《ᠰᠠᠢᠬᠠᠨ》ᠰᠠᠨᠠᠭ᠎ᠠ ᠲᠠᠢ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Сайхан " санаатай хүн – Д ᠂ Наваансүрэн ( Цуврал өгүүллэг) ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠠᠢᠬᠠᠨ》ᠰᠠᠨᠠᠭ᠎ᠠ ᠲᠠᠢ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Сайхан " санаатай хүн – Д ᠂ Наваансүрэн ( Цуврал өгүүллэг)

《ᠰᠠᠢᠬᠠᠨ》ᠰᠠᠨᠠᠭ᠎ᠠ ᠲᠠᠢ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) " Сайхан " санаатай хүн – Д ᠂ Наваансүрэн ( Цуврал өгүүллэг)

ᠠᠩᠭᠢᠯᠠᠯ:ᠬᠣᠱᠣᠩ ᠱᠣᠭ
2023-12-17

271

《ᠰᠠᠢᠬᠠᠨ》ᠰᠠᠨᠠᠭ᠎ᠠ ᠲᠠᠢ ᠬᠥᠮᠦᠨ


                             ᠳ ᠂ ᠨᠠᠸᠠᠩᠰᠥ᠋ᠷᠦᠩ 
                                     ( ᠴᠤᠪᠤᠷᠠᠯ ᠥᠭᠦᠯᠡᠯᠭᠡ) 

       ᠮᠠᠨ ᠤ᠋ ᠬᠢ ᠳᠣᠣᠷ᠎ᠠ ᠠ᠋ᠴᠠ ᠳᠡᠭᠡᠷ᠎ᠡ ᠪᠡᠨ᠂ ᠳᠡᠭᠡᠷ᠎ᠡ ᠡᠴᠡ ᠳᠤᠤᠷ᠎ᠠ ᠪᠠᠨ ᠬᠦᠷᠲᠡᠯ᠎ᠡ ᠡᠪ ᠨᠢᠭᠡᠳᠦᠯ ᠲᠡᠢ᠂ ᠠᠵᠢᠯ ᠡᠭᠦᠷᠭᠡ ᠠᠯᠢᠪᠠ ᠪᠦᠬᠦᠨ ᠢ᠋ ᠨᠢᠭᠡᠨ ᠰᠠᠨᠠᠭ᠎ᠠ ᠨᠢᠭᠡᠳᠦᠭᠰᠡᠨ ᠬᠦᠴᠦ ᠵᠣᠷᠢᠭ ᠢ᠋ᠶ᠋ᠠᠷ ᠬᠢᠳᠡᠭ᠂ ᠪᠦᠲᠦᠭᠡᠳᠡᠭ᠂ ᠬᠡᠯᠡᠯᠴᠡᠳᠡᠭ᠂ ᠰᠢᠢᠳᠳᠡᠭ ᠶᠣᠰᠣᠲᠠᠢ ᠲᠠᠪᠤᠨ ᠬᠤᠷᠤᠭᠤ ᠲᠡᠭᠰᠢ ᠬᠠᠮᠲᠤ ᠣᠯᠠᠨ ᠪᠢᠯᠡ᠃ 
       ᠶᠠᠭᠤᠮ᠎ᠠ ᠪᠦᠬᠦᠨ ᠳ᠋ᠦ᠍ ᠨᠢᠭᠡᠨ ᠬᠥᠮᠦᠨ ᠰᠢᠭ ᠰᠠᠨᠠᠭ᠎ᠠ ᠰᠡᠳᠬᠢᠯ ᠨᠡᠢᠯᠡᠬᠦ ᠤᠴᠢᠷ ᠠᠵᠢᠯ ᠦᠢᠯᠡ᠂ ᠠᠮᠢᠳᠤᠷᠠᠯ ᠠᠬᠤᠢ᠂ ᠰᠤᠷᠤᠯᠭ᠎ᠠ ᠬᠥᠳᠡᠯᠮᠦᠷᠢ ᠴᠠᠭ ᠢᠮᠠᠭᠲᠠ ᠥᠩᠭᠡᠲᠡᠢ᠂ ᠥᠭᠡᠳᠡ ᠲᠠᠢ ᠪᠠᠢᠳᠠᠭ᠃ ᠪᠡᠶ᠎ᠡ ᠪᠡᠶ᠎ᠡ  ᠳ᠋ᠡᠭᠡᠨ ᠡᠯᠢᠭᠡᠰᠡᠭ ᠲᠤᠲᠤᠨᠤ᠂ ᠡᠪᠯᠢᠭ ᠨᠦᠬᠦᠷᠰᠡᠩ᠂ ᠲᠤᠳᠠᠭᠳᠠᠯ ᠢᠶᠠᠨ ᠴᠤ᠌᠂ ᠣᠯᠣᠯᠲᠠ ᠪᠠᠨ ᠴᠤ᠌ ᠦᠨᠡᠯᠡᠨ᠎ᠡ᠂ ᠳ᠋ᠦᠩᠨᠡᠨ᠎ᠡ᠂ ᠰᠢᠭᠦᠮᠵᠢᠯᠡᠨ᠎ᠡ᠂ ᠲᠤᠩᠭᠠᠨ᠎ᠠ᠂ ᠳᠡᠮᠵᠢᠨ᠎ᠡ᠂ ᠳᠡᠯᠭᠡᠷᠡᠭᠦᠯᠦᠨ᠎ᠡ᠃
       ᠲᠡᠭᠡᠭᠰᠡᠨ᠂ ᠨᠢᠭᠡ ᠰᠠᠷ᠎ᠠ ᠠᠵᠠ ᠦᠭᠡᠢ ᠪᠠᠢᠭᠠᠳ ᠢᠷᠡᠭᠰᠡᠨ ᠴᠢᠨᠢ ᠬᠡᠷᠡᠭ ᠪᠢᠰᠢᠳᠡᠵᠦ ᠬᠡᠩᠭᠡᠷᠭᠡ ᠬᠠᠭᠠᠷᠠᠭᠰᠠᠨ ᠪᠠᠢᠪᠠ᠃ ᠳᠠᠷᠤᠭ᠎ᠠ ᠣᠷᠣᠯᠠᠭᠴᠢ ᠲᠠᠢ ᠪᠠᠨ᠂ ᠨᠢᠭ᠌ᠲᠠᠯᠠᠨ ᠨᠢᠷᠪᠠ ᠲᠠᠢ ᠪᠠᠨ᠂ ᠪᠠᠢᠴᠠᠭᠠᠭᠴᠢ ᠵᠢᠭᠠᠪᠤᠷᠢᠯᠠᠭᠴᠢ ᠲᠠᠢ ᠪᠠᠨ᠂ ᠪᠢᠴᠢᠭᠡᠴᠢ ᠵᠠᠷᠤᠯᠭ᠎ᠠ ᠲᠠᠢ ᠪᠠᠨ᠂ ᠭᠠᠯᠴᠢ ᠮᠠᠨᠠᠭᠠᠴᠢ ᠲᠠᠢ ᠪᠠᠨ ᠬᠣᠨᠢ ᠴᠢᠨᠣ᠎ᠠ ᠪᠣᠯᠴᠢᠬᠠᠭᠰᠠᠨ ᠨᠢᠭᠡ ᠨᠢ ᠭᠠᠯ ᠭᠡᠪᠡᠯ ᠨᠥᠭᠥᠭᠡ ᠨᠢ ᠤᠰᠤ ᠭᠡᠵᠦ᠂ ᠨᠢᠭᠡ ᠨᠢ ᠲᠡᠮᠡᠭᠡ ᠭᠡᠪᠡᠯ ᠨᠥᠭᠦᠭᠡ ᠨᠢ ᠢᠮᠠᠭ᠎ᠠ ᠭᠡᠵᠦ ᠬᠡᠳᠡᠷᠯᠡᠵᠦ ᠶᠠᠷᠳᠠᠭᠯᠠᠵᠤ ᠬᠡᠷᠡᠭᠦᠯ ᠮᠠᠷᠭᠤᠭᠠᠨ ᠪᠣᠯᠣᠨ᠎ᠠ᠃
       ᠪᠡᠶ᠎ᠡ ᠪᠡᠶᠡᠨ ᠢᠶᠡᠨ ᠨᠡᠬᠡᠷᠡᠨ ᠬᠠᠢᠷᠠᠯᠠᠨ ᠡᠶᠡᠯᠳᠡᠭ ᠵᠥᠭᠡᠯᠡᠨ ᠤᠭᠲᠤᠳᠠᠭ᠂ ᠠᠭᠤᠯᠵᠠᠳᠠᠭ᠂ ᠦᠨᠡᠨ ᠰᠠᠨᠠᠭᠠᠨ ᠠᠴᠠ ᠪᠠᠨ ᠬᠠᠷᠢᠯᠴᠠᠳᠠᠭ᠃  ᠨᠥᠬᠥᠷᠰᠡᠭ᠂ ᠨᠠᠢᠢᠵᠠᠷᠬᠠᠭ᠂ ᠰᠠᠢᠬᠠᠨ ᠵᠠᠩᠰᠢᠯ᠂ ᠬᠡᠷᠦᠭᠰᠡᠨ ᠭᠢᠯᠤᠢᠭᠰᠠᠨ᠂ ᠥᠲᠥᠭᠰᠡᠨ ᠰᠦᠲᠦᠭᠰᠡᠨ᠂ ᠶᠥᠭᠡᠭᠡᠭᠰᠡᠨ᠂ ᠶᠣᠭᠳᠠᠯᠠᠭᠰᠠᠨ ᠦᠭᠡ ᠠᠶᠠᠯᠭᠤ  ᠰᠢᠷᠦᠭᠦᠨ ᠲᠤᠷᠢᠭᠤᠨ ᠎ᠢᠶᠠᠷ ᠰᠣᠯᠢᠭ᠍ᠳᠠᠵᠠᠢ᠃  ᠲᠡᠭᠦᠨ ᠦ ᠪᠤᠷᠤᠭᠤ᠂ ᠡᠭᠦᠨ ᠦ᠌ ᠪᠤᠷᠤᠭᠤ ᠭᠡᠵᠦ ᠨᠢᠭᠡ ᠨᠢ ᠨᠥᠭᠦᠭᠡ ᠳ᠋ᠡᠭᠡᠨ ᠲᠦᠯᠬᠢᠵᠦ ᠠᠵᠢᠯ ᠦᠢᠯᠡ ᠶᠢᠨ ᠡᠷᠴᠢ ᠬᠦᠴᠦ ᠴᠤ᠌ ᠰᠤᠯᠪᠠᠢᠭᠰᠠᠨ ᠤᠯᠪᠠᠢᠭᠰᠠᠨ ᠪᠠᠢᠪᠠ᠃  ᠬᠠᠮᠲᠤ ᠣᠯᠠᠨ ᠤ ᠥᠷᠨᠢᠭᠦᠨ ᠬᠥᠭᠵᠢᠬᠦᠨ ᠠᠭᠤᠯᠵᠠᠯᠲᠠ᠂ ᠦᠳᠡᠰᠢᠯᠡᠭᠡ᠂ ᠲᠣᠭᠯᠠᠭᠠᠮ᠂ ᠨᠠᠭᠠᠳᠤᠮ ᠪᠦᠷ  ᠴᠥᠭᠡᠷᠡᠵᠦ ᠬᠠᠶᠠ ᠨᠢᠭᠡ ᠶᠠᠭᠤᠮ᠎ᠠ ᠪᠣᠯᠪᠠᠯ ᠵᠣᠵᠢᠭ ᠢᠮᠠᠭ᠎ᠠ ᠰᠢᠭ᠋ ᠭᠠᠭᠴᠠ ᠨᠢᠭᠡ ᠪᠡᠷ ᠢᠶᠡᠨ ᠳᠤᠷ᠎ᠠ ᠪᠠᠷ ᠢᠶᠠᠨ ᠳᠣᠷᠬᠢᠵᠤ ᠠᠶ᠎ᠠ ᠦᠭᠡᠢᠳᠡᠪᠡᠯ ᠬᠡᠷᠡᠭᠦᠯ ᠮᠠᠷᠭᠤᠭᠠᠨ ᠵᠣᠳᠣᠭᠠᠨ ᠴᠤᠤᠬᠢᠶᠠᠨ ᠴᠤ᠌ ᠬᠦᠷᠳᠡᠭ ᠪᠣᠯᠣᠯ᠎ᠠ᠃
       ᠤᠴᠢᠷ ᠢ᠋ ᠨᠢ ᠣᠯᠵᠤ ᠬᠤᠵᠢᠷ ᠢ᠋ ᠨᠢ ᠲᠤᠩᠭᠠᠬᠤ ᠭᠡᠵᠦ ᠬᠤᠷᠠᠯ ᠵᠥᠪᠯᠡᠯᠭᠡᠨ ᠬᠢᠨᠠᠯᠲᠠ ᠰᠢᠯᠭᠠᠯᠲᠠ ᠪᠢᠰᠢᠬᠦᠢ ᠣᠯᠠᠨ ᠬᠢᠵᠡᠢ᠃ ᠤᠳᠠᠯ ᠦᠭᠡᠢ ᠮᠠᠨ ᠤ ᠬᠢ ᠳᠣᠲᠣᠷ᠎ᠠ ᠪᠠᠨ ᠬᠡᠳᠦ ᠬᠡᠳᠦᠨ ᠲᠠᠯ᠎ᠠ ᠪᠣᠯᠵᠤ ᠲᠡᠳᠡ ᠥᠪᠡᠷ ᠬᠣᠭᠣᠷᠣᠨᠳᠤ ᠪᠠᠨ ᠬᠠᠯᠵᠠ ᠳᠤᠯᠬᠤ ᠪᠣᠯᠵᠤ ᠡᠨᠡ ᠪᠥᠬᠥᠨ ᠢ ᠰᠢᠭᠤᠳ ᠲᠤᠩᠭᠠᠬᠤ ᠭᠡᠵᠦ᠂ ᠴᠠᠭ ᠤᠷᠤᠰᠬᠠᠵᠤ᠂ ᠭᠣᠣᠯ ᠠᠵᠢᠯ ᠠᠷᠤ ᠳ᠋ᠤ᠌ ᠬᠣᠴᠣᠷᠵᠤ ᠭᠦᠢᠴᠡᠯ᠎ᠡ᠃ ᠲᠣᠭᠲᠠᠮᠠᠯ ᠬᠤᠷᠠᠯ ᠲᠣᠭ᠎ᠠ ᠠᠯᠳᠠᠵᠤ ᠲᠣᠢᠮᠦ ᠦᠭᠡᠢ ᠣᠯᠠᠨ ᠬᠥᠮᠥᠨ ᠦᠨᠳᠦᠰᠦᠨ ᠡᠭᠦᠷᠭᠡ ᠠᠵᠢᠯ ᠲᠥᠷᠥᠯ ᠢ᠋ᠶ᠋ᠡᠨ ᠣᠷᠬᠢᠵᠤ ᠡᠳᠦᠷ ᠰᠥᠨᠢ ᠦᠭᠡᠢ ᠨᠣᠢᠷ ᠬᠣᠭᠣᠯᠠ ᠦᠭᠡᠢ ᠰᠠᠭᠤᠵᠤ ᠪᠠᠢᠵᠤ ᠬᠡᠷᠡᠭ ᠦᠨ ᠡᠵᠡᠨ ᠬᠡᠩᠭᠡᠷᠭᠡ ᠶᠢᠨ ᠲᠣᠬᠢᠭᠤᠷ ᠬᠡᠨ ᠪᠣᠯᠬᠤ ᠶᠢ ᠠᠷᠠᠢ ᠴᠢᠷᠠᠢ ᠣᠯᠣᠯ᠎ᠠ᠃ ᠠᠷᠭᠠᠮᠵᠢᠶ᠎ᠠ ᠲᠠᠢ ᠠᠯᠠᠭ  ᠮᠣᠷᠢ ᠪᠠᠨ ᠠᠳᠤᠭᠤᠨ ᠳ᠋ᠠᠭᠠᠨ ᠠᠯᠠᠭ᠎ᠠ ᠭᠡᠵᠦ ᠡᠷᠢᠯ ᠳᠦ ᠠᠯᠤᠰᠯᠠᠨ ᠮᠣᠷᠳᠠᠭᠰᠠᠨ ᠲᠠᠭᠠᠷᠠᠦᠬᠠᠨ ᠮᠠᠯᠴᠢᠨ ᠰᠢᠭ᠋ ᠪᠢᠳᠠ ᠴᠤ᠌ ᠠᠷᠠᠢ ᠠᠯᠤᠰᠯᠠᠨ ᠮᠣᠷᠳᠠᠭᠰᠠᠨ  ᠪᠠᠢᠵᠠᠢ᠃ ᠲᠡᠷᠡ ᠬᠣᠪ ᠤ᠋ᠨ ᠲᠤᠯᠤᠮ ᠬᠣᠶᠠᠷ ᠦᠵᠦᠭᠦᠷᠲᠡᠢ ᠵᠡᠭᠦᠦ ᠪᠢᠳᠡᠨ ᠦ᠌ ᠳᠡᠷᠭᠡᠳᠡ ᠪᠠᠢᠵᠠᠢ᠃  ᠮᠠᠨ ᠤ ᠳᠤ ᠴᠠᠮᠪᠠ ᠭᠡᠳᠡᠭ ᠨᠢᠭᠡ ᠬᠥᠮᠥᠨ ᠪᠠᠢᠳᠠᠭ᠃ ᠲᠡᠷᠡ ᠬᠥᠮᠦᠨ ᠡᠨᠳᠡᠬᠢ ᠶ᠋ᠢᠨ ᠠᠬᠠᠮᠠᠳ ᠠᠵᠢᠯᠲᠠᠨ ᠤ᠋ ᠨᠢᠭᠡ᠂ ᠬᠡᠯᠲᠡᠰ ᠦ᠋ᠨ ᠳᠠᠷᠤᠭ᠎ᠠ ᠪᠢᠯᠡ᠃ ᠳᠡᠷᠭᠡᠳᠡ  ᠪᠠᠨ ᠲᠠᠺᠲᠢᠺ ( ᠪᠠᠢᠯᠳᠤᠬᠤ ᠪᠣᠳᠣᠯᠭ᠎ᠠ ) ᠲᠠᠢ᠂ ᠲᠠᠰᠢᠶᠠᠨ ᠳ᠋ᠠᠭᠠᠨ ᠨᠠᠭᠠᠨ ( ᠭᠠᠷ ᠫᠤᠤ ) ᠲᠠᠢ ᠭᠡᠭᠴᠢ ᠪᠡᠷ ᠮᠠᠨ ᠤ᠋ ᠴᠡᠮᠪᠡ ᠦᠵᠡᠭᠦᠯᠪᠡᠯ ᠳᠢᠫᠯᠤᠮ( ᠦᠨᠡᠯᠡᠬᠦ) ᠲᠡᠢ᠂ ᠵᠡᠭᠦᠪᠡᠯ ᠷᠣᠮᠪᠣ ( ᠰᠦᠢᠬᠡᠯᠵᠢᠨ ) ᠲᠡᠢ᠂ ᠰᠠᠢᠨ ᠭᠡᠳ ᠣᠨᠴᠠᠭᠠᠢᠯᠠᠨ ᠲᠡᠷᠢᠭᠦᠯᠡᠳᠡᠭ ᠦᠭᠡᠢ᠂ ᠮᠠᠭᠤ ᠭᠡᠳ ᠰᠡᠭᠦᠯᠳᠡᠵᠦ ᠬᠣᠴᠣᠷᠳᠠᠭ ᠦᠭᠡᠢ ᠶᠣᠰᠣᠲᠠᠢ ᠯᠠ ᠳᠤᠮᠳᠠᠴᠢ ᠬᠥᠮᠦᠨ᠃ ᠨᠠᠰᠤ ᠲᠣᠭᠲᠠᠭᠰᠠᠨ ᠳᠠᠭᠤ ᠴᠥᠭᠡᠨ ᠴᠠᠭ ᠢᠮᠠᠭᠲᠠ ᠨᠢᠭᠡ ᠶᠠᠭᠤᠮ᠎ᠠ ᠲᠠᠶ᠎ ᠨᠣᠴᠣᠯᠳᠤᠵᠤ ᠰᠠᠭᠤᠨ᠎ᠠ᠃ ᠬᠡᠷᠪᠡ ᠭᠠᠭᠴᠠ ᠬᠠᠭᠤᠳᠠᠰᠤ ᠠᠯᠪᠠᠨ ᠪᠢᠴᠢᠭ ᠲᠥᠯᠥᠪᠯᠡᠬᠦ ᠭᠡᠳ ᠬᠠᠭᠠᠰ ᠡᠳᠦᠷ ᠨᠤᠬᠤᠳᠠᠭ ᠢ᠋ ᠨᠢ ᠮᠡᠳᠡᠬᠦ ᠦᠭᠡᠢ ᠬᠥᠮᠦᠨ ᠪᠣᠯ ᠴᠠᠮᠪᠠ ᠶ᠋ᠢ ᠪᠦᠲᠦᠭᠡᠯᠴᠢ ᠬᠥᠮᠦᠨ ᠳ᠋ᠦ᠍ ᠲᠣᠭᠠᠴᠠᠬᠤ ᠪᠢᠯᠡ᠃ ᠭᠡᠰᠡᠨ ᠴᠤ᠌ ᠬᠥᠮᠦᠨ ᠭᠡᠮ ᠢ᠋ᠶ᠋ᠡᠨ ᠲᠡᠮᠡᠭᠡ ᠭᠡᠳᠡᠭᠡᠷ ᠢ᠋ᠶ᠋ᠡᠨ ᠶᠠᠮᠠᠷ ᠮᠡᠳᠡᠬᠦ ᠪᠢᠰᠢ᠂ ᠴᠡᠮᠪᠡ ᠥᠪᠡᠷ ᠢ ᠪᠡᠨ ᠪᠦᠬᠦᠨ ᠢ᠋ ᠮᠡᠳᠡᠳᠡᠭ ᠴᠢᠳᠠᠳᠠᠭ ᠬᠥᠮᠦᠨ ᠭᠡᠵᠦ ᠪᠣᠳᠣᠳᠠᠭ ᠢ᠋ᠶ᠋ᠠᠷ ᠪᠠᠷᠠᠬᠤ ᠦᠭᠡᠢ ᠶᠠᠭᠠᠬᠢᠵᠤ ᠡᠢᠵᠦ ᠪᠠᠢᠭᠠᠳ ᠠᠯᠪᠠᠨ ᠲᠤᠰᠢᠶᠠᠯ ᠤ᠋ᠨ ᠥᠨᠳᠥᠷᠯᠢᠭ ᠥᠭᠡᠳᠡ ᠨᠢᠭᠡᠨ ᠪᠣᠯᠪᠠᠴᠤ ᠱᠠᠲᠤ ᠠᠬᠢᠬᠤ ᠶ᠋ᠢ ᠬᠡᠵᠢᠶᠡᠨ ᠡᠴᠡ ᠪᠡᠨ ᠳᠣᠲᠣᠷ᠎ᠠ ᠪᠠᠨ ᠠᠭᠤᠯᠵᠤ ᠶᠠᠪᠤᠳᠠᠭ ᠪᠠᠢᠵᠠᠢ᠃ ᠲᠡᠭᠡᠭᠡᠳ ᠲᠡᠷᠡ ᠠᠩ ᠴᠠᠪ ᠨᠢ ᠶᠠᠭ ᠯᠠ ᠰᠠᠭᠠᠵᠠᠩ ᠤ᠋ᠨ ᠠᠩ ᠴᠠᠪᠠ ᠰᠢᠭ᠋ ᠠᠭᠠᠵᠢᠮ ᠠᠭᠠᠵᠢᠮ ᠶᠡᠬᠡᠰᠦᠭᠰᠡᠭᠡᠷ ᠪᠠᠢᠵᠤ ᠴᠡᠮᠪᠡ ᠶ᠋ᠢᠨ ᠪᠣᠳᠣᠯ ᠢ᠋ᠶ᠋ᠠᠷ ᠥᠪᠡᠷ ᠢ᠋ ᠨᠢ ᠨᠢᠭᠡ ᠭᠢᠰᠬᠢᠭᠦᠷ ᠱᠠᠲᠤ ᠠᠬᠢᠬᠤ ᠳ᠋ᠤ᠌ ᠡᠨᠡ ᠪᠠᠢᠭᠤᠯᠭ᠎ᠠ ᠶ᠋ᠢᠨ ᠬᠥᠮᠦᠰ ᠦ᠋ᠨ ᠡᠪ ᠲᠦᠨᠵᠢᠩ ᠰᠠᠳᠠᠭ᠎ᠠ ᠪᠣᠯᠤᠭᠰᠠᠨ ᠠᠵᠢ᠃ ᠠᠷᠭ᠎ᠠ ᠴᠠᠷᠭ᠎ᠠ ᠬᠡᠷᠡᠭᠯᠡᠵᠦ ᠪᠠᠢᠭᠠᠳ ᠳᠠᠷᠤᠭ᠎ᠠ ᠶ᠋ᠢ ᠲᠦᠯᠬᠢᠴᠢᠬᠡᠪᠡᠯ ᠣᠷᠣᠯᠠᠭ᠍ᠴᠢ ᠳᠠᠷᠤᠭ᠎ᠠ ᠴᠤ᠌ ᠳᠡᠭᠡᠭᠰᠢ ᠨᠢᠭᠡ ᠭᠢᠰᠬᠢᠭᠦᠷ᠂ ᠪᠢ ᠴᠤ᠌  ᠣᠷᠣᠯᠠᠭ᠍ᠴᠢ ᠳᠠᠷᠤᠭ᠎ᠠ ᠶ᠋ᠢᠨ ᠪᠠᠢᠷᠢ ᠤᠷᠤᠭᠤ ᠨᠢᠭᠡ ᠭᠢᠰᠬᠢᠭᠦᠷ ᠠᠬᠢᠨ᠎ᠠ᠃ ᠣᠷᠣᠯᠠᠭᠴᠢ ᠳᠠᠷᠤᠭ᠎ᠠ ᠶ᠋ᠢ ᠲᠦᠯᠬᠢᠴᠢᠬᠡᠪᠡᠯ ᠪᠢ ᠪᠠᠰᠠ ᠨᠢᠭᠡ ᠭᠢᠰᠬᠢᠭᠦᠷ ᠠᠬᠢᠨ᠎ᠠ ᠭᠡᠵᠦ ᠪᠣᠳᠣᠬᠤ ᠳ᠋ᠠᠭᠠᠨ ᠬᠠᠮᠤᠭ ᠤ᠋ᠨ ᠲᠡᠷᠢᠭᠦᠨ ᠳ᠋ᠦ᠍ ᠳᠠᠷᠤᠭ᠎ᠠ ᠣᠷᠣᠯᠠᠭᠴᠢ ᠬᠣᠶᠠᠷ ᠢ᠋ ᠮᠥᠷᠭᠥᠯᠳᠦᠬᠦᠯᠬᠦ ᠪᠡᠷ ᠡᠷᠡᠰᠯᠡᠨ ᠰᠢᠢᠳᠴᠡᠢ ᠃ 
       ᠲᠡᠭᠡᠭᠡᠳ ᠡᠪ ᠢ᠋ ᠨᠢ ᠣᠯᠵᠤ ᠡᠭᠡᠵᠡᠭ ᠢ᠋ ᠨᠢ ᠲᠠᠭᠠᠷᠠᠭᠤᠯᠬᠤ ᠭᠡᠵᠦ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠵᠤ ᠲᠠᠷᠢᠬᠢ ᠲᠣᠯᠣᠭᠠᠢ ᠪᠠᠨ ᠣᠯᠠᠨ ᠬᠣᠨᠣᠭ ᠵᠣᠪᠠᠭᠠᠵᠠᠢ᠃
       ᠴᠡᠮᠪᠡ ᠡᠷᠬᠢᠯᠡᠭᠰᠡᠨ ᠠᠵᠢᠯ ᠢ᠋ᠶ᠋ᠠᠨ ᠢᠩᠭᠢᠰ ᠳᠡᠭᠡᠰ ᠬᠢᠵᠦ ᠣᠷᠬᠢᠭᠠᠳ ᠬᠣᠶᠠᠷ ᠤ᠋ᠨ ᠬᠣᠭᠣᠷᠣᠨᠳᠣ ᠭᠤᠷᠪᠠ ᠶ᠋ᠢᠨ ᠳᠤᠮᠳᠠ ᠶᠠᠰᠤ ᠬᠠᠶᠠᠵᠤ ᠬᠣᠯᠢᠵᠤ ᠰᠦᠯᠡᠬᠦ ( ᠤᠷᠠᠨ ) ᠠᠷᠭ᠎ᠠ ᠬᠠᠢᠵᠤ ᠤᠯᠠᠢᠷᠠᠨ ᠰᠠᠭᠤᠳᠠᠭ ᠪᠣᠯᠵᠠᠢ᠃ ᠲᠡᠭᠡᠲᠡᠯ᠎ᠡ ᠨᠢ ᠨᠢᠭᠡ ᠡᠳᠦᠷ ᠮᠠᠨᠠᠭᠠᠴᠢ ᠴᠡᠪᠡᠷᠯᠡᠭᠴᠢ ᠬᠣᠶᠠᠷ ᠬᠥᠭᠰᠢᠨ ᠬᠣᠭᠣᠷᠣᠨᠳᠣ ᠪᠠᠨ ᠴᠢ ᠠᠵᠢᠯ ᠠ᠋ᠴᠠ ᠬᠣᠵᠢᠮᠳᠠᠯ᠎ᠠ᠂ ᠴᠢ ᠥᠪᠡᠷ ᠢ᠋ᠶ᠋ᠡᠨ ᠤᠨᠲᠠᠳᠠᠭ ᠭᠡᠵᠦ ᠲᠣᠭᠯᠠᠵᠤ ᠪᠠᠢᠬᠤ ᠶ᠋ᠢ ᠰᠣᠨᠣᠰᠤᠭᠠᠳ ᠬᠥᠬᠡ ᠢᠨᠢᠶᠡᠳᠦ ᠨᠢ ᠬᠦᠷᠴᠡᠢ᠃ ᠡᠭᠦᠨ ᠡᠴᠡ ᠦᠵᠦᠭᠦᠷ ᠣᠯᠵᠤ ᠠᠩᠬᠠᠨ ᠤ᠋ ᠲᠤᠷᠰᠢᠯᠲᠠ ᠬᠢᠵᠡᠢ᠃ ᠮᠠᠨᠠᠭᠠᠴᠢ ᠡᠪᠦᠭᠡᠨ ᠳ᠋ᠦ᠍ ᠴᠡᠪᠡᠷᠯᠡᠭᠴᠢ ᠠᠪᠠᠭᠠᠢ ᠲᠠᠨ ᠢ᠋ ᠳᠡᠨᠭᠳᠡ ᠤᠨᠲᠠᠵᠤ ᠪᠠᠢᠳᠠᠭ ᠭᠡᠵᠦ ᠪᠠᠢᠨ᠎ᠠ᠂ ᠬᠠᠰᠢᠷ ᠬᠥᠮᠦᠨ ᠠᠷᠠᠢ ᠦᠭᠡᠢ ᠪᠢᠵᠡ᠃ ᠬᠡᠷᠪᠡ ᠲᠡᠢᠮᠦ ᠪᠣᠯ ᠳᠡᠮᠡᠢ ᠰᠢᠦ᠂ ᠰᠠᠢᠬᠠᠨ ᠰᠠᠨᠠᠭᠠᠨ ᠳ᠋ᠠᠭᠠᠨ ᠡᠨᠡ ᠤᠳᠠᠭ᠎ᠠ ᠥᠩᠭᠡᠷᠡᠭᠡᠶ᠎ᠡ ᠭᠡᠵᠡᠢ᠃ ᠳᠠᠷᠠᠭ᠎ᠠ ᠨᠢ ᠴᠡᠪᠡᠷᠯᠡᠭᠴᠢ ᠠᠪᠠᠭᠠᠢ ᠲᠠᠷ ᠠᠭᠤᠯᠵᠠᠭᠠᠳ ᠲᠠ ᠶᠡᠷᠦ ᠨᠢ ᠲᠠᠩᠳᠠ ᠠᠵᠢᠯ ᠠ᠋ᠴᠠ ᠪᠠᠨ ᠬᠣᠵᠢᠮᠳᠠᠳᠠᠭ ᠶᠤᠮ ᠤᠤ᠂ ᠮᠠᠨᠠᠭᠠᠴᠢ ᠡᠪᠦᠭᠡᠨ ᠲᠠᠨ ᠢ᠋ ᠲᠠᠩᠳᠠ ᠬᠣᠵᠢᠮᠳᠠᠳᠠᠭ ᠭᠡᠵᠦ ᠪᠠᠢᠨ᠎ᠠ ᠭᠡᠵᠡᠢ᠃ ᠡᠪᠲᠡᠢ ᠰᠠᠢᠨ ᠪᠠᠢᠳᠠᠭ ᠡᠪᠦᠭᠡᠨ ᠡᠮᠡᠭᠡᠨ ᠬᠣᠶᠠᠷ ᠪᠡᠶ᠎ᠡ ᠪᠡᠶ᠎ᠡ ᠳ᠋ᠡᠭᠡᠨ ᠶᠠᠭᠤᠮ᠎ᠠ ᠰᠠᠨᠠᠵᠤ ᠡᠬᠢᠯᠡᠵᠡᠢ᠃ ᠪᠢ ᠬᠡᠵᠢᠶ᠎ᠡ ᠲᠡᠭᠡᠵᠦ ᠲᠠᠩᠳᠠ ᠤᠨᠲᠠᠵᠤ ᠪᠠᠢᠭᠰᠠᠨ ᠶᠤᠮ ᠪᠣᠢ ᠭᠡᠵᠦ ᠨᠢᠭᠡ ᠨᠢ ᠪᠣᠳᠣᠬᠤ ᠳ᠋ᠤ᠌᠂ ᠪᠢ ᠬᠡᠵᠢᠶ᠎ᠡ ᠲᠡᠭᠡᠵᠦ ᠲᠠᠩᠳᠠ ᠠᠵᠢᠯ ᠠ᠋ᠴᠠ ᠪᠠᠨ ᠬᠣᠴᠣᠷᠴᠤ ᠪᠠᠢᠭᠰᠠᠨ ᠶᠤᠮ ᠪᠣᠢ ᠭᠡᠵᠦ ᠨᠥᠭᠦᠭᠡ ᠶ᠋ᠢᠨ ᠬᠢᠨᠢ ᠠᠭᠤᠷ ᠬᠦᠷᠴᠡᠢ᠃ ᠲᠡᠭᠡᠭᠡᠳ ᠡᠨᠡ ᠮᠠᠭᠤ ᠶᠠᠭᠠᠬᠢᠯ᠎ᠠ ᠭᠡᠵᠦ ᠨᠠᠮ᠎ᠠ ᠶ᠋ᠢ ᠮᠡᠳᠡᠵᠦ ( ᠳᠠᠯᠳᠠᠭᠤᠷ ᠬᠣᠪᠯᠠᠬᠤ) ᠪᠠᠢᠭ᠎ᠠ ᠶᠤᠮ ᠪᠤᠢ᠃ ᠮᠠᠲᠠᠬᠤ ᠮᠠᠲᠠᠬᠤ ᠳ᠋ᠠᠭᠠᠨ ᠬᠡᠯᠲᠡᠰ ᠦ᠋ᠨ ᠳᠠᠷᠤᠭ᠎ᠠ ᠳ᠋ᠤ᠌ ᠮᠡᠳᠡᠨ᠎ᠡ ᠭᠡᠨ᠎ᠡ ᠭᠡᠵᠦ ᠶᠠᠭᠤᠮ᠎ᠠ ᠰᠠᠨᠠᠯᠴᠠᠨ ᠤᠳᠠᠯ ᠦᠭᠡᠢ ᠪᠡᠶ᠎ᠡ ᠪᠡᠶ᠎ᠡ ᠪᠡᠨ ᠭᠢᠯᠤᠢᠨ ᠥ ᠰᠡᠪ ᠡᠷᠢᠯᠴᠡᠬᠦ ᠪᠣᠯᠵᠠᠢ᠃ ᠠᠩᠬᠠᠨ ᠤ᠋ ᠬᠢᠨᠢ ᠲᠤᠷᠰᠢᠯᠲᠠ ᠠᠮᠵᠢᠯᠲᠠ ᠲᠠᠢ ᠪᠣᠯᠤᠭᠰᠠᠨ ᠳ᠋ᠤ᠌ ᠴᠡᠮᠪᠡ ᠳᠡᠯᠪᠡᠷᠡᠲᠡᠯ᠎ᠡ ᠪᠡᠨ ᠪᠠᠶᠠᠷᠯᠠᠵᠤ ᠤᠷᠮ᠎ᠠ ᠵᠣᠷᠢᠭ ᠨᠢ ᠨᠡᠮᠡᠭᠳᠡᠭᠡᠳ ᠳᠠᠯᠠᠢ ᠶ᠋ᠢᠨ ᠴᠢᠨᠡᠭᠡ ᠶ᠋ᠢ ᠠᠭᠤᠯᠠ ᠶ᠋ᠢᠨ ᠴᠢᠨᠡᠭᠡ ᠪᠣᠯᠭᠠᠵᠤ ᠡᠷᠭᠦᠨ ᠳᠡᠪᠡᠷᠡᠭᠡᠨ ᠥᠰᠬᠡᠨ ᠳᠠᠪᠤᠰᠤᠯᠠᠵᠤ ᠬᠥᠮᠦᠨ ᠪᠦᠷᠢ ᠶ᠋ᠢᠨ ᠬᠣᠭᠣᠷᠣᠨᠳᠣ ᠬᠣᠪ ᠵᠦᠭᠡᠭᠡᠵᠦ ᠬᠣᠯᠢᠶᠠᠨ ᠪᠠᠩᠲᠠᠩ ᠬᠤᠳᠬᠤᠵᠤ ᠣᠷᠬᠢᠵᠠᠢ᠃ ᠴᠡᠮᠪᠡ ᠬᠥᠮᠦᠨ ᠪᠦᠷᠢ ᠳ᠋ᠦ᠍ ᠯᠡ ᠪᠢ ᠴᠢᠮ᠎ᠠ ᠳ᠋ᠤ᠌ ᠭᠡᠮ ᠦᠭᠡᠢ ᠰᠠᠨᠠᠭᠰᠠᠨ ᠳᠠᠭᠠᠨ ᠰᠠᠢᠬᠠᠨ  ᠰᠠᠨᠠᠭᠠᠨ ᠲᠠᠭᠠᠨ ᠬᠡᠯᠡᠬᠦ ᠳ᠋ᠦ᠍ ᠲᠡᠷᠡ ᠴᠢᠮ᠎ᠠ ᠶ᠋ᠢ ᠲᠡᠭᠡᠭᠡᠳ ᠯᠡ ᠪᠠᠢᠨ᠎ᠠ᠂ ᠡᠨᠡ ᠴᠢᠮ᠎ᠠ ᠶ᠋ᠢ ᠢᠩᠭᠢᠭᠡᠳ ᠯᠡ ᠪᠠᠢᠨ᠎ᠠ ᠭᠡᠵᠦ ᠭᠦᠶᠦᠭᠰᠡᠭᠡᠷ  ᠪᠠᠢᠭᠠᠳ ᠮᠠᠨ ᠤ᠋  ᠬᠢᠨ ᠢ᠋ ᠰᠢᠭᠤᠳᠠᠢ ᠳ᠋ᠤ᠌ ᠬᠢᠭᠰᠡᠨ ᠦᠬᠡᠷ ᠦ᠋ᠨ ᠡᠪᠡᠷ ᠰᠢᠭ ᠪᠣᠯᠭᠠᠵᠠᠢ᠃ ᠲᠡᠭᠡᠭᠡᠳ ᠲᠡᠷᠡ ᠴᠡᠮᠪᠡ ᠴᠢᠨᠢ ᠶᠠᠭᠠᠬᠢᠭᠰᠠᠨ ᠪᠣᠢ ᠶᠠᠭᠠᠬᠢᠬᠤ  ᠶᠠᠭᠤ ᠪᠠᠢᠬᠤᠪ᠂ ᠨᠡᠢᠲᠡ ᠶ᠋ᠢᠨ ᠡᠮᠦᠨ᠎ᠡ ᠨᠢᠭᠤᠷ ᠢ᠋ᠶ᠋ᠠᠨ ᠤᠯᠠᠢᠯᠭᠠᠵᠤ ᠨᠢᠳᠦ ᠪᠡᠨ  ᠪᠦᠯᠲᠡᠢᠯᠭᠡᠵᠦ ᠵᠥᠷᠢᠭᠦᠦ ᠪᠡᠨ ᠰᠣᠨᠣᠰᠴᠤ ᠪᠤᠷᠤᠭᠤ ᠪᠠᠨ ᠬᠦᠯᠢᠶᠡᠭᠡᠳ ᠳᠡᠭᠡᠭ᠍ᠰᠢ ᠨᠢᠭᠡ ᠬᠢᠰᠭᠡᠭᠦᠷ ᠠᠬᠢᠬᠤ ᠨᠢ ᠪᠣᠣ ᠬᠡᠯᠡ᠂  ᠳᠣᠷᠣᠭ᠍ᠰᠢ ᠬᠣᠶᠠᠷ ᠱᠠᠲᠤ ᠭᠤᠯᠠᠰᠴᠤ  ᠣᠷᠬᠢᠭ᠍ᠰᠠᠨ ᠶᠤᠮ᠃  ᠥᠭᠡᠷ᠎ᠡ ᠶᠢ ?  ᠪᠣᠯᠣᠨ᠎ᠠ ᠪᠣᠯᠣᠨ᠎ᠠ᠃  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠤᠭ᠍ᠴᠢ ᠰᠠᠷᠠᠨ᠎ᠠ

             2023᠂ 12᠂ 7   ᠤ᠋ ᠡᠳᠦᠷ