ᠬᠡᠦᠬᠡᠯᠳᠡᠢ ᠺᠢᠨᠣ᠋《 ᠪᠢᠯᠢᠭ ᠦᠨ ᠣᠴᠢ》ᠠᠩᠬᠠᠳᠠᠭᠴᠢ ᠤᠳᠠᠭᠠᠨ ᠤ ᠱᠠᠩᠨᠠᠯᠲᠤ ᠤᠷᠤᠯᠳᠤᠭᠠᠨ

ᠳᠣᠣᠷᠠᠬᠢ ᠮᠡᠷᠭᠡᠨ ᠴᠣᠬᠣᠷ ᠢᠶᠠᠷ ᠬᠣᠯᠪᠣᠭᠳᠠᠭᠠᠷᠠᠢ
ᠬᠡᠦᠬᠡᠯᠳᠡᠢ ᠺᠢᠨᠣ᠋《 ᠪᠢᠯᠢᠭ ᠦᠨ ᠣᠴᠢ》ᠠᠩᠬᠠᠳᠠᠭᠴᠢ ᠤᠳᠠᠭᠠᠨ ᠤ ᠤᠷᠤᠯᠳᠤᠭᠠᠨ
《 ᠬᠡᠢᠮᠣᠷᠢ》 ᠰᠦᠯᠵᠢᠶ᠎ᠡ ᠪᠠᠢᠭᠤᠯᠤᠭᠳᠠᠭᠰᠠᠨ ᠬᠣᠶᠠᠷ ᠵᠢᠯ ᠦᠨ ᠣᠢ ᠶᠢᠨ ᠪᠠᠶᠠᠷ ᠢ᠋ ᠳᠤᠷᠠᠰᠬᠠᠨ ᠲᠡᠮᠳᠡᠭᠯᠡᠵᠦ᠂ ᠬᠡᠦᠬᠡᠳ ᠦᠳ ᠲᠤ ᠮᠣᠩᠭᠣᠯ ᠬᠡᠦᠬᠡᠯᠳᠡᠢ ᠺᠢᠨᠣ᠋ ᠪᠠᠨ ᠦᠵᠡᠬᠦ ᠶᠢ ᠤᠷᠮᠠᠰᠢᠭᠤᠯᠬᠤ ᠵᠣᠷᠢᠯᠭ᠎ᠠ ᠪᠠᠷ 《 ᠪᠢᠯᠢᠭ ᠦ᠋ᠨ ᠣᠴᠢ》 ᠠᠰᠠᠭᠤᠯᠲᠠ ᠬᠠᠷᠢᠭᠤᠯᠲᠠ ᠶ᠋ᠢᠨ ᠤᠷᠤᠯᠳᠤᠭᠠᠨ ᠥᠷᠨᠢᠭᠦᠯᠬᠦ ᠪᠡᠷ ᠪᠣᠯᠤᠯ᠎ᠠ!
ᠥᠷᠭᠡᠨ ᠣᠯᠠᠨ ᠭᠡᠷ ᠦ᠋ᠨ ᠠᠬᠠᠮᠠᠳ ᠬᠡᠦᠬᠡᠳ ᠲᠠᠢ ᠪᠠᠨ ᠬᠠᠮᠲᠤ ᠢᠳᠡᠪᠬᠢᠯᠡᠨ ᠣᠷᠣᠯᠴᠠᠬᠤ ᠶ᠋ᠢ ᠬᠦᠰᠡᠨ ᠨᠠᠢᠲᠠᠶᠠ!
ᠤᠷᠤᠯᠳᠤᠭᠠᠨ ᠦ᠌ ᠠᠭᠤᠯᠭ᠎ᠠ᠄
1. ᠰᠡᠳᠦᠪ ᠦ᠋ᠨ ᠬᠦᠷᠢᠶ᠎ᠡ ᠬᠡᠪᠴᠢᠶ᠎ᠡ᠄ 《 ᠬᠡᠢᠮᠣᠷᠢ》 ᠰᠦᠯᠵᠢᠶᠡᠨ ᠦ ᠮᠣᠩᠭᠣᠯ ᠬᠡᠦᠬᠡᠯᠳᠡᠢ ᠺᠢᠨᠣ᠋《 ᠮᠥᠩᠬᠡ ᠲᠤᠩᠬᠤ》 ᠂ 《 ᠮᠠᠮᠤᠤ》 ᠂ 《 ᠭᠣᠣᠳᠣᠢ ᠮᠣᠣᠳᠣᠢ ᠬᠣᠶᠠᠷ》 ᠂ 《 ᠵᠠᠩᠭᠠᠷ ᠪᠠᠭᠠᠲᠤᠷ》 ᠂ 《 ᠪᠦᠨᠧ ᠰᠦᠨᠧ ᠬᠣᠶᠠᠷ》 ᠂ 《 ᠨᠣᠶᠠᠨ ᠲᠠᠯᠬᠠᠨ ᠤ ᠦᠰᠦᠴᠢᠨ ᠦ ᠭᠠᠵᠠᠷ》 ᠂ 《 ᠮᠣᠨᠺᠠᠷᠲ》 ᠂ 《 ᠫᠣᠷᠣᠷᠣ᠋》 ᠂ 《 ᠵᠢᠩᠭᠯᠢᠺᠢ》 ᠂ 《 ᠠᠩᠴᠢᠳxᠠᠩᠴᠢᠳ》 ᠂ 《 ᠰᠢᠳᠢᠲᠦ ᠦᠯᠢᠭᠡᠷ》 ᠵᠡᠷᠭᠡ ᠃ ᠳᠣᠮᠣᠭ ᠦᠯᠢᠭᠡᠷ 《 ᠪᠣᠯᠳᠠᠭ ᠦᠭᠡᠢ ᠪᠣᠷᠣ ᠡᠪᠦᠭᠡᠨ》 ᠂ 《 ᠡᠷᠭᠦᠨ᠎ᠡ ᠬᠤᠨ ᠤ ᠳᠣᠮᠣᠭ》 ᠂ 《 ᠭᠤᠷᠪᠠᠨ ᠲᠠᠭᠠᠳᠠᠭ》 ᠂ 《 ᠴᠠᠷᠴᠠ ᠨᠠᠮᠵᠢᠯ》 ᠵᠡᠷᠭᠡ ᠂ ᠡᠭᠦᠨ ᠡᠴᠡ ᠭᠠᠳᠠᠨ᠎ᠠ ᠬᠡᠦᠬᠡᠳ ᠦᠨ ᠳᠠᠭᠤᠤ ᠂ ᠨᠡᠪᠲᠡᠷᠡᠭᠦᠯᠭᠡ ᠡᠴᠡ ᠭᠠᠷᠭᠠᠨ᠎ᠠ᠃
2. ᠣᠷᠣᠯᠴᠠᠭᠰᠠᠳ ᠤ᠋ᠨ ᠬᠦᠷᠢᠶ᠎ᠡ ᠬᠡᠪᠴᠢᠶ᠎ᠡ᠄ ᠴᠡᠴᠡᠷᠯᠢᠭ᠂ ᠪᠠᠭ᠎ᠠ ᠰᠤᠷᠭᠠᠭᠤᠯᠢ ᠶ᠋ᠢᠨ ᠰᠤᠷᠤᠭᠴᠢᠳ ᠭᠣᠣᠯᠯᠠᠨ ᠣᠷᠣᠯᠴᠠᠨ᠎ᠠ᠃
3. ᠤᠷᠤᠯᠳᠤᠭᠠᠨ ᠦ᠌ ᠬᠡᠯᠪᠡᠷᠢ᠄ ᠠᠰᠠᠭᠤᠯᠲᠠ ᠬᠠᠷᠢᠭᠤᠯᠲᠠ ᠶ᠋ᠢᠨ ᠬᠡᠯᠪᠡᠷᠢ ᠪᠡᠷ ᠶᠠᠪᠤᠭᠳᠠᠨ᠎ᠠ᠃
4. ᠠᠰᠠᠭᠤᠯᠲᠠ ᠬᠠᠷᠢᠭᠤᠯᠬᠤ ᠳ᠋ᠤ᠌ ᠪᠠᠨ ᠳᠦᠷᠰᠦ ᠰᠢᠩᠭᠡᠭᠡᠯᠲᠡ ᠶ᠋ᠢᠨ ᠬᠡᠯᠪᠡᠷᠢ᠂ ᠦᠰᠦᠭ ᠪᠢᠴᠢᠭ ᠤ᠋ᠨ ᠬᠡᠯᠪᠡᠷᠢ ᠪᠡᠷ ᠬᠠᠷᠢᠭᠤᠯᠵᠤ ᠪᠣᠯᠤᠨ᠎ᠠ᠃
5. ᠤᠷᠤᠯᠳᠤᠭᠠᠨ ᠦ᠌ ᠳ᠋ᠦᠩ ᠳ᠋ᠦ᠍ 《 ᠪᠢᠯᠢᠭ ᠦ᠋ᠨ ᠣᠴᠢ ᠰᠣᠳᠣᠨ ᠬᠡᠦᠬᠡᠳ》 ᠰᠢᠯᠭᠠᠷᠠᠭᠤᠯᠵᠤ᠂ ᠭᠤᠷᠪᠠᠨ ᠳᠡᠰ ᠬᠤᠪᠢᠶᠠᠨ ᠤᠷᠮᠠᠰᠢᠭᠤᠯᠤᠨ᠎ᠠ᠃
ᠬᠢᠨᠠᠯᠲᠠ ᠬᠢᠬᠦ ᠭᠠᠵᠠᠷ᠄ 《 ᠬᠡᠦᠬᠡᠯᠳᠡᠢ》 0 0 1 ᠬᠣᠯᠪᠣᠭ᠎ᠠ
ᠡᠷᠬᠢᠯᠡᠬᠦ ᠨᠢᠭᠡᠴᠡ ᠄ 《 ᠬᠡᠦᠬᠡᠯᠳᠡᠢ ᠺᠢᠨᠣ᠋》 ᠬᠣᠯᠪᠣᠭ᠎ᠠ
ᠳᠡᠮᠵᠢᠭᠴᠢ ᠄ The North Land ᠢᠮᠠᠭᠠᠨ ᠨᠣᠯᠤᠤᠷ ᠺᠣᠮᠫᠠᠨᠢ
ᠤᠷᠤᠯᠳᠤᠭᠠᠨ ᠦ᠌ ᠴᠠᠭ᠄ 2 0 2 4 ᠣᠨ ᠤ 1ᠰᠠᠷ᠎ᠠ ᠶᠢᠨ 2 8 ᠦ ᠣᠷᠣᠢ ᠶ᠋ᠢᠨ ᠳᠣᠯᠣᠭᠠᠨ ᠴᠠᠭ ᠡᠴᠡ ᠨᠠᠢ᠍ᠮᠠᠨ ᠴᠠᠭ ᠪᠣᠯᠲᠠᠯ᠎ᠠ᠃
(1 9:0 0-2 0:0 0)
