《 ᠵᠦᠭᠡᠷ ᠡ ᠂ ᠵᠦᠭᠡᠷ 》 – ᠰ ᠂ ᠨᠠᠳᠮᠢᠳ " Зүгээр өө ᠂ зүгээр" – С ᠂ Надмид
《 ᠵᠦᠭᠡᠷ ᠡ ᠂ ᠵᠦᠭᠡᠷ 》
ᠰ᠂ ᠨᠠᠳᠮᠢᠳ
(ᠱᠣᠭ ᠥᠭᠦᠯᠡᠯᠭᠡ )
ᠥᠩᠭᠡᠷᠡᠭᠰᠡᠨ ᠵᠤᠨ ᠤ᠋ ᠠᠳᠠᠭ ᠰᠠᠷ᠎ᠠ ᠶ᠋ᠢᠨ ᠨᠢᠭᠡ ᠣᠷᠣᠢ ᠶᠤᠮᠰᠠᠨ᠃ ᠠᠵᠢᠯ ᠠ᠋ᠴᠠ ᠪᠠᠨ ᠲᠠᠷᠬᠠᠭᠠᠳ ᠭᠡᠷ ᠤᠷᠤᠭᠤ ᠪᠠᠨ ᠠᠯᠬᠤᠵᠤ ᠶᠠᠪᠤᠲᠠᠯ᠎ᠠ 《 ᠭᠠᠯᠵᠠᠭᠤ 》 ᠳ᠋ᠠᠮᠪᠠ ᠭᠡᠭᠴᠢ ᠲᠠᠭᠠᠷᠠᠯᠳᠤᠳᠠᠭ ᠶᠤᠮ ᠪᠠᠢᠨ᠎ᠠ᠃ ᠲᠡᠷᠡ ᠲᠠᠨᠢᠮᠠᠬᠠᠢᠷᠠᠨ ᠰᠦᠢᠳ ᠮᠠᠢᠳ ᠪᠣᠯᠵᠤ᠂ ᠨᠠᠮ᠎ᠠ ᠶ᠋ᠢ ᠬᠣᠶᠠᠷ ᠰᠣᠭᠣ ᠪᠠᠷ ᠮᠢᠨᠢ ᠳᠡᠰ ᠲᠡᠪᠡᠷᠢᠨ ᠬᠥᠯ ᠢ᠋ ᠮᠢᠨᠢ ᠬᠥᠨᠳᠡᠢᠷᠡᠲᠡᠯᠡ ᠳᠡᠭᠡᠭᠰᠢ ᠡᠷᠭᠦᠭᠡᠳ ᠄
– ᠣᠸ᠎ᠠ᠂ ᠪᠠᠰᠠ ᠡᠢᠮᠦ ᠰᠣᠨᠢᠨ ᠬᠥᠮᠦᠨ ᠲᠡᠢ ᠭᠡᠨᠡᠳᠲᠡ ᠤᠴᠠᠷᠠᠬᠤ ᠭᠡᠵᠢ᠃ ᠵᠠ ᠲᠡᠭᠡᠭᠡᠳ ᠪᠡᠶ᠎ᠡ ᠴᠢᠨᠢ ᠰᠠᠢᠨ ᠤᠤ ? ᠵᠢᠭᠠᠬᠠᠨ ᠲᠤᠷᠠᠭ᠎ᠠ ᠶᠤᠮ ᠤᠤ ᠳᠠ᠂ ᠠᠯᠢ ᠡᠰᠡᠪᠡᠯ ᠪᠦᠷ ᠲᠠᠷᠭᠤᠯᠠᠴᠢᠬᠠᠭᠰᠠᠨ ᠴᠦ᠍ ᠶᠦ᠍ᠮ ᠳ᠋ᠦ᠍ ᠭᠡᠮᠡᠨ ᠨᠢᠳᠦ ᠪᠡᠨ ᠲᠣᠮᠣ ᠵᠢᠵᠢᠭ ᠪᠣᠯᠭᠠᠨ ᠤᠴᠢᠷ ᠢ᠋ ᠨᠢ ᠣᠯᠤᠮ᠎ᠠ ᠦᠭᠡᠢ ᠣᠯᠠᠨ ᠶᠠᠭᠤᠮ᠎ᠠ ᠶᠠᠷᠢᠵᠤ ᠭᠠᠷᠤᠯ᠎ᠠ᠃
ᠪᠢ ᠰᠠᠨᠳᠤᠷᠴᠤ ᠪᠡᠶ᠎ᠡ ᠪᠡᠨ ᠰᠠᠢᠨ ᠪᠠᠢᠭ᠎ᠠ ᠶ᠋ᠢ ᠶᠠᠭᠠᠷᠠᠨ ᠥᠴᠢᠭᠡᠳ᠂ ᠬᠠᠷᠢᠭᠤ ᠮᠡᠨᠳᠦ ᠮᠡᠳᠡᠪᠡᠯ ᠳ᠋ᠠᠮᠪᠠ᠄
– ᠵᠠ ᠡᠷᠬᠢᠮ ᠮᠢᠨᠢ ᠂ ᠴᠢ ᠪᠠᠢᠨ᠎ᠠ ᠰᠢᠦ ᠂ ᠶᠡᠬᠡ ᠳᠡᠭᠡᠳᠦ ᠰᠤᠷᠭᠠᠭᠤᠯᠢ ᠶ᠋ᠢᠨ ᠣᠷᠣᠰ ᠬᠡᠯᠡᠨ ᠦ᠌ ᠪᠠᠭᠰᠢ ᠨᠠᠷ ᠠ᠋ᠴᠠ ᠴᠣᠬᠣᠮ ᠬᠡᠨ ᠢ᠋ ᠨᠢ ᠰᠠᠢᠨ ᠲᠠᠨᠢᠬᠤ ᠪᠣᠢ ᠭᠡᠵᠦ ᠠᠰᠠᠭᠤᠯ᠎ᠠ᠃
– ᠬᠡᠨ ᠢ᠋ ᠨᠢ ᠴᠦ᠍ ᠰᠠᠢᠨ ᠲᠠᠨᠢᠬᠤ ᠦᠭᠡᠢ᠃
– ᠲᠡᠭᠡᠪᠡᠯ ᠲᠡᠳᠡᠨ ᠦ᠌ ᠲᠠᠨᠢᠯ ᠂ ᠳᠣᠲᠣᠨᠣ ᠬᠥᠮᠦᠰ ᠡᠴᠡ ᠮᠡᠳᠡᠬᠦ ᠶᠠᠭᠤᠮ᠎ᠠ ᠪᠠᠢᠨ᠎ᠠ ᠤᠤ ?
– ᠪᠠᠢᠬᠤ ᠦᠭᠡᠢ ᠶᠡᠷᠦ ᠲᠠᠨᠢᠬᠤ ᠦᠭᠡᠢ ᠃ ᠴᠢ ᠶᠠᠭᠠᠬᠢᠬᠤ ᠭᠡᠪᠡ ? ᠬᠡᠮᠡᠭᠰᠡᠨ ᠳ᠋ᠦ᠍ ᠳ᠋ᠠᠮᠪᠠ ᠨᠢᠭᠡ ᠶᠠᠭᠤᠮ᠎ᠠ ᠬᠡᠯᠡᠮᠡᠷ ᠪᠣᠯᠤᠭᠰᠠᠨ ᠢ᠋ᠶ᠋ᠠᠨ ᠴᠢᠷᠠᠢ ᠨᠢ ᠭᠡᠨᠡᠳᠲᠡ ᠬᠠᠴᠢᠨ ᠪᠣᠯᠤᠭᠠᠳ ᠄
– ᠵᠦᠭᠡᠷ ᠠ᠋ ᠂ ᠵᠦᠭᠡᠷ ᠭᠡᠯᠡ᠃
ᠳ᠋ᠠᠮᠪᠠ ᠠ᠋ᠴᠠ ᠠᠷᠠᠢ ᠴᠦ᠍ ᠰᠠᠯᠤᠭᠠᠳ ᠠᠷᠪᠠ ᠠᠯᠬᠤᠲᠠᠯ᠎ᠠ 《 ᠲᠤᠮᠫᠷᠤᠭ 》 ᠬᠡᠮᠡᠬᠦ ᠳ᠋ᠣᠨᠤᠢ ᠲᠠᠢ ᠠᠭᠤᠯᠵᠠᠴᠢᠬᠠᠪᠠ᠃ ᠲᠠᠨᠢᠮᠠᠬᠠᠢᠷᠠᠬᠤ ᠪᠠᠰᠠ ᠰᠦᠢᠳ ᠮᠠᠢᠳ᠃ ᠲᠡᠷᠡ ᠪᠡᠷ ᠤᠷᠲᠤ ᠤᠯᠠᠭᠠᠨ ᠬᠡᠯᠡ ᠪᠡᠨ ᠪᠤᠯᠲᠠᠯᠵᠠᠭᠤᠯᠤᠨ᠄
– ᠰᠠᠢᠨ ᠤᠤ ? ᠬᠦᠢ᠂ ᠨᠥᠭᠦᠭᠡ ᠮᠠᠭᠤ ᠡᠪᠡᠳᠴᠢᠨ ᠲᠡᠢ ᠬᠡᠦᠬᠡᠨ ᠴᠢᠨᠢ ᠪᠡᠶ᠎ᠡ ᠭᠠᠢᠭᠤᠢ ᠤᠤ ? ᠭᠡᠵᠦ ᠪᠠᠢᠨ᠎ᠠ᠃
– ᠰᠠᠢᠨ ᠰᠠᠢᠨ᠂ ᠴᠢᠨᠦ ᠪᠡᠶ᠎ᠡ᠂ ᠡᠬᠡᠨᠡᠷ ᠬᠡᠦᠬᠡᠳ ᠦ᠋ᠳ ᠴᠢᠨᠢ ᠰᠠᠢᠨ ᠯᠠ ᠪᠢᠵᠡ ᠳᠡ ᠭᠡᠪᠡᠯ᠂
– ᠨᠠᠢᠵᠠ ᠠ᠋᠂ ᠴᠢ ᠶᠡᠬᠡ ᠳᠡᠭᠡᠳᠦ ᠰᠤᠷᠭᠠᠭᠤᠯᠢ ᠶ᠋ᠢᠨ ᠲᠣᠭᠠᠨ ᠤ᠋ ᠪᠠᠭᠰᠢ ᠨᠠᠷ ᠠ᠋ᠴᠠ ᠬᠡᠨ ᠢ᠋ ᠨᠢ ᠰᠠᠢᠨ ᠲᠠᠨᠢᠬᠤ ᠪᠣᠢ ᠭᠡᠪᠡ᠃
– ᠬᠡᠨ ᠢ᠋ ᠴᠦ᠍ ᠲᠠᠨᠢᠬᠤ ᠦᠭᠡᠢ᠃
– ᠲᠡᠭᠡᠪᠡᠯ ᠲᠡᠳᠡᠨ ᠦ᠌ ᠣᠢᠷ᠎ᠠ ᠳᠣᠲᠣᠨᠣ ᠬᠥᠮᠦᠰ ᠡᠴᠡ ᠲᠠᠨᠢᠬᠤ ᠤᠤ?
– ᠶᠡᠷᠦ ᠲᠠᠨᠢᠬᠤ ᠦᠭᠡᠢ ᠂ ᠴᠢ ᠶᠠᠭᠠᠬᠢᠬᠤ ᠪᠣᠢ? ᠭᠡᠪᠡ ᠂ ᠭᠡᠲᠡᠯ᠎ᠡ ᠮᠥᠨ ᠯᠡ ᠴᠢᠷᠠᠢ ᠨᠢ ᠬᠤᠪᠢᠷᠠᠬᠤ ᠮᠡᠲᠦ ᠪᠣᠯᠤᠭᠰᠠᠨ ᠢ᠋ᠶ᠋ᠠᠨ᠄
– ᠵᠦᠭᠡᠷ ᠠ᠋ ᠂ ᠵᠦᠭᠡᠷ ᠭᠡᠵᠦ ᠬᠡᠯᠡᠩᠭᠦᠲᠡ ᠳᠠᠷᠤᠢ ᠰᠠᠯᠵᠤ ᠡᠦᠲᠦᠯ᠎ᠡ ᠃ 《 ᠦᠭᠡᠢ ᠶᠡᠷᠦ ᠨᠢ ᠵᠦᠭᠡᠷ ᠠ᠋ ᠂ ᠵᠦᠭᠡᠷ ᠭᠡᠨ᠎ᠡ ᠰᠢᠦ ᠃ ᠲᠡᠢᠮᠦ ᠪᠠᠢᠬᠤ ᠳ᠋ᠠᠭᠠᠨ ᠲᠠ ᠨᠠᠷ 》 ᠭᠡᠵᠦ ᠪᠣᠳᠣᠭᠠᠳ ᠬᠡᠳᠦ ᠠᠯᠬᠤᠲᠠᠯ᠎ᠠ 《 ᠳᠣᠯᠭᠣᠨᠴᠣᠭ 》 ᠬᠤᠴᠢᠲᠤ ᠳᠣᠯᠵᠢᠳᠮᠠ ᠲᠠᠢ ᠲᠠᠭᠠᠷᠠᠯᠳᠤᠳᠠᠭ ᠶᠤᠮ ᠪᠠᠢᠨ᠎ᠠ᠃ ᠭᠤᠷᠪᠠᠬᠠᠨ ᠬᠣᠨᠣᠭ ᠤᠨ ᠡᠮᠦᠨ᠎ᠡ ᠠᠭᠤᠯᠵᠠᠭᠰᠠᠨ ᠠᠲᠠᠯ᠎ᠠ ᠭᠤᠴᠢᠨ ᠵᠢᠯ ᠤᠴᠠᠷᠠᠭ᠎ᠠ ᠦᠭᠡᠢ ᠠᠨᠳᠠ ᠨᠠᠢᠵᠠ ᠰᠢᠭ᠋ ᠰᠦᠵᠢᠷᠡᠵᠦ ᠰᠦᠢᠳ ᠪᠣᠯᠵᠤ ᠪᠠᠢᠭ᠎ᠠ ᠭᠡᠳᠡᠭ ᠬᠠᠴᠢᠨ᠃
– ᠶᠠᠭ ᠬᠡᠪ ᠢ᠋ᠶ᠋ᠡᠷ ᠢ᠋ᠶ᠋ᠡᠨ ᠪᠠᠢᠨ᠎ᠠ ᠰᠢᠦ ᠂ ᠮᠠᠭᠤ ᠴᠢᠰᠤ ᠴᠢᠨᠢ! ᠶᠠᠭᠠᠬᠢᠭᠰᠠᠨ ᠥᠲᠡᠯᠳᠡᠭ ᠦᠭᠡᠢ ᠯᠦᠲᠡ ᠪᠣᠢ ? ᠭᠡᠰᠡᠨ ᠢ᠋ᠶ᠋ᠡᠨ ᠤᠯᠠᠷᠢᠭᠰᠠᠨ ᠪᠠᠯᠠᠷᠠᠭᠰᠠᠨ ᠨᠢᠭᠡ ᠶᠠᠭᠤᠮ᠎ᠠ ᠰᠠᠨᠠᠪᠠ ᠪᠣᠯᠣᠯᠲᠠᠢ ᠬᠢ᠂ ᠬᠢ ᠬᠥᠬᠥᠷᠡᠨ ᠬᠡᠰᠡᠭ ᠵᠠᠭᠤᠷ᠎ᠠ ᠭᠡᠲᠡᠩ ᠭᠣᠳᠣᠩ ᠭᠡᠵᠦ ᠪᠠᠢᠭᠰᠠᠨ ᠢ᠋ᠶ᠋ᠠᠨ᠄
– ᠵᠠ ᠲᠡᠭᠡᠭᠡᠳ ᠰᠠᠢᠨ ᠯᠠ ᠪᠢᠵᠡ ᠳᠡ ᠭᠡᠪᠡ ᠃
– ᠰᠠᠢᠨ ᠪᠠᠢᠯᠭᠦᠢ ᠶᠠᠭᠠᠬᠢᠬᠤᠪ᠂ ᠴᠢᠨᠦ ᠪᠡᠶ᠎ᠡ ᠯᠠᠭᠱᠠᠨ ᠁ ᠭᠡᠲᠡᠯ᠎ᠡ᠂
– ᠬᠥᠶᠢ ᠡ᠂ ᠴᠢ ᠶᠡᠬᠡ ᠳᠡᠭᠡᠳᠦ ᠰᠤᠷᠭᠠᠭᠤᠯᠢ ᠶᠢᠨ ᠮᠣᠩᠭᠣᠯ ᠬᠡᠯᠡᠨ ᠦ ᠪᠠᠭᠰᠢ ᠨᠠᠷ ᠠᠴᠠ ᠬᠡᠨ ᠲᠠᠢ ᠨᠢ ᠬᠠᠮᠲᠤ ᠪᠠᠢᠭ᠎ᠠ ᠪᠢᠯᠡ? ᠭᠡᠪᠡ᠃
– ᠲᠠᠨᠢᠬᠤ ᠪᠠᠢᠲᠤᠭᠠᠢ ᠨᠡᠷ᠎ᠡ ᠶ᠋ᠢ ᠨᠢ ᠴᠦ᠍ ᠮᠡᠳᠡᠬᠦ ᠦᠭᠡᠢ᠃
– ᠲᠡᠭᠡᠪᠡᠯ ᠪᠠᠢᠨ᠎ᠠ ᠰᠢᠦ᠂ ᠲᠡᠳᠡᠨ ᠦ ᠰᠠᠢᠨ ᠲᠠᠨᠢᠳᠠᠭ ᠬᠥᠮᠥᠨ ᠡᠴᠡ ᠁
– ᠦᠭᠡᠢ ᠡ᠂ ᠦᠭᠡᠢ ᠶᠡᠷᠦ ᠳ᠋ᠡᠭᠡᠨ ᠴᠢᠭ ᠲᠠᠨᠢᠬᠤ ᠦᠭᠡᠢ᠂ ᠴᠢ ᠶᠠᠭᠠᠬᠢᠬᠤ ᠪᠣᠢ? ᠬᠡᠮᠡᠪᠡᠯ ᠳᠤᠯᠵᠢᠳᠮᠠ ᠨᠢᠳᠦ ᠪᠡᠷ ᠢᠶᠡᠨ ᠨᠢᠭᠤᠷ ᠢ ᠮᠢᠨᠢ ᠵᠤᠯᠭᠠᠷᠠᠲᠠᠯᠠ ᠣᠷᠢᠶᠠᠯᠭᠠᠬᠤ ᠮᠡᠲᠦ ᠰᠢᠷᠪᠢ ᠲᠠᠲᠠᠭᠠᠳ ᠮᠥᠨ ᠯᠠ᠄
– ᠵᠠ ᠳᠠ᠂ ᠪᠠᠷᠤᠭ ᠯᠠ ᠵᠦᠭᠡᠷ ᠠᠰᠠᠭᠤᠭᠰᠠᠨ ᠶᠤᠮ ᠭᠡᠵᠦ ᠬᠡᠯᠡᠩᠭᠦᠲᠡ ᠤᠷᠲᠤ ᠭᠠᠷ ᠢ᠋ᠶ᠋ᠠᠨ ᠬᠠᠶᠠᠯᠠᠨ ᠡᠦᠲᠦᠯ᠎ᠡ᠃
《ᠲᠡᠢᠮᠦ ᠪᠠᠢᠬ᠎ᠠ ᠳ᠋ᠠ ᠴᠢ》 ᠭᠡᠰᠡᠨ ᠰᠢᠭ ᠳᠤᠯᠵᠢᠳᠮᠠ ᠬᠡᠦᠬᠡᠨ ᠦ ᠬᠣᠢᠨ᠎ᠠ ᠠ᠋ᠴᠠ ᠬᠠᠷᠠᠨ ᠬᠠᠷᠠᠨ ᠪᠢ ᠭᠡᠷ ᠦ᠋ᠨ ᠵᠦᠭ ᠶᠠᠭᠠᠷᠠᠨ ᠠᠯᠬᠤᠯ᠎ᠠ᠃ 《 ᠡᠨᠡ ᠨᠥᠭᠦᠳ ᠮᠠᠨᠢ ᠶᠠᠭᠤ ᠯᠠ ᠪᠣᠯᠤᠭᠠᠳ ᠶᠡᠬᠡ ᠳᠡᠭᠡᠳᠦ ᠰᠤᠷᠭᠠᠭᠤᠯᠢ ᠶ᠋ᠢᠨ ᠪᠠᠭᠰᠢ ᠨᠠᠷ ᠢ᠋ ᠰᠤᠷᠠᠭᠯᠠᠭᠠᠳ ᠪᠠᠢᠨ᠎ᠠ ᠪᠣᠢ 》 ᠭᠡᠵᠦ ᠭᠠᠢᠬᠠᠨ ᠱᠠᠲᠤ ᠪᠠᠷ ᠦᠭᠰᠦᠨ ᠶᠠᠪᠤᠲᠠᠨᠠ ᠠᠢᠯ ᠤ᠋ᠨ ᠳᠡᠮᠪᠡᠭᠡ ᠡᠪᠦᠭᠡ ᠲᠠᠶᠠᠭ ᠤ᠋ᠨ ᠢ᠋ᠶ᠋ᠠᠨ ᠪᠠᠷᠢᠭᠤᠯ ᠢ᠋ᠶ᠋ᠠᠷ ᠲᠣᠬᠣᠢ ᠠ᠋ᠴᠠ ᠭᠣᠬᠠᠳᠠᠨ ᠪᠠᠷᠢᠵᠤ ᠵᠣᠭᠰᠣᠭᠠᠪᠠ᠃
– ᠬᠦᠦ ᠮᠢᠨᠢ ᠴᠢ ᠬᠦᠯᠢᠶᠡᠵᠡᠨᠡ ᠂ ᠶᠡᠬᠡ ᠳᠡᠭᠡᠳᠦ ᠰᠤᠷᠭᠠᠭᠤᠯᠢ ᠶ᠋ᠢᠨ ᠬᠢᠮᠢ ᠹᠢᠽᠢᠺ ᠦ᠋ᠨ ᠪᠠᠭᠰᠢ ᠨᠠᠷ ᠠ᠋ᠴᠠ ᠰᠠᠢᠨ ᠲᠠᠨᠢᠳᠠᠭ ᠬᠥᠮᠦᠨ ᠪᠠᠢᠨ ᠤᠤ ? ᠭᠡᠵᠦ ᠰᠢᠯᠭᠠᠯ᠎ᠠ᠃
– ᠬᠡᠨ ᠢ᠋ ᠴᠦ᠍ ᠲᠠᠨᠢᠬᠤ ᠦᠭᠡᠢ᠃
– ᠲᠡᠭᠡᠪᠡᠯ ᠳ᠋ᠧᠺᠡᠨ ( ᠰᠠᠯᠪᠤᠷᠢ ᠶ᠋ᠢᠨ ᠳᠠᠷᠤᠭ᠎ᠠ ) ᠂ ᠲᠠᠩᠬᠢᠮ ᠤ᠋ᠨ ᠡᠷᠬᠢᠯᠡᠭᠴᠢ ᠨᠠᠷ ᠠ᠋ᠴᠠ ᠨᠢ ᠲᠠᠨᠢᠬᠤ ᠤᠤ ?
– ᠦᠭᠡᠢ ᠃
– ᠲᠡᠭᠡᠪᠡᠯ ᠬᠦᠦ ᠮᠢᠨᠢ ᠴᠢ ᠪᠣᠯᠪᠠᠰᠤᠷᠠᠯ ᠤ᠋ᠨ ᠶᠠᠮᠤᠨ ᠤ᠋ ᠳᠠᠷᠤᠭ᠎ᠠ ᠠᠵᠢᠯᠲᠠᠨ ᠨᠤᠭᠤᠳ ᠠ᠋ᠴᠠ ᠲᠠᠨᠢᠬᠤ ᠤᠤ ?
– ᠲᠠᠨᠢᠬᠤ ᠦᠭᠡᠢ᠃
– ᠲᠡᠭᠡᠪᠡᠯ ᠲᠡᠳᠡᠨ ᠢ᠋ ᠰᠠᠢᠨ ᠲᠠᠨᠢᠳᠠᠭ ᠬᠥᠮᠦᠰ ᠡᠴᠡ ᠠᠯᠢ ᠨᠢᠭᠡ ᠡᠴᠡ ᠵᠢᠰᠦ ᠮᠡᠳᠡᠬᠦ ᠤᠤ ?
– ᠮᠡᠳᠡᠬᠦ ᠦᠭᠡᠢ᠃
– ᠦ ᠬᠠᠷᠠᠯ᠎ᠠ !
– ᠡᠪᠦᠭᠡ ᠲᠠ ᠶᠠᠭᠠᠬᠢᠬᠤ ᠭᠡᠪᠡ ᠠ᠋ ?
– ᠵᠠ ᠳᠠ ᠬᠦᠦ ᠮᠢᠨᠢ ᠪᠠᠷᠤᠭ ᠯᠠ ᠵᠦᠭᠡᠷ ᠠ᠋ ! ᠭᠡᠵᠦ ᠬᠡᠯᠡᠭᠡᠳ ᠳᠡᠮᠪᠡᠭᠡ ᠡᠪᠦᠭᠡ ᠤᠷᠮ᠎ᠠ ᠮᠠᠭᠤᠲᠠᠢᠬᠠᠨ ᠪᠣᠯᠵᠤ ᠲᠠᠶᠠᠭ ᠢ᠋ᠶ᠋ᠠᠨ ᠲᠣᠨᠨ ᠲᠤᠬ ᠳᠤᠤᠭᠠᠷᠭᠠᠨ ᠳᠣᠭᠣᠭᠰᠢ ᠤᠷᠤᠭᠤᠳᠠᠪᠠ᠃
《 ᠶᠠᠮᠠᠷ ᠬᠠᠴᠢᠨ ᠶᠤᠮ ᠪᠣᠢ ᠂ ᠶᠡᠬᠡ ᠳᠡᠭᠡᠳᠦ ᠰᠤᠷᠭᠠᠭᠤᠯᠢ ᠠ᠋ᠴᠠ ᠨᠢᠭᠡ ᠶᠡᠬᠡ ᠲᠣᠮᠣ ᠬᠥᠮᠦᠨ ᠨᠠᠰᠤ ᠪᠠᠷᠠᠭᠰᠠᠨ ᠶᠤᠮ ᠪᠣᠯᠪᠠ ᠤᠤ 》 ᠭᠡᠬᠦᠴᠢᠯᠡᠨ ᠪᠣᠳᠣᠭᠰᠠᠭᠠᠷ ᠭᠡᠷ ᠲᠡᠭᠡᠨ ᠣᠷᠣᠵᠤ ᠢᠷᠡᠲᠡᠯ᠎ᠡ ᠡᠬᠡᠨᠡᠷ ᠄
– ᠮᠢᠨᠤ ᠡᠪᠦᠭᠡᠨ ᠶᠡᠬᠡ ᠳᠡᠭᠡᠳᠦ ᠰᠤᠷᠭᠠᠭᠤᠯᠢ ᠶ᠋ᠢᠨ ᠪᠠᠭᠰᠢ ᠨᠠᠷ ᠠ᠋ᠴᠠ ᠲᠠᠨᠢᠬᠤ ᠮᠡᠳᠡᠬᠦ ᠬᠥᠮᠦᠨ ᠴᠦ᠍ ᠪᠠᠢᠳᠠᠭ ᠦᠭᠡᠢ ᠪᠢᠵᠡ ᠳᠡ ᠭᠡᠵᠦ ᠪᠠᠢᠨ᠎ᠠ᠃
– ᠪᠠᠢᠯᠭᠦᠢ ᠶᠠᠭᠠᠬᠢᠬᠤᠪ ᠂ ᠶᠠᠮᠠᠷ ᠬᠡᠷᠡᠭ ᠭᠠᠷᠪᠠ ᠠ᠋ ? ᠭᠡᠵᠦ ᠠᠯᠢ ᠪᠣᠯᠬᠤ ᠠᠶᠠᠲᠠᠢᠬᠠᠨ ᠢ᠋ᠶ᠋ᠠᠷ ᠠᠰᠠᠭᠤᠵᠤ ᠶᠠᠭᠤ ᠪᠣᠯᠤᠭᠰᠠᠨ ᠢ᠋ ᠬᠡᠯᠡᠭᠦᠯᠬᠦ ᠰᠠᠨᠠᠭ᠎ᠠ ᠲᠠᠢ ᠣᠢᠷᠠᠲᠤᠨ ᠣᠴᠢᠵᠤ ᠰᠠᠭᠤᠪᠠᠯ᠂
– ᠵᠦᠭᠡᠷ ᠠ᠋ ᠂ ᠵᠦᠭᠡᠷ ᠭᠡᠵᠦ ᠪᠠᠢᠬᠤ ᠦᠭᠡᠢ ᠤᠤ᠃ ᠠᠭᠤᠷ ᠴᠦ᠍ ᠬᠦᠷᠬᠦ ᠰᠢᠭ !
– ᠶᠠᠭᠤᠨ ᠤ᠋ ᠴᠢᠨᠢ ᠵᠦᠭᠡᠷ ᠵᠦᠭᠡᠷ ᠭᠡᠵᠢ! ᠬᠡᠯᠡ ᠴᠢ ᠭᠡᠮᠡᠨ ᠰᠦᠷ ᠦᠵᠡᠭᠦᠯᠦᠨ ᠠᠶᠤᠯᠭᠠᠬᠤ ᠳᠦᠷᠢ ᠭᠠᠷᠭᠠᠪᠠᠯ ᠤᠭ ᠤ᠋ᠨ ᠠᠶᠤᠮᠠᠬᠠᠢ᠂ ᠪᠠᠰᠠ ᠠᠯᠢᠪᠠ ᠶ᠋ᠢ ᠨᠢᠭᠤᠵᠤ ᠰᠤᠷᠤᠭ᠎ᠠ ᠦᠭᠡᠢ ᠡᠬᠡᠨᠡᠷ ᠮᠠᠨᠢ ᠄
– ᠮᠠᠨ ᠤ᠋ ᠶᠡᠷᠦᠩᠬᠡᠢ ᠨᠢᠭᠲᠠᠯᠠᠨ ᠤ᠋ ᠲᠣᠮᠣ ᠥᠬᠢᠨ ᠨᠢ ᠡᠨᠡ ᠵᠢᠯ ᠬᠤᠩᠺᠦᠶ᠋ᠷᠰ ① ᠲᠤ ᠣᠷᠣᠬᠤ ᠪᠣᠯᠵᠤ ᠭᠡᠨ᠎ᠡ ᠭᠡᠪᠡ ᠃ ᠪᠢ ᠲᠡᠷᠡ ᠳᠠᠷᠤᠶ 《 ᠵᠠᠶᠠᠭ᠎ᠠ ᠨᠢ ᠬᠠᠶᠠ᠂ ᠨᠡᠭᠡᠷᠡᠨ ᠮᠠᠷᠭᠠᠰᠢ ᠴᠢᠨᠢ ᠶᠡᠬᠡ ᠳᠡᠭᠡᠳᠦ ᠰᠤᠷᠭᠠᠭᠤᠯᠢ ᠶ᠋ᠢᠨ ᠡᠯᠰᠡᠯᠲᠡ ᠶ᠋ᠢᠨ ᠰᠢᠯᠭᠠᠯᠲᠠ ᠪᠣᠯᠬᠤ ᠭᠡᠵᠦ ᠪᠠᠢᠭ᠎ᠠ ᠶᠤᠮ ᠪᠠᠢᠨ᠎ᠠ ᠰᠢᠦ ᠳᠠ 》 ᠭᠡᠵᠦ ᠪᠣᠳᠣᠭᠠᠳ ᠥᠪᠡᠷ ᠦ᠋ᠨ ᠡᠷᠬᠡ ᠦᠭᠡᠢ ᠢᠨᠢᠶᠡᠳᠦ ᠠᠯᠳᠠᠯ᠎ᠠ᠃
– – – –
① ᠤᠷᠤᠯᠳᠤᠭᠠᠨᠲᠤ ᠰᠢᠯᠭᠠᠯᠲᠠ ᠭᠡᠰᠡᠨ ᠤᠳᠬ᠎ᠠ ᠲᠠᠢ ᠣᠷᠣᠰ ᠦᠭᠡᠨ ᠤ ᠮᠣᠩᠭᠣᠯᠴᠢᠯᠠᠭᠰᠠᠨ ᠳᠠᠭᠤᠳᠠᠯᠭ᠎ᠠ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠤᠭ᠍ᠴᠢ ᠰᠠᠷᠠᠨ᠎ᠠ
2023᠂ 12᠂ 18 ᠤ᠋ ᠡᠳᠦᠷ
