ᠮᠠᠩᠨᠠᠢ ᠳᠤ ᠪᠣᠰᠳᠠᠭ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Магнайд босдог хүн – Д ᠂ Наваансүрэн ( Цуврал өгүүллэг) ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠩᠨᠠᠢ ᠳᠤ ᠪᠣᠰᠳᠠᠭ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Магнайд босдог хүн – Д ᠂ Наваансүрэн ( Цуврал өгүүллэг)

ᠮᠠᠩᠨᠠᠢ ᠳᠤ ᠪᠣᠰᠳᠠᠭ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Магнайд босдог хүн – Д ᠂ Наваансүрэн ( Цуврал өгүүллэг)

ᠠᠩᠭᠢᠯᠠᠯ:ᠬᠣᠱᠣᠩ ᠱᠣᠭ
2023-12-21

323

ᠮᠠᠩᠨᠠᠢ ᠳᠤ ᠪᠣᠰᠳᠠᠭ ᠬᠥᠮᠦᠨ


                                 ᠳ ᠂ ᠨᠠᠸᠠᠩᠰᠥ᠋ᠷᠦᠩ 
                                            ( ᠴᠤᠪᠤᠷᠠᠯ ᠥᠭᠦᠯᠡᠯᠭᠡ) 

       ᠮᠠᠩᠨᠠᠢ ᠳ᠋ᠤ᠌ ᠪᠣᠰᠳᠠᠭ ᠬᠥᠮᠦᠨ ᠭᠡᠬᠦ ᠪᠡᠷ ᠲᠠ ᠨᠥᠬᠥᠳ ᠪᠥᠬᠡ ᠬᠥᠮᠦᠨ ᠦ᠌ ᠲᠤᠬᠠᠢ ᠶᠠᠷᠢᠬᠤ ᠨᠢ ᠭᠡᠵᠦ ᠰᠠᠨᠠᠭᠤᠵᠠᠢ᠃ ᠮᠠᠨ ᠤ᠋ ᠭᠣᠴᠣᠣ ᠪᠥᠬᠡ ᠬᠥᠮᠦᠨ ᠪᠢᠰᠢ ᠠ᠋᠃  ᠵᠢᠭᠠᠪᠤᠷᠢᠯᠠᠭᠴᠢ ᠬᠢᠳᠡᠭ ᠳᠠᠷᠠᠰᠤ ᠰᠢᠭ ᠨᠠᠷᠢᠬᠠᠨ ᠥᠨᠳᠥᠷ᠂ ᠣᠳᠣ ᠪᠠᠰᠠ ᠨᠠᠰᠤ ᠰᠡᠭᠦᠳᠡᠷ ᠨᠢ ᠵᠠᠭᠤ ᠶ᠋ᠢᠨ ᠲᠠᠯ᠎ᠠ ᠳᠥᠭᠥᠵᠦ ᠶᠠᠪᠤᠭ᠎ᠠ ᠶ᠋ᠢᠨ ᠬᠠᠷᠠᠭ᠎ᠠ ᠪᠠᠷ ᠪᠠᠬᠠᠨ ᠳᠣᠬᠢᠢᠵᠤ ᠶᠠᠪᠤᠭ᠎ᠠ ᠬᠥᠮᠦᠨ᠂ ᠭᠣᠴᠣᠣ ᠶ᠋ᠢ ᠮᠠᠨ ᠤ᠋ ᠬᠢᠨ ᠵᠠᠷᠢᠮ  ᠳ᠋ᠠᠭᠠᠨ ᠳᠠᠷᠬᠠᠨ ᠠᠪᠤᠷᠭᠤ ᠭᠡᠳᠡᠭ᠃ 
       ᠭᠣᠴᠣᠣ ᠶᠠᠭᠠᠬᠢᠭᠠᠳ ᠡᠢᠮᠦ ᠨᠡᠷ᠎ᠡ ᠬᠡᠵᠢᠶ᠎ᠡ ᠠᠪᠤᠭᠰᠠᠨ ᠢ᠋ ᠪᠢ ᠮᠡᠳᠡᠬᠦ ᠦᠭᠡᠢ ᠠ᠋᠂ ᠡᠨᠡ ᠬᠥᠮᠦᠨ ᠮᠠᠨ ᠤ᠋ ᠳ᠋ᠤ᠌ ᠢᠷᠡᠬᠦ  ᠳ᠋ᠡᠭᠡᠨ ᠯᠡ ᠡᠢᠮᠦ ᠨᠡᠷ᠎ᠡ ᠲᠡᠢ ᠪᠠᠢᠭᠰᠠᠨ ᠶᠤᠮ᠃ ᠭᠣᠴᠣᠣ ᠪᠢᠳᠡ ᠬᠣᠶᠠᠷ ᠠᠷᠪᠠᠭᠠᠳ ᠵᠢᠯ ᠨᠢᠭᠡ ᠳᠣᠣᠷ᠎ᠠ ᠠᠵᠢᠯᠯᠠᠵᠤ ᠪᠠᠢᠭ᠎ᠠ ᠶᠤᠮ᠃ ᠭᠣᠴᠣᠣ ᠰᠢᠭᠦᠮᠵᠢᠯᠡᠳᠡᠭ ᠴᠦ᠍ ᠪᠠᠢ ᠰᠢᠭᠦᠮᠵᠢᠯᠡᠳᠡᠭ ᠦᠭᠡᠢ ᠴᠦ᠍ ᠪᠠᠢ ᠬᠠᠮᠢᠭ᠎ᠠ ᠦᠭᠡᠢ ᠲᠣᠮᠣ ᠵᠢᠵᠢᠭ ᠶᠠᠮᠠᠷ ᠯᠠ ᠬᠤᠷᠠᠯ ᠵᠥᠪᠯᠡᠯᠭᠡᠨ ᠪᠣᠯᠤᠨ᠎ᠠ᠂ ᠠᠪᠴᠤ ᠳᠠᠪᠬᠢᠳᠠᠭ ᠣᠮᠣᠭᠯᠠᠩ ᠮᠣᠷᠢ ᠰᠢᠭ᠋ ᠲᠡᠷᠢᠭᠦᠯᠡᠨ ᠪᠣᠰᠴᠤ ᠪᠡᠯᠡᠨ ᠵᠠᠯᠠᠨ ᠬᠥᠪᠦᠭᠦᠯᠵᠦ ᠭᠠᠷᠤᠨ᠎ᠠ᠃ ᠲᠡᠷᠡ ᠴᠦ᠍ ᠪᠠᠢᠲᠤᠭᠠᠢ ᠢᠯᠡᠳᠬᠡᠭᠴᠢ ᠢᠯᠡᠳᠬᠡᠯ ᠢ᠋ᠶ᠋ᠡᠨ ᠳᠤᠮᠳᠠ ᠨᠢ ᠣᠷᠣᠭ᠎ᠠ ᠦᠭᠡᠢ ᠪᠠᠢᠬᠤ ᠳ᠋ᠤ᠌ ᠪᠣᠰᠬᠤ ᠭᠡᠳ ᠥᠨᠳᠡᠯᠵᠡᠭᠡᠳ ᠤᠨᠠᠳᠠᠭ ᠶᠤᠮ᠃ ᠰᠠᠶ᠋ᠢᠬᠠᠨ ᠶᠠᠭᠠᠬᠢᠭᠠᠳ ᠴᠦ᠍ ᠪᠣᠢ ᠮᠠᠨ ᠤ᠋ ᠳ᠋ᠤ᠌ ᠨᠢᠭᠡ ᠡᠳᠦᠷ ᠭᠤᠷᠪᠠᠨ ᠬᠤᠷᠠᠯ ᠳᠠᠷᠠᠭᠠᠯᠠᠨ ᠪᠣᠯᠤᠯ᠎ᠠ᠂ ᠡᠬᠢᠯᠡᠭᠡᠳ ᠬᠠᠷᠢᠭᠤᠴᠠᠯᠭᠠᠲᠠᠨ ᠤ᠋ ᠵᠥᠪᠯᠡᠯᠭᠡᠨ ᠪᠣᠯᠵᠤ ᠳᠠᠷᠠᠭ᠎ᠠ ᠨᠢ ᠡᠪᠦᠯ ᠦ᠋ᠨ ᠪᠡᠯᠡᠳᠬᠡᠯ ᠦ᠋ᠨ ᠲᠤᠬᠠᠢ ᠡᠭᠦᠷᠭᠡ ᠥᠭᠬᠦ ᠳ᠋ᠦ᠍ ᠭᠣᠴᠣᠣ ᠪᠣᠯᠬᠤ ᠤᠤ ᠭᠡᠳ ᠯᠡ ᠪᠣᠰᠤᠯ᠎ᠠ᠃ 
       ᠬᠥᠮᠦᠰ ᠭᠣᠴᠣᠣ ᠶ᠋ᠢ ᠦᠭᠡ ᠬᠡᠯᠡᠬᠦ ᠪᠡᠷ ᠪᠣᠰᠬᠤ ᠪᠦᠷᠢ ᠰᠢᠪᠠᠷ ᠠᠪᠢᠷ ᠭᠡᠯᠴᠡᠨ ᠪᠥᠭᠡᠮ ᠱᠤᠤᠭᠢᠶᠠᠨ ᠪᠣᠯᠳᠠᠭ᠃ ᠭᠣᠴᠣᠣ ᠤᠷᠢᠲᠤᠳᠠᠭᠰᠠᠨ ᠶᠤᠮ ᠤᠤ ᠭᠡᠮᠡᠷ ᠤᠷᠲᠤ ᠲᠤᠷᠠᠩᠬᠠᠢ ᠭᠠᠷ ᠢ᠋ᠶ᠋ᠠᠷ ᠢ᠋ᠶ᠋ᠠᠨ ᠢᠯᠡᠳᠬᠡᠭᠴᠢ ᠶ᠋ᠢᠨ ᠰᠢᠷᠡᠭᠡ ᠲᠣᠬᠣᠢᠯᠳᠤᠨ ᠳᠠᠷᠤᠭ᠎ᠠ ᠥᠭᠡᠳᠡ ᠬᠠᠭᠠᠰ ᠡᠷᠭᠢᠭᠡᠳ ᠶᠠᠷᠢᠵᠤ ᠭᠠᠷᠤᠯ᠎ᠠ᠃ ᠶᠠᠷᠢᠭᠠᠳ ᠯᠠ ᠪᠠᠢᠬᠤ ᠶᠤᠮ ᠁ ᠶᠠᠷᠢᠭᠠᠳ ᠯᠠ ᠪᠠᠢᠬᠤ ᠶᠤᠮ ᠶᠠᠭᠤ ᠶᠠᠷᠢᠭᠠᠳ ᠪᠠᠢᠪᠠ? ᠳᠠᠷᠤᠭ᠎ᠠ ᠶ᠋ᠢᠨ ᠢᠯᠡᠳᠬᠡᠯ ᠢ᠋ ᠡᠰᠢ ᠲᠠᠲᠠᠵᠤ ᠡᠨᠳᠡ ᠲᠡᠨᠳᠡ ᠨᠢ ᠳᠠᠷᠤᠭ᠎ᠠ ᠶ᠋ᠢᠨ ᠬᠡᠯᠡᠳᠡᠭ ᠦᠨᠡᠨ᠂ ᠮᠠᠨ ᠤ᠋ ᠳᠤ ᠤᠳᠤᠷᠢᠳᠤᠯᠭ᠎ᠠ ᠶ᠋ᠢᠨ ᠰᠢᠢᠳᠪᠦᠷᠢ ᠶ᠋ᠢ ᠮᠠᠭᠤ ᠪᠡᠶᠡᠯᠡᠭᠦᠯᠳᠡᠭ ᠬᠥᠮᠦᠨ ᠨᠠᠳᠠ ᠠ᠋ᠴᠠ ᠡᠬᠢᠯᠡᠭᠡᠳ ᠵᠥᠩᠳᠡᠭᠡᠨ ᠪᠠᠢᠨ᠎ᠠ ᠯᠠ ᠭᠡᠬᠦ ᠶᠦᠮ᠃ ᠳᠠᠷᠤᠭ᠎ᠠ ᠡᠪᠦᠯ ᠦ᠋ᠨ ᠪᠡᠯᠡᠳᠬᠡᠯ ᠬᠠᠩᠭᠠᠯᠲᠠ ᠦᠭᠡᠢ ᠪᠠᠢᠨ᠎ᠠ ᠭᠡᠵᠦ ᠲᠠ ᠪᠢᠳᠡᠨ ᠳ᠋ᠦ᠍ ᠠᠩᠬᠠᠷᠤᠭᠤᠯᠵᠤ ᠪᠠᠢᠨ᠎ᠠ᠃ ᠪᠢᠳᠡ ᠳᠣᠣᠷ᠎ᠠ ᠪᠦᠷᠢᠨ ᠪᠣᠳᠣᠬᠤ ᠴᠠᠭ ᠪᠣᠯᠵᠠᠢ ᠯᠠ ᠭᠡᠨ᠎ᠡ᠃ ᠲᠡᠭᠡᠭᠡᠳ ᠳᠠᠷᠤᠭ᠎ᠠ ᠶ᠋ᠢᠨ ᠶᠠᠷᠢᠶ᠎ᠠ ᠥᠭᠦᠯᠡᠪᠦᠷᠢ ᠪᠦᠷᠢ ᠶ᠋ᠢ ᠳᠠᠪᠲᠠᠭᠰᠠᠭᠠᠷ ᠬᠣᠶᠠᠷ ᠬᠥᠮᠦᠨ ᠦ᠌ ᠶᠠᠷᠢᠬᠤ ᠴᠠᠭ ᠨᠥᠭᠴᠢᠭᠡᠪᠡ᠃ ᠬᠥᠮᠦᠰ ᠴᠠᠭ ᠢ᠋ᠶ᠋ᠠᠨ ᠬᠠᠷᠠᠨ ᠳᠤᠷ᠎ᠠ ᠦᠭᠡᠢᠴᠡᠨ ᠰᠢᠪᠡᠷ ᠠᠪᠢᠷ ᠭᠡᠯᠴᠡᠪᠡ᠃ ᠤᠴᠢᠷ ᠤᠳᠬ᠎ᠠ ᠦᠭᠡᠢ ᠬᠡᠯᠬᠢᠶ᠎ᠡ᠂ ᠬᠣᠯᠪᠣᠭᠳᠠᠬᠤ ᠦᠭᠡᠢ ᠬᠠᠴᠢᠨ ᠮᠠᠭᠲᠠᠭᠠᠯ ᠰᠣᠨᠣᠰᠴᠤ ᠡᠪ ᠦᠭᠡᠢ ᠪᠠᠢᠳᠠᠯ ᠳ᠋ᠤ᠌ ᠣᠷᠣᠭᠰᠠᠨ ᠳᠠᠷᠤᠭ᠎ᠠ ᠴᠠᠭ ᠪᠣᠯᠵᠤ ᠪᠠᠢᠨ᠎ᠠ ᠰᠠᠨᠠᠯ ᠢ᠋ᠶ᠋ᠠᠨ ᠬᠡᠯᠡ ᠭᠡᠵᠦ ᠬᠡᠳᠦᠨᠲᠡ ᠱᠠᠭᠠᠷᠳᠠᠪᠠ᠃ ᠭᠣᠴᠣᠣ ᠡᠴᠦᠰ ᠲᠦ ᠨᠢ ᠭᠡᠵᠦ ᠠᠷᠪᠠ ᠳᠠᠬᠢᠨ ᠳᠠᠪᠲᠠᠭᠠᠳ ᠶᠡᠨᠳᠡᠷ ᠡᠴᠡ ᠳᠤᠷ᠎ᠠ ᠲᠠᠢ ᠳᠤᠷ᠎ᠠ ᠦᠭᠡᠢ ᠪᠠᠭᠤᠵᠤ ᠢᠷᠡᠪᠡ᠃ ᠳᠠᠷᠠᠭ᠎ᠠ ᠨᠢ ᠪᠦᠬᠦ ᠠᠵᠢᠯᠲᠠᠳ ᠤ᠋ᠨ ᠵᠥᠪᠯᠡᠯᠭᠡᠨ ᠦᠢᠯᠡᠳᠪᠦᠷᠢᠴᠢᠨ ᠦ᠌ ᠬᠣᠷᠢᠶᠠᠨ ᠤ᠋ ᠪᠦᠬᠦ ᠭᠡᠰᠢᠭᠦᠳ ᠦ᠋ᠨ ᠬᠤᠷᠠᠯ ᠳᠠᠷᠠᠭᠠᠯᠠᠨ ᠪᠣᠯᠬᠤ ᠳ᠋ᠤ᠌ ᠭᠣᠴᠣᠣ ᠠᠯᠢ ᠠᠯᠢᠨ ᠳ᠋ᠤᠨᠢ ᠰᠠᠨᠠᠯ ᠰᠢᠭᠦᠮᠵᠢᠯᠡᠯ ᠭᠠᠷᠭᠠᠴᠢᠬᠠᠳᠠᠭ ᠤ᠋ᠨ ᠮᠠᠩᠨᠠᠢ ᠳ᠋ᠤ᠌ ᠪᠣᠰᠤᠯ᠎ᠠ᠃ ᠥᠷᠯᠥᠭᠡ ᠶ᠋ᠢᠨ ᠶᠠᠷᠢᠭᠰᠠᠨ ᠢ᠋ᠶ᠋ᠠᠨ ᠦᠭᠡ ᠦᠰᠦᠭ ᠬᠡᠭᠡᠯ ᠦᠭᠡᠢ ᠯᠡ ᠨᠤᠷᠰᠢᠨ ᠳᠠᠪᠲᠠᠵᠤ ᠭᠠᠷᠤᠯ᠎ᠠ᠃ ᠣᠯᠤᠯᠲᠠ ᠠᠮᠵᠢᠯᠲᠠ ᠪᠠᠢᠨ᠎ᠠ ᠯᠠ ᠭᠡᠨ᠎ᠡ ᠳᠤᠲᠠᠭᠳᠠᠯ ᠬᠣᠴᠣᠷᠤᠭᠳᠠᠯ ᠵᠥᠩᠳᠡᠭᠡᠨ ᠯᠡ ᠭᠡᠨ᠎ᠡ ᠰᠠᠢᠨ ᠢ᠋ ᠨᠢ ᠴᠦ᠍ ᠰᠠᠭᠠᠷ ᠢ᠋ ᠨᠢ ᠴᠦ᠍ ᠣᠨᠴᠠᠯᠠᠨ ᠴᠣᠬᠣᠵᠤ ᠤᠨᠤᠵᠤ ᠨᠡᠷᠡᠯᠡᠬᠦ ᠦᠭᠡᠢ ᠪᠦᠳᠦᠭᠦᠪᠴᠢᠯᠡᠵᠦ ᠪᠦᠷᠬᠦᠭᠳᠡᠭᠦᠯᠵᠦ ᠥᠩᠭᠡᠷᠡᠪᠡ᠃ ᠥᠨᠥᠳᠥᠷ ᠦ᠋ᠨ ᠭᠤᠷᠪᠠᠨ ᠬᠤᠷᠠᠯ ᠠ᠋ᠴᠠ ᠯᠠ ᠯᠠᠪ ᠨᠢᠭᠡ ᠴᠠᠭ ᠢ᠋ ᠨᠢ ᠭᠣᠴᠣᠣ ᠱᠣᠮᠪᠣᠳᠠᠴᠢᠬᠠᠯ᠎ᠠ᠃ ᠬᠣᠷᠢᠨ ᠵᠢᠯ ᠠᠯᠪᠠ ᠬᠠᠭᠠᠵᠤ ᠮᠠᠩᠨᠠᠢ ᠳ᠋ᠤ᠌ ᠪᠣᠰᠳᠠᠭ ᠬᠥᠮᠦᠨ ᠭᠡᠳᠡᠭ ᠨᠡᠷ᠎ᠡ ᠬᠣᠴᠢ ᠠᠪᠲᠠᠯ᠎ᠠ ᠮᠥᠨ ᠴᠦ᠍ ᠣᠯᠠᠨ ᠴᠠᠭ ᠱᠣᠮᠪᠣᠳᠠᠭᠠᠳ ᠬᠠᠢᠷᠠᠨ ᠴᠠᠭ ᠠᠵᠢᠯ ᠳ᠋ᠤ᠌ ᠲᠤᠰᠠ ᠲᠠᠢ᠂ ᠠᠩᠬᠠᠷᠴᠤ ᠠᠪᠤᠭᠤᠰᠢᠲᠠᠢ ᠶᠠᠭᠤᠮ᠎ᠠ ᠶᠠᠷᠢᠵᠤ ᠪᠠᠢᠭᠰᠠᠨ ᠢ᠋ ᠮᠠᠨ ᠤ᠋ ᠬᠢᠨ ᠮᠡᠳᠡᠬᠦ ᠦᠭᠡᠢ ᠶᠠᠭ ᠯᠠ ᠰᠠᠯᠬᠢᠨ ᠳ᠋ᠤ᠌ ᠳᠤᠤᠭᠠᠷᠴᠤ ᠪᠠᠢᠭ᠎ᠠ ᠯᠣᠩᠬᠣ ᠰᠢᠭ᠋ ᠰᠠᠨᠠᠭᠳᠠᠳᠠᠭ ᠶᠤᠮ᠃ ᠡᠢᠮᠦ ᠬᠠᠴᠢᠨ ᠬᠥᠮᠦᠰ ᠡᠨᠳᠡ ᠲᠡᠨᠳᠡ ᠮᠡᠷ ᠰᠡᠷ ᠴᠦ᠍ ᠭᠡᠰᠡᠨ ᠲᠠᠭᠠᠷᠠᠯᠳᠤᠬᠤ ᠯᠠ ᠶᠤᠮ᠃ ᠬᠠᠷᠢᠨ ᠬᠠᠴᠢᠨ ᠡᠢᠮᠦ ᠬᠥᠮᠦᠰ ᠨᠢᠭᠡ ᠠᠯᠪᠠᠨ ᠭᠠᠵᠠᠷ ᠣᠯᠠᠨ ᠢ᠋ᠶ᠋ᠠᠷ ᠪᠥᠭᠡᠮ ᠪᠠᠢᠬᠤ ᠨᠢ ᠬᠣᠪᠣᠷ᠂ ᠰᠠᠢᠨ ᠯᠠ ᠪᠣᠯ ᠬᠣᠶᠠᠷ ᠪᠠᠢᠳᠠᠭ ᠶᠤᠮ᠃ ᠤᠴᠢᠷ ᠨᠢ ᠭᠡᠪᠡᠯ ᠡᠳᠡ ᠨᠢᠭᠡ ᠳᠣᠣᠷ᠎ᠠ ᠪᠠᠢᠬᠤ ᠳ᠋ᠠᠭᠠᠨ ᠪᠡᠶ᠎ᠡ ᠪᠡᠶ᠎ᠡ ᠳ᠋ᠡᠭᠡᠨ ᠰᠦᠷᠡᠬᠡᠢ ᠬᠠᠯᠠᠲᠠᠢ ᠤᠴᠢᠷ ᠨᠢᠭᠡ ᠨᠢ ᠨᠥᠭᠦᠭᠡ ᠪᠡᠨ ᠨᠢᠳᠤᠷᠴᠢᠬᠠᠭᠠᠳ ᠪᠠᠢᠳᠠᠭ ᠶᠤᠮ᠃ ᠶᠠᠭᠠᠬᠢᠪᠠᠯ ᠳᠡᠭᠡᠷ᠎ᠡ ᠪᠣᠢ? ᠬᠠᠷᠢᠨ ᠠ᠋᠂ ᠴᠡᠴᠡᠷᠯᠢᠭ ᠦ᠋ᠨ ᠳᠣᠲᠣᠷᠠᠬᠢ ᠰᠢᠷᠠᠯᠵᠢ ᠶ᠋ᠢ ᠶᠠᠭᠠᠬᠢᠳᠠᠭ ᠪᠢᠯᠡ ᠳᠠ᠃ ᠲᠡᠭᠡᠳᠡᠭ ᠯᠡ ᠬᠡᠷᠡᠭ ᠳᠡ᠃   

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ
    ᠬᠢᠨᠠᠭ᠍ᠴᠢ :   ᠲᠤᠭ᠍ᠴᠢ ᠰᠠᠷᠠᠨ᠎ᠠ

             2023᠂ 12᠂ 10   ᠤ᠋ ᠡᠳᠦᠷ