠭᠭᠦᠭᠡᠷᠡᠢ! ᠭᠡᠵᠦ ᠵᠠᠬᠢᠯ᠎ᠠ᠃
— ᠠᠨᠢᠭ ᠭᠣᠮᠪᠣ ᠭᠡᠵᠦ ᠬᠡᠨ ᠶᠦ᠍ᠮ ᠪᠣᠢ? ᠭᠡᠮᠡᠨ ᠰᠠᠨᠵᠢ ᠭᠠᠢᠬᠠᠨ ᠠᠰᠠᠭᠤᠯ᠎ᠠ᠃ ᠰᠡᠭᠦᠯ ᠦ᠋ᠨ ᠦᠶ᠎ᠡ ᠳ᠋ᠦ᠍ ᠪᠡᠷᠢᠮᠦᠭ ᠡᠮᠡᠭᠡᠨ ᠠᠨᠢᠭ ᠭᠣᠮᠪᠣ ᠭᠡᠵᠦ ᠶᠡᠬᠡ ᠶᠠᠷᠢᠬᠤ ᠪᠣᠯᠤᠭᠰᠠᠨ ᠨᠢ ᠲᠡᠭᠦᠨ ᠦ᠌ ᠭᠠᠢᠬᠠᠰᠢ ᠶ᠋ᠢ ᠲᠥᠷᠥᠭᠦᠯᠵᠡᠢ᠃ ᠠᠨᠢᠭ ᠭᠣᠮᠪᠣ ᠭᠡᠵᠦ ᠨᠢᠭᠡ ᠬᠥᠮᠦᠨ ᠪᠠᠢᠭ᠎ᠠ ᠶᠤᠮ ᠠ᠋ ᠳᠠ ᠭᠡᠮᠡᠨ ᠲᠠᠭᠠᠮᠠᠭᠯᠠᠵᠤ ᠶᠠᠳᠠᠪᠠᠴᠤ ᠠᠰᠠᠭᠤᠵᠤ ᠵᠢᠷᠦᠬᠡᠯᠡᠭᠰᠡᠨ ᠦᠭᠡᠢ ᠪᠢᠯᠡ᠃
— ᠠᠨᠢᠭ ᠭᠣᠮᠪᠣ ᠭᠡᠵᠦ ᠬᠥᠮᠦᠨ ᠪᠢᠰᠢ ᠠ᠋᠃ ᠠᠮᠳᠣᠣ ᠶ᠋ᠢᠨ ᠣᠷᠣᠨ ᠳ᠋ᠤ᠌᠂ ᠮᠠᠨ ᠤ᠋ ᠨᠤᠲᠤᠭ ᠣᠷᠣᠬᠤ ᠵᠠᠮ ᠳ᠋ᠤ᠌ ᠠᠨᠢᠭ ᠭᠣᠮᠪᠣ ᠭᠡᠳᠡᠭ ᠰᠢᠮᠨᠠᠨᠼ ᠤ᠋ᠨ ᠬᠡᠢᠳ ᠪᠠᠢᠳᠠᠭ ᠶᠤᠮ᠃ ᠲᠡᠨᠳᠡ ᠮᠢᠨᠦ ᠬᠠᠮᠤᠭ ᠵᠠᠯᠠᠭᠤ ᠨᠠᠰᠤ ᠥᠩᠭᠡᠷᠡᠵᠡᠢ᠃ ᠠᠢ ᠳᠠ᠂ ᠰᠡᠭᠦᠷᠡᠰᠦ ᠠᠯᠳᠠᠮᠠᠷ ᠶᠤᠮ! ᠭᠡᠵᠦ ᠪᠡᠷᠢᠮᠦᠭ ᠡᠮᠡᠭᠡᠨ ᠬᠡᠯᠡᠭᠰᠡᠨ ᠢ᠋ᠶ᠋ᠡᠨ ᠰᠠᠨᠠᠭ᠎ᠠ ᠠᠯᠳᠠᠵᠤ᠂ ᠳᠠᠬᠢᠨ ᠪᠣᠳᠣᠯᠭᠠᠰᠢᠷᠠᠯᠠ᠃ ᠰᠠᠨᠵᠢ ᠲᠡᠭᠦᠨ ᠦ᠌ ᠰᠡᠳᠬᠢᠯ ᠦ᠋ᠨ ᠵᠣᠪᠠᠯᠠᠩ ᠢ᠋ ᠳᠡᠪᠡᠷᠡᠭᠡᠬᠦ ᠦᠭᠡᠢ ᠶ᠋ᠢᠨ ᠲᠤᠯᠠᠳᠠ ᠳᠠᠭᠤ ᠦᠭᠡᠢ ᠰᠠᠭᠤᠵᠤ ᠪᠠᠢᠪᠠ᠃
— ᠠᠨᠢᠭ ᠭᠣᠮᠪᠣ ᠳ᠋ᠤ᠌ ᠡᠷ᠎ᠡ ᠬᠥᠮᠦᠨ ᠣᠷᠣᠭᠤᠯᠳᠠᠭ ᠦᠭᠡᠢ ᠶᠦ᠍ᠮ᠃ ᠭᠡᠬᠦ ᠳ᠋ᠦ᠍ ᠪᠡᠨ ᠡᠷᠭᠦᠯ ᠪᠠᠷᠢᠴᠠ ᠥᠭᠬᠦ ᠭᠡᠰᠡᠨ ᠬᠥᠮᠦᠨ ᠢ᠋ ᠬᠥᠭᠡᠭᠡᠳᠡᠭ ᠦᠭᠡᠢ᠃ ᠰᠠᠨᠵᠢ ᠭᠠᠪᠵᠤ ᠴᠢ ᠤᠳᠠᠬᠤ ᠦᠭᠡᠢ ᠨᠣᠮ ᠬᠠᠶᠠᠯᠴᠠᠭᠠᠳ ᡀᠠᠷᠠᠮᠪᠠ ᠴᠣᠯᠠ ᠬᠦᠷᠲᠡᠨ᠎ᠡ᠃ ᠲᠡᠭᠡᠭᠡᠳ ᠨᠤᠲᠤᠭ ᠪᠤᠴᠠᠬᠤ ᠪᠢᠵᠡ᠃ ᠲᠡᠷᠡ ᠵᠠᠮ ᠳ᠋ᠤ᠌ ᠪᠠᠨ ᠯᠠ ᠠᠨᠢᠭ ᠭᠣᠮᠪᠣ ᠶ᠋ᠢ ᠳᠠᠭᠠᠷᠢᠵᠤ ᠥᠩᠭᠡᠷᠡᠭᠡᠳ ᠮᠢᠨᠦ ᠵᠠᠬᠢᠭᠰᠠᠨ ᠢ᠋ ᠭᠦᠢᠴᠡᠭᠡᠨ᠎ᠡ ᠪᠢᠵᠡ᠃ ᠵᠣᠪᠠᠯᠠᠩ ᠦᠵᠡᠭᠰᠡᠨ ᠪᠦᠰᠡᠭᠦᠢ ᠬᠥᠮᠦᠨ ᠠᠨᠢᠭ ᠭᠣᠮᠪᠣ ᠳ᠋ᠤ᠌ ᠰᠡᠳᠬᠢᠯ ᠢ᠋ᠶ᠋ᠡᠨ ᠲᠠᠢᠳᠬᠤᠷᠠᠭᠤᠯᠳᠠᠭ ᠶᠤᠮ᠃ ᠶᠡᠷᠦ ᠨᠢ ᠲᠡᠷᠡ ᠬᠡᠢᠳ ᠢ᠋ ᠦᠵᠡᠭᠡᠳ ᠣᠷᠬᠢᠬᠤ ᠳ᠋ᠤ᠌ ᠢᠯᠡᠭᠦᠳᠡᠬᠦ ᠶᠠᠭᠤᠮ᠎ᠠ ᠪᠠᠢᠬᠤ ᠦᠭᠡᠢ᠃ ᠪᠤᠷᠬᠠᠨ ᠤ᠋ ᠤᠬᠠᠭᠠᠨ ᠠ᠋ᠴᠠ ᠬᠥᠮᠦᠨ ᠦ᠌ ᠤᠬᠠᠭᠠᠨ ᠢᠯᠡᠭᠦᠦ ᠶ᠋ᠢ ᠪᠢ ᠲᠡᠨᠳᠡ ᠤᠬᠠᠭᠠᠷᠠᠭᠰᠠᠨ ᠶᠤᠮ ᠳᠠ ᠭᠡᠵᠦ ᠪᠡᠷᠢᠮᠦᠭ ᠡᠮᠡᠭᠡᠨ ᠬᠡᠯᠡᠭᠡᠳ ᠨᠢᠳᠦ ᠠᠨᠢᠵᠠᠢ᠃ ᠡᠨᠡ ᠪᠦᠬᠦᠨ ᠢ᠋ ᠶᠠᠭᠠᠬᠢᠭᠠᠳ ᠴᠤ᠌ ᠶᠤᠮ ᠪᠣᠢ ᠨᠣᠮ ᠬᠠᠶᠠᠯᠴᠠᠵᠤ᠂ ᠳᠠᠮᠵᠢᠶ᠎ᠠ ᠪᠠᠷᠢᠬᠤ ᠶ᠋ᠢᠨ ᠡᠮᠦᠨᠡᠬᠢ ᠡᠳᠦᠷ ᠦ᠋ᠳ ᠲᠦ᠍ ᠰᠠᠨᠵᠢ ᠭᠠᠪᠵᠤ ᠳᠤᠷᠠᠰᠤᠨ ᠰᠠᠨᠠᠵᠠᠢ᠃ ᠪᠤᠷᠬᠠᠨ ᠤ᠋ ᠭᠦᠨ ᠤᠬᠠᠭᠠᠨ ᠤ᠋ ᠳᠠᠯᠠᠢ ᠳ᠋ᠤ᠌ ᠭᠦᠨᠵᠡᠭᠡᠢᠷᠡᠨ ᠵᠢᠪᠬᠦ ᠲᠣᠰᠤᠮ ᠲᠡᠷᠡ ᠳᠠᠯᠠᠢ ᠶ᠋ᠢᠨ ᠤᠰᠤ ᠨᠢ ᠬᠥᠭᠡᠰᠦ ᠮᠡᠲᠦ ᠬᠥᠩᠭᠡᠨ ᠶᠦ᠍ᠮ ᠰᠢᠭ ᠲᠡᠭᠦᠨ ᠳ᠋ᠦ᠍ ᠦᠶ᠎ᠡ ᠦᠶ᠎ᠡ ᠪᠣᠳᠣᠭᠳᠠᠬᠤ ᠪᠣᠯᠪᠠᠴᠤ ᠲᠡᠢᠮᠦ ᠪᠣᠳᠣᠯ ᠤ᠋ᠨ ᠰᠡᠵᠢᠭᠦᠷ ᠭᠠᠷᠬᠤ ᠪᠦᠷᠢ ᠳ᠋ᠦ᠍ 《ᠨᠢᠭᠦᠯ᠂ ᠠᠯᠳᠠᠰ ᠪᠣᠯᠤᠨ᠎ᠠ》 ᠭᠡᠵᠦ ᠴᠡᠭᠡᠷᠯᠡᠨ ᠥᠪᠡᠷ ᠦ᠋ᠨ ᠰᠡᠳᠬᠢᠯ ᠰᠠᠨᠠᠭᠠᠨ ᠤ᠋ ᠭᠦᠨ ᠳ᠋ᠦ᠍ ᠬᠠᠴᠢᠨ ᠭᠠᠢᠬᠠᠮᠠᠷ ᠰᠢᠮᠨᠤᠰ ᠠᠮᠢᠯᠠᠨ ᠲᠥᠷᠥᠬᠦ ᠡᠴᠡ ᠪᠣᠯᠭᠣᠮᠵᠢᠯᠠᠳᠠᠭ ᠪᠠᠢᠯ᠎ᠠ᠃ ᠳᠠᠮᠵᠢᠶ᠎ᠠ ᠪᠠᠷᠢᠬᠤ ᠶ᠋ᠢᠨ ᠰᠡᠭᠦᠯᠴᠢ ᠶ᠋ᠢᠨ ᠪᠡᠯᠡᠳᠬᠡᠯ ᠬᠢᠵᠦ ᠪᠠᠢᠭ᠎ᠠ ᠡᠨᠡ ᠡᠳᠦᠷ ᠦ᠋ᠳ ᠲᠦ᠍ ᠳᠠᠬᠢᠭᠠᠳ ᠯᠠ ᠰᠡᠳᠬᠢᠯ ᠦ᠋ᠨ ᠰᠢᠮᠨᠤᠰ ᠪᠣᠰᠬᠤ ᠠᠶᠠᠲᠠᠢ ᠪᠣᠯᠤᠭᠰᠠᠨ ᠨᠢ ᠲᠡᠭᠦᠨ ᠳ᠋ᠦ᠍ ᠡᠪ ᠦᠭᠡᠢ ᠰᠠᠨᠠᠭᠳᠠᠯ᠎ᠠ᠃ ᠵᠠᠷᠢᠮ ᠳ᠋ᠤ᠌ ᠪᠠᠨ ᠨᠢᠭᠡ ᠲᠠᠯ᠎ᠠ ᠠ᠋ᠴᠠ ᠯᠢᠨᠰᠠᠷᠠᠢ ᠭᠠᠪᠵᠤ ᠯᠦᠩᠳᠡᠩᠵᠤᠨᠠᠢ᠂ ᠨᠥᠭᠦᠭᠡ ᠲᠠᠯ᠎ᠠ ᠠ᠋ᠴᠠ ᠨᠣᠮ ᠦᠭᠡᠢ ᠡᠮᠡᠭᠡᠨ ᠪᠡᠷᠢᠮᠦᠭ ᠬᠣᠶᠠᠷ ᠨᠣᠮ ᠬᠠᠶᠠᠯᠴᠠᠵᠤ᠂ ᠭᠡᠷᠡᠴᠢ ᠪᠡᠷ ᠨᠢ ᠰᠠᠨᠵᠢ ᠭᠠᠪᠵᠤ ᠵᠣᠭᠰᠣᠵᠤ ᠪᠠᠢᠬᠤ ᠰᠢᠭ᠋ ᠴᠦ᠍ ᠰᠠᠨᠠᠭᠳᠠᠨ᠎ᠠ᠃ ᠥᠨᠥᠳᠥᠷ ᠮᠥᠨ ᠲᠡᠢᠮᠦ ᠰᠡᠳᠬᠢᠭᠳᠡᠯ ᠲᠥᠷᠥᠭᠰᠡᠨ ᠡᠴᠡ ᠤᠯᠠᠮᠵᠢᠯᠠᠨ ᠲᠠᠯᠢᠢᠭᠠᠴᠢ ᠪᠡᠷᠢᠮᠦᠭ ᠡᠮᠡᠭᠡᠨ ᠢ᠋ ᠳᠤᠷᠠᠰᠤᠨ ᠰᠠᠨᠠᠪᠠ᠃ ᠲᠡᠷᠡ ᠡᠮᠡᠭᠡᠨ ᠬᠠᠷ᠎ᠠ ᠤᠬᠠᠭᠠᠨ ᠢ᠋ᠶ᠋ᠠᠷ ᠢ᠋ᠶ᠋ᠠᠨ ᠶᠡᠬᠡ ᠯᠡ ᠭᠠᠢᠬᠠᠮᠠᠷ ᠶᠠᠭᠤᠮ᠎ᠠ ᠪᠣᠳᠣᠵᠤ᠂ ᠶᠠᠷᠢᠳᠠᠭ ᠪᠠᠢᠭᠰᠠᠨ ᠠ᠋ᠴᠠ ᠰᠠᠨᠵᠢ ᠶ᠋ᠢᠨ ᠴᠢᠬᠢᠨ ᠳ᠋ᠦ᠍ ᠬᠣᠨᠣᠭᠰᠢᠵᠤ᠂ ᠤᠯᠠᠮᠵᠢᠯᠠᠭᠠᠳ ᠪᠣᠳᠣᠯ ᠰᠠᠨᠠᠭᠠᠨ ᠳ᠋ᠤ᠌ ᠨᠢ ᠨᠡᠪᠴᠢᠭᠰᠡᠨ ᠶᠦ᠍ᠮ ᠪᠢᠰᠢ ᠪᠢᠵᠡ ᠠ᠋ ?
《ᠡᠢᠮᠦ ᠶᠠᠭᠤᠮ᠎ᠠ ᠪᠣᠳᠣᠵᠤ ᠪᠠᠢᠭᠰᠠᠨ ᠠ᠋ᠴᠠ ᠮᠠᠷᠭᠠᠰᠢ ᠨᠣᠮ ᠬᠠᠶᠠᠯᠴᠠᠬᠤ ᠳ᠋ᠤ᠌ ᠶᠠᠭᠤ ᠠᠰᠠᠭᠤᠬᠤ ᠪᠠᠨ ᠪᠢᠯᠡᠭᠦᠳᠡᠭᠰᠡᠨ ᠨᠢ ᠳᠡᠭᠡᠷ᠎ᠡ ᠦᠭᠡᠢ ᠤᠤ?》 ᠭᠡᠵᠦ ᠰᠠᠨᠵᠢ ᠥᠪᠡᠷᠲᠡᠭᠡᠨ ᠳᠠᠬᠢᠨ ᠱᠠᠭᠠᠷᠳᠠᠯ᠎ᠠ᠃
ᠮᠠᠷᠭᠠᠰᠢ ᠨᠢ ᠁ ᡀᠠᠰᠠ ᠵᠣᠣ ᠶ᠋ᠢᠨ ᠪᠠᠷᠠᠪᠠᠡᠭ ᠶᠡᠬᠡ ᠳᠤᠭᠠᠩ ᠤ᠋ᠨ ᠡᠮᠦᠨ᠎ᠡ ᠣᠯᠠᠨ ᠯᠠᠮᠠ ᠨᠠᠷ ᠴᠤᠭᠯᠠᠷᠠᠯ᠎ᠠ᠃ ᠨᠣᠮ ᠬᠠᠶᠠᠯᠴᠠᠵᠤ᠂ ᠳᠡᠮᠵᠢᠶ᠎ᠡ ᠪᠠᠷᠢᠬᠤ ᠳ᠋ᠤ᠌ ᠣᠷᠣᠯᠴᠠᠬᠤ ᠪᠠᠷ ᠢᠷᠡᠵᠡᠭᠡᠵᠡᠢ ᠃ ᠨᠣᠮ ᠬᠠᠶᠠᠳᠠᠭ ᠳᠠᠪᠵᠠᠶᠠ ᠶ᠋ᠢ ᠵᠠᠰᠠᠵᠤ ᠪᠡᠯᠡᠳᠬᠡᠭᠰᠡᠨ ᠪᠠᠢᠪᠠ᠃ ᠠᠷᠪᠠᠨ ᠪᠡᠷᠬᠡᠲᠦ ᠭᠡᠳᠡᠭ ᠭᠠᠪᠵᠤ ᠴᠣᠯᠠᠲᠠᠨ ᠠ᠋ᠴᠠ ᠮᠢᠶᠡᠭᠷᠢᠮᠪᠠ᠂ ᠵᠢᠳᠡᠷᠢᠮᠪᠠ᠂ ᠵᠣᠭᠷᠢᠮᠪᠠ᠂ ᠶᠥᠭᠡᠵᠡᠷᠢ᠂ ᠮᠠᠨᠷᠠᠮᠪᠠ ᠠ᠋ᠴᠠ ᠡᠬᠢᠯᠡᠭᠡᠳ ᠮᠠᠰᠢ ᠬᠡᠲᠦᠷᠡᠭᠰᠡᠨ ᠪᠤᠶᠤ ᠷᠠᠪᠵᠠᠮᠪᠠ᠂ ᠯᠠᠪᠷᠠᠩ ᠬᠡᠢᠳ ᠲᠦ᠍ ᠨᠣᠮ ᠬᠠᠶᠠᠯᠴᠠᠵᠤ ᠢᠯᠠᠭᠰᠠᠨ ᠳᠣᠣᠷᠠᠮᠪᠠ᠂ ᠲᠠᠷᠨᠢ ᠶ᠋ᠢᠨ ᠨᠣᠮ ᠳ᠋ᠤ᠌ ᠴᠠᠢᠷᠠᠭᠰᠠᠨ ᠠᠭᠷᠠᠮᠪᠠ᠂ ᡀᠠᠰᠠ ᠵᠣᠣ ᠳ᠋ᠤ᠌ ᠨᠣᠮ ᠬᠠᠶᠠᠵᠤ ᠢᠯᠠᠭᠰᠠᠨ ᠲᠡᠭᠦᠰᠬᠡᠯ ᠦᠭᠡᠢ ᠡᠷᠳᠡᠮᠲᠦ ᠭᠡᠭᠳᠡᠬᠦ ᡀᠠᠷᠠᠮᠪᠠ ᠴᠣᠯᠠᠲᠠᠨ ᠨᠤᠭᠤᠳ ᠬᠦᠷᠲᠡᠯ᠎ᠡ ᠣᠯᠠᠨ ᠲᠣᠭᠠᠨ ᠤ᠋ ᠡᠷᠳᠡᠮᠲᠦ ᠯᠠᠮᠠ ᠨᠠᠷ ᠴᠤᠭᠯᠠᠷᠠᠭᠰᠠᠨ ᠢ᠋ ᠬᠠᠷᠠᠭᠠᠳ ᠰᠠᠨᠵᠢ ᠶ᠋ᠢᠨ ᠵᠢᠷᠦᠬᠡ ᠦᠬᠦᠬᠦ ᠰᠢᠭ ᠪᠣᠯᠵᠤ᠂ ᠭᠢᠷᠪᠢᠰᠢᠨ ᠪᠢᠰᠢᠭᠦᠷᠬᠡᠭᠰᠡᠨ ᠪᠠᠢᠳᠠᠯ ᠲᠠᠢ ᠪᠠᠷ ᠴᠢᠯᠠᠭᠤᠨ ᠳᠡᠪᠵᠢᠶᠡᠨ ᠳ᠋ᠦ᠍ ᠭᠠᠷᠴᠤ ᠣᠴᠢᠯ᠎ᠠ᠃ ᠠᠯᠲᠠᠳᠠᠭᠰᠠᠨ ᠣᠢᠰᠤ ᠪᠠᠷ ᠬᠢᠭᠰᠡᠨ ᠥᠷᠭᠡᠨ ᠬᠦᠷᠢᠶᠡᠲᠦ ᠴᠠᠩ ᠮᠠᠯᠠᠭᠠᠢ ᠪᠠᠨ᠂ ᠵᠠᠩᠴᠢ ᠲᠠᠢ ᠪᠠᠨ ᠠᠪᠴᠤ ᠲᠠᠯᠪᠢᠭᠠᠳ ᠰᠠᠨᠵᠢ ᠡᠷᠭᠢᠨ ᠲᠣᠭᠣᠷᠢᠨ ᠢ᠋ ᠠᠵᠢᠭᠯᠠᠪᠠ᠃ ᠣᠯᠠᠨ ᠤ᠋ ᠳᠤᠮᠳᠠ ᠰᠢᠪᠡᠷ ᠠᠪᠢᠷ ᠶᠠᠷᠢᠶ᠎ᠠ ᠳᠡᠭᠳᠡᠯ᠎ᠡ᠃ ᠰᠠᠨᠵᠢ ᠪᠠᠷᠠᠭᠤᠨ ᠭᠠᠷ ᠲᠤ᠌ ᠡᠷᠢᠭᠡ ᠪᠡᠨ ᠪᠠᠷᠢᠵᠤ ᠲᠦᠷ ᠵᠣᠭᠰᠣᠭᠰᠠᠨ ᠢ᠋ᠶ᠋ᠠᠨ ᠵᠡᠭᠦᠨ᠂ ᠪᠠᠷᠠᠭᠤᠨ ᠠᠯᠠᠭ᠎ᠠ ᠶ᠋ᠢ ᠬᠠᠪᠰᠤᠷᠤᠨ ᠲᠠᠰᠢᠬᠤ ᠳ᠋ᠤ᠌ ᠬᠥᠮᠦᠰ ᠲᠠᠭ ᠴᠢᠮᠡᠭᠡ ᠦᠭᠡᠢ ᠪᠣᠯᠤᠯ᠎ᠠ᠃ ᠲᠡᠷᠡ ᠳᠠᠷᠤᠢ ᠵᠡᠭᠦᠨ ᠭᠠᠷ ᠤ᠋ᠨ ᠠᠯᠠᠭ᠎ᠠ ᠶ᠋ᠢ ᠳᠣᠭᠣᠭᠰᠢ ᠬᠠᠷᠠᠭᠤᠯᠤᠨ᠂ ᠪᠠᠷᠠᠭᠤᠨ ᠤ᠋ ᠬᠢ ᠶ᠋ᠢ ᠳᠡᠭᠡᠭᠰᠢ ᠨᠢ ᠴᠢᠭᠯᠡᠭᠦᠯᠦᠨ 《ᠳ᠋ᠢᠰ》 ᠭᠡᠵᠦ ᠴᠢᠩᠭ᠎ᠠ ᠳᠤᠤᠭᠠᠷᠤᠯ᠎ᠠ᠃ ᠵᠡᠭᠦᠨ ᠭᠠᠷ ᠢ᠋ ᠳᠣᠭᠣᠭᠰᠢ ᠤᠨᠵᠢᠭᠤᠯᠤᠨ᠂ ᠠᠯᠠᠭ᠎ᠠ ᠶ᠋ᠢ ᠭᠠᠵᠠᠷ ᠴᠢᠭᠯᠡᠭᠦᠯᠦᠭᠰᠡᠨ ᠨᠢ ᠠᠯᠢᠪᠠ ᠨᠢᠭᠦᠯᠲᠡᠨ ᠦᠷᠡᠵᠢᠭᠦᠯᠬᠦ ᠦᠭᠡᠢ ᠶ᠋ᠢᠨ ᠲᠤᠯᠠ ᠲᠠᠮᠤ ᠶ᠋ᠢᠨ ᠬᠠᠭᠠᠯᠭ᠎ᠠ ᠶ᠋ᠢ ᠲᠠᠭᠯᠠᠯᠠ ᠭᠡᠰᠡᠨ ᠳᠣᠬᠢᠶ᠎ᠠ ᠪᠣᠯᠤᠨ᠎ᠠ᠃ ᠪᠠᠷᠠᠭᠤᠨ ᠭᠠᠷ ᠤ᠋ᠨ ᠠᠯᠠᠭ᠎ᠠ ᠶ᠋ᠢ ᠳᠡᠭᠡᠭᠰᠢ ᠬᠠᠷᠠᠭᠤᠯᠤᠨ ᠡᠷᠭᠦᠬᠦ ᠨᠢ ᠤᠷᠢᠳᠤ ᠨᠢᠭᠦᠯ ᠬᠢᠭᠰᠡᠨ ᠢ᠋ᠶ᠋ᠡᠷ ᠳᠠᠬᠢᠨ ᠲᠥᠷᠥᠯ ᠠᠷᠠᠯᠵᠢᠬᠤ ᠳ᠋ᠤ᠌ ᠪᠠᠨ ᠡᠭᠦᠷᠦᠨ ᠭᠠᠷᠤᠭᠰᠠᠨ ᠭᠠᠢ ᠶ᠋ᠢ ᠪᠦᠬᠦᠨ ᠢ᠋ ᠲᠡᠳᠡᠨ ᠭᠠᠷᠭᠠᠬᠤ ᠶ᠋ᠢ ᠵᠥᠩᠨᠡᠵᠡᠢ 《ᠳ᠋ᠢᠰ!》 ᠭᠡᠮᠡᠨ ᠰᠠᠨᠠᠭᠤᠯᠬᠤ ᠨᠢ ᠮᠠᠨᠽᠤᠰᠢᠷᠢ ᠶ᠋ᠢᠨ ᠵᠢᠷᠦᠬᠡᠨ ᠲᠠᠷᠨᠢ ᠢ ᠤᠷᠢᠬᠤ ᠡᠬᠢᠯᠡᠯ ᠳᠠᠭᠤᠨ ᠶᠤᠮ᠃ ᠡᠢᠨ ᠬᠦ᠌ ᠦᠢᠯᠡᠳᠬᠦ ᠨᠢ ᠨᠣᠮ ᠬᠠᠶᠠᠯᠴᠠᠬᠤ ᠶ᠋ᠢᠨ ᠬᠠᠲᠠᠭᠤ ᠲᠣᠭᠲᠠᠭᠠᠭᠰᠠᠨ ᠵᠠᠢᠭ ᠶᠣᠰᠣ ᠪᠢᠯᠡ᠃ ᠡᠢᠮᠦ ᠦᠢᠯᠡᠳᠦᠯ ᠢ᠋ ᠬᠢᠮᠡᠭᠴᠡ ᠨᠣᠮ ᠬᠠᠶᠠᠯᠴᠠᠬᠤ ᠪᠠᠷ ᠴᠤᠭᠯᠠᠷᠠᠭᠰᠠᠨ ᠯᠠᠮᠠ ᠨᠠᠷ ᠲᠠᠭ ᠴᠢᠮᠡᠭᠡ ᠦᠭᠡᠢ ᠪᠣᠯᠵᠤ ᠰᠠᠨᠵᠢ ᠶ᠋ᠢᠨ ᠵᠦᠭ ᠭᠥᠯᠢᠷᠡᠨ ᠰᠢᠷᠳᠡᠵᠡᠭᠡᠯᠡ᠃ ᠰᠣᠷᠢᠨ ᠰᠣᠨᠵᠢᠬᠤ ᠪᠠᠢᠳᠠᠯ ᠢᠯᠡᠷᠬᠡᠢ ᠪᠥᠯᠥᠭᠡ᠃ ᠠᠩᠬᠠᠨ ᠤ᠋ ᠠᠰᠠᠭᠤᠯᠲᠠ ᠶ᠋ᠢ ᠬᠡᠨ ᠪᠦᠬᠦᠨ ᠲᠠᠢᠯᠵᠤ ᠴᠢᠳᠠᠬᠤ ᠬᠥᠩᠭᠡᠨ ᠶᠠᠭᠤᠮ᠎ᠠ ᠪᠠᠷ ᠭᠠᠷᠭᠠᠬᠤ ᠪᠠᠷ ᠰᠠᠨᠵᠢ ᠪᠣᠳᠣᠵᠤ ᠪᠠᠢᠭᠰᠠᠨ ᠶᠣᠰᠣᠭᠠᠷ ᠢ᠋ᠶ᠋ᠠᠨ ᠣᠷᠣᠭᠰᠢ ᠨᠢᠭᠡ ᠠᠯᠬᠤᠵᠤ ᠡᠮᠦᠨ᠎ᠡ ᠡᠩᠨᠡᠭᠡᠨ ᠳ᠋ᠦ᠍ ᠰᠠᠭᠤᠭ᠎ᠠ ᠯᠠᠮᠠ ᠨᠠᠷ ᠤ᠋ᠨ ᠨᠢᠭᠡᠨ ᠦ᠌ ᠡᠮᠦᠨ᠎ᠡ ᠣᠴᠢᠵᠤ᠂
— ᠰᠠᠨᠰᠠᠷ ᠤ᠋ᠨ ᠶᠠᠭᠤᠮ᠎ᠠ ᠪᠦᠬᠦᠨ ᠤᠭ ᠠ᠋ᠴᠠ ᠶᠠᠭᠤᠨ ᠳ᠋ᠤ᠌ ᠪᠦᠲᠦᠳᠡᠭ ᠪᠣᠢ? ᠲᠥᠷᠥᠨ ᠲᠦᠭᠡᠬᠦ ᠶ᠋ᠢᠨ ᠶᠣᠰᠣᠨ ᠠ᠋ᠴᠠ ᠭᠠᠵᠢᠭᠤ ᠨᠢ ᠶᠠᠭᠤ ᠪᠣᠢ? ᠭᠡᠵᠦ ᠲᠥᠪᠡᠳ ᠢ᠋ᠶ᠋ᠡᠷ ᠠᠰᠠᠭᠤᠯ᠎ᠠ᠃ ᠲᠡᠷᠡ ᠯᠠᠮᠠ ᠵᠠᠯᠠᠭᠤᠬᠠᠨ ᠬᠥᠮᠦᠨ ᠪᠠᠢᠯ᠎ᠠ᠃ ᠲᠡᠢᠮᠦ ᠯᠡ ᠬᠦᠨᠳᠦ ᠠᠩᠬᠠᠨ ᠤ᠋ ᠠᠰᠠᠭᠤᠯᠲᠠ ᠪᠠᠨ ᠲᠠᠯᠪᠢᠬᠤ ᠵᠣᠷᠢᠯᠭ᠎ᠠ ᠲᠠᠢ ᠪᠠᠢᠭᠰᠠᠨ ᠢ᠋ᠶ᠋ᠠᠨ ᠰᠠᠨᠵᠢ ᠪᠡᠶᠡᠯᠡᠭᠦᠯᠪᠡ᠃ ᠠᠩᠬᠠᠨ ᠤ᠋ ᠠᠰᠠᠭᠤᠯᠲᠠ ᠠᠮᠠᠷᠬᠠᠨ ᠮᠥᠷᠲᠡᠭᠡᠨ ᠬᠡᠨ ᠴᠦ᠍ ᠬᠠᠷᠢᠭᠤᠯᠵᠤ ᠴᠢᠳᠠᠬᠤ ᠦᠭᠡᠢ ᠪᠣᠯ ᠶᠡᠬᠡ ᠤᠴᠢᠷᠲᠠᠢ ᠪᠠᠢᠳᠠᠭ ᠢ᠋ ᠲᠡᠷᠡ ᠲᠤᠷᠰᠢᠯᠭ᠎ᠠ ᠠ᠋ᠴᠠ ᠮᠡᠳᠡᠵᠡᠢ᠃ ᠯᠠᠮᠠ ᠨᠠᠷ ᠵᠠᠯᠠᠭᠤ ᠲᠣᠰᠤᠮ ᠢ᠋ᠶ᠋ᠠᠨ ᠭᠦᠨ ᠤᠬᠠᠭᠠᠨ ᠤ᠋ ᠨᠣᠮᠯᠠᠯ ᠴᠡᠭᠡᠵᠢᠯᠡᠳᠡᠭ ᠦᠭᠡᠢ᠂ ᠤᠬᠠᠭᠠᠷᠠᠳᠠᠭ ᠴᠤ᠌ ᠦᠭᠡᠢ ᠶ᠋ᠢ ᠰᠠᠨᠵᠢ ᠵᠢᠡᠭ᠌ᠳᠠᠭᠠᠨ ᠤ᠋ ᠬᠢᠨ ᠢ᠋ᠶ᠋ᠡᠷ ᠢ᠋ᠶ᠋ᠡᠨ ᠪᠠᠷᠢᠮᠵᠢᠶᠠᠯᠠᠨ ᠮᠡᠳᠡᠨ᠎ᠡ᠃ ᠠᠰᠠᠭᠤᠯᠲᠠ ᠠᠪᠤᠭᠰᠠᠨ ᠯᠠᠮᠠ ᠬᠡᠢ ᠯᠡ ᠠᠩᠭᠠᠯᠵᠠᠨ ᠴᠢᠷᠠᠢ ᠨᠢ ᠤᠯᠠᠢᠬᠤ ᠶ᠋ᠢ ᠰᠠᠨᠵᠢ ᠠᠵᠢᠭᠯᠠᠪᠠ᠃ ᠳᠡᠷᠡᠨ ᠢ᠋ ᠬᠠᠷᠢᠭᠤᠯᠵᠤ ᠴᠢᠳᠠᠬᠤ ᠦᠭᠡᠢ ᠶ᠋ᠢ ᠮᠡᠳᠡᠮᠡᠭᠴᠡ ᠠᠯᠠᠭ᠎ᠠ ᠪᠠᠨ ᠳᠠᠬᠢᠨ ᠨᠢᠭᠡ ᠤᠳᠠᠭ᠎ᠠ ᠴᠢᠩᠭ᠎ᠠ ᠲᠠᠰᠢᠭᠠᠳ ᠤᠤᠯ ᠠᠰᠠᠭᠤᠯᠲᠠ ᠪᠠᠨ ᠳᠠᠪᠲᠠᠵᠤ ᠰᠠᠨᠰᠠᠺᠠᠲ ᠬᠡᠯᠡ ᠪᠡᠷ ᠲᠠᠯᠪᠢᠯ᠎ᠠ᠃ ᠰᠠᠨᠰᠠᠺᠷᠲ ᠢ᠋ᠶ᠋ᠠᠷ ᠲᠡᠷᠡ ᠪᠦᠷ ᠴᠦ᠍ ᠱᠣᠩ ᠦᠭᠡᠢ ᠨᠢ ᠲᠣᠳᠣᠷᠬᠠᠢ ᠪᠠᠢᠯ᠎ᠠ᠃《ᠬᠡᠷᠪᠡ ᠡᠨᠡ ᠠᠰᠠᠭᠤᠯᠲᠠ ᠶ᠋ᠢ ᠲᠡᠷᠡ ᠵᠠᠯᠠᠭᠤ ᠶ᠋ᠢᠨ ᠬᠠᠵᠠᠭᠤ ᠳ᠋ᠤ᠌ ᠰᠠᠭᠤᠵᠤ ᠪᠠᠢᠭ᠎ᠠ ᠱᠢᠷᠦᠨ ᠤᠯᠠᠭᠠᠨ ᠴᠢᠷᠠᠢᠲᠤ ᠷᠠᠪᠵᠠᠨᠪᠠ ᠠ᠋ᠴᠠ ᠠᠰᠠᠭᠤᠭᠰᠠᠨ ᠪᠣᠯ ᠴᠤ᠌ ᠳᠣᠣᠷ᠎ᠠ ᠨᠢ ᠯᠡ ᠬᠠᠷᠢᠭᠤᠯᠬᠤ ᠪᠠᠢᠭᠰᠠᠨ ᠳᠠ 》 ᠭᠡᠵᠦ ᠰᠠᠨᠵᠢ ᠳᠣᠲᠣᠷ᠎ᠠ ᠪᠠᠨ ᠪᠣᠳᠣᠯ᠎ᠠ᠃ ᠨᠣᠮ ᠬᠠᠶᠠᠳᠠᠭ ᠬᠥᠮᠦᠨ ᠦ᠌ ᠨᠢᠭᠡ ᠠᠰᠢᠭ ᠨᠢ ᠠᠰᠠᠭᠤᠬᠤ ᠬᠥᠮᠦᠨ ᠢ᠋ᠶ᠋ᠡᠨ ᠥᠪᠡᠷ ᠢ᠋ᠶ᠋ᠡᠨ ᠰᠣᠩᠭᠣᠳᠠᠭ ᠲᠤ᠌ ᠪᠠᠢᠯ᠎ᠠ᠃ ᠴᠢᠷᠠᠢ ᠵᠢᠰᠦ ᠪᠡᠷ ᠨᠢ ᠬᠡᠨ ᠪᠣᠯᠬᠤ ᠶ᠋ᠢ ᠲᠠᠭᠠᠮᠠᠭᠯᠠᠵᠤ᠂ ᠠᠰᠠᠭᠤᠯᠲᠠ ᠪᠠᠨ ᠲᠠᠭᠠᠷᠠᠭᠤᠯᠬᠤ ᠳ᠋ᠤ᠌ ᠪᠣᠯᠤᠮᠵᠢ ᠲᠠᠢ ᠶᠤᠮ᠃ ᠰᠠᠨᠵᠢ ᠡᠭᠦᠨ ᠳ᠋ᠦ᠍ ᠪᠠᠰᠠ ᠶᠡᠬᠡ ᠣᠯᠵᠠᠭᠤᠷᠬᠠᠵᠤ ᠪᠠᠢᠪᠠ᠃ ᠨᠥᠭᠦᠭᠡ ᠯᠠᠮᠠ ᠰᠠᠨᠰᠠᠺᠷᠲ ᠢ᠋ᠶ᠋ᠠᠷ ᠠᠰᠠᠭᠤᠭᠰᠠᠨ ᠢ᠋ ᠰᠠᠨᠰᠠᠺᠷᠲ ᠢ᠋ᠶ᠋ᠠᠷ ᠬᠠᠷᠢᠭᠤᠯᠬᠤ ᠶᠣᠰᠣᠲᠠᠢ ᠪᠣᠯᠪᠠᠴᠤ ᠶᠠᠭᠤ ᠴᠤ᠌ ᠬᠡᠯᠡᠵᠦ ᠴᠢᠳᠠᠬᠤ ᠦᠭᠡᠢ ᠨᠢ ᠢᠯᠡᠷᠬᠡᠢ ᠪᠣᠯᠤᠯ᠎ᠠ᠃ ᠰᠠᠨᠵᠢ ᠲᠡᠭᠦᠨ ᠢ᠋ ᠬᠠᠷᠢᠭᠤᠯᠵᠤ ᠴᠢᠳᠠᠬᠤ ᠦᠭᠡᠢ ᠪᠠᠢᠨ᠎ᠠ ᠭᠡᠳᠡᠭ ᠢ᠋ ᠣᠯᠠᠨ ᠳ᠋ᠤ᠌ ᠮᠡᠳᠡᠭᠳᠡᠬᠦ ᠶ᠋ᠢᠨ ᠲᠤᠯᠠᠳᠠ ᠪᠠᠷᠠᠭᠤᠨ ᠭᠠᠷ ᠤ᠋ᠨ ᠠᠯᠠᠭ᠎ᠠ ᠪᠠᠷ ᠵᠡᠭᠦᠨ ᠠᠯᠠᠭ᠎ᠠ ᠪᠠᠨ ᠨᠢᠭᠡ ᠤᠳᠠᠭ᠎ᠠ ᠴᠢᠩᠭ᠎ᠠ ᠲᠠᠰᠢᠵᠤ ᠳᠣᠬᠢᠶ᠎ᠠ ᠥᠭᠭᠦᠯ᠎ᠡ᠃ ᠲᠡᠭᠡᠭᠡᠳ ᠤᠤᠯ ᠠᠰᠠᠭᠤᠯᠲᠠ ᠶ᠋ᠢ ᠲᠡᠭᠦᠨ ᠳ᠋ᠦ᠍ ᠭᠤᠷᠪᠠᠳᠠᠬᠢ ᠤᠳᠠᠭ᠎ᠠ ᠪᠠᠨ ᠲᠠᠯᠪᠢᠬᠤ ᠶᠣᠰᠣᠲᠠᠢ ᠲᠤᠯᠠ ᠰᠢᠩᠭᠠᠯ ᠬᠡᠯᠡ ᠪᠡᠷ ᠳᠠᠬᠢᠨ ᠠᠰᠠᠭᠤᠯ᠎ᠠ᠃ ᠰᠢᠩᠭᠠᠯ ᠢ᠋ᠶ᠋ᠠᠷ ᠶᠠᠷᠢᠬᠤ ᠳ᠋ᠤ᠌ ᠨᠢ ᠨᠣᠮ ᠬᠠᠶᠠᠯᠴᠠᠬᠤ ᠪᠠᠷ ᠢᠷᠡᠭᠰᠡᠨ ᠯᠠᠮᠠ ᠨᠠᠷ ᠳᠠᠭᠤ ᠠᠯᠲᠠᠨ ᠭᠠᠢᠬᠠᠵᠠᠭᠠᠯᠠ᠃ ᠰᠠᠨᠵᠢ ᠰᠢᠩᠭᠠᠯ ᠬᠡᠯᠡ ᠶ᠋ᠢ ᠳᠥᠩᠭᠡᠵᠢ ᠯᠡ ᠭᠠᠳᠠᠷᠯᠠᠵᠤ ᠪᠠᠢᠭ᠎ᠠ ᠲᠤᠯᠠ ᠣᠯᠠᠨ ᠶᠠᠭᠤᠮ᠎ᠠ ᠶᠠᠷᠢᠵᠤ ᠴᠢᠳᠠᠬᠤ ᠦᠭᠡᠢ ᠪᠡᠨ ᠮᠡᠳᠡᠨ᠎ᠡ᠃ ᠭᠡᠪᠡᠴᠦ ᠨᠣᠮ ᠬᠠᠶᠠᠯᠴᠠᠬᠤ ᠪᠠᠷ ᠢᠷᠡᠭᠰᠡᠳ ᠦ᠋ᠨ ᠳᠣᠲᠣᠷ᠎ᠠ ᠱᠠᠰᠢᠨ ᠤ᠋ ᠪᠤᠷᠬᠠᠨ ᠤ᠋ ᠡᠷᠳᠡᠮ ᠳ᠋ᠦ᠍ ᠥᠨᠳᠥᠷ ᠴᠣᠯᠠ ᠬᠦᠷᠲᠡᠭᠰᠡᠨ ᠠᠶᠢᠬᠤᠪᠲᠤᠷ ᠠᠮᠢᠲᠠᠨ ᠨᠤᠭᠤᠳ ᠣᠯᠠᠨ ᠪᠠᠢᠭ᠎ᠠ ᠲᠤᠯᠠ ᠲᠡᠳᠡᠨ ᠦ᠌ ᠳᠣᠪᠲᠣᠯᠬᠤ ᠵᠣᠷᠢᠭ ᠢ᠋ ᠪᠠᠭᠤᠷᠠᠭᠤᠯᠬᠤ ᠵᠣᠷᠢᠯᠭ᠎ᠠ ᠪᠠᠷ ᠰᠢᠩᠭᠠᠯ ᠬᠡᠯᠡ ᠪᠡᠷ ᠬᠣᠶᠠᠷ ᠭᠤᠷᠪᠠᠨ ᠠᠰᠠᠭᠤᠯᠲᠠ ᠪᠡᠯᠡᠳᠴᠡᠢ᠃
ᠰᠢᠩᠭᠠᠯ ᠪᠤᠶᠤ ᠠᠷᠰᠯᠠᠨ ᠲᠢᠪ ᠦ᠋ᠨ ᠲᠤᠬᠠᠢ ᠪᠤᠷᠬᠠᠨ ᠤ᠋ ᠨᠣᠮ ᠳ᠋ᠤ᠌ ᠶᠡᠬᠡ ᠭᠠᠷᠳᠠᠭ ᠪᠣᠯᠪᠠᠴᠤ ᠯᠠᠮᠠ ᠨᠠᠷ ᠭᠣᠣᠯᠳᠠᠭᠤ ᠲᠥᠪᠡᠳ᠂ ᠰᠠᠨᠰᠠᠺᠷᠲ ᠬᠣᠶᠠᠷ ᠯᠠ ᠬᠡᠯᠡ ᠪᠡᠷ ᠡᠷᠳᠡᠮ ᠢ᠋ᠶ᠋ᠡᠨ ᠵᠤᠵᠠᠭᠠᠷᠠᠭᠤᠯᠳᠠᠭ ᠠᠵᠠᠢ᠃ ᠰᠢᠩᠭᠠᠯ ᠬᠡᠯᠡ ᠶ᠋ᠢ ᠲᠡᠳᠡ ᠲᠡᠳᠦᠢ ᠯᠡ ᠣᠢᠰᠢᠶᠠᠳᠠᠭ ᠦᠭᠡᠢ ᠪᠠᠢᠪᠠ᠃ ᠬᠠᠷᠢᠨ ᠴᠤ᠌ ᠰᠠᠩᠭᠠᠰᠪᠠ ᠨᠠᠷ ᠤ᠋ᠨ ᠣᠷᠣᠨ ᠭᠡᠵᠦ ᠶᠡᠬᠡ ᠯᠡ ᠳᠣᠣᠷ᠎ᠠ ᠳ᠋ᠤ᠌ ᠦᠵᠡᠳᠡᠭ ᠴᠦ᠍ ᠤᠳᠠᠭ᠎ᠠ ᠪᠠᠢᠯ᠎ᠠ᠃
ᠰᠢᠩᠭᠠᠯ ᠢ᠋ᠶ᠋ᠠᠷ ᠪᠠᠢᠲᠤᠭᠠᠢ ᠲᠥᠪᠡᠳ ᠢ᠋ᠶ᠋ᠡᠷ ᠢ᠋ᠶ᠋ᠡᠨ ᠨᠥᠭᠥᠭᠡᠬᠢ ᠠᠰᠠᠭᠤᠯᠲᠠ ᠶ᠋ᠢ ᠬᠠᠷᠢᠭᠤᠯᠵᠤ ᠴᠢᠳᠠᠭ᠎ᠠ ᠦᠭᠡᠢ ᠵᠠᠯᠠᠭᠤ ᠯᠠᠮᠠ ᠢᠯᠠᠭᠳᠠᠯ ᠢ᠋ᠶ᠋ᠠᠨ ᠬᠦᠯᠢᠶᠡᠯ᠎ᠡ᠃ ᠰᠠᠨᠵᠢ ᠲᠡᠭᠦᠨ ᠦ᠌ ᠢᠯᠠᠭᠳᠠᠯ ᠢ᠋ ᠬᠦᠯᠢᠶᠡᠯᠭᠡᠭᠰᠡᠨ ᠦ᠌ ᠳᠣᠬᠢᠶ᠎ᠠ ᠪᠣᠯᠭᠠᠵᠤ ᠪᠠᠷᠠᠭᠤᠨ ᠮᠥᠷᠦᠨ ᠳᠡᠭᠡᠷ᠎ᠡ ᠨᠢ ᠭᠠᠷ ᠢ᠋ᠶ᠋ᠠᠨ ᠬᠦᠷᠭᠡᠪᠡ᠃ ᠢᠩᠭᠢᠭᠡᠳ ᠳᠠᠷᠠᠭ᠎ᠠ ᠶ᠋ᠢᠨ ᠬᠥᠮᠦᠨ ᠦ᠌ ᠡᠮᠦᠨ᠎ᠡ ᠣᠴᠢᠵᠤ ᠠᠰᠠᠭᠤᠯᠲᠠ ᠪᠠᠨ ᠳᠠᠬᠢᠨ ᠲᠠᠯᠪᠢᠯ᠎ᠠ᠃ ᠲᠡᠷᠡ ᠨᠢ ᠨᠥᠭᠥᠭᠡᠬᠢ ᠱᠢᠷᠦᠨ ᠤᠯᠠᠭᠠᠨ ᠴᠢᠷᠠᠢᠲᠤ ᠷᠠᠪᠵᠠᠮᠪᠠ ᠠᠵᠠᠢ᠃
— ᠰᠠᠨᠰᠠᠷ ᠤ᠋ᠨ ᠶᠠᠭᠤᠮ᠎ᠠ ᠪᠦᠬᠦᠨ ᠤᠭ ᠠ᠋ᠴᠠ ᠪᠤᠷᠬᠠᠨ ᠤ᠋ ᠶᠡᠬᠡ ᠬᠣᠲᠠ ᠮᠠᠨᠳᠠᠯ ᠳ᠋ᠤ᠌ ᠪᠦᠲᠦᠮᠦᠢ᠃ ᠲᠥᠷᠥᠨ ᠲᠦᠭᠡᠬᠦᠢ ᠶ᠋ᠢᠨ ᠶᠣᠰᠣᠨ ᠠ᠋ᠴᠠ ᠭᠠᠵᠢᠭᠤᠳᠠ ᠶᠠᠭᠤᠮ᠎ᠠ ᠣᠷᠴᠢᠯᠠᠩ ᠳ᠋ᠤ᠌ ᠦᠭᠡᠢ ᠪᠣᠯᠪᠠᠴᠤ ᠦᠵᠡᠭᠳᠡᠯ ᠰᠠᠨᠰᠠᠷ ᠤ᠋ᠨ ᠶᠠᠭᠤᠮᠠᠰ ᠰᠡᠳᠬᠢᠯ ᠳ᠋ᠦ᠍ ᠠᠯᠠᠭᠳᠠᠮᠠᠢ! ᠭᠡᠵᠦ ᠲᠡᠷᠡ ᠯᠠᠮᠠ ᠲᠥᠪᠡᠳ ᠬᠡᠯᠡ ᠪᠡᠷ ᠨᠤᠲᠠ ᠲᠠᠢ ᠬᠠᠷᠢᠭᠤᠯᠤᠯ᠎ᠠ᠃ ᠯᠠᠮᠠ ᠨᠠᠷ ᠴᠥᠮ ᠯᠡ ᠳᠦᠩᠭᠢᠨᠡᠯᠳᠦᠨ ᠰᠠᠢᠰᠢᠶᠠᠵᠤ ᠪᠠᠢᠯ᠎ᠠ᠃ ᠨᠢᠭᠡᠨᠲᠡ ᠠᠰᠠᠭᠤᠯᠲᠠ ᠨᠢ ᠬᠠᠷᠢᠭᠤᠯᠤᠭᠳᠠᠭᠰᠠᠨ ᠪᠣᠯᠬᠣᠷ ᠰᠠᠨᠵᠢ ᠲᠡᠭᠦᠨ ᠢ᠋ ᠥᠭᠡᠷᠡᠴᠢᠯᠡᠵᠦ ᠲᠡᠭᠦᠨ ᠡᠴᠡ ᠤᠷᠭᠤᠭᠤᠯᠤᠭᠰᠠᠨ ᠰᠢᠨ᠎ᠡ ᠠᠰᠠᠭᠤᠯᠲᠠ ᠭᠠᠷᠭᠠᠬᠤ ᠶᠣᠰᠣᠲᠠᠢ ᠪᠣᠯᠪᠠ᠃ ᠷᠠᠪᠵᠠᠮᠪᠠᠲᠠᠩ ᠤ᠋ᠨ ᠬᠠᠵᠠᠭᠤ ᠳ᠋ᠤ᠌ ᠪᠠᠰᠠ ᠨᠢᠭᠡᠨ ᠵᠠᠯᠠᠭᠤᠪᠲᠤᠷ ᠯᠠᠮᠠ ᠪᠠᠢᠬᠤ ᠲᠤᠯᠠ ᠲᠡᠭᠦᠨ ᠳ᠋ᠦ᠍ ᠬᠠᠨᠳᠤᠵᠤ᠂
— ᠪᠤᠷᠬᠠᠨ ᠤ᠋ ᠴᠢᠭᠤᠯᠭᠠᠨ ᠬᠤᠷᠠᠨ ᠦᠢᠯᠡᠳᠬᠦ ᠨᠢ ᠥᠨᠳᠥᠷ ᠦ᠋ᠨ ᠢᠵᠠᠭᠤᠷ ᠣᠯᠬᠤ ᠪᠣᠢ᠃ ᠪᠤᠶᠠᠨ ᠲᠡᠭᠦᠨ ᠦ᠌ ᠦᠷ᠎ᠡ ᠨᠢ ᠣᠷᠴᠢᠯᠠᠩ ᠳ᠋ᠤ᠌ ᠡᠷᠭᠢᠬᠦ ᠮᠥᠨ ᠪᠤᠶᠤ᠃ ᠬᠣᠭᠣᠰᠣᠨ ᠴᠢᠨᠠᠷ ᠤ᠋ᠨ ᠤᠬᠠᠭᠠᠨ ᠪᠢᠰᠢᠯᠭᠠᠨ ᠦᠢᠯᠡᠳᠬᠦ ᠨᠢ ᠨᠢᠰᠸᠠᠨᠢᠰ ᠪᠦᠬᠦᠨ ᠢ᠋ ᠪᠠᠷᠠᠬᠤ᠂ ᠪᠤᠷᠬᠠᠨ ᠤ᠋ ᠬᠤᠲᠤᠭ ᠣᠯᠬᠤ ᠮᠥᠨ ᠪᠤᠶᠤ ᠡᠰᠡᠪᠡᠰᠦ ᠪᠢᠰᠢ ᠪᠤᠶᠤ? ᠭᠡᠵᠦ ᠲᠥᠪᠡᠳ ᠢ᠋ᠶ᠋ᠡᠷ ᠠᠰᠠᠭᠤᠯ᠎ᠠ᠃ ᠯᠠᠮᠠᠳᠠᠨ ᠲᠡᠭᠦᠨ ᠳ᠋ᠦ᠍ ᠬᠠᠷᠢᠭᠤᠯᠵᠤ ᠴᠢᠳᠠᠬᠤ ᠦᠭᠡᠢ ᠪᠠᠢᠯ᠎ᠠ᠃ ᠭᠤᠷᠪᠠᠨ ᠬᠡᠯᠡ ᠪᠡᠷ ᠭᠤᠷᠪᠠ ᠳᠠᠪᠲᠠᠨ ᠠᠰᠠᠭᠤᠬᠤ ᠳ᠋ᠤ᠌ ᠲᠡᠷᠡ ᠦᠭᠡ ᠬᠡᠯᠡᠵᠦ ᠡᠰᠡ ᠴᠢᠳᠠᠪᠠ᠃ ᠪᠤᠰᠤᠳ ᠤ᠋ᠨ ᠡᠮᠦᠨ᠎ᠡ ᠡᠴᠡ ᠬᠠᠷᠢᠭᠤᠯᠬᠤ ᠶᠣᠰᠣ ᠦᠭᠡᠢ ᠲᠤᠯᠠ ᠮᠡᠳᠡᠳᠡᠭ ᠨᠢ ᠬᠠᠯᠠᠭᠯᠠᠵᠤ ᠪᠠᠢᠯ᠎ᠠ᠃ ᠡᠭᠦᠨ ᠢ᠋ ᠢᠯᠠᠭᠳᠠᠭᠰᠠᠨ ᠳ᠋ᠤ᠌ ᠲᠣᠭᠠᠴᠠᠵᠤ ᠪᠠᠷᠠᠭᠤᠨ ᠮᠥᠷᠦᠨ ᠳ᠋ᠦ᠍ ᠨᠢ ᠭᠠᠷ ᠢ᠋ᠶ᠋ᠠᠨ ᠬᠦᠷᠭᠡᠭᠡᠳ ᠳᠠᠷᠠᠭᠠᠬᠢ ᠬᠥᠮᠦᠨ ᠳᠡᠭᠡᠷ᠎ᠡ ᠣᠴᠢᠪᠠ᠃ ᠮᠠᠷᠠᠮᠪᠠ ᠴᠣᠯᠠ ᠲᠠᠢ ᠨᠢᠭᠡᠨ ᠠᠵᠢ᠃ ᠨᠢᠭᠡᠨᠲᠡ ᠮᠠᠷᠠᠮᠪᠠ ᠪᠣᠯᠬᠣᠷ ᠡᠮᠴᠢᠯᠡᠬᠦ ᠡᠷᠳᠡᠮ ᠲᠡᠭᠦᠰ ᠭᠡᠰᠡᠨ ᠦᠭᠡ ᠪᠣᠯᠤᠨ᠎ᠠ᠃ ᠡᠢᠮᠦ ᠳ᠋ᠦ᠍ ᠲᠡᠭᠦᠨ ᠳ᠋ᠦ᠍ ᠮᠥᠨ ᠯᠡ ᠲᠠᠭᠠᠷᠬᠤ ᠠᠰᠠᠭᠤᠯᠲᠠ ᠥᠭᠪᠡᠯ ᠵᠣᠬᠢᠨ᠎ᠠ᠃ 《ᡀᠠᠩᠲᠤᠪᠠᠴᠤᠩᠪᠤ ᠠ᠋ᠴᠠ ᠠᠰᠠᠭᠤᠳᠠᠭ ᠶᠤᠮ ᠤᠤ᠂ ᠡᠰᠡᠪᠡᠯ ᠴᠢᠮᠧᠢᠵᠢᠲᠦ ᠡᠴᠡ ᠤᠤ?》 ᠭᠡᠵᠦ ᠰᠠᠨᠵᠢ ᠳᠣᠲᠣᠷ᠎ᠠ ᠪᠠᠨ ᠡᠷᠡᠭᠡᠯᠵᠡᠨ ᠪᠣᠳᠣᠯ᠎ᠠ᠃ ᠣᠲᠠᠴᠢ ᠶ᠋ᠢᠨ ᠲᠠᠪᠤᠨ ᠤᠬᠠᠭᠠᠨ ᠪᠤᠶᠤ ᠱᠠᠵᠢᠭᠠ ᠳ᠋ᠤ᠌ (ᠡᠷᠬᠡᠲᠡᠨ ᠰᠢᠨᠵᠢᠬᠦ)᠂ ᠵᠠᠵᠢᠭᠠ ᠳ᠋ᠤ᠌ (ᠡᠮᠭᠡᠭ ᠰᠤᠳᠤᠯᠬᠤ)᠂ ᠮᠠᠨᠠᠵᠣᠲ (ᠶᠠᠰᠤ ᠪᠠᠷᠢᠬᠤ) ᠴᠢᠮᠧᠢᠵᠢᠲ (ᠡᠮ ᠪᠠᠷᠢᠬᠤ) ᡀᠠᠩᠲᠤᠪᠴᠢᠮᠪᠠ (ᠳᠣᠲᠣᠷ᠎ᠠ ᠶ᠋ᠢᠨ ᠡᠮᠨᠡᠯᠭᠡ) ᠡᠳᠡᠭᠡᠷ ᠢ᠋ ᠰᠠᠨᠵᠢ ᠶᠡᠬᠡ ᠰᠣᠨᠢᠷᠬᠠᠨ ᠰᠤᠳᠤᠯᠵᠤ᠂ ᠰᠠᠢᠨ ᠮᠡᠳᠡᠳᠡᠭ ᠪᠣᠯᠤᠭᠰᠠᠨ ᠪᠠᠢᠯ᠎ᠠ᠃ ᠮᠢᠩᠭᠠᠨ ᠮᠥᠴᠢ᠂ ᠲᠠᠪᠤᠨ ᠴᠤᠯᠤ ᠂ ᠭᠤᠷᠪᠠᠨ ᠬᠦᠷᠳᠦ ᠂ ᠠᠷᠪᠠᠨ ᠬᠣᠶᠠᠷ ᠰᠤᠳᠠᠰᠤ᠂ ᠲᠠᠪᠤᠨ ᠣᠨᠢᠰᠣ ᠶ᠋ᠢᠨ ᠲᠤᠬᠠᠢ ᠳ᠋ᠤ᠌ ᠮᠡᠳᠡᠬᠦ ᠦᠭᠡᠢ ᠶᠠᠭᠤᠮ᠎ᠠ ᠦᠭᠡᠢ ᠪᠣᠯᠵᠠᠢ᠃ ᠬᠠᠷᠢᠨ ᠡᠮᠭᠡᠭ ᠰᠤᠳᠤᠯᠬᠤ᠂ ᠢᠯᠠᠩᠭᠤᠶ᠎ᠠ ᠳᠣᠯᠣᠭᠠᠨ ᠲᠠᠮᠢᠷ ᠳᠣᠷᠣᠶᠢᠳᠠᠬᠤ ᠶ᠋ᠢ ᠡᠮᠨᠡᠬᠦ ᠳ᠋ᠦ᠍ ᠪᠡᠨ ᠠᠷᠠᠢ ᠳᠤᠲᠠᠮᠠᠭ᠂ ᠶᠠᠰᠤ ᠪᠠᠷᠢᠬᠤ ᠪᠤᠶᠤ ᠮᠠᠨᠠᠵᠣᠲ ᠤ᠋ᠨ ᠤᠬᠠᠭᠠᠨ ᠳ᠋ᠤ᠌ ᠲᠠᠭᠠᠷᠠᠤ ᠪᠠᠢᠪᠠ᠃
— ᠬᠦᠴᠢ ᠪᠡᠷ ᠢᠳᠡᠭᠴᠢ ᠶ᠋ᠢᠨ ᠠᠷᠪᠠᠨ ᠨᠢᠭᠡᠨ ᠴᠢᠳᠠᠯᠲᠠᠨ ᠠ᠋ᠴᠠ ᠯᠦᠨᠲᠡᠪᠠᠳᠭᠠᠰᠦᠮᠡ ᠳ᠋ᠦ᠍ ᠶᠠᠭᠤ ᠬᠡᠷᠡᠭ ᠪᠣᠯᠬᠤ ᠪᠢᠯᠡ? ᠭᠡᠵᠦ ᠰᠠᠨᠵᠢ ᠬᠠᠮᠤᠭ ᠤ᠋ᠨ ᠡᠩ ᠦ᠋ᠨ ᠰᠢᠬᠠᠮ ᠵᠦᠢᠯ ᠢ᠋ ᠰᠢᠩᠭᠠᠯ ᠬᠡᠯᠡ ᠪᠡᠷ ᠠᠰᠠᠭᠤᠵᠤ ᠣᠷᠬᠢᠭᠰᠠᠨ ᠴᠢᠨᠢ ᠨᠥᠭᠥᠭᠡᠬᠢ ᠮᠠᠷᠠᠮᠪᠠ ᠲᠡᠷᠡ ᠬᠡᠯᠡ ᠳ᠋ᠦ᠍ ᠲᠠᠭᠠᠷᠠᠤ ᠪᠠᠢᠭᠰᠠᠨ ᠤ᠋ ᠤᠯᠠᠮ ᠠ᠋ᠴᠠ ᠴᠤ᠌ ᠶᠤᠮ ᠤᠤ ᠬᠠᠷᠢᠭᠤᠯᠵᠤ ᠴᠢᠳᠠᠭᠰᠠᠨ ᠦᠭᠡᠢ᠃ ᠯᠠᠮᠠ ᠨᠠᠷ ᠳᠤᠷ᠎ᠠ ᠦᠭᠡᠢᠴᠡᠬᠦ ᠮᠡᠲᠦ ᠳᠦᠩᠭᠢᠨᠡᠯᠳᠦᠬᠦ ᠨᠢ ᠰᠣᠨᠣᠰᠤᠭᠳᠠᠯ᠎ᠠ᠃ ᠮᠠᠷᠠᠮᠪᠠ ᠲᠡᠷᠡ ᠪᠡᠷ ᠣᠯᠠᠨ ᠳ᠋ᠤ᠌ ᠶᠡᠬᠡ ᠠᠯᠳᠠᠷᠰᠢᠭᠰᠠᠨ ᠬᠥᠮᠦᠨ ᠪᠠᠢᠯ᠎ᠠ᠃ ᠭᠡᠪᠡᠴᠦ ᠰᠢᠩᠭᠠᠯ ᠬᠡᠯᠡ ᠪᠡᠷ ᠠᠰᠠᠭᠤᠯᠲᠠ ᠢᠷᠡᠨ᠎ᠡ ᠭᠡᠵᠦ ᠪᠣᠳᠣᠭ᠎ᠠ ᠦᠭᠡᠢ ᠶᠠᠪᠤᠵᠠᠢ᠃ ᠶᠠᠭᠤ ᠴᠤ᠌ ᠣᠢᠯᠠᠭᠠᠭ᠎ᠠ ᠦᠭᠡᠢ ᠲᠤᠯᠠ ᠭᠤᠷᠪᠠᠨᠲᠠ ᠳᠠᠪᠲᠠᠬᠤ ᠳ᠋ᠤ᠌ ᠬᠠᠷᠢᠭᠤ ᠬᠡᠯᠡᠭᠰᠡᠨ ᠦᠭᠡᠢ᠃ ᠲᠡᠭᠡᠬᠦ ᠡᠴᠡ ᠲᠡᠭᠡᠬᠦ ᠭᠡᠵᠦ ᠰᠢᠩᠭᠠᠯ ᠢ᠋ᠶ᠋ᠠᠷ ᠯᠠ ᠠᠰᠠᠭᠤᠭᠠᠳ ᠪᠠᠢᠵᠠᠢ᠃ ᠬᠡᠳᠦ ᠬᠡᠳᠦᠨ ᠯᠠᠮᠠ ᠨᠣᠮ ᠬᠠᠶᠠᠯᠴᠠᠬᠤ ᠠ᠋ᠴᠠ ᠲᠠᠲᠠᠭᠠᠯᠵᠠᠨ ᠭᠠᠷᠴᠤ ᠶᠠᠪᠤᠯ᠎ᠠ᠃ ᠲᠡᠳᠡ ᠳᠤᠷ᠎ᠠ ᠦᠭᠡᠶᠢᠴᠡᠯ ᠢ᠋ᠶ᠋ᠡᠨ ᠢᠩᠭᠢᠵᠦ ᠢᠯᠡᠷᠬᠡᠢᠯᠡᠵᠡᠢ᠃
ᠠᠰᠠᠭᠤᠯᠲᠠ ᠶ᠋ᠢᠨ ᠳᠠᠷᠠᠭᠠᠬᠢ ᠲᠣᠬᠢᠶᠠᠯ ᠨᠢ ᠵᠢᠩᠵᠠᠢ ᠯᠠᠮᠠ ᠵᠠᠯᠰᠠᠡᠭ ᠲᠦ᠍ ᠳᠠᠭᠠᠷᠢᠯᠳᠤᠭᠰᠠᠨ ᠳ᠋ᠤ᠌ ᠰᠠᠨᠵᠢ ᠶᠡᠬᠡ ᠭᠠᠢᠬᠠᠯ᠎ᠠ᠃ ᠭᠡᠪᠡᠴᠦ ᠠᠯᠠᠭ᠎ᠠ ᠪᠠᠨ ᠬᠠᠪᠰᠤᠷᠤᠨ ᠴᠢᠩᠭ᠎ᠠ ᠳᠣᠬᠢᠶ᠎ᠠ ᠥᠭᠭᠦᠮᠡᠭᠴᠡ ᠥᠨᠳᠥᠷ ᠳᠠᠭᠤᠨ ᠢ᠋ᠶ᠋ᠠᠷ᠂
— ᠺᠱᠠᠲ᠋ᠷᠢ ᠪᠠ ᠪᠷᠠᠬᠠᠮᠠᠨ᠂ ᠸ ᠠᠰᠢᠶᠠ ᠪᠠ ᠰᠢᠳᠤᠷ ᠮᠥᠨ ᠸᠠᠰᠧᠲ᠋ᠳᠬᠠ ᠲᠡᠷᠢᠭᠦᠲᠡᠨ ᠳᠣᠯᠣᠭᠠᠨ ᠵᠠᠢᠭ ᠳᠣᠲᠣᠷ᠎ᠠ ᠪᠡᠶ᠎ᠡ᠂ ᠰᠡᠳᠬᠢᠯ᠂ ᠶᠠᠪᠤᠳᠠᠯ ᠢ᠋ᠶ᠋ᠠᠨ ᠪᠠᠷᠢᠵᠤ ᠴᠢᠳᠠᠪᠠᠯ ᠡᠨᠡᠬᠦ ᠠᠮᠢᠳᠤᠷᠠᠯ ᠳ᠋ᠤ᠌ ᠪᠠᠨ ᠶᠠᠭᠤ ᠪᠣᠯᠬᠤ ᠰᠠᠨ ᠪᠣᠯ? ᠭᠡᠵᠦ ᠠᠰᠠᠭᠤᠪᠠ᠃ ᠵᠠᠯᠰᠠᠡᠭ ᠵᠢᠩᠵᠠᠢ ᠬᠡᠩᠭᠡᠷᠭᠡ ᠴᠠᠩ᠂ ᠪᠦᠷᠢᠶ᠎ᠡ ᠪᠢᠰᠬᠢᠭᠦᠷ᠂ ᠳᠠᠮᠠᠷᠤ ᠳᠣᠡᠭ᠌ᠷᠠᠭᠠ ᠠ᠋ᠴᠠ ᠥᠭᠡᠷ᠎ᠡ ᠶᠠᠭᠤᠮ᠎ᠠ ᠮᠡᠳᠡᠬᠦ ᠦᠭᠡᠢ ᠮᠥᠷᠲᠡᠭᠡᠨ ᠨᠣᠮ ᠬᠠᠶᠠᠯᠴᠠᠬᠤ ᠪᠠᠷ ᠢᠷᠡᠭᠰᠡᠨ ᠳ᠋ᠦ᠍ ᠨᠢ ᠰᠠᠨᠵᠢ ᠭᠠᠢᠬᠠᠵᠠᠢ᠃ ᠭᠡᠪᠡᠴᠦ ᠬᠥᠮᠦᠨ ᠢ᠋ ᠪᠤᠤ ᠪᠠᠰᠤ ᠭᠡᠳᠡᠭ ᠡᠷᠲᠡᠨ ᠦ᠌ ᠰᠤᠷᠭᠠᠯ ᠶᠣᠰᠣᠭᠠᠷ ᠪᠡᠶ᠎ᠡ ᠪᠡᠨ ᠪᠠᠷᠢᠨ 《ᡀᠠᠷᠠᠮᠪᠠ ᠳ᠋ᠤ᠌ ᠲᠠᠯᠪᠢᠬᠤ ᠠᠰᠠᠭᠤᠯᠲᠠ ᠶ᠋ᠢ ᠵᠢᠩᠵᠡᠢ ᠳ᠋ᠦ᠍ ᠲᠠᠯᠪᠢᠬᠤ ᠴᠤ᠌ ᠭᠡᠵᠦ ᠳᠡ》 ᠭᠡᠮᠡᠨ ᠪᠣᠳᠣᠯ᠎ᠠ᠃ ᠵᠢᠩᠵᠠᠢ ᠯᠠᠮᠠ ᠬᠠᠷᠢᠭᠤᠯᠵᠤ ᠴᠢᠳᠠᠭᠰᠠᠨ ᠦᠭᠡᠢ᠃ ᠬᠠᠷᠢᠭᠤ ᠨᠢ ᠬᠣᠶᠠᠷᠬᠠᠨ ᠯᠠ ᠦᠭᠡ ᠬᠡᠷᠡᠭᠲᠡᠢ ᠭᠡᠳᠡᠭ ᠢ᠋ ᠴᠦ᠍ ᠶᠡᠬᠡᠩᠬᠢ ᠯᠠᠮᠠ ᠮᠡᠳᠡᠵᠦ ᠪᠠᠢᠵᠠᠢ᠃ ᠡᠢᠨ ᠬᠦ᠌ ᠨᠣᠮ ᠬᠠᠶᠠᠯᠴᠠᠬᠤ ᠨᠢ ᠳᠠᠯᠴᠠᠮ᠂ ᠵᠡᠩᠴᠠᠮ ᠭᠡᠳᠡᠭ ᠨᠤᠲᠠᠯᠠᠬᠤ᠂ ᠨᠢᠴᠤᠭᠠᠬᠤ ᠬᠣᠶᠠᠷ ᠡᠭᠡᠯᠵᠢᠯᠡᠨ ᠲᠡᠭᠦᠨ ᠢ᠋ ᠨᠢᠭᠡᠳᠬᠡᠨ ᠴᠣᠭᠯᠣᠮᠳᠠᠬᠤ ᠲᠡᠷᠢᠭᠦᠲᠡᠨ ᠬᠣᠣᠰᠯᠠᠵᠤ ᠦᠳᠡ ᠡᠴᠡ ᠡᠮᠦᠨ᠎ᠡ ᠶ᠋ᠢᠨ ᠲᠤᠷᠰᠢ ᠦᠷᠭᠦᠯᠵᠢᠯᠡᠯ᠎ᠡ᠃ ᠶᠡᠬᠡᠩᠬᠢ ᠠᠰᠠᠭᠤᠳᠠᠯ ᠨᠢ ᠬᠠᠷᠢᠭᠤ ᠦᠭᠡᠢ ᠦᠯᠡᠳᠡᠭᠰᠡᠨ ᠳ᠋ᠦ᠍ ᠰᠠᠨᠵᠢ ᠶ᠋ᠢᠨ ᠰᠡᠳᠬᠢᠯ ᠥᠶᠥᠭ ᠪᠠᠢᠯ᠎ᠠ᠃ ᠨᠣᠮ ᠬᠠᠶᠠᠬᠤ ᠠᠵᠢᠯ ᠢ᠋ ᠲᠡᠳᠦᠢ ᠯᠡ ᠠᠩᠵᠠᠭᠠᠷᠠᠵᠤ ᠪᠡᠯᠡᠳᠬᠡᠭᠡ ᠦᠭᠡᠢ ᠳ᠋ᠦ᠍ ᠪᠡᠨ ᠪᠠᠷᠠᠪᠠᠡᠭᠬᠡᠢᠳ ᠦ᠋ᠨ ᠲᠣᠮᠣ ᠲᠣᠯᠣᠭᠠᠢ ᠯᠠᠮᠠ ᠨᠠᠷ ᠳᠠᠭ᠎ᠠ ᠮᠠᠭᠤᠲᠠᠢᠬᠠᠨ ᠪᠠᠢᠯ᠎ᠠ᠃ ᠶᠠᠭᠤᠨ ᠳ᠋ᠤ᠌ ᠲᠡᠷᠡ ᠶ᠋ᠢ ᠰᠠᠨᠵᠢ ᠮᠡᠳᠡᠭᠰᠡᠨ ᠦᠭᠡᠢ᠃
— ᠨᠣᠮ ᠬᠠᠶᠠᠯᠴᠠᠵᠤ ᠴᠣᠭᠣᠷᠠᠨ ᠭᠠᠷᠤᠭᠰᠠᠨ ᠳ᠋ᠤ᠌ ᠪᠠᠶᠠᠷ ᠬᠦᠷᠭᠡᠶ᠎ᠡ! ᠭᠡᠵᠦ ᠠᠯᠢ ᠬᠡᠳᠦᠢᠨᠡᠢ ᠳᠣᠯᠢᠩᠭᠠᠷ ᠵᠠᠩ ᠲᠠᠢ ᠴᠣᠭᠰᠣᠩ ᠨᠢᠯᠤᠭᠤᠬᠠᠨ ᠳᠠᠭᠤ ᠪᠠᠷ ᠪᠠᠶᠠᠷ ᠬᠦᠷᠭᠡᠯ᠎ᠡ ᠃
— ᠲᠡᠭᠦᠰᠬᠡᠯ ᠦᠭᠡᠢ ᠡᠷᠳᠡᠮᠲᠦ ᠪᠤᠶᠤ ᡀᠠᠷᠠᠮᠪᠠ ᠴᠣᠯᠠ ᠥᠭᠬᠦ ᠳ᠋ᠦ᠍ ᠪᠣᠯᠤᠮᠵᠢ ᠲᠠᠢ ᠬᠥᠮᠦᠨ ᠣᠢᠷ᠎ᠠ ᠳ᠋ᠠᠭᠠᠨ ᠭᠠᠷᠤᠭ᠎ᠠ ᠦᠭᠡᠢ᠃ ᠡᠨᠡ ᠮᠣᠩᠭᠣᠯ ᠶᠠᠭᠠᠬᠢᠭᠠᠳ ᠡᠢᠮᠦ ᠰᠦᠷᠡᠬᠡᠢ ᠪᠣᠯᠪᠠ? ᠭᠡᠵᠦ ᠪᠠᠷᠠᠪᠠᠡᠭ ᠬᠡᠢᠳ ᠦ᠋ᠨ ᠭᠢᠷᠭᠠᠴᠤᠤᠯ ᠬᠣᠭᠣᠷᠣᠨᠳᠣ ᠪᠠᠨ ᠶᠠᠷᠢᠵᠤ ᠪᠠᠢᠬᠤ ᠶ᠋ᠢ ᠰᠠᠨᠵᠢ ᠪᠠᠰᠠ ᠴᠢᠬᠢᠨ ᠦ᠌ ᠪᠡᠨ ᠦᠵᠦᠭᠦᠷ ᠢ᠋ᠶ᠋ᠡᠷ ᠰᠣᠨᠣᠰᠤᠭᠠᠳ ᠠᠪᠤᠯ᠎ᠠ᠃
— ᠪᠢᠯᠢᠭ ᠦ᠋ᠨ ᠶᠡᠬᠡ ᠬᠠᠯᠠᠭᠤᠨ ᠣᠴᠢ ᠪᠠᠷ ᠠᠰᠠᠷᠣ ᠠᠳᠬᠠᠭ ᠤ᠋ᠨ ᠵᠥᠭᠡᠯᠡᠨ ᠬᠤᠷ᠎ᠠ ᠪᠠᠭᠤᠬᠤ ᠶ᠋ᠢ ᠶᠡᠷᠦᠨᠳᠡᠭᠯᠡᠨᠡ! ᠭᠡᠵᠦ ᠨᠢᠭᠡ ᠬᠥᠮᠦᠨ ᠴᠢᠬᠢᠨ ᠳ᠋ᠦ᠍ ᠨᠢ ᠰᠢᠪᠡᠨᠡᠪᠡ᠃ ᠡᠷᠭᠢᠨ ᠬᠠᠷᠠᠪᠠᠯ ᠫᠠᠭ᠍ᠰᠠᠡᠭ ᠪᠠᠢᠯ᠎ᠠ᠃ ᠲᠡᠷᠡ ᠶᠡᠷᠦ ᠪᠠᠶᠠᠷᠯᠠᠭᠰᠠᠨ ᠰᠢᠨᠵᠢ ᠦᠭᠡᠢ᠂ ᠬᠠᠷᠢᠨ ᠴᠤ᠌ ᠠᠭᠤᠷᠯᠠᠨ ᠳᠤᠷ᠎ᠠ ᠦᠭᠡᠢᠴᠡᠭᠰᠡᠨ ᠮᠡᠲᠦ ᠴᠢᠷᠠᠢ ᠲᠠᠢ ᠬᠠᠷᠠᠭᠳᠠᠯ᠎ᠠ᠃《ᠡᠨᠡ ᠫᠠᠭ᠍ᠰᠠᠡᠭ ᠶᠠᠭᠠᠬᠢᠭᠰᠠᠨ ᠠᠲᠠᠭᠠᠷᠬᠠᠤ ᠠᠮᠢᠲᠠᠨ ᠪᠣᠢ? ᠵᠢᠭ᠌ᠳᠠᠭᠠᠨ ᠤ᠋ ᠬᠢᠨ ᠮᠠᠨᠢ ᠴᠥᠮ ᠯᠡ ᠪᠠᠶᠠᠷ ᠬᠥᠭᠡᠷ ᠪᠣᠯᠵᠤ ᠪᠠᠢᠬᠤ ᠳ᠋ᠤ᠌ ᠡᠨᠡ ᠯᠡ ᠭᠠᠭᠴᠠᠭᠠᠷ ᠢ᠋ᠶ᠋ᠠᠨ ᠫᠠᠳ ᠬᠠᠷ᠎ᠠ ᠴᠢᠷᠠᠢᠯᠠᠴᠢᠬᠠᠭᠠᠳ ᠪᠠᠰᠠ ᠶᠠᠭᠤ ᠭᠡᠳ ᠪᠠᠢᠭ᠎ᠠ ᠶᠤᠮ ᠪᠣᠢ? ᠪᠤᠷᠬᠠᠨ ᠤ᠋ ᠨᠣᠮᠣᠨ ᠠ᠋ᠴᠠ ᠠᠪᠤᠭᠰᠠᠨ ᠦᠭᠡ ᠪᠡᠷ ᠢ᠋ᠶ᠋ᠡᠨ ᠨᠠᠳᠠ ᠭᠠᠢᠬᠠᠭᠤᠯᠬᠤ ᠭᠡᠰᠡᠨ ᠶᠦ᠍ᠮ ᠪᠣᠯᠪᠠ ᠤᠤ?》 ᠭᠡᠵᠦ ᠰᠠᠨᠵᠢ ᠳᠣᠲᠣᠷ᠎ᠠ ᠪᠠᠨ ᠪᠣᠳᠣᠯ᠎ᠠ᠃
᠁ ᠮᠣᠩᠭᠣᠯ ᠤ᠋ᠨ ᠨᠢᠭᠡ ᠯᠠᠮᠠ ᠨᠣᠮ ᠬᠠᠶᠠᠯᠴᠠᠵᠤ ᠪᠠᠷᠠᠪᠠᠡᠭ ᠬᠡᠢᠳ ᠦ᠋ᠨ ᠬᠢᠨ ᠢ᠋ ᠫᠠᠭ ᠰᠠᠭᠤᠯᠭᠠᠭᠰᠠᠨ ᠲᠤᠬᠠᠢ ᠮᠣᠳᠣᠨ ᠤᠯᠠᠭ᠎ᠠ ᠲᠠᠢ ᠴᠤᠤ ᠦᠭᠡ ᠨᠢ ᡀᠠᠰᠠ ᠳᠠᠶᠠᠭᠠᠷ ᠲᠠᠷᠬᠠᠪᠠ᠃ ᠲᠡᠷᠡ ᠦᠭᠡ ᠶ᠋ᠢᠨ ᠴᠠᠭᠠᠨ᠎ᠠ ᠶᠠᠩᠵᠤ ᠪᠦᠷᠢ ᠶ᠋ᠢᠨ ᠶᠠᠭᠤᠮ᠎ᠠ ᠨᠢᠭᠤᠭᠳᠠᠵᠤ ᠪᠠᠢᠭᠰᠠᠨ ᠢ᠋ ᠰᠠᠨᠵᠢ ᠲᠡᠷᠡ ᠡᠳᠦᠷ ᠲᠦ᠍ ᠪᠡᠨ ᠶᠡᠷᠦ ᠭᠠᠳᠠᠷᠯᠠᠭᠰᠠᠨ ᠦᠭᠡᠢ᠂ ᠬᠠᠷᠢᠨ ᠴᠤ᠌ ᠨᠡᠷ᠎ᠡ ᠴᠤᠤ ᠲᠠᠢ ᠠᠮᠢᠲᠠᠳ ᠲᠠᠢ ᠨᠣᠮ ᠬᠠᠶᠠᠯᠴᠠᠵᠤ ᠳᠡᠢᠯᠦᠭᠰᠡᠨ ᠳ᠋ᠦ᠍ ᠪᠡᠨ ᠪᠠᠬᠠᠷᠬᠠᠬᠤ ᠰᠡᠳᠬᠢᠯ ᠲᠥᠷᠥᠵᠡᠢ᠂ ᠣᠯᠠᠨ ᠵᠢᠯ ᠬᠥᠮᠦᠨ ᠦ᠌ ᠭᠠᠵᠠᠷ ᠨᠣᠮ ᠱᠠᠭᠠᠢᠵᠤ ᠰᠠᠭᠤᠭᠰᠠᠨ ᠤ᠋ ᠪᠠᠨ ᠬᠡᠷᠡᠭ ᠢ᠋ ᠪᠦᠲᠦᠭᠡᠪᠡ ᠭᠡᠵᠦ ᠳᠣᠳᠢᠭᠠᠷᠬᠠᠨ ᠪᠣᠳᠣᠯ ᠲᠠᠢ ᠪᠠᠷ ᠰᠢᠪᠠᠷ ᠲᠠᠭᠠᠵᠠᠨ ᠳ᠋ᠤ᠌ ᠪᠠᠨ ᠪᠤᠴᠠᠵᠤ ᠢᠷᠡᠪᠡ᠃
