ᠮᠠᠨᠵᠢᠨ-ᠣᠷᠣᠰ ᠠᠷᠠᠳ ᠤ᠋ᠨ ᠦᠯᠢᠭᠡᠷМАНЖИН Орос ардын үлгэр
ᠮᠠᠨᠵᠢᠨ
ᠣᠷᠣᠰ ᠠᠷᠠᠳ ᠤ᠋ᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠨᠢᠭᠡᠨ ᠡᠪᠦᠭᠡᠨ ᠮᠠᠨᠵᠢᠨ ᠲᠠᠷᠢᠵᠠᠢ᠃ ᠮᠠᠨᠵᠢᠨ ᠨᠢ ᠮᠠᠰᠢ ᠲᠣᠮᠣ ᠤᠷᠭᠤᠵᠤ ᠭᠡᠨ᠎ᠡ᠃ ᠡᠪᠦᠭᠡᠨ ᠮᠠᠨᠵᠢᠨ ᠢ᠋ᠶ᠋ᠠᠨ ᠬᠤᠷᠢᠶᠠᠬᠤ ᠪᠠᠷ ᠲᠠᠯᠠᠪᠠᠢ ᠳ᠋ᠤ᠌ ᠢᠷᠡᠭᠡᠳ ᠮᠠᠨᠵᠢᠨ ᠢ᠋ᠶ᠋ᠠᠨ ᠲᠠᠲᠠᠭᠠᠳ᠂ ᠲᠠᠲᠠᠭᠠᠳ ᠳᠡᠢᠯᠦᠭᠰᠡᠨ ᠦᠭᠡᠢ ᠭᠡᠨ᠎ᠡ᠃
ᠡᠪᠦᠭᠡᠨ ᠡᠮᠡᠭᠡᠨ ᠢ᠋ᠶ᠋ᠡᠨ ᠳᠠᠭᠤᠳᠠᠵᠤ ᠭᠡᠨ᠎ᠡ᠃
ᠡᠮᠡᠭᠡᠨ᠂ ᠡᠮᠡᠭᠡᠨ᠂ ᠨᠠᠭᠠᠰᠢ ᠢᠷ᠎ᠡ᠂ ᠡᠨᠳᠡ ᠲᠣᠮᠣ ᠮᠠᠨᠵᠢᠨ ᠪᠠᠢᠨ᠎ᠠ᠃
ᠡᠮᠡᠭᠡᠨ ᠢᠷᠡᠭᠡᠳ ᠡᠪᠦᠭᠡᠨ ᠡᠴᠡ ᠪᠠᠷᠢᠭᠠᠳ᠂ ᠡᠪᠦᠭᠡᠨ ᠮᠠᠨᠵᠢᠨ ᠠ᠋ᠴᠠ ᠪᠠᠷᠢᠭᠠᠳ᠂ ᠲᠠᠲᠠᠭᠠᠳ᠂ ᠲᠠᠲᠠᠭᠠᠳ᠂ ᠲᠠᠲᠠᠭᠠᠳ᠂ ᠲᠠᠲᠠᠭᠠᠳ ᠳᠡᠢᠯᠦᠭᠰᠡᠨ ᠦᠭᠡᠢ ᠭᠡᠨ᠎ᠡ᠃
ᠡᠮᠡᠭᠡᠨ ᠠᠴᠢ ᠥᠬᠢᠨ ᠢ᠋ᠶ᠋ᠡᠨ ᠳᠠᠭᠤᠳᠠᠵᠠᠢ ᠃
ᠥᠬᠢᠨ ᠮᠢᠨᠢ᠂ ᠥᠬᠢᠨ ᠮᠢᠨᠢ᠂ ᠨᠠᠭᠠᠰᠢ ᠢᠷ᠎ᠡ᠂ ᠡᠨᠳᠡ ᠲᠣᠮᠣ ᠮᠠᠨᠵᠢᠨ ᠪᠠᠢᠨ᠎ᠠ᠃
ᠥᠬᠢᠨ ᠢᠷᠡᠭᠡᠳ ᠡᠮᠡᠭᠡᠨ ᠡᠴᠡ ᠪᠠᠷᠢᠵᠤ᠂ ᠡᠮᠡᠭᠡᠨ ᠡᠪᠦᠭᠡᠨ ᠡᠴᠡ ᠪᠠᠷᠢᠭᠠᠳ᠂ ᠡᠪᠦᠭᠡᠨ ᠮᠠᠨᠵᠢᠨ ᠠ᠋ᠴᠠ ᠪᠠᠷᠢᠭᠠᠳ᠂ ᠲᠠᠲᠠᠭᠠᠳ᠂ ᠲᠠᠲᠠᠭᠠᠳ ᠳᠡᠢᠯᠦᠭᠰᠡᠨ ᠦᠭᠡᠢ ᠭᠡᠨ᠎ᠡ ᠰᠢᠦ᠃
ᠥᠬᠢᠨ ᠨᠢ ᠨᠣᠬᠠᠢ ᠶ᠋ᠢ ᠪᠡᠨ ᠳᠠᠭᠤᠳᠠᠬᠤ ᠪᠠᠷ ᠰᠢᠢᠳᠴᠡᠢ᠃
ᠨᠣᠬᠠᠢ᠂ ᠨᠣᠬᠠᠢ᠂ ᠨᠠᠭᠠᠰᠢ ᠢᠷ᠎ᠡ᠂ ᠡᠨᠳᠡ ᠲᠣᠮᠣ ᠮᠠᠨᠵᠢᠨ ᠪᠠᠢᠨ᠎ᠠ᠂ ᠭᠡᠵᠦ ᠨᠣᠬᠠᠢ ᠪᠠᠨ ᠳᠠᠭᠤᠳᠠᠵᠤ ᠭᠡᠨ᠎ᠡ᠃
ᠨᠣᠬᠠᠢ ᠨᠢ ᠬᠥᠪ ᠬᠥᠪ ᠬᠥᠪ ᠭᠡᠵᠦ ᠬᠤᠴᠠᠭᠰᠠᠭᠠᠷ ᠢᠷᠡᠭᠡᠳ᠂ ᠥᠬᠢᠨ ᠡᠴᠡ ᠪᠠᠷᠢᠭᠠᠳ᠂ ᠥᠬᠢᠨ ᠡᠮᠡᠭᠡᠨ ᠡᠴᠡ ᠪᠠᠷᠢᠭᠠᠳ᠂ ᠡᠮᠡᠭᠡᠨ ᠡᠪᠦᠭᠡᠨ ᠡᠴᠡ ᠪᠠᠷᠢᠭᠠᠳ᠂ ᠡᠪᠦᠭᠡᠨ ᠮᠠᠨᠵᠢᠨ ᠠ᠋ᠴᠠ ᠪᠠᠷᠢᠭᠠᠳ᠂ ᠲᠠᠲᠠᠭᠠᠳ᠂ ᠲᠠᠲᠠᠭᠠᠳ ᠳᠡᠢᠯᠦᠭᠰᠡᠨ ᠦᠭᠡᠢ᠃
ᠨᠣᠬᠠᠢ ᠮᠤᠤᠷ ᠢ᠋ᠶ᠋ᠠᠨ ᠳᠠᠭᠤᠳᠠᠵᠠᠢ᠃
ᠮᠤᠤᠷ ᠠ᠋᠂ ᠮᠤᠤᠷ ᠠ᠋᠂ ᠨᠠᠭᠠᠰᠢ ᠢᠷ᠎ᠡ᠂ ᠡᠨᠳᠡ ᠲᠣᠮᠣ ᠮᠠᠨᠵᠢᠨ ᠪᠠᠢᠨ᠎ᠠ᠃
ᠮᠤᠤᠷ ᠢᠷᠡᠭᠡᠳ᠂ ᠨᠣᠬᠠᠢ ᠠ᠋ᠴᠠ᠂ ᠨᠣᠬᠠᠢ ᠠᠴᠢ ᠥᠬᠢᠨ ᠡᠴᠡ᠂ ᠥᠬᠢᠨ ᠡᠮᠡᠭᠡᠨ ᠡᠴᠡ᠂ ᠡᠮᠡᠭᠡᠨ ᠡᠪᠦᠭᠡᠨ ᠡᠴᠡ᠂ ᠡᠪᠦᠭᠡᠨ ᠮᠠᠨᠵᠢᠨ ᠠ᠋ᠴᠠ ᠲᠠᠲᠠᠭᠠᠳ᠂ ᠲᠠᠲᠠᠭᠠᠳ ᠳᠡᠢᠯᠦᠭᠰᠡᠨ ᠦᠭᠡᠢ᠃
ᠮᠤᠤᠷ ᠬᠤᠯᠤᠭᠠᠨ᠎ᠠ ᠶ᠋ᠢ ᠲᠤᠰᠠᠯᠠᠭᠤᠯᠬᠤ ᠪᠠᠷ ᠳᠠᠭᠤᠳᠠᠵᠠᠢ᠃
ᠮᠢᠶᠣᠤ ᠬᠤᠯᠤᠭᠠᠨ᠎ᠠ ᠠ᠋᠂ ᠬᠤᠯᠤᠭᠠᠨ᠎ᠠ ᠠ᠋᠂ ᠨᠠᠭᠠᠰᠢ ᠢᠷ᠎ᠡ᠂ ᠡᠨᠳᠡ ᠲᠣᠮᠣ ᠮᠠᠨᠵᠢᠨ ᠪᠠᠢᠨ᠎ᠠ᠂ ᠭᠡᠵᠦ ᠳᠠᠭᠤᠳᠠᠬᠤ ᠳ᠋ᠤ᠌
ᠬᠤᠯᠤᠭᠠᠨ᠎ᠠ ᠢᠷᠡᠭᠡᠳ ᠮᠤᠤᠷ ᠠ᠋ᠴᠠ᠂ ᠮᠤᠤᠷ ᠨᠣᠬᠠᠢ ᠠ᠋ᠴᠠ᠂ ᠨᠣᠬᠠᠢ ᠠᠴᠢ ᠥᠬᠢᠨ ᠡᠴᠡ᠂ ᠠᠴᠢ ᠥᠬᠢᠨ ᠡᠮᠡᠭᠡᠨ ᠡᠴᠡ᠂ ᠡᠮᠡᠭᠡᠨ ᠡᠪᠦᠭᠡᠨ ᠡᠴᠡ᠂ ᠡᠪᠦᠭᠡᠨ ᠮᠠᠨᠵᠢᠨ ᠠ᠋ᠴᠠ᠂ ᠲᠠᠲᠠᠭᠠᠳ᠂ ᠲᠠᠲᠠᠭᠠᠳ ᠰᠤᠭᠤᠯᠵᠤ ᠪᠥᠭᠡᠮ ᠪᠠᠶᠠᠷ ᠪᠣᠯᠵᠤ ᠭᠡᠨ᠎ᠡ ᠠ᠋᠃
ᠬᠡᠷᠪᠡ ᠲᠠᠨᠠᠷ ᠡᠪ ᠰᠠᠨᠠᠭ᠎ᠠ ᠨᠢᠭᠡᠲᠡᠢ ᠪᠠᠢᠵᠤ ᠴᠢᠳᠠᠬᠤ ᠶᠤᠮ ᠪᠣᠯ ᠡᠭᠦᠨ ᠡᠴᠡ ᠬᠡᠴᠡᠭᠦᠦ ᠠᠵᠢᠯ ᠢ᠋ ᠬᠢᠵᠦ ᠪᠦᠲᠦᠭᠡᠵᠦ ᠴᠢᠳᠠᠨ᠎ᠠ ᠰᠢᠦ ᠳᠡ᠃
