ᠮᠥᠩᠬᠡ ᠲᠤᠩᠬᠤ 6-08Мөнх ТунхMunkh Tunkh
ᠮᠥᠩᠬᠡ ᠲᠤᠩᠬᠤ 6-08
ᠮᠥᠩᠬᠡ᠄ ᠬᠦᠢᠲᠡᠨ ᠰᠠᠯᠬᠢ ᠰᠡᠷᠴᠢᠭᠢᠨᠡᠭᠰᠡᠨ ᠡᠨᠡ ᠡᠵᠡᠭᠦᠢ ᠲᠠᠯ᠎ᠠ ᠳᠡᠭᠡᠷ᠎ᠡ ᠰᠡᠭᠦᠯᠴᠢ ᠶ᠋ᠢᠨ ᠡᠰᠡᠷᠭᠦᠴᠡᠭᠴᠢᠳ ᠡᠴᠦᠰ ᠦ᠋ᠨ ᠬᠦᠴᠦ ᠪᠡᠨ ᠰᠢᠪᠬᠠᠨ᠂ᠰᠡᠭᠦᠯ ᠦ᠋ᠨ ᠳᠣᠯᠣᠭᠠᠨ ᠳ᠋ᠤ᠌ ᠪᠠᠨ ᠣᠷᠣᠬᠤ ᠳ᠋ᠤ᠌ ᠪᠠᠨ ᠪᠡᠯᠡᠳᠴᠦ ᠪᠠᠢᠯ᠎ᠠ᠃ᠰᠡᠭᠦᠯᠴᠢ ᠶ᠋ᠢᠨ ᠡᠰᠡᠷᠭᠦᠴᠡᠭᠴᠢᠳ ᠳᠣᠯᠣᠭᠠᠨ ᠢ᠋ ᠳᠠᠭᠤᠰᠬᠠᠵᠤ᠂ ᠬᠢᠮᠡᠯ ᠣᠶᠤᠨ ᠤᠬᠠᠭᠠᠨᠲᠤ ᠷᠤᠪᠲ ᠤ᠋ᠳ ᠤ᠋ᠨ ᠡᠰᠡᠷᠭᠦ ᠬᠢᠬᠦ ᠰᠢᠷᠦᠭᠦᠨ ᠳᠣᠯᠣᠭᠠᠨ ᠳ᠋ᠤ᠌ ᠪᠠᠨ ᠪᠡᠯᠡᠳᠴᠦ ᠪᠠᠢᠯ᠎ᠠ᠃
ᠲᠤᠩᠬᠤ᠄
ᠲᠡᠭᠡᠭᠰᠡᠨ ᠴᠢᠨᠢ ᠮᠠᠨ ᠤ᠋ ᠰᠡᠭᠦᠯᠴᠢ ᠶ᠋ᠢᠨ ᠡᠰᠡᠷᠭᠦᠴᠡᠭᠴᠢᠳ ᠡᠳᠦᠷ ᠦ᠋ᠨ ᠬᠣᠭᠣᠯᠠ ᠨᠢ
ᠪᠣᠯᠤᠭᠰᠠᠨ ᠢ᠋ᠶ᠋ᠠᠨ ᠴᠤ᠌ ᠮᠠᠲᠠᠯ ᠦᠭᠡᠢ ᠲᠤᠯᠤᠯᠳᠤᠭᠰᠠᠭᠠᠷ ᠪᠠᠢᠵᠠᠢ᠃
ᠮᠥᠩᠬᠡ᠄
ᠢᠩᠭᠢᠭᠡᠳ ᠰᠡᠭᠦᠯᠴᠢ ᠶ᠋ᠢᠨ᠂ ᠦ᠂ ᠬᠡ ᠬᠠ ᠬᠠ᠂ ᠪᠦᠷ ᠶᠠᠭ ᠳᠣᠯᠣᠭᠠᠨ ᠪᠣᠯᠬᠤ ᠠ᠋ᠴᠠ ᠡᠮᠦᠨ᠎ᠡ ᠣᠷᠣᠵᠤ
ᠢᠷᠡᠳᠡᠭ ᠬᠡᠪ ᠢ᠋ᠶ᠋ᠡᠷ ᠢ᠋ᠶ᠋ᠡᠨ ᠰᠢᠪ ᠳᠡ᠃
ᠲᠤᠩᠬᠤ᠄
ᠲᠡᠢᠮᠦ ᠠ᠋ ᠶᠠᠭ ᠯᠠ ᠲᠠᠭᠠᠷᠠᠯ᠎ᠠ ᠳᠠ᠂ ᠬᠠ ᠬᠠ ᠬᠠ
ᠮᠥᠩᠬᠡ᠄
ᠬᠣᠭᠣᠯᠠ ᠪᠣᠯᠴᠢᠬᠠᠭᠰᠠᠨ ᠭᠡᠰᠡᠨ ᠤᠤ?ᠶᠣ ᠂ ᠶᠠᠭ
ᠥᠯᠥᠰᠦᠭᠡᠳ ᠪᠠᠢᠵᠤ ᠪᠠᠢᠭᠰᠠᠨ ᠶᠤᠮ᠃
ᠲᠤᠩᠬᠤ᠄
ᠠ ᠬᠠ ᠳᠡᠭᠡᠭᠰᠢ ᠪᠡᠨ ᠭᠠᠷᠴᠠᠭᠠᠶᠡ᠃
ᠠᠷᠸ᠎ᠡ᠄
ᠵᠠ ᠳᠡᠭᠦᠦ ᠨᠠᠷ ᠮᠢᠨᠢ ᠲᠠ ᠨᠠᠷ ᠲᠤ᠌ ᠪᠠᠨ ᠭᠠᠢᠬᠠᠯᠲᠠᠢ ᠰᠦ ᠲᠡᠢ ᠪᠤᠳᠠᠭ᠎ᠠ ᠪᠡᠯᠡᠳᠦᠭᠰᠡᠨ ᠪᠠᠢᠭ᠎ᠠ᠃
ᠲᠤᠩᠬᠤ᠄
ᠸᠠ ᠧᠦ!
ᠮᠥᠩᠬᠡ᠄
ᠸᠠ᠂ᠶᠠᠭᠤ ᠪᠣᠢ?
ᠠᠷᠸ᠎ᠡ ᠠᠬ᠎ᠠ ᠠ᠋ ᠂ᠪᠢ ᠥᠭᠡᠷ᠎ᠡ ᠭᠣᠶᠣ ᠬᠣᠭᠣᠯᠠ ᠢᠳᠡᠮᠡᠷ
ᠪᠠᠢᠭᠰᠠᠨ ᠰᠢᠲᠠ᠃
ᠲᠤᠩᠬᠤ᠄
ᠮᠥᠩᠬᠡ ᠠ᠋᠂ ᠭᠣᠶᠣ ᠯᠠ ᠬᠣᠭᠣᠯᠠ ᠪᠠᠢᠨ᠎ᠠ ᠰᠢᠲᠠ᠃
ᠮᠥᠩᠬᠡ᠄
ᠦᠭᠡᠢ᠂ ᠠᠷᠸ᠎ᠡ ᠠᠬ᠎ᠠ ᠠ᠋ ᠂ ᠥᠱ᠌ᠢᠶᠡ ᠭᠣᠶᠣ ᠬᠣᠭᠣᠯᠠ ᠢᠳᠡᠮᠡᠷ ᠪᠠᠢᠨ᠎ᠠ ᠰᠢᠦ ᠳᠡ᠃
ᠲᠤᠩᠬᠤ᠄
ᠮᠥᠩᠬᠡ ᠠ᠋᠂ᠵᠥᠩᠳᠡᠭᠡᠨ ᠭᠣᠶᠣ ᠬᠣᠭᠣᠯᠠ ᠨᠤᠭᠤᠳ ᠪᠠᠢᠬᠤ ᠳ᠋ᠤ᠌᠂ᠶᠠᠭᠠᠬᠢᠭᠠᠳ ᠢᠳᠡᠬᠦ ᠦᠭᠡᠢ ᠭᠡᠳ
ᠪᠠᠢᠭ᠎ᠠ ᠶᠤᠮ ᠪᠣᠢ?
ᠮᠥᠩᠬᠡ᠄
ᠦᠭᠡᠢ ᠶᠡᠷᠦ ᠡᠴᠡ ᠪᠡᠨ ᠲᠠᠭᠠᠯᠠᠭᠳᠠᠬᠤ ᠦᠭᠡᠢ ᠪᠠᠢᠨ᠎ᠠ᠃
ᠠᠷᠸ᠎ᠡ᠄
ᠳᠡᠭᠦᠦ ᠨᠠᠷ ᠮᠢᠨᠢ ᠬᠣᠭᠣᠯᠠ ᠪᠠᠨ ᠢᠳᠡᠴᠢᠬᠡᠭᠡᠳ ᠨᠢᠭᠡ ᠰᠣᠨᠢᠷᠬᠠᠯᠲᠠᠢ ᠦᠯᠢᠭᠡᠷ ᠢ᠋ᠶ᠋ᠡᠷ ᠠᠶᠠᠯᠠᠵᠠᠭᠠᠬᠤ
ᠤᠤ?
ᠮᠥᠩᠬᠡ᠄
ᠪᠢ ᠯᠡ ᠯᠠᠪ ᠥᠨᠥᠳᠥᠷ ᠦ᠋ᠨ ᠬᠣᠭᠣᠯᠠ ᠪᠠᠨ ᠢᠳᠡᠬᠦ ᠦᠭᠡᠢ ᠪᠠᠢᠬᠤ ᠪᠠᠷ ᠰᠢᠢᠳᠦᠯ᠎ᠡ᠃
ᠲᠤᠩᠬᠤ᠄
ᠵᠠ ᠵᠠ᠃
ᠠᠷᠸ᠎ᠡ᠄
ᠦᠯᠢᠭᠡᠷ ᠢ᠋ᠶ᠋ᠡᠷ ᠠᠶᠠᠯᠠᠬᠤ ᠳ᠋ᠤ᠌ ᠪᠠᠨ ᠪᠡᠯᠡᠳᠦᠭᠡᠷᠡᠢ᠃
ᠲᠤᠩᠬᠤ᠄
ᠳᠡᠭᠡᠯ ᠦᠭᠡᠢ ᠶᠠᠭᠠᠬᠢᠬᠤ ᠪᠣᠢ᠂ ᠠᠶᠠᠯᠠᠵᠠᠭᠠᠶ᠎ᠠ᠃
ᠮᠣᠩᠭᠣᠯ
ᠠᠷᠠᠳ ᠤ᠋ᠨ ᠦᠯᠢᠭᠡᠷ ᠠᠮᠲᠠ ᠲᠠᠢ ᠬᠣᠭᠣᠯᠠ
ᠡᠷᠲᠡ
ᠳᠡᠭᠡᠷ᠎ᠡ ᠦᠶ᠎ᠡ ᠳ᠋ᠦ᠍ ᠶᠦᠮ ᠭᠡᠨ᠎ᠡ᠃ᠣᠯᠠᠨ ᠠᠷᠪᠠᠨ ᠭᠦᠷᠦᠨ ᠦ᠌ ᠲᠡᠷᠲᠡᠭᠡ ᠣᠷᠣᠰᠢᠬᠤ ᠠᠭᠤᠤ ᠡᠵᠡᠨᠲᠦ
ᠭᠦᠷᠦᠨ ᠦ᠌ ᠨᠢᠭᠡᠨ ᠬᠠᠭᠠᠨ ᠪᠠᠢᠵᠠᠢ᠃ ᠠᠮᠲᠠᠲᠠᠢ ᠰᠢᠮᠡᠳᠡ ᠲᠡᠢ ᠪᠦᠬᠦᠢᠯᠡ ᠬᠣᠭᠣᠯᠠ ᠶ᠋ᠢ ᠣᠯᠠᠨ ᠵᠢᠯ
ᠢᠳᠡᠵᠦ ᠰᠡᠭᠦᠯ ᠳ᠋ᠦ᠍ ᠪᠡᠨ ᠶᠠᠮᠠᠷ ᠴᠤ᠌ ᠬᠣᠭᠣᠯᠠ ᠢᠳᠡᠭᠰᠡᠨ ᠠᠮᠲᠠ ᠦᠭᠡᠢ ᠰᠠᠨᠠᠭᠳᠠᠬᠤ
ᠪᠣᠯᠵᠠᠢ᠂ᠬᠠᠮᠤᠭ ᠤ᠋ᠨ ᠰᠠᠢᠨ ᠬᠣᠭᠣᠯᠠ ᠬᠢᠭᠰᠡᠨ ᠠᠯᠪᠠᠲᠤ ᠵᠠᠷᠤᠴᠠ ᠶ᠋ᠢ ᠥᠪᠡᠷ ᠦ᠋ᠨ ᠲᠣᠭᠣᠭᠠᠴᠢ ᠪᠠᠷ
ᠠᠪᠤᠨ᠎ᠠ᠃ ᠬᠠᠷᠢᠨ ᠠᠮᠲᠠ ᠲᠠᠢ ᠬᠣᠭᠣᠯᠠ ᠬᠢᠵᠦ ᠴᠢᠳᠠᠭ᠎ᠠ ᠦᠭᠡᠢ ᠬᠥᠮᠦᠨ ᠪᠦᠷᠢ ᠶ᠋ᠢ ᠬᠣᠷᠢᠳᠠᠭ
ᠪᠠᠢᠪᠠ᠃ᠠᠷᠠᠳ ᠢᠷᠭᠡᠳ ᠴᠦ᠍ ᠬᠠᠮᠤᠭ ᠤ᠋ᠨ ᠮᠡᠳᠡᠳᠡᠭ ᠴᠢᠳᠠᠳᠠᠭ ᠠᠮᠲᠠᠲᠠᠢ ᠪᠦᠬᠦᠢᠯᠡ ᠬᠣᠭᠣᠯᠠ ᠪᠠᠨ ᠬᠢᠵᠦ
ᠥᠭᠭᠦᠭᠰᠡᠨ ᠴᠦ᠍ ᠬᠡᠨ ᠦ᠌ ᠬᠢᠨᠢ ᠴᠦ᠍ ᠬᠣᠭᠣᠯᠠ ᠰᠡᠳᠬᠢᠯ ᠳ᠋ᠦ᠍ ᠨᠢ ᠬᠦᠷᠦᠭᠰᠡᠨ ᠦᠭᠡᠢ ᠭᠡᠨ᠎ᠡ᠃ᠡᠨᠡ ᠦᠶ᠎ᠡ
ᠳ᠋ᠦ᠍ ᠣᠶᠤᠨ ᠤᠬᠠᠭᠠᠨ ᠨᠢ ᠴᠡᠯᠮᠡᠭ᠂ᠮᠡᠷᠭᠡᠨ ᠪᠠᠭᠤᠷᠠᠢ ᠭᠡᠮᠡᠨ ᠨᠡᠷᠡᠢᠳᠦᠭᠰᠡᠨ ᠡᠪᠦᠭᠡᠨ ᠪᠠᠢᠳᠠᠭ
ᠪᠠᠢᠵᠠᠢ᠃ᠣᠯᠠᠨ ᠢᠷᠭᠡᠳ ᠦ᠋ᠨ ᠳᠠᠷᠠᠭ᠎ᠠ ᠲᠡᠭᠦᠨ ᠦ᠌ ᠡᠭᠡᠯᠵᠢ ᠴᠦ᠍ ᠢᠷᠡᠵᠡᠢ ᠭᠡᠨ᠎ᠡ᠃
ᠪᠠᠰᠠᠷ᠄
ᠭᠦᠦᠭ᠂ ᠡᠨᠳᠡ ᠳ᠋ᠦ᠍ ᠴᠢᠨᠢ ᠶᠠᠭᠠᠬᠢᠭᠰᠠᠨ ᠣᠯᠠᠨ ᠠᠮᠲᠠ ᠲᠠᠢ ᠬᠣᠭᠣᠯᠠ ᠨᠤᠭᠤᠳ ᠬᠠᠷᠠᠭᠳᠠᠵᠤ ᠪᠠᠢᠨ᠎ᠠ᠃
ᠠ᠂ᠬᠡᠳᠦᠭᠦᠯᠡ ᠪᠡᠨ ᠡᠨᠡ ᠦᠯᠢᠭᠡᠷ ᠲᠦ᠍ ᠪᠡᠨ ᠪᠠ ᠢᠯᠠᠩᠭᠤᠶ᠎ᠠ ᠡᠨᠡ Restaurant ( ᠬᠣᠭᠣᠯᠠᠨ ᠭᠠᠵᠠᠷ )ᠳᠡᠭᠡᠷ᠎ᠡ
ᠵᠢᠭᠠᠬᠠᠨ ᠤᠳᠠᠬᠤ ᠤᠤ᠂ ᠦᠭᠡᠢ ᠤᠤ ? ᠬᠡ ᠬᠡ
ᠮᠥᠩᠬᠡ᠄
ᠬᠡ ᠬᠠ ᠬᠠ ᠬᠠ᠂ ᠲᠡᠢᠮᠦ ᠯᠡ ᠳᠡ᠂ᠭᠡᠬᠦ ᠳ᠋ᠦ᠍ ᠪᠡᠨ ᠶᠠᠭ ᠡᠨᠡ ᠭᠡᠳ ᠢᠳᠡᠴᠢᠬᠡᠬᠦ ᠪᠡᠷ ᠭᠣᠶᠣ ᠬᠣᠭᠣᠯᠠ
ᠬᠠᠷᠠᠭᠳᠠᠬᠤ ᠦᠭᠡᠢ ᠯᠡ ᠪᠠᠢᠨ᠎ᠠ ᠰᠢᠲᠠ᠃
ᠲᠤᠩᠬᠤ᠄
ᠨᠠᠢᠵᠠ ᠨᠤᠭᠤᠳ ᠠ᠋᠂ᠬᠡᠳᠦᠭᠦᠯᠡ ᠪᠡᠨ ᠳᠥᠩᠭᠡᠵᠦ ᠰᠠᠶᠢ ᠬᠣᠭᠣᠯᠠ ᠢᠳᠡᠭᠰᠡᠨ ᠰᠢᠦ ᠳᠡ᠂ᠡᠪᠦᠭᠡ ᠶ᠋ᠢ ᠣᠯᠵᠤ
ᠪᠦᠭᠦᠳᠡᠭᠡᠷ ᠢ᠋ᠶ᠋ᠡᠨ ᠲᠤᠰᠠᠯᠠᠵᠠᠭᠠᠶᠠ᠃
ᠪᠠᠰᠠᠷ᠄
ᠭᠡᠬᠦ ᠳ᠋ᠦ᠍ ᠪᠡᠨ᠁
ᠲᠤᠩᠬᠤ᠄
ᠪᠠᠰᠠᠷ ᠠ᠋
ᠪᠠᠰᠠᠷ᠄
ᠬᠣᠭᠣᠯᠠ ᠴᠢᠨᠢ
ᠲᠤᠩᠬᠤ᠄
ᠬᠡ ᠬᠡ ᠬᠡ᠂ ᠪᠠᠰᠠᠷ ᠠ᠋
ᠪᠠᠰᠠᠷ᠄
ᠬᠣᠭᠣᠯᠠ ᠴᠢᠨᠢ ᠬᠠᠢᠷ᠎ᠠ ᠰᠢᠦ ᠳᠡ ᠭᠡᠬᠦ ᠭᠡᠳ ᠪᠠᠢᠬᠤ ᠦᠭᠡᠢ ᠤᠤ ᠳᠠ᠃
ᠳ᠋ᠤᠷᠤᠷᠠᠨ᠄
ᠬᠡ ᠬᠡ ᠬᠡ᠂ ᠭᠦᠦᠭ᠂ ᠲᠡᠷᠡ᠂ ᠲᠡᠷᠡ ᠨᠥᠭᠦᠭᠡ ᠡᠪᠦᠭᠡ ᠮᠥᠨ ᠤᠤ?
ᠴᠠᠰᠤᠬᠠᠨ᠄
ᠮᠥᠨ ᠶᠦᠮ ᠰᠢᠭ ᠪᠠᠢᠨ᠎ᠠ᠂ ᠪᠦᠭᠦᠳᠡᠭᠡᠷ ᠢ᠋ᠶ᠋ᠡᠨ ᠣᠴᠢᠵᠤ ᠠᠰᠠᠭᠤᠶ᠎ᠠ᠃
ᠮᠥᠩᠬᠡ᠄
ᠡᠪᠦᠭᠡ?
ᠡᠪᠦᠭᠡᠨ᠄
ᠠ?
ᠶᠠᠭᠤ ᠭᠡᠪᠡ ᠬᠦᠦ ᠮᠢᠨᠢ᠃
ᠲᠤᠩᠬᠤ᠄
ᠡᠪᠦᠭᠡ ᠠ᠋?
ᠡᠪᠦᠭᠡᠨ᠄
ᠶᠠᠭᠤ ᠪᠢᠯᠡ?
ᠬᠦᠦ ᠮᠢᠨᠢ
ᠪᠠᠰᠠᠷ᠄
ᠡᠪᠦᠭᠡ ᠠ᠋?
ᠡᠪᠦᠭᠡᠨ᠄
ᠠ! ᠠᠢ ᠦᠭᠡᠢ ᠴᠢ ᠴᠢᠨᠢ ᠶᠠᠷᠢᠭᠠᠳ ᠪᠠᠢᠨ᠎ᠠ ᠤᠤ ᠳᠠ? ᠦᠭᠡᠢ ᠶᠡᠬᠡ ᠬᠠᠴᠢᠨ ᠶᠤᠮ ᠠ᠋᠂ ᠡᠳᠦᠢ ᠨᠠᠰᠤᠯᠠᠬᠤ ᠳ᠋ᠤ᠌ ᠪᠠᠨ
ᠶᠠᠷᠢᠳᠠᠭ ᠨᠣᠬᠠᠢ ᠦᠵᠡᠨ᠎ᠡ ᠭᠡᠵᠦ ᠪᠠᠢᠳᠠᠭ ᠠ᠋᠃
ᠴᠠᠰᠤᠬᠠᠨ᠄
ᠬᠡ ᠬᠡ ᠬᠡ᠂ ᠪᠢ ᠴᠦ᠍ ᠭᠡᠰᠡᠨ ᠶᠠᠷᠢᠵᠤ ᠴᠢᠳᠠᠨ᠎ᠠ᠃
ᠡᠪᠦᠭᠡᠨ:
ᠠᠢ ᠪᠥᠭᠡᠯᠵᠢ ᠭᠡᠴᠢ᠂ ᠶᠠᠭᠤ ᠭᠡᠭᠴᠢ ᠨᠢ ᠪᠣᠯᠤᠭᠠᠳ ᠪᠠᠢᠨ᠎ᠠ᠃
ᠪᠠᠰᠠᠷ᠄
ᠡᠪᠦᠭᠡ ᠬᠠᠷ᠎ᠠ ᠳᠠ᠂ᠪᠢ ᠪᠦᠷ ᠪᠥᠮᠪᠥᠭᠡ ᠪᠡᠷ ᠵᠢᠩᠭᠢᠯᠡᠭᠦᠷ ᠬᠦᠷᠲᠡᠯ᠎ᠡ ᠬᠢᠵᠦ ᠴᠢᠳᠠᠨ᠎ᠠ᠂ᠬᠠᠷ᠎ᠠ ᠳᠠ
ᠡᠪᠦᠭᠡ᠃
ᠡᠪᠦᠭᠡᠨ:
ᠠ!
ᠪᠠᠰᠠᠷ᠄
ᠡᠪᠦᠭᠡ ᠡᠪᠦᠭᠡ ᠠ᠋ ᠬᠠᠷ᠎ᠠ ᠳᠠ᠂ ᠬᠡ ᠬᠡ
ᠡᠪᠦᠭᠡᠨ:ᠠᠢ
ᠲᠩᠷᠢ ᠮᠢᠨᠢ ᠭᠡᠵᠢ᠃
ᠴᠠᠰᠤᠬᠠᠨ᠄
ᠡᠪᠦᠭᠡ ᠠ᠋ ᠲᠠᠨ ᠢ᠋ ᠰᠠᠨᠳᠤᠷᠭᠠᠭᠰᠠᠨ ᠳ᠋ᠤ᠌ ᠠᠭᠤᠴᠢᠯᠠᠭᠠᠷᠠᠢ᠂ᠪᠢᠳᠡ ᠬᠠᠷᠢᠨ ᠦᠯᠢᠭᠡᠷ ᠢ᠋ᠶ᠋ᠡᠷ
ᠠᠶᠠᠯᠠᠳᠠᠭ ᠬᠡᠦᠬᠡᠳ ᠦ᠋ᠳ ᠪᠠᠢᠭ᠎ᠠ ᠶᠤᠮ᠃
ᠡᠪᠦᠭᠡᠨ:ᠠᠢ
ᠳᠠ ᠬᠡᠦᠬᠡᠳ ᠦ᠋ᠳ ᠮᠢᠨᠢ᠂ᠬᠦᠰᠡᠯ ᠵᠣᠷᠢᠭ ᠶᠠᠭᠤ ᠪᠣᠢ?ᠬᠠᠮᠢᠭ᠎ᠠ ᠬᠦᠷᠴᠦ ᠶᠠᠪᠤᠭ᠎ᠠ ᠶᠤᠮ ᠳᠠ?
ᠴᠠᠰᠤᠬᠠᠨ᠄
ᠪᠢᠳᠡ ᠬᠠᠷᠢᠨ ᠲᠠᠨ ᠳ᠋ᠤ᠌ ᠲᠤᠰᠠᠯᠠᠬᠤ ᠭᠡᠳ ᠂ᠬᠠᠭᠠᠨ ᠲᠠᠨ ᠢ᠋ ᠥᠨᠥᠳᠥᠷ ᠢᠷᠡᠵᠦ ᠬᠣᠭᠣᠯᠠ ᠬᠢᠭᠡᠷᠡᠢ ᠭᠡᠵᠦ
ᠵᠠᠷᠯᠢᠭᠳᠠᠭᠰᠠᠨ ᠤᠤ?
ᠡᠪᠦᠭᠡᠨ:
ᠲᠡᠭᠡᠭᠰᠡᠨ ᠳᠡ ᠶᠠᠷᠢᠳᠠᠭ ᠮᠤᠤᠷ ᠮᠢᠨᠢ᠂ ᠲᠡᠭᠡᠨᠡᠭᠡᠯᠵᠡᠵᠦ ᠲᠡᠰᠴᠦ ᠰᠠᠭᠤᠵᠤ᠂ᠲᠡᠪᠴᠢᠵᠦ ᠰᠠᠭᠤᠬᠤ ᠠᠷᠭ᠎ᠠ
ᠦᠭᠡᠢ ᠯᠡ ᠪᠣᠯᠤᠯ᠎ᠠ᠃ᠮᠡᠷᠭᠡᠨ ᠬᠥᠮᠦᠨ ᠶᠠᠪᠤᠭᠰᠠᠨ ᠠ᠋ᠴᠠ᠂ᠮᠡᠳᠡᠳᠡᠭ ᠴᠢᠳᠠᠳᠠᠭ ᠬᠣᠭᠣᠯᠠ ᠬᠢᠳᠡᠭ ᠬᠥᠮᠦᠨ
ᠶᠠᠪᠤᠵᠤ ᠦᠵᠡᠭᠰᠡᠨ ᠦᠭᠡᠢ ᠡᠪᠦᠭᠡ ᠨᠢ᠂ᠣᠳᠣ ᠶᠠᠭᠠᠬᠢᠳᠠᠭ ᠰᠢᠦ ᠶᠦ᠍ᠮ ᠳᠡ ᠬᠡᠦᠬᠡᠳ ᠦ᠋ᠳ ᠮᠢᠨᠢ᠃
ᠮᠥᠩᠬᠡ᠄
ᠡᠪᠦᠭᠡ ᠠ᠋ ᠪᠢᠳᠡ ᠨᠠᠷ ᠲᠠᠨ ᠳ᠋ᠤ᠌ ᠲᠤᠰᠠᠯᠠᠵᠤ ᠴᠢᠳᠠᠬᠤ ᠪᠠᠢᠬ᠎ᠠ᠃
ᠲᠤᠩᠬᠤ᠄
ᠬᠠᠷᠢᠨ ᠲᠡᠢᠮᠦ ᠠ᠋ ᠪᠦᠭᠦᠳᠡᠭᠡᠷ ᠢ᠋ᠶ᠋ᠡᠨ ᠨᠡᠢᠯᠡᠭᠡᠳ ᠬᠣᠭᠣᠯᠠ ᠬᠢᠵᠦ ᠦᠵᠡᠬᠦ ᠤᠤ?
ᠪᠠᠰᠠᠷ᠄
ᠵᠠ ᠲᠡᠭᠡᠶ᠎ᠡ᠂ᠬᠡᠨ ᠬᠡᠨ ᠶᠠᠮᠠᠷ ᠬᠣᠭᠣᠯᠠ ᠬᠢᠵᠦ ᠴᠢᠳᠠᠬᠤ ᠪᠣᠢ?
ᠮᠥᠩᠬᠡ᠄
ᠪᠢ ᠱᠥᠯᠥ ᠲᠡᠢ ᠬᠣᠭᠣᠯᠠ ᠬᠢᠵᠦ ᠴᠢᠳᠠᠨ᠎ᠠ᠃
ᠲᠤᠩᠬᠤ᠄
ᠪᠢ ᠬᠠᠷᠢᠨ ᠭᠤᠯᠢᠷ ᠰᠠᠢᠨ ᠵᠢᠭᠤᠷᠠᠵᠤ ᠴᠢᠳᠠᠨ᠎ᠠ᠃
ᠪᠠᠰᠠᠷ᠄
ᠪᠢ ᠬᠠᠷᠢᠨ ᠤᠰᠤ ᠪᠤᠴᠠᠯᠭᠠᠵᠤ ᠴᠢᠳᠠᠨ᠎ᠠ᠃
ᠲᠤᠩᠬᠤ᠄
ᠨᠠᠭᠠᠳᠤᠬᠢ ᠴᠢᠨᠢ ᠬᠣᠭᠣᠯᠠ ᠪᠢᠰᠢ ᠰᠢᠲᠠ᠃
ᠪᠠᠰᠠᠷ᠄
ᠲᠡᠢᠮᠦ ᠯᠡ ᠳᠡ᠂ ᠭᠡᠬᠦ ᠳ᠋ᠦ᠍ ᠪᠡᠨ ᠪᠢ ᠴᠢᠨᠢ ᠨᠣᠬᠠᠢ ᠰᠢᠲᠠ᠃
ᠠᠷᠢᠭᠤᠨ᠄
ᠬᠠᠢ᠂ ᠪᠢ ᠬᠠᠷᠢᠨ ᠪᠦᠬᠦ ᠬᠣᠭᠣᠯᠠ ᠶ᠋ᠢ ᠬᠢᠵᠦ ᠴᠢᠳᠠᠨ᠎ᠠ᠃
ᠴᠠᠰᠤᠬᠠᠨ᠄
ᠮᠠᠰᠢ ᠰᠠᠢᠨ ᠪᠠᠢᠨ᠎ᠠ᠂ᠠᠷᠢᠭᠤᠨ᠎ᠠ ᠲᠡᠭᠡᠬᠦ ᠪᠡᠷ ᠬᠦᠯᠢᠶᠡᠭᠡᠷᠡᠢ᠂ ᠰᠠᠶᠢ ᠠᠷᠢᠭᠤᠨ ᠪᠠᠢᠭᠰᠠᠨ ᠤᠤ?
ᠪᠦᠭᠦᠳᠡᠭᠡᠷ᠄
ᠠ !
ᠪᠠᠰᠠᠷ᠄
ᠠ?ᠡᠨᠡ ᠴᠢᠨᠢ ᠮᠢᠨᠦ ᠨᠠᠢᠵᠠ ᠠᠨᠳᠤᠤᠰᠢᠺᠠ᠂ ᠠᠷᠢᠭᠤᠨᠨᠠᠰᠢᠺᠠ᠂
ᠬᠤᠷᠠᠭᠠᠭᠤᠰᠢᠺᠠ ᠮᠠᠨᠢ ᠪᠠᠢᠨ᠎ᠠ ᠰᠢᠲᠠ᠂ ᠬᠥᠶᠢ᠃
ᠮᠥᠩᠬᠡ᠄
ᠭᠦᠦᠭ᠂ ᠡᠨᠳᠡ ᠢᠩᠭᠢᠵᠦ ᠲᠠᠭᠠᠷᠠᠬᠤ ᠭᠡᠵᠦ᠂ ᠰᠠᠢᠨ ᠤᠤ?
ᠲᠤᠩᠬᠤ᠄
ᠰᠠᠢᠨ ᠤᠤ?
ᠠᠷᠢᠭᠤᠨ᠄
ᠰᠠᠢᠨ ᠰᠠᠢᠨ᠂ᠲᠠ ᠨᠠᠷ ᠲᠠᠢ ᠪᠠᠨ ᠬᠠᠷᠢᠨ ᠡᠨᠳᠡ ᠲᠠᠭᠠᠷᠠᠬᠤ ᠭᠡᠵᠢ᠂ ᠠᠷᠢᠭᠤᠨ ᠪᠦᠬᠦᠨ ᠦ᠌ ᠠᠷᠢᠭᠤᠨ ᠠ᠋ᠴᠠ᠂
ᠬᠡ ᠬᠡ
ᠪᠠᠰᠠᠷ᠄
ᠠ?ᠰᠠᠶᠢ ᠶᠠᠭᠤ ᠪᠠᠢᠭᠰᠠᠨ ᠪᠣᠢ?
ᠠᠷᠢᠭᠤᠨ᠄
ᠬᠠ ᠬᠠ᠂ᠶᠠᠭᠤ ᠴᠤ᠌ ᠪᠢᠰᠢ᠃ ᠬᠢ ᠬᠢ
ᠪᠠᠰᠠᠷ᠄
ᠬᠡᠷᠪᠡ ᠲᠠ ᠨᠠᠷ ᠮᠠᠨᠢ ᠡᠨᠡ ᠬᠦ ᠬᠡᠰᠡᠭ ᠢ᠋ ᠣᠢᠯᠠᠭᠠᠬᠤ ᠦᠭᠡᠢ ᠪᠠᠢᠭ᠎ᠠ ᠪᠣᠯ ᠠᠷᠢᠭᠤᠨ ᠬᠤᠷᠠᠭ᠎ᠠ ᠬᠡᠨ
ᠪᠣᠢ ᠭᠡᠰᠡᠨ ᠠᠰᠠᠭᠤᠯᠲᠠ ᠲᠣᠯᠣᠭᠠᠢ ᠳ᠋ᠤ᠌ ᠴᠢᠨᠢ ᠭᠠᠷᠴᠤ ᠪᠠᠢᠭ᠎ᠠ ᠪᠣᠯ ᠠᠷᠢᠭᠤᠨ ᠬᠤᠷᠠᠭ᠎ᠠ ᠮᠠᠨᠢ ᠮᠥᠩᠬᠡ
ᠲᠤᠩᠬᠤ ᠶᠠᠮᠠᠷ ᠨᠢᠭᠡᠨ ᠶᠠᠭᠤᠮ᠎ᠠ ᠠᠪᠤᠷᠠᠭᠰᠠᠨ ᠨᠢ ᠬᠡᠮᠡᠬᠦ ᠪᠦᠷᠢᠨ ᠬᠡᠮᠵᠢᠶᠡᠨ ᠦ᠌ ᠠᠩᠭᠢ ᠮᠠᠰᠢᠨ
ᠳᠡᠭᠡᠷ᠎ᠡ ᠭᠠᠷᠳᠠᠭ ᠭᠠᠢᠬᠠᠯᠲᠠᠢ ᠬᠥᠭᠡᠷᠦᠬᠦᠨ ᠳᠦᠷᠢ ᠪᠠᠢᠭ᠎ᠠ ᠰᠢᠦ᠃ ᠪᠠᠶᠠᠷᠯᠠᠯ᠎ᠠ᠃
ᠲᠡᠮᠡᠭᠡ᠄
ᠬᠠ ᠬᠠ᠂ ᠲᠠ ᠨᠠᠷ ᠳᠠᠬᠢᠭᠠᠳ ᠢᠷᠡᠴᠢᠬᠡᠭᠰᠡᠨ ᠤᠤ? ᠬᠡ
ᠬᠡ᠃ᠪᠢ ᠣᠳᠣ ᠠᠭᠤᠷᠯᠠᠬᠤ ᠦᠭᠡᠢ ᠠᠭᠤᠷᠯᠠᠬᠤ ᠦᠭᠡᠢ ᠪᠢᠲᠡᠭᠡᠢ ᠵᠢᠭᠤᠲᠠ ᠠ᠋᠃ᠵᠦᠭᠡᠷ ᠠ᠋ ᠂ ᠵᠢᠭᠠᠬᠠᠨ
ᠳᠥᠭᠥᠭᠡᠷᠡᠢ ᠨᠠᠭᠠᠰᠢ ᠪᠠᠨ᠂ᠲᠠ ᠨᠠᠷ ᠳᠤᠷᠠᠲᠠᠢ ᠦᠶ᠎ᠡ ᠳ᠋ᠦ᠍ ᠪᠡᠨ ᠢᠷᠡᠵᠦ ᠪᠠᠢᠭᠠᠷᠠᠢ᠂ᠪᠢ ᠬᠠᠷᠢᠨ ᠭᠠᠭᠴᠠ
ᠵᠦᠢᠯ ᠬᠡᠯᠡᠬᠦ ᠭᠡᠳ᠂ᠦᠵᠡᠭᠴᠢ ᠬᠡᠦᠬᠡᠳ ᠦ᠋ᠳ ᠲᠦ᠍ ᠪᠡᠨ᠂ᠵᠠ ᠦᠵᠡᠭᠡᠴᠢ ᠬᠡᠦᠬᠡᠳ ᠦ᠋ᠳ ᠲᠠ ᠨᠠᠷ ᠮᠠᠨᠢ
ᠴᠡᠪᠡᠷ ᠤᠰᠤ ᠪᠠᠨ ᠨᠠᠨᠳᠢᠩᠨᠠᠵᠤ᠂ ᠭᠦᠨ ᠡᠴᠡ ᠪᠡᠨ ᠬᠠᠢᠷᠠᠯᠠᠵᠤ ᠪᠠᠢᠭᠠᠷᠠᠢ᠃ ᠳᠠᠬᠢᠵᠤ ᠵᠥᠩᠳᠡᠭᠡᠨ
ᠢᠷᠡᠭᠡᠷᠡᠢ ᠪᠠᠶᠠᠷᠯᠠᠯ᠎ᠠ᠃
ᠮᠥᠩᠬᠡ᠄
ᠵᠠ ᠡᠪᠦᠭᠡ ᠠ᠋᠂ ᠪᠢᠳᠡ ᠨᠠᠷ ᠦᠨᠡᠬᠡᠷ ᠭᠠᠢᠬᠠᠯᠲᠠᠢ ᠠᠷᠭ᠎ᠠ ᠣᠯᠤᠯ᠎ᠠ᠃
ᠡᠪᠦᠭᠡᠨ:ᠲᠡᠷᠡ
ᠨᠢ ᠶᠠᠭᠤ ᠪᠢᠯᠡ?
ᠬᠡᠦᠬᠡᠳ ᠦ᠋ᠳ ᠮᠢᠨᠢ
ᠠᠷᠢᠭᠤᠨ᠄
ᠡᠪᠦᠭᠡ ᠠ᠋ ᠪᠢ ᠲᠠᠨ ᠳ᠋ᠤ᠌ ᠬᠡᠯᠡᠭᠡᠳ ᠥᠭᠭᠦᠶ᠎ᠡ᠃
ᠡᠪᠦᠭᠡᠨ:ᠦᠭᠡᠢ᠂
ᠡᠨᠡ ᠪᠣᠯᠬᠤ ᠶᠤᠮ ᠤᠤ ᠳᠠ᠃
ᠲᠤᠩᠬᠤ᠄
ᠪᠣᠯᠤᠨ᠎ᠠ ᠡᠪᠦᠭᠡ ᠠ᠋ ᠪᠢᠳᠡᠨ ᠳ᠋ᠦ᠍ ᠢᠲᠡᠭᠡᠭᠡᠷᠡᠢ᠃
ᠡᠪᠦᠭᠡᠨ:
ᠵᠠ ᠲᠡᠭᠡᠶ᠎ᠡ ᠳᠡ᠂ ᠲᠠ ᠨᠠᠷ ᠲᠤ᠌ ᠪᠠᠨ ᠨᠠᠢᠳᠠᠯᠠ ᠰᠢᠦ᠃
ᠪᠠᠰᠠᠷ᠄
ᠵᠠ᠂ᠲᠡᠭᠡᠪᠡᠯ ᠪᠦᠭᠦᠳᠡᠭᠡᠷ ᠢ᠋ᠶ᠋ᠡᠨ ᠬᠠᠭᠠᠨ ᠳᠡᠭᠡᠷ᠎ᠡ ᠣᠴᠢᠵᠠᠭᠠᠶ᠎ᠠ᠃
ᠬᠠᠭᠠᠨ᠄
ᠵᠠ᠂ᠮᠢᠨᠦ ᠦᠷᠭᠦᠭᠡᠨ ᠳ᠋ᠦ᠍ ᠶᠠᠮᠠᠷ ᠬᠣᠭᠣᠯᠠ ᠬᠢᠵᠦ ᠥᠭᠬᠦ ᠪᠡᠷ ᠢᠷᠡᠭᠰᠡᠨ ᠪᠢᠯᠡ?
ᠲᠤᠩᠬᠤ᠄
ᠪᠢᠳᠡ ᠬᠣᠭᠣᠯᠠ ᠬᠢᠵᠦ ᠥᠭᠭᠦᠨ᠎ᠡ ᠂ᠭᠡᠬᠦ ᠳ᠋ᠦ᠍ ᠪᠡᠨ ᠨᠢᠭᠡ ᠪᠣᠯᠵᠣᠯ ᠲᠠᠢ᠃
ᠬᠠᠭᠠᠨ᠄
ᠠ ᠵᠠ᠂ᠶᠠᠮᠠᠷ ᠪᠣᠯᠵᠣᠯ ᠪᠠᠢᠳᠠᠭ ᠪᠢᠯᠡ?
ᠡᠪᠦᠭᠡᠨ:
ᠪᠢᠳᠡ ᠬᠡᠳᠦ ᠣᠯᠠᠭᠤᠯᠠ ᠪᠠᠨ ᠶᠠᠷᠢᠯᠴᠠᠭᠠᠳ᠂ᠮᠢᠨᠦ ᠪᠣᠷᠣ ᠭᠡᠷ ᠲᠦ᠍ ᠣᠴᠢᠵᠤ ᠬᠠᠭᠠᠨ ᠳ᠋ᠤ᠌ ᠬᠣᠭᠣᠯᠠ ᠬᠢᠬᠦ
ᠲᠠᠯ᠎ᠠ ᠪᠠᠷ ᠠᠰᠠᠭᠤᠬᠤ ᠭᠡᠰᠡᠨ ᠶᠦ᠍ᠮ᠂ ᠮᠡᠬᠦᠰ ᠨᠠᠮ᠎ᠠ ᠶ᠋ᠢ ᠠᠭᠤᠴᠢᠯᠠ ᠬᠠᠭᠠᠨᠲᠠᠨ ᠮᠢᠨᠢ᠃
ᠬᠠᠭᠠᠨ᠄
ᠬᠡᠷᠪᠡ ᠦᠨᠡᠬᠡᠷ ᠭᠣᠶᠣ ᠬᠣᠭᠣᠯᠠ ᠢᠳᠡᠭᠦᠯᠬᠦ ᠦᠭᠡᠢ ᠪᠣᠯ ᠲᠠ ᠨᠠᠷ ᠲᠤ᠌ ᠶᠠᠭᠤ ᠲᠣᠬᠢᠶᠠᠯᠳᠤᠵᠤ
ᠪᠣᠯᠬᠤ ᠶ᠋ᠢ ᠮᠡᠳᠡᠵᠦ ᠪᠠᠢᠭ᠎ᠠ ᠪᠢᠵᠡ᠃
ᠠᠷᠢᠭᠤᠨ᠄
ᠮᠡᠳᠡᠵᠦ ᠪᠠᠢᠭ᠎ᠠ ᠂ᠬᠠᠭᠠᠨᠲᠠᠨ ᠠ᠋᠃
ᠬᠠᠭᠠᠨ᠄
ᠥᠩ᠂ᠵᠣᠷᠢᠭ ᠲᠠᠢ ᠯᠠ ᠬᠡᠦᠬᠡᠳ ᠦ᠋ᠳ ᠶᠦ᠍ᠮ᠂ᠵᠠ ᠶᠠᠭᠠᠬᠢᠭᠠᠳ ᠪᠣᠯᠬᠤ ᠦᠭᠡᠢ ᠭᠡᠵᠢ?ᠣᠷᠳᠣᠨ ᠠ᠋ᠴᠠ ᠪᠠᠨ ᠴᠤ᠌ ᠭᠠᠷᠤᠭ᠎ᠠ ᠦᠭᠡᠢ ᠤᠳᠠᠭᠰᠠᠨ ᠪᠠᠢᠨ᠎ᠠ᠃
ᠴᠠᠰᠤᠬᠠᠨ᠄
ᠲᠡᠭᠡᠪᠡᠯ ᠬᠠᠭᠠᠨᠲᠠᠨ ᠮᠢᠨᠢ ᠬᠠᠮᠲᠤ ᠳ᠋ᠤ᠌ ᠪᠠᠨ ᠶᠠᠪᠤᠵᠤ ᠬᠣᠭᠣᠯᠠ ᠬᠢᠵᠡᠭᠡᠶ᠎ᠡ᠃
ᠪᠠᠰᠠᠷ᠄
ᠲᠡᠢᠮᠦ ᠠ᠋᠃
ᠠᠷᠢᠭᠤᠨ᠄
ᠵᠠ᠂ ᠢᠩᠭᠢᠭᠡᠳ ᠪᠦᠭᠦᠳᠡᠭᠡᠷ ᠢ᠋ᠶ᠋ᠡᠨ ᠬᠣᠭᠣᠯᠠ ᠪᠠᠨ ᠢᠳᠡᠵᠡᠭᠡᠶ᠎ᠡ᠃
ᠪᠠᠰᠠᠷ᠄
ᠰᠠᠢᠬᠠᠨ ᠬᠣᠭᠣᠯᠠᠯᠠᠭᠠᠷᠠᠢ᠂ いただきます (ᠰᠠᠢᠬᠠᠨ
ᠵᠣᠭᠣᠭᠯᠠᠭᠠᠷᠠᠢ ᠭᠡᠰᠡᠨ ᠶᠠᠫᠣᠨ ᠦᠭᠡ )
ᠮᠥᠩᠬᠡ᠄
ᠸᠠ ᠧᠦ᠂ᠡᠨᠡ ᠦᠨᠡᠬᠡᠷ ᠶᠠᠩᠵᠤ ᠶ᠋ᠢᠨ ᠭᠣᠶᠣ ᠠᠮᠲᠠ ᠲᠠᠢ ᠬᠣᠭᠣᠯᠠ ᠪᠣᠯᠵᠠᠢ᠃
ᠬᠠᠭᠠᠨ᠄
ᠠ ᠡᠨᠡ ᠬᠣᠭᠣᠯᠠ ᠡᠢᠮᠦ ᠡᠭᠡᠯ ᠡᠩ ᠦ᠋ᠨ ᠬᠣᠭᠣᠯᠠ ᠠᠲᠠᠯ᠎ᠠ ᠪᠠᠨ ᠶᠠᠭᠠᠬᠢᠭᠠᠳ ᠡᠢᠮᠦ ᠰᠠᠢᠬᠠᠨ ᠠᠮᠲᠠ ᠲᠠᠢ
ᠪᠠᠢᠨ᠎ᠠ?ᠲᠠ ᠨᠠᠷ ᠮᠠᠨᠢ ᠶᠠᠭᠠᠬᠢᠵᠤ ᠡᠢᠮᠦ ᠠᠮᠲᠠ ᠲᠠᠢ ᠬᠣᠭᠣᠯᠠ ᠬᠢᠵᠦ
ᠴᠢᠳᠠᠪᠠ?
ᠡᠪᠦᠭᠡᠨ:ᠵᠠ
ᠬᠠᠭᠠᠨᠲᠠᠨ ᠮᠢᠨᠢ᠂ᠶᠠᠭᠠᠬᠢᠭᠠᠳ ᠡᠢᠮᠦ ᠠᠮᠲᠠ ᠲᠠᠢ ᠪᠣᠯᠤᠭᠰᠠᠨ ᠪᠣᠢ ᠭᠡᠪᠡᠯ ᠡᠨᠡ ᠬᠦ᠌ ᠬᠣᠭᠣᠯᠠ ᠶ᠋ᠢ
ᠬᠢᠬᠦ ᠳ᠋ᠦ᠍ ᠭᠠᠷ ᠪᠡᠶ᠎ᠡ ᠣᠷᠣᠯᠴᠠᠭᠰᠠᠨ ᠪᠣᠯᠬᠣᠷ ᠢᠢᠨ ᠬᠦ᠌ ᠲᠠᠨ ᠤ᠋ ᠬᠥᠳᠡᠯᠮᠦᠷᠢ ᠶ᠋ᠢᠨ ᠦᠷ᠎ᠡ ᠰᠢᠮ᠎ᠡ
ᠰᠢᠩᠭᠡᠭᠰᠡᠨ ᠪᠣᠯᠬᠣᠷ ᠡᠢᠮᠦ ᠠᠮᠲᠠ ᠲᠠᠢ ᠪᠣᠯᠵᠠᠢ᠃
ᠬᠠᠭᠠᠨ᠄
ᠬᠠ ᠬᠠ ᠬᠠ᠁ᠲᠡᠢᠮᠦ ᠰᠢᠦ᠂ ᠮᠡᠷᠭᠡᠨ ᠪᠠᠭᠤᠷᠠᠢ᠂ᠲᠠ ᠴᠦ᠍ ᠦᠨᠡᠬᠡᠷ ᠦ᠋ᠨ ᠣᠶᠤᠨ ᠤᠬᠠᠭᠠᠨ ᠲᠡᠭᠦᠰ ᠬᠥᠮᠦᠨ
ᠠᠵᠠᠢ᠃
ᠡᠪᠦᠭᠡᠨ:
ᠵᠠ ᠪᠠᠶᠠᠷᠯᠠᠯ᠎ᠠ᠂ ᠬᠠᠭᠠᠨᠲᠠᠨ ᠮᠢᠨᠢ
ᠪᠠᠰᠠᠷ᠄
ᠬᠥᠥᠭ᠂ ᠤᠤᠬᠠᠢ᠂ᠳᠠᠬᠢᠭᠠᠳ ᠬᠣᠭᠣᠯᠠ ᠶᠠᠭᠤ ᠪᠠᠨ ᠵᠢᠭᠠᠬᠠᠨ ᠨᠡᠮᠡᠭᠳᠡᠴᠢᠬᠡᠪᠡᠯ ᠶᠠᠭᠠᠬᠢᠳᠠᠭ ᠶᠤᠮ ᠪᠣᠯ?
ᠡᠪᠦᠭᠡᠨ:ᠵᠠ
ᠬᠡᠦᠬᠡᠳ ᠦ᠋ᠳ ᠮᠢᠨᠢ ᠢᠳᠡᠵᠡᠭᠡ᠂ ᠤᠤᠭᠤᠵᠠᠭ᠎ᠠ᠂ᠡᠪᠦᠭᠡ ᠨᠢ ᠰᠠᠢᠬᠠᠨ ᠠᠭᠠᠷᠤᠤᠯ ᠠᠪᠤᠭᠠᠳ ᠢᠷᠡᠶ᠎ᠡ᠃
ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ
ᠵᠢᠷᠤᠭ ᠲᠤ᠌ ᠨᠢ ᠬᠠᠲᠠᠪᠠ᠂ ᠱᠤᠳᠤᠷᠭᠤ᠂ ᠮᠥᠴᠢᠷ ᠰᠡᠴᠡᠩᠭᠤᠸ᠎ᠠ ᠬᠢᠨᠠᠵᠤ ᠥᠭᠪᠡ᠃