ᠴᠤᠬᠠᠭ – ᠨ ᠂ ᠨᠠᠳᠮᠢᠳ Чухаг – Н ᠂ Надмид ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠤᠬᠠᠭ – ᠨ ᠂ ᠨᠠᠳᠮᠢᠳ Чухаг – Н ᠂ Надмид

ᠴᠤᠬᠠᠭ – ᠨ ᠂ ᠨᠠᠳᠮᠢᠳ Чухаг – Н ᠂ Надмид

ᠠᠩᠭᠢᠯᠠᠯ:ᠬᠣᠱᠣᠩ ᠱᠣᠭ
2023-12-22

265

ᠴᠤᠬᠠᠭ


                              ᠨ ᠂ ᠨᠠᠳᠮᠢᠳ
                                   ( ᠱᠣᠭ ᠥᠭᠦᠯᠡᠯᠭᠡ )

       ᠴᠤᠬᠠᠭ ᠨᠡᠷ᠎ᠡ ᠲᠡᠢ ᠵᠠᠯᠠᠭᠤ ᠪᠠᠢᠵᠠᠢ᠃ ᠨᠢᠭᠡ ᠣᠷᠣᠢ ᠲᠡᠮᠡᠭᠡ ᠪᠡᠨ ᠬᠤᠷᠢᠶᠠᠬᠤ ᠪᠠᠷ ᠪᠦᠷᠦᠢ ᠪᠣᠯᠵᠤ ᠪᠠᠢᠬᠤ ᠳ᠋ᠤ᠌ ᠭᠡᠷ ᠡᠴᠡ ᠮᠣᠷᠳᠠᠵᠤ ᠭᠡᠨ᠎ᠡ᠃ 
       ᠲᠡᠳᠡᠨ ᠦ᠌ ᠬᠢ ᠮᠠᠷᠭᠠᠰᠢ ᠨᠢ ᠨᠡᠭᠦᠵᠦ ᠡᠪᠦᠯᠵᠢᠶᠡᠨ ᠳ᠋ᠡᠭᠡᠨ ᠪᠠᠭᠤᠬᠤ ᠶᠣᠰᠣᠲᠠᠢ ᠪᠠᠢᠪᠠ᠃ ᠴᠤᠬᠠᠭ ᠲᠡᠮᠡᠭᠡᠨ ᠳᠡᠭᠡᠷ᠎ᠡ ᠪᠡᠨ ᠣᠴᠢᠵᠤ᠂ ᠲᠠᠯ᠎ᠠ ᠬᠥᠨᠳᠡᠢ ᠪᠡᠷ ᠯᠠ ᠨᠢᠭᠡ ᠬᠠᠰᠬᠢᠴᠢᠵᠤ᠂ ᠪᠤᠲᠠᠨ ᠤ ᠨᠢᠭᠡ ᠲᠠᠷᠬᠠᠭᠰᠠᠨ ᠲᠡᠮᠡᠭᠡᠳ ᠢ᠋ᠶ᠋ᠡᠨ ᠭᠠᠭᠴᠠ ᠬᠣᠶᠠᠷ ᠢ᠋ᠶ᠋ᠠᠷ ᠨᠢ ᠬᠥᠭᠡᠭᠡᠨ ᠴᠤᠭᠯᠠᠭᠤᠯᠵᠤ ᠶᠠᠪᠤᠪᠠ᠃ 
       ᠡᠨᠡ ᠬᠠᠪᠢ ᠳ᠋ᠤ᠌ ᠤᠷᠢᠳᠤ ᠭᠠᠯ ᠬᠦᠰ ᠦᠵᠡᠭᠳᠡᠳᠡᠭ ᠂ ᠶᠠᠭᠤᠮ᠎ᠠ ᠬᠡᠦᠮ᠎ᠡ ᠳᠤᠤᠭᠠᠷᠳᠠᠭ ᠪᠠᠢᠭᠰᠠᠨ ᠭᠡᠵᠦ ᠬᠥᠭᠰᠢᠴᠦᠦᠯ ᠦ᠋ᠨ ᠶᠠᠷᠢᠳᠠᠭ ᠢ᠋ ᠴᠤᠬᠠᠭ ᠭᠡᠨᠡᠳᠲᠡ ᠰᠠᠨᠠᠪᠠ᠃ 
       ᠭᠡᠪᠡᠴᠦ ᠲᠡᠢᠮᠦ ᠪᠣᠯ ᠴᠢᠳᠬᠥᠷ ᠭᠡᠵᠦ ᠶᠠᠭᠤᠮ᠎ᠠ ᠪᠠᠢᠳᠠᠭ ᠦᠭᠡᠢ ᠰᠢᠦ ᠳᠡ ᠭᠡᠵᠦ ᠴᠤᠬᠠᠭ ᠪᠣᠳᠣᠵᠤ ᠶᠠᠪᠤᠪᠠ᠃ ᠡᠨᠡ ᠦᠶ᠎ᠡ ᠳ᠋ᠦ᠍ ᠰᠢᠷ᠎ᠠ ᠭᠡᠭᠡ ᠵᠠᠮᠠᠭᠷᠠᠵᠤ ᠂ ᠤᠯᠠᠮ ᠬᠠᠷᠠᠢ ᠪᠦᠷᠦᠢ ᠪᠣᠯᠵᠤ ᠪᠠᠢᠯ᠎ᠠ᠃ ᠬᠠᠷᠠᠩᠭᠤᠢ ᠪᠣᠯᠬᠤ ᠳᠣᠳᠣᠮ ᠴᠤᠬᠠᠭ ᠠᠶᠤᠬᠤ ᠦᠭᠡᠢ ᠴᠦ᠍ ᠭᠡᠰᠡᠨ ᠶᠠᠮᠠᠷ ᠨᠢᠭᠡ ᠶᠠᠭᠤᠮᠠᠨ ᠠ᠋ᠴᠠ ᠵᠢᠪᠡᠭᠦᠴᠡᠨ ᠳᠠᠪ ᠲᠣᠪ ᠬᠢᠨ ᠡᠢᠰᠢ ᠲᠠᠢᠰᠢ ᠪᠠᠨ ᠬᠠᠷᠠᠬᠤ ᠨᠢ ᠣᠯᠠᠰᠢᠷᠠᠪᠠ᠃ 
       ᠭᠡᠲᠡᠯ᠎ᠡ 《 ᠴᠤᠬᠠᠭ ᠴᠤᠬᠠᠭ 》ᠭᠡᠵᠦ ᠨᠢᠭᠡ ᠶᠠᠭᠤᠮ᠎ᠠ ᠳᠠᠭᠤᠳᠠᠬᠤ ᠰᠢᠭ᠋ ᠰᠠᠨᠠᠭᠳᠠᠪᠠ᠂ ᠴᠤᠬᠠᠭ ᠲᠤ᠌ ᠶᠠᠭᠤ ᠶᠠᠭᠤ ᠦᠭᠡᠢ 《ᠴᠢᠳᠬᠥᠷ 》 ᠰᠠᠨᠠᠭᠠᠨ ᠳ᠋ᠤᠨᠢ ᠣᠷᠣᠵᠤ ᠪᠦᠬᠦ ᠪᠡᠶ᠎ᠡ ᠨᠢ ᠵᠢᠷᠦᠰ ᠬᠢᠵᠦ ᠵᠢᠷᠦᠬᠡ ᠨᠢ ᠲᠦᠭ ᠲᠦᠭ ᠴᠣᠬᠢᠯᠠᠪᠠ ᠃ ᠴᠤᠬᠠᠭ ᠮᠣᠷᠢ ᠪᠠᠨ ᠭᠤᠶᠠᠳᠠᠨ ᠲᠡᠮᠡᠭᠡ ᠪᠡᠨ ᠤᠯᠠᠮ ᠰᠢᠷᠦᠭᠦᠨ ᠡᠯᠳᠡᠪᠡ᠃ ᠲᠡᠭᠡᠭᠰᠡᠨ ᠴᠢᠨᠢ 《 ᠴᠤᠬᠠᠭ ᠴᠤᠬᠠᠭ 》 ᠭᠡᠵᠦ ᠤᠯᠠᠮ ᠤᠯᠠᠮ ᠬᠤᠷᠳᠤᠨ ᠳᠠᠭᠤᠳᠠᠬᠤ ᠰᠢᠭ᠋ ᠪᠣᠯᠪᠠ ᠂ ᠴᠤᠬᠠᠭ ᠠᠶᠤᠭᠰᠠᠨ ᠳ᠋ᠠᠭᠠᠨ ᠡᠷᠭᠢᠵᠦ ᠬᠠᠷᠠᠬᠤ ᠶ᠋ᠢᠨ ᠰᠡᠭᠡᠭᠡ ᠴᠦ᠍ ᠪᠠᠢᠭᠰᠠᠨ ᠦᠭᠡᠢ᠃ ᠬᠠᠷᠢᠨ ᠥᠨᠥᠬᠢ ᠨᠢ ᠪᠦᠷ ᠠᠷᠤ ᠳ᠋ᠤᠨᠢ ᠰᠤᠨᠳᠠᠯᠠᠴᠢᠬᠠᠭᠠᠳ ᠴᠢᠬᠢᠨ ᠳ᠋ᠦ᠍ᠨᠢ 《 ᠴᠤᠬᠠᠭ ᠴᠤᠬᠠᠭ 》 ᠭᠡᠵᠦ ᠰᠢᠪᠡᠨᠡᠵᠦ ᠪᠠᠢᠬᠤ ᠰᠢᠭ᠋᠂ ᠪᠥᠰᠡᠨ ᠡᠴᠡ ᠨᠢ ᠲᠠᠲᠠᠵᠤ᠂ ᠠᠮᠢᠰᠬᠤᠯ ᠢ ᠨᠢ ᠳᠠᠪᠬᠤᠴᠠᠭᠤᠯᠵᠤ ᠴᠦ᠍ ᠪᠠᠢᠬᠤ ᠰᠢᠭ᠋ ᠰᠠᠨᠠᠭᠳᠠᠨ ᠂ ᠪᠦᠬᠦ ᠪᠡᠶ᠎ᠡ ᠨᠢ ᠬᠦᠢᠲᠡ ᠣᠷᠬᠢᠪᠠ᠃
       ᠴᠤᠬᠠᠭ ᠲᠠᠭᠤᠵᠤ ᠶᠠᠪᠤᠭᠰᠠᠨ ᠲᠡᠮᠡᠭᠡ ᠪᠡᠨ ᠣᠷᠬᠢᠵᠤ ᠮᠣᠷᠢᠨ ᠤ᠋ ᠪᠠᠨ ᠡᠷᠴᠢ ᠪᠡᠷ ᠭᠡᠷ ᠦ᠋ᠨ ᠢ᠋ᠶ᠋ᠡᠨ ᠵᠦᠭ ᠰᠡᠩᠳᠡ ᠮᠡᠩᠳᠡ ᠳᠠᠪᠬᠢᠪᠠ᠃ ᠭᠡᠲᠡᠯ᠎ᠡ ᠥᠨᠥ 《 ᠴᠢᠳᠬᠥᠷ 》 ᠨᠢ ᠪᠠᠰᠠ ᠯᠠ 《 ᠴᠤᠬᠠᠭ ᠴᠤᠬᠠᠭ 》 ᠭᠡᠵᠦ ᠵᠠᠢ ᠵᠠᠪᠰᠠᠷ ᠦᠭᠡᠢ ᠳᠠᠭᠤᠳᠠᠨ ᠬᠥᠭᠡᠭᠡᠵᠦ ᠪᠠᠢᠬᠤ ᠰᠢᠭ᠋ ᠪᠠᠢᠪᠠ ᠃ ᠴᠤᠬᠠᠭ ᠮᠣᠷᠢᠨ ᠤ ᠪᠠᠨ ᠬᠠᠷ᠎ᠠ ᠬᠤᠷᠳᠤ ᠪᠠᠷ ᠳᠠᠪᠬᠢᠵᠤ ᠬᠣᠲᠠᠨ ᠳ᠋ᠠᠬᠢ ᠬᠣᠨᠢ ᠪᠠᠨ ᠦᠷᠭᠦᠭᠡᠨ ᠨᠣᠬᠠᠢ ᠪᠠᠨ ᠬᠤᠴᠠᠭᠤᠯᠤᠭᠰᠠᠨ ᠢ᠋ᠶ᠋ᠠᠷ ᠭᠡᠷ ᠦ᠋ᠨ ᠢ᠋ᠶ᠋ᠡᠨ ᠬᠠᠶᠠᠭᠠᠨ ᠳ᠋ᠤ᠌ ᠢᠷᠡᠭᠡᠳ ᠮᠣᠷᠢᠨ ᠤ᠋ ᠪᠠᠨ ᠵᠢᠯᠣᠭᠣ ᠶ᠋ᠢ ᠤᠭᠴᠠ ᠲᠡᠳᠡᠨ ᠵᠣᠭᠰᠣᠭᠠᠭᠰᠠᠨ ᠳ᠋ᠤ᠌ ᠥᠨᠥ 《 ᠴᠢᠳᠬᠥᠷ 》 ᠨᠢ 《 ᠴᠤᠬᠠᠭ ! 》 ᠭᠡᠵᠦ ᠤᠳᠠᠭᠠᠨ ᠪᠥᠭᠡᠳ ᠴᠢᠩᠭ᠎ᠠ ᠪᠠᠷ᠎ ᠬᠡᠯᠡᠭᠡᠳ ᠴᠢᠮᠡᠭᠡ ᠦᠭᠡᠢ ᠪᠣᠯᠪᠠ᠃ 
       ᠪᠣᠳᠣᠪᠠᠯ ᠲᠡᠷᠡ ᠴᠢᠳᠬᠥᠷ ᠨᠣᠬᠠᠢ ᠠ᠋ᠴᠠ ᠠᠶᠤᠭᠠᠳ ᠯᠠ ᠪᠤᠴᠠᠪᠠ ᠪᠣᠯᠤᠯᠲᠠᠢ ᠭᠡᠵᠦ ᠴᠤᠬᠠᠭ ᠰᠠᠨᠠᠪᠠ ᠃ ᠡᠷ᠎ᠡ ᠶ᠋ᠢᠨ ᠢ᠋ᠶ᠋ᠡᠨ ᠰᠠᠢᠨ ᠮᠣᠷᠢᠨ ᠤ᠋ ᠪᠠᠨ ᠬᠤᠷᠳᠤᠨ ᠳ᠋ᠤ᠌ ᠠᠮᠢ ᠭᠠᠷᠪᠠ ᠭᠡᠵᠦ ᠴᠤᠬᠠᠭ ᠪᠣᠳᠣᠵᠠᠢ᠃ ᠴᠤᠬᠠᠭ ᠤ᠋ᠨ ᠪᠦᠬᠦ ᠪᠡᠶ᠎ᠡ ᠨᠢ ᠤᠰᠤᠨ ᠳ᠋ᠤ᠌ ᠣᠷᠣᠭᠰᠠᠨ ᠬᠤᠯᠤᠭᠠᠨ᠎ᠠ ᠰᠢᠭ᠋ ᠬᠥᠯᠥᠷᠡᠵᠦ ᠮᠥᠴᠢ ᠴᠠᠴᠢ ᠨᠢ ᠰᠠᠯᠭᠠᠨᠠᠨ ᠴᠡᠴᠡᠷᠡᠵᠦ ᠮᠣᠷᠢ ᠪᠠᠨ ᠴᠦ᠍ ᠤᠶᠠᠯ᠎ ᠦᠭᠡᠢ ᠤᠬᠠᠭᠠᠨ ᠲᠠᠢ ᠤᠬᠠᠭᠠᠨ ᠦᠭᠡᠢ ᠭᠡᠷ ᠲᠡᠭᠡᠨ ᠣᠷᠣᠪᠠ᠃ 
       ᠴᠤᠬᠠᠭ ᠢ᠋ ᠢᠩᠭᠢᠵᠦ ᠭᠠᠯᠵᠠᠭᠤ ᠬᠥᠮᠦᠨ ᠰᠢᠭ ᠭᠡᠷ ᠢ᠋ᠶ᠋ᠡᠨ ᠲᠠᠭᠠᠷᠢᠴᠢᠬᠠᠬᠤ ᠰᠢᠬᠠᠨ ᠳᠠᠪᠬᠢᠵᠤ ᠢᠷᠡᠬᠦ ᠳ᠋ᠦ᠍ ᠭᠡᠷ ᠦ᠋ᠨ ᠬᠢᠨ ᠨᠢ ᠴᠣᠴᠢᠵᠤ ᠭᠠᠢᠬᠠᠭᠰᠠᠨ ᠢ ᠬᠡᠯᠡᠭᠡᠳ ᠶᠠᠭᠠᠬᠢᠬᠤᠪ ᠃ ᠴᠤᠬᠠᠭ ᠠᠭᠠᠬᠢᠯᠠᠵᠤ ᠤᠭᠤᠬᠢᠯᠠᠨ ᠰᠢᠯᠦᠰᠦᠨ ᠳ᠋ᠡᠭᠡᠨ ᠬᠠᠬᠠᠵᠤ ᠴᠡᠴᠡᠨ ᠨᠢᠳᠦ ᠪᠡᠨ ᠪᠦᠯᠲᠡᠯᠵᠡᠭᠦᠯᠦᠨ ᠪᠠᠢᠵᠤ ᠰᠠᠶᠢ ᠶ᠋ᠢᠨ ᠲᠣᠬᠢᠶᠠᠯᠳᠤᠭᠰᠠᠨ ᠶᠠᠪᠤᠳᠠᠯ ᠢ᠋ ᠨᠢᠭᠡᠳ ᠨᠢᠭᠡ ᠦᠭᠡᠢ ᠲᠣᠭᠠᠴᠢᠨ ᠶᠠᠷᠢᠪᠠ᠃ ᠬᠥᠮᠦᠨ ᠦ᠌ ᠵᠣᠪᠠᠯᠠᠩ ᠢ᠋ ᠬᠥᠮᠦᠨ ᠮᠡᠳᠡᠬᠦ ᠪᠢᠰᠢ ᠳᠡ᠂ ᠬᠠᠷᠢᠨ ᠠᠢᠯ ᠤ᠋ᠨ ᠵᠠᠯᠠᠭᠤ ᠬᠡᠦᠬᠡᠨ ᠡᠴᠡ ᠡᠬᠢᠯᠡᠭᠡᠳ ᠵᠠᠷᠢᠮ ᠨᠢ 《 ᠴᠤᠬᠠᠭ ᠢ᠋ ᠪᠠᠷᠢᠭᠠᠳ ᠢᠳᠡᠴᠢᠬᠡᠭᠡ ᠦᠭᠡᠢ ᠨᠢ ᠶᠠᠭᠠᠮᠠᠢ ᠳᠠ 》 ᠭᠡᠵᠦ ᠳᠣᠭᠣᠭᠢᠯᠠᠨ ᠬᠥᠬᠥᠷᠡᠯᠳᠦᠬᠦ ᠳ᠋ᠦ᠍ ᠬᠥᠮᠦᠨ ᠠᠶᠤᠵᠤ ᠰᠠᠨᠳᠤᠷᠴᠤ ᠶᠠᠪᠤᠬᠤ ᠳ᠋ᠤ᠌ ᠪᠠᠰᠠ ᠱᠣᠣᠯᠠᠨ᠎ᠠ ᠭᠡᠵᠦ ᠴᠤᠬᠠᠭ ᠤ᠋ᠨ ᠠᠭᠤᠷ ᠬᠦᠷᠴᠦ ᠰᠠᠭᠤᠪᠠ ᠃ ᠬᠠᠷᠢᠨ ᠬᠥᠭᠰᠢᠴᠦᠦᠯ ᠴᠤᠬᠠᠭ ᠤ᠋ᠨ ᠶᠠᠷᠢᠶᠠᠨ ᠳᠡᠭᠡᠷ᠎ᠡ ᠡᠷᠲᠡ ᠤᠷᠢᠳᠤ ᠶ᠋ᠢᠨ ᠳᠣᠮᠣᠭ ᠨᠡᠮᠡᠨ ᠬᠥᠬᠡᠷᠡᠯᠲᠦᠵᠦ ᠪᠠᠢᠪᠠ᠃ 
       ᠴᠤᠬᠠᠭ ᠤᠨ ᠠᠪᠤ ᠳᠠᠭᠤ ᠦᠭᠡᠢ ᠪᠠᠢᠭᠰᠠᠨ ᠢᠶᠠᠨ᠄
       –  ᠪᠢ ᠥᠰᠬᠦ ᠡᠴᠡ ᠪᠡᠨ ᠠᠪᠤᠭᠠᠳ ᠥᠲᠡᠯᠲᠡᠯ᠎ᠡ ᠪᠡᠨ ᠡᠨᠡ ᠬᠥᠨᠳᠡᠢ ᠳᠦ ᠨᠤᠲᠤᠭᠯᠠᠵᠤ ᠪᠠᠢᠨ᠎ᠠ᠃  ᠶᠠᠪᠠᠭᠠᠨ ᠨᠢᠴᠦᠬᠦᠨ᠂ ᠰᠥᠨᠢ ᠡᠳᠦᠷ ᠪᠢᠰᠢᠭᠦᠢ ᠯᠡ ᠲᠡᠨᠦᠵᠦ ᠪᠠᠢᠭᠰᠠᠨ᠂ ᠨᠠᠮ᠎ᠠ ᠶ᠋ᠢ ᠯᠡ ᠶᠠᠭᠤᠮ᠎ᠠ ᠬᠥᠭᠡᠭᠡᠵᠦ ᠡᠯᠳᠡᠵᠦ ᠪᠠᠢᠭ᠎ᠠ ᠦᠭᠡᠢ ᠳ᠋ᠡᠭ ᠁  ᠴᠢᠨᠦ ᠥᠨᠥ᠍ ᠨᠣᠮ ᠵᠤᠮ ᠤᠩᠰᠢᠭᠠᠳ ᠡᠷᠳᠡᠮᠦᠷᠬᠡᠭᠡᠳ  ᠪᠠᠢᠳᠠᠭ ᠴᠢᠨᠢ ᠶᠠᠭᠠᠬᠢᠭᠰᠠᠨ ᠪᠣᠢ ? ᠶᠠᠮᠠᠷ ᠯᠠ ᠴᠢᠨᠦ ᠲᠣᠯᠣᠭᠠᠢ ᠶ᠋ᠢ ᠠᠪᠬᠤ ᠶᠠᠭᠤᠮ᠎ᠠ ᠭᠡᠨᠡᠳᠲᠡ ᠪᠣᠢ ᠪᠣᠯᠴᠢᠬᠠᠭ᠎ᠠ ᠠᠵᠢ᠂ ᠲᠡᠮᠡᠭᠡ ᠪᠠᠨ ᠬᠤᠷᠢᠶᠠᠵᠤ ᠢᠷᠡᠭᠡ ᠦᠭᠡᠢ ᠲᠡᠭᠷᠢ ᠪᠦᠷᠬᠦᠢᠵᠦ ᠪᠠᠢᠨ᠎ᠠ᠃ ᠮᠠᠷᠭᠠᠰᠢ ᠡᠷᠲᠡᠬᠡᠨ ᠨᠡᠭᠦᠬᠦ ᠭᠡᠰᠡᠨ ᠠᠮᠵᠢᠬᠤ ᠪᠠᠨ ᠪᠠᠢᠯ᠎ᠠ ᠂  ᠠᠵᠢᠯ ᠤᠨ ᠰᠠᠭᠠᠳ ᠪᠣᠯᠣᠭᠠᠳ ᠁  ᠭᠡᠵᠦ ᠬᠦᠦ ᠪᠡᠨ ᠵᠢᠮᠡᠯᠡᠪᠡ᠃
       ᠴᠤᠬᠠᠭ ᠠᠪᠤ ᠶᠢᠨ ᠢᠶᠡᠨ ᠡᠨᠡ ᠵᠢᠮᠡᠯᠡᠯ ᠳᠦ ᠶᠡᠬᠡᠳᠡ ᠭᠣᠮᠣᠳᠠᠵᠤ  ᠨᠡᠬᠡᠷᠡᠨ ᠨᠠᠮ᠎ᠠ ᠶᠢ ᠳᠠᠭᠤᠳᠠᠭᠰᠠᠨ ᠲᠡᠷᠡ ᠪᠠᠢᠲᠤᠭᠠᠢ ᠠᠷᠤ ᠳᠤ ᠰᠤᠨᠳᠠᠯᠠᠭᠠᠳ ᠲᠠᠲᠠᠭᠠᠳ ᠪᠠᠢᠬᠤ ᠰᠢᠭ᠋ ᠪᠣᠯᠤᠭᠰᠠᠨ ᠭᠡᠵᠦ ᠥᠪᠡᠷ ᠢ᠋ ᠪᠡᠨ ᠵᠥᠪᠲᠥᠭᠡᠬᠦ ᠭᠡᠵᠦ ᠤᠬᠢᠯᠠᠬᠤ ᠨᠢ ᠬᠣᠯᠠ ᠦᠭᠡᠢ ᠮᠠᠷᠭᠤᠨ ᠶᠠᠷᠢᠵᠤ ᠪᠠᠢᠪᠠ ᠃ ᠴᠤᠬᠠᠭ ᠲᠡᠷᠡ ᠰᠥᠨᠢᠵᠢᠨ ᠢ᠋ᠶ᠋ᠡᠨ ᠠᠶᠤᠨ ᠴᠣᠴᠢᠵᠤ ᠨᠥᠭᠥᠭᠡᠬᠢ 《 ᠴᠢᠳᠬᠥᠷ 》 ᠨᠢ ᠨᠢᠳᠦᠨ ᠳ᠋ᠦ᠍ᠨᠢ ᠦᠵᠡᠭᠳᠡᠬᠦ ᠰᠢᠭ ᠪᠣᠯᠵᠤ ᠬᠠᠷ᠎ᠠ ᠳᠠᠷᠤᠨ ᠵᠡᠭᠦᠳᠦᠯᠡᠵᠦ ᠲᠤᠩ ᠨᠣᠢᠷ ᠮᠠᠭᠤᠲᠠᠢ ᠬᠣᠨᠣᠪᠠ᠃ 
       ᠮᠠᠷᠭᠠᠰᠢ ᠥᠷᠯᠥᠭᠡ ᠨᠢ ᠪᠣᠰᠬᠤ ᠳᠤ ᠴᠠᠰᠤ ᠪᠤᠲᠠᠷᠠᠵᠤ ᠪᠠᠢᠪᠠ᠃ ᠠᠪᠤ ᠨᠢ ᠭᠡᠷ ᠲᠡᠭᠡᠨ ᠨᠢᠭᠡ ᠣᠷᠣᠵᠤ ᠶᠠᠭᠤᠮ᠎ᠠ ᠬᠡᠦᠮ᠎ᠠ ᠪᠠᠨ ᠡᠮᠬᠢᠯᠡᠵᠦ᠂ ᠭᠠᠳᠠᠭ᠎ᠠ ᠨᠢᠭᠡ ᠭᠠᠷᠴᠤ ᠲᠡᠭᠷᠢ ᠶ᠋ᠢᠨ ᠪᠠᠢᠳᠠᠯ ᠢ᠋ ᠠᠵᠢᠵᠤ ᠪᠠᠢᠭᠰᠠᠨ ᠢ᠋ᠶ᠋ᠠᠨ᠄
       – ᠲᠡᠮᠡᠭᠡ ᠪᠡᠯᠡᠨ ᠪᠠᠢᠭᠰᠠᠨ ᠪᠣᠯ ᠡᠳᠦᠢ ᠳ᠋ᠦ᠍ ᠨᠡᠭᠦᠭᠡᠳ ᠶᠠᠪᠤᠵᠤ ᠪᠠᠢᠬᠤ ᠦᠭᠡᠢ ᠤᠤ ᠃ ᠴᠠᠰᠤ ᠴᠦ᠍ ᠣᠳᠣᠬᠠᠨ ᠳ᠋ᠠᠭᠠᠨ ᠨᠢᠭᠡ ᠴᠦ᠍ ᠶᠡᠬᠡ ᠣᠷᠣᠴᠢᠬᠠᠬᠤ ᠦᠭᠡᠢ ᠪᠠᠢᠨ᠎ᠠ᠃  ᠠᠯᠢ ᠴᠤᠬᠠᠭ ᠴᠢ ᠶᠠᠪᠤ ᠂ ᠲᠡᠮᠡᠭᠡ ᠪᠡᠨ ᠪᠣᠰᠢᠭᠣ ᠣᠯᠤᠭᠠᠳ ᠢᠷ᠎ᠡ᠂ ᠠᠮᠵᠢᠪᠠᠯ ᠴᠠᠰᠤ ᠳᠠᠷᠤᠴᠢᠬᠠᠬᠤ ᠡᠴᠡ ᠡᠮᠦᠨ᠎ᠡ ᠪᠠᠭᠤᠴᠠᠨ ᠳ᠋ᠠᠭᠠᠨ ᠪᠠᠭᠤᠴᠢᠬᠠᠶ᠎ᠠ ᠭᠡᠪᠡ ᠃ ᠴᠤᠬᠠᠭ ᠳᠤᠷ᠎ᠠ ᠲᠠᠢ ᠳᠤᠷ᠎ᠠ ᠦᠭᠡᠢ ᠮᠣᠷᠢ ᠪᠠᠨ ᠡᠮᠡᠭᠡᠯᠯᠡᠵᠦ ᠮᠣᠷᠳᠠᠪᠠ᠃ ᠲᠡᠳᠡᠨ ᠦ᠌ ᠲᠡᠢ ᠠᠢᠯ ᠪᠠᠢᠳᠠᠭ ᠴᠤᠬᠠᠭ ᠤ᠋ᠨ ᠦᠶᠡᠷᠬᠡᠳᠡᠭ ᠵᠠᠯᠠᠭᠤ ᠬᠡᠦᠬᠡᠨ ᠲᠡᠭᠦᠨ ᠲᠡᠢ ᠪᠠᠰᠠ ᠴᠣᠭ ᠮᠣᠷᠳᠠᠪᠠ ᠃ ᠴᠤᠬᠠᠭ ᠥᠴᠥᠭᠡᠳᠦᠷ ᠣᠷᠣᠢ ᠶ᠋ᠢᠨ ᠶᠠᠪᠤᠳᠠᠯ ᠢ᠋ ᠲᠡᠷᠡ ᠬᠡᠦᠬᠡᠨ ᠳ᠋ᠦ᠍ ᠢᠲᠡᠭᠡᠭᠦᠯᠬᠦ ᠭᠡᠵᠦ ᠪᠠᠢᠳᠠᠭ ᠴᠢᠳᠠᠯ ᠢ᠋ᠶ᠋ᠠᠷ ᠢᠳᠬᠠᠨ ᠶᠠᠷᠢᠵᠤ ᠶᠠᠪᠤᠪᠠ᠃ ᠲᠡᠷᠡ ᠬᠣᠶᠠᠷ ᠵᠤᠤᠵᠠᠢ ᠬᠣᠯᠪᠣᠨ ᠶᠥᠷᠭᠡᠭᠦᠯᠵᠦ ᠶᠠᠪᠤᠲᠠᠯ᠎ᠠ ᠴᠤᠬᠠᠭ ᠭᠡᠨᠡᠳᠲᠡ ᠢᠨᠢᠶᠡᠳᠦ ᠠᠯᠳ᠋ᠠᠴᠢᠬᠠᠪᠠ᠃ ᠠᠢᠯ ᠤ᠋ᠨ ᠬᠡᠦᠬᠡᠨ ᠭᠠᠢᠬᠠᠵᠤ᠄
       – ᠤᠬᠢᠯᠠᠬᠤ ᠶ᠋ᠢ ᠪᠤᠤ ᠠᠰᠠᠭᠤ ᠢᠨᠢᠶᠡᠬᠦ ᠶ᠋ᠢ ᠠᠰᠠᠭᠤ ᠭᠡᠰᠡᠨ ᠶᠦᠮ᠂ ᠴᠢ ᠶᠠᠭᠠᠬᠢᠪᠠ ? ᠬᠡᠯᠡ ᠭᠡᠳ ᠰᠢᠷᠭᠠᠭᠠᠵᠤ ᠡᠬᠢᠯᠡᠪᠡ ᠃ ᠭᠡᠲᠡᠯ᠎ᠡ ᠴᠤᠬᠠᠭ ᠬᠠᠷᠢᠭᠤ ᠴᠦ᠍ ᠬᠡᠯᠡᠬᠦ ᠰᠡᠭᠡᠭᠡ ᠦᠭᠡᠢ ᠴᠢᠷᠠᠢ ᠨᠢ ᠮᠠᠨᠴᠠᠢᠵᠤ ᠨᠢᠳᠦᠨ ᠳ᠋ᠡᠭᠡᠨ ᠨᠢᠯᠪᠤᠰᠤ ᠬᠦᠶᠦᠨᠡᠭᠯᠡᠭᠦᠯᠦᠨ ᠮᠣᠷᠢᠨ ᠳᠡᠭᠡᠷ᠎ᠡ ᠪᠡᠨ ᠲᠣᠭᠲᠠᠵᠤ ᠶᠠᠳᠠᠨ ᠣᠴᠢᠷ᠎ ᠦᠭᠡᠢ ᠬᠥᠬᠥᠷᠡᠭᠰᠡᠭᠡᠷ ᠪᠠᠢᠪᠠ ᠃ ᠠᠢᠯ ᠤ᠋ᠨ ᠬᠡᠦᠬᠡᠨ ᠄ 
       – ᠴᠢ ᠬᠡᠯᠡᠨ᠎ᠡ ᠤᠤ ᠦᠭᠡᠢ ᠤᠤ ? ᠭᠡᠵᠦ ᠭᠤᠶᠤᠵᠤ ᠦᠵᠡᠵᠦ ᠂ ᠠᠷᠭᠠᠳᠠᠵᠤ ᠦᠵᠡᠵᠦ ᠪᠦᠷ ᠰᠡᠭᠦᠯ ᠳ᠋ᠡᠭᠡᠨ ᠭᠡᠵᠢᠭᠡᠳᠡᠵᠦ ᠦᠵᠡᠭᠰᠡᠨ ᠴᠢᠨᠢ ᠴᠤᠬᠠᠭ ᠬᠡᠯᠡᠭᠰᠡᠨ ᠦᠭᠡᠢ ᠢᠨᠢᠶᠡᠭᠰᠡᠭᠡᠷ ᠪᠠᠢᠪᠠ᠃ ᠴᠤᠬᠠᠭ ᠢᠨᠢᠶᠡᠭᠰᠡᠨ ᠰᠢᠯᠲᠠᠭᠠᠨ ᠢ᠋ᠶ᠋ᠠᠨ ᠦᠶ᠎ᠡ ᠶ᠋ᠢᠨ ᠨᠥᠬᠥᠳ ᠲᠡᠭᠡᠨ ᠬᠡᠯᠡᠬᠦ ᠡᠴᠡ ᠦᠨᠡᠨ ᠳ᠋ᠡᠭᠡᠨ ᠢᠴᠢᠵᠦ ᠨᠡᠷᠡᠯᠬᠡᠵᠡᠢ ᠃ ᠨᠡᠭᠡᠷᠡᠨ ᠴᠦ᠍ ᠢᠴᠢᠮᠡᠷ ᠬᠥᠭᠲᠡᠢ ᠬᠡᠷᠡᠭ ᠪᠠᠢᠵᠠᠢ᠃ ᠲᠡᠷᠡ ᠬᠣᠶᠠᠷ ᠨᠢᠭᠡ ᠨᠢ ᠬᠥᠬᠥᠷᠡᠭᠰᠡᠭᠡᠷ᠂ ᠨᠥᠭᠦᠭᠡ ᠨᠢ ᠭᠣᠮᠣᠳᠠᠭᠰᠠᠭᠠᠷ ᠶᠠᠪᠤᠵᠤ ᠦᠷᠦᠭᠡᠳᠦᠢ ᠣᠷᠣᠢ ᠲᠡᠮᠡᠭᠡ ᠪᠠᠢᠭᠰᠠᠨ ᠭᠠᠵᠠᠷ ᠢ᠋ᠶ᠋ᠠᠨ ᠢᠷᠡᠬᠦ ᠳ᠋ᠦ᠍ ᠲᠡᠮᠡᠭᠡ ᠨᠢ ᠥᠷᠯᠥᠭᠡ ᠡᠷᠲᠡ ᠨᠢᠭᠡ ᠲᠠᠢᠰᠢ ᠪᠠᠨ ᠴᠤᠪᠤᠭᠠᠳ ᠶᠠᠪᠤᠴᠢᠬᠠᠵᠠᠢ ᠂ ᠪᠠᠷ᠎ᠠ ᠮᠥᠷ ᠴᠦ᠍ ᠠᠯᠠᠭ᠎ᠠ ᠪᠠᠢᠪᠠ᠃ ᠬᠡᠦᠬᠡᠨ ᠭᠣᠮᠣᠷᠬᠠᠵᠤ᠄
       – ᠴᠢ ᠶᠡᠷᠦ ᠨᠢ ᠨᠠᠮ᠎ᠠ ᠶ᠋ᠢ ᠱᠣᠣᠯᠠᠵᠤ ᠪᠠᠢᠨ᠎ᠠ᠂ ᠪᠢ ᠴᠢᠮ᠎ᠠ ᠳ᠋ᠤ᠌ ᠲᠡᠢᠮᠦ ᠮᠠᠭᠤᠬᠠᠢ ᠬᠠᠷᠠᠭᠳᠠᠬᠤ ᠪᠣᠯᠤᠯ᠎ᠠ ᠤᠤ ? ᠡᠰᠡᠪᠡᠯ ᠴᠢ ᠰᠣᠯᠢᠶᠠᠷᠠᠬᠤ ᠨᠢ ᠡᠨᠡ ᠤᠤ? ᠬᠠᠷᠠᠭᠠᠴᠢ ᠴᠠᠰᠤ ᠴᠦ᠍ ᠰᠢᠷᠦᠭᠦᠰᠦᠯ᠎ᠡ ᠂ ᠲᠡᠮᠡᠭᠡ ᠴᠦ᠍ ᠪᠠᠢᠳᠠᠭ ᠦᠭᠡᠢ ᠃ ᠴᠢᠮ᠎ᠠ ᠠ᠋ᠴᠠ ᠯᠠ ᠪᠣᠯᠵᠤ ᠬᠠᠮᠤᠭ ᠠᠵᠢᠯ ᠤᠳᠠᠵᠤ ᠭᠦᠢᠴᠡᠯ᠎ᠡ! ᠭᠡᠳ ᠮᠣᠷᠢ ᠪᠠᠨ ᠭᠤᠶᠠᠳᠠᠵᠤ ᠴᠤᠬᠠᠭ ᠢ᠋ ᠣᠷᠬᠢᠵᠤ ᠳᠠᠪᠬᠢᠨ ᠣᠳᠪᠠ᠃ 
       ᠴᠤᠬᠠᠭ ᠲᠦᠷᠦᠭᠦᠨ ᠳ᠋ᠦ᠍ ᠨᠢᠭᠡ ᠶᠠᠭᠤᠮ᠎ᠠ ᠳᠤᠤᠭᠠᠷᠬᠤ ᠰᠢᠭ᠋ ᠪᠣᠯᠬᠤ ᠪᠠᠷ ᠨᠢ ᠪᠢᠲᠡᠭᠦᠬᠡᠨ ᠠᠵᠢᠪᠠᠯ᠂ ᠥᠪᠡᠷ ᠦ᠋ᠨ ᠬᠢᠨᠢ ᠡᠮᠡᠭᠡᠯ ᠦ᠋ᠨ ᠨᠠᠭᠠᠯᠲᠠ ᠬᠣᠪᠬᠣᠷᠠᠵᠤ ᠬᠠᠪᠲᠠᠰᠤ ᠨᠢ ᠴᠢᠬᠠᠭ ᠴᠢᠬᠠᠭ ᠭᠡᠵᠦ ᠬᠠᠪᠢᠷᠤᠨ ᠴᠢᠬᠠᠷᠠᠵᠤ ᠪᠠᠢᠵᠠᠢ ᠃ ᠲᠡᠭᠡᠭᠡᠳ ᠮᠠᠨᠢ ᠴᠤᠬᠠᠭ᠄
       – ᠪᠢ ᠳᠠᠩᠴᠤ ᠡᠢᠮᠦ ᠲᠡᠢᠮᠦ ᠶᠠᠭᠤᠮᠠᠨ ᠠ᠋ᠴᠠ ᠠᠶᠤᠵᠤ ᠬᠥᠭ ᠢ᠋ᠶ᠋ᠡᠨ ᠲᠠᠷᠢᠭᠰᠠᠨ ᠶᠠᠭᠤᠮ᠎ᠠ ᠪᠣᠯᠪᠠ ᠤᠤ ᠭᠡᠵᠦ ᠪᠣᠳᠣᠭᠠᠳ ᠥᠪᠡᠷ ᠢ᠋ᠶ᠋ᠡᠨ  ᠥᠪᠡᠷ ᠢ ᠪᠠᠨ ᠡᠯᠡᠭᠯᠡᠨ ᠢᠨᠢᠶᠡᠭᠰᠡᠨ ᠶᠦᠮ ᠪᠠᠢᠵᠠᠢ᠃ ᠴᠤᠬᠠᠭ ᠰᠠᠶᠢ ᠢᠨᠢᠶᠡᠳᠦ ᠪᠡᠨ ᠲᠡᠪᠴᠢᠵᠦ ᠬᠣᠯᠠ ᠳᠠᠪᠬᠢᠵᠤ ᠶᠠᠪᠤᠭ᠎ᠠ ᠬᠡᠦᠬᠡᠨ ᠦ᠌ ᠬᠣᠢᠨ᠎ᠠ ᠠ᠋ᠴᠠ  ᠬᠠᠷᠠᠵᠤ᠄
       – ᠡᠨᠡ ᠬᠡᠦᠬᠡᠨ ᠴᠦ᠍ ᠨᠠᠳᠠ ᠪᠡᠷ᠎ ᠵᠠᠪᠠᠯ ᠬᠡᠯᠡᠭᠦᠯᠦᠨ᠎ᠡ᠂  ᠪᠢ ᠴᠦ᠍ ᠲᠡᠭᠦᠨ ᠳᠦ ᠵᠠᠪᠠᠯ ᠬᠡᠯᠡᠬᠦ ᠪᠣᠯᠣᠨ᠎ᠠ! ᠬᠡᠯᠡᠭᠰᠡᠨ ᠬᠣᠢᠨ᠎ᠠ ᠪᠠᠨ ᠶᠠᠭᠠᠬᠢᠳᠠᠭ ᠪᠢᠯᠡ᠂ ᠠᠭᠤᠯᠵᠠᠭᠰᠠᠨ ᠪᠥᠬᠥᠨ ᠡᠯᠡᠭᠯᠡᠵᠦ ᠰᠣᠨᠣᠰᠤᠭᠰᠠᠨ ᠪᠥᠬᠥᠨ ᠱᠣᠣᠯᠠᠬᠤ ᠬᠡᠷᠡᠭ ᠪᠣᠯᠣᠯ᠎ᠠ᠃  ᠬᠡᠷᠪᠡ ᠬᠡᠯᠡᠬᠦ ᠦᠭᠡᠢ ᠪᠣᠯ ᠡᠨᠡ ᠮᠠᠨᠢ ᠶᠠᠭ ᠡᠨᠡ ᠰᠢᠭ ᠢ᠋ᠶ᠋ᠠᠨ ᠯᠠ ᠬᠠᠶᠠᠭᠠᠳ ᠶᠠᠪᠤᠴᠢᠬᠠᠬᠤ ᠪᠠᠢᠬ᠎ᠠ ᠳᠠ ᠭᠡᠵᠦ ᠪᠣᠳᠣᠪᠠ ᠃ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ
    ᠬᠢᠨᠠᠭ᠍ᠴᠢ :   ᠲᠤᠭ᠍ᠴᠢ ᠰᠠᠷᠠᠨ᠎ᠠ

             2023᠂ 12᠂ 17   ᠤ᠋ ᠡᠳᠦᠷ