ᠰᠠᠢᠬᠠᠨ ᠢᠨᠢᠶᠡᠳᠡᠭ ᠬᠥᠮᠦᠨ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) Сайхан инээдэг хүн – Д ᠂ Наваансүрэн ( Цуврал өгүүллэг)
ᠰᠠᠢᠬᠠᠨ ᠢᠨᠢᠶᠡᠳᠡᠭ ᠬᠥᠮᠦᠨ
ᠳ ᠂ ᠨᠠᠸᠠᠩᠰᠥ᠋ᠷᠦᠩ
( ᠴᠤᠪᠤᠷᠠᠯ ᠥᠭᠦᠯᠡᠯᠭᠡ)
ᠮᠠᠭᠤᠬᠠᠢ ᠢᠨᠢᠶᠡᠳᠡᠭ ᠬᠥᠮᠦᠨ ᠭᠡᠵᠦ ᠨᠡᠭᠡᠷᠡᠨ ᠬᠠᠮᠢᠭ᠎ᠠ ᠨᠢ ᠪᠠᠢᠬᠤᠪ᠃ ᠬᠥᠮᠦᠨ ᠪᠦᠷ ᠯᠡ ᠥᠪᠡᠷ ᠢ᠋ ᠪᠡᠨ ᠰᠠᠢᠬᠠᠨ ᠢᠨᠢᠶᠡᠳᠡᠭ ᠭᠡᠵᠦ ᠰᠠᠨᠠᠳᠠᠭ᠃ ᠭᠡᠬᠦ ᠳ᠋ᠡᠭᠡᠨ ᠢᠨᠢᠶᠡᠬᠦ ᠣᠯᠠᠨ ᠶᠠᠩᠵᠤ ᠯᠠ ᠳᠠ᠃ ᠠᠩᠭᠠᠢᠵᠤ ᠠᠷᠰᠠᠢᠵᠤ᠂ ᠤᠷᠪᠠᠢᠵᠤ ᠳᠠᠷᠪᠠᠢᠵᠤ᠂ ᠤᠬᠢᠯᠠᠩᠨᠠᠵᠤ ᠤᠤᠬᠢᠯᠠᠵᠤ᠂ ᠦᠷᠴᠡᠢᠵᠦ ᠳᠠᠷᠴᠡᠢᠵᠦ᠂ ᠢᠷᠪᠠᠢᠵᠤ ᠶᠠᠩᠲᠠᠢᠵᠤ᠂ ᠢᠷᠠᠭᠯᠠᠵᠤ ᠢᠨᠴᠠᠭᠯᠠᠵᠤ᠂ ᠮᠠᠨᠴᠠᠢᠵᠦ ᠴᠢᠨᠴᠠᠢᠵᠦ᠂ ᠬᠠᠬᠠᠵᠤ ᠴᠠᠴᠠᠵᠤ᠂ ᠬᠠᠨᠢᠶᠠᠯᠭᠠᠵᠤ ᠨᠠᠢᠲᠠᠭᠠᠵᠤ᠂ ᠳᠣᠮᠪᠣᠢᠵᠤ ᠪᠥᠮᠪᠥᠢᠵᠦ᠂ ᠵᠢᠮᠡᠢᠵᠦ ᠣᠮᠣᠢᠵᠤ᠂ ᠲᠠᠴᠢᠭᠢᠨᠠᠵᠤ ᠫᠠᠴᠢᠭᠢᠨᠠᠵᠤ᠂ ᠲᠠᠲᠠᠭᠠᠯᠵᠠᠵᠤ ᠠᠲᠠᠭᠠᠯᠵᠠᠵᠦ᠂ ᠲᠠᠭᠯᠠᠵᠤ ᠪᠥᠭᠯᠡᠵᠦ ᠠᠯᠢ ᠣᠯᠠᠨ ᠶᠠᠩᠵᠤ ᠪᠠᠷ ᠢᠨᠢᠶᠡᠬᠦ ᠶ᠋ᠢ ᠲᠣᠭᠠᠴᠢᠵᠤ ᠪᠠᠷᠠᠬᠤ ᠪᠣᠢ᠃ ᠮᠠᠨ ᠤ᠋ ᠭᠢᠯᠮᠠᠭᠠᠨ ᠡᠨᠡ ᠪᠦᠬᠦᠨ ᠡᠴᠡ ᠱᠠᠯ ᠥᠭᠡᠷ᠎ᠡ ᠪᠡᠷ ᠢᠨᠢᠶᠡᠨ᠎ᠡ᠃ ᠭᠢᠯᠮᠠᠭᠠᠨ ᠢ᠋ ᠢᠨᠢᠶᠡᠬᠦ ᠳ᠋ᠦ᠍ ᠳᠡᠷᠭᠡᠳᠡ ᠨᠢ ᠬᠡᠳᠦᠨ ᠯᠡ ᠬᠥᠮᠦᠨ ᠪᠠᠢᠨ᠎ᠠ ᠴᠥᠮ ᠳᠠᠭᠠᠵᠤ ᠢᠨᠢᠶᠡᠨ᠎ᠡ᠃ ᠢᠨᠢᠶᠡᠬᠦ ᠪᠡᠷ ᠦᠭᠡᠢ ᠶᠠᠭᠤᠮᠠᠨ ᠳᠡᠭᠡᠷ᠎ᠡ ᠯᠡ ᠭᠢᠯᠮᠠᠭᠠᠨ ᠢᠨᠢᠶᠡᠨ᠎ᠡ᠂ ᠢᠨᠢᠶᠡᠬᠦ ᠢᠨᠢᠶᠡᠬᠦ ᠳ᠋ᠡᠭᠡᠨ ᠤᠴᠢᠷᠲᠠᠢ ᠨᠢ ᠠᠷᠭ᠎ᠠ ᠦᠭᠡᠢ ᠢᠨᠢᠶᠡᠨ᠎ᠡ᠃ ᠲᠡᠭᠡᠭᠡᠳ ᠮᠠᠨ ᠤ᠋ ᠬᠢᠨ ᠤᠭ ᠨᠢ ᠶᠣᠭᠳᠠᠯᠠᠵᠦ ᠭᠢᠯᠮᠠᠭᠠᠨ ᠢ᠋ ᠰᠠᠢᠬᠠᠨ ᠢᠨᠢᠶᠡᠳᠡᠭ ᠬᠥᠮᠦᠨ ᠭᠡᠵᠦ ᠨᠡᠷᠡᠯᠡᠭᠰᠡᠨ ᠪᠢᠯᠡ᠃ ᠪᠢᠳᠡᠨ ᠦ᠌ ᠡᠨᠡ ᠰᠠᠨᠠᠭ᠎ᠠ ᠶ᠋ᠢ ᠭᠢᠯᠮᠠᠭᠠᠨ ᠲᠤᠩᠭᠠᠭᠰᠠᠨ ᠡᠰᠡᠬᠦ ᠶ᠋ᠢ ᠪᠤᠤ ᠮᠡᠳᠡ᠂ ᠶᠠᠮᠠᠷ ᠴᠤ᠌ ᠭᠡᠰᠡᠨ ᠡᠨᠡ ᠨᠡᠷ᠎ᠡ ᠳ᠋ᠦ᠍ ᠳᠤᠷᠠᠲᠠᠢ ᠪᠢᠯᠡ᠃ ᠭᠢᠯᠮᠠᠭᠠᠨ ᠳᠡᠭᠡᠳᠦ ᠳᠠᠪᠬᠤᠷ ᠲᠤ ᠢᠨᠢᠶᠡᠵᠦ ᠪᠠᠢᠭ᠎ᠠ ᠨᠢ ᠳᠣᠣᠷᠠᠲᠤ ᠳᠠᠪᠬᠤᠷ ᠲᠤ ᠰᠣᠨᠣᠰᠳᠠᠳᠠᠭ ᠢ᠋ ᠦᠯᠦ ᠥᠭᠦᠯᠡᠨ ᠨᠢᠭᠡᠨ ᠵᠦᠢᠯ ᠢ᠋ ᠲᠣᠳᠣᠷᠭᠤᠯᠪᠠᠯ᠄
ᠭᠢᠯᠮᠠᠭᠠᠨ ᠬᠡᠳᠦᠢ ᠵᠠᠪ ᠦᠭᠡᠢ ᠪᠠᠢᠭᠰᠠᠨ ᠴᠤ᠌ ᠥᠷᠯᠥᠭᠡ ᠡᠴᠡ ᠣᠷᠣᠢ ᠪᠣᠯᠲᠠᠯ᠎ᠠ ᠬᠡᠳᠦᠨ ᠥᠷᠥᠭᠡ ᠳᠡᠮᠵᠢᠵᠦ ᠢᠨᠢᠶᠡᠵᠦ ᠠᠮᠵᠢᠨ᠎ᠠ᠃ ᠮᠠᠨ ᠤ᠋ ᠥᠷᠥᠭᠡᠨ ᠳ᠋ᠦ᠍ ᠣᠷᠣᠵᠤ ᠢᠷᠡᠬᠦ ᠳ᠋ᠡᠭᠡᠨ ᠳᠠᠷᠤᠭ᠎ᠠ ᠶ᠋ᠢᠨ ᠲᠤᠬᠠᠢ ᠶᠠᠷᠢᠨ᠎ᠠ᠃ ᠮᠠᠨ ᠤ᠋ ᠳᠠᠷᠤᠭ᠎ᠠ ᠴᠤ᠌ ᠶᠠᠭᠠᠬᠢᠬᠤᠪ ᠳᠠ ᠮᠡᠷᠭᠡᠵᠢᠯ ᠮᠡᠳᠡᠯᠭᠡ ᠪᠠᠷ ᠯᠠ ᠳᠤᠯᠢᠬᠠᠨ ᠨᠥᠬᠥᠷ᠂ ᠭᠡᠬᠦ ᠳ᠋ᠡᠭᠡᠨ ᠫᠷᠠᠺᠲ᠋ᠢᠭ( ᠦᠢᠯᠡᠳᠦᠯᠭᠡ) ᠪᠡᠷ ᠯᠤᠲᠠ ᠡᠷ᠎ᠡ ᠭᠡᠴᠢᠭᠡᠭᠡᠳ ᠨᠢᠭᠡ ᠰᠠᠢᠬᠠᠨ ᠢᠨᠢᠶᠡᠭᠡᠳ ᠭᠠᠷᠤᠨ᠎ᠠ᠃ ᠵᠡᠷᠭᠡᠯᠡᠳᠡᠭᠡ ᠥᠷᠥᠭᠡᠨ ᠳ᠋ᠦ᠍ ᠣᠷᠣᠭᠠᠳ《 ᠣᠷᠣᠯᠠᠭᠴᠢ ᠳᠠᠷᠤᠭ᠎ᠠ ᠴᠤ᠌ ᠶᠠᠭᠠᠬᠢᠬᠤᠪ ᠳᠠ ᠶᠡᠬᠡ ᠯᠡ ᠮᠤᠢᠬᠤᠷ ᠬᠡᠷᠴᠡᠬᠡᠢᠲᠡᠭᠦᠬᠡᠨ ᠨᠥᠬᠥᠷ ᠳᠡ᠂ ᠦᠭᠡᠢ ᠲᠡᠭᠡᠭᠡᠳ ᠡᠢᠮᠦ ᠣᠯᠠᠨ ᠶᠠᠩᠵᠤ ᠶ᠋ᠢᠨ ᠪᠢᠳᠡ ᠰᠢᠭ᠋ ᠤᠯᠤᠰ ᠢ᠋ ᠴᠤ᠌ ᠡᠢᠮᠦᠷᠬᠦᠦ ᠠᠷᠭ᠎ᠠ ᠪᠠᠷ ᠵᠠᠬᠢᠷᠵᠤ ᠪᠠᠢᠬᠤ ᠦᠭᠡᠢ ᠪᠣᠯ ᠭᠣᠷᠢ ᠦᠭᠡᠢ ᠴᠤ᠌ ᠪᠠᠢᠳᠠᠭ ᠪᠠᠢᠬᠤ ᠳᠠ》 ᠭᠡᠳ ᠢᠨᠢᠶᠡᠨ᠎ᠡ᠃ ᠭᠤᠷᠪᠠᠳᠠᠬᠢ ᠥᠷᠥᠭᠡᠨ ᠳ᠋ᠦ᠍ ᠣᠷᠣᠬᠤ ᠳ᠋ᠠᠭᠠᠨ《 ᠮᠠᠨ ᠤ᠋ ᠨᠢᠭᠲᠠᠯᠠᠨ ᠮᠥᠨ ᠰᠦᠷᠡᠬᠡᠢ ᠳᠠᠭᠠᠭᠠᠵᠤ ᠪᠠᠢᠨ᠎ᠠ ᠰᠢᠦ᠂ ᠭᠤᠷᠪᠠᠨ( ᠰᠢᠯ) ᠬᠥᠨᠲᠥᠷᠡᠭᠡᠳ ᠶᠠᠪᠤᠭᠠᠳ ᠥᠭᠴᠦ ᠪᠠᠢᠨ᠎ᠠ᠃ ᠲᠡᠭᠡᠭᠡᠳ ᠶᠠᠭᠠᠬᠢᠬᠤᠪ ᠬᠥᠭᠡᠷᠦᠬᠦᠢ ᠬᠡᠷᠡᠭ ᠲᠦᠪᠡᠭ ᠭᠠᠷᠭᠠᠬᠤ ᠦᠭᠡᠢ ᠶᠦᠮ ᠠ᠋》 ᠭᠡᠳ ᠢᠨᠢᠶᠡᠨ᠎ᠡ᠃ ᠣᠷᠣᠢ ᠠᠵᠢᠯ ᠲᠠᠷᠬᠠᠬᠤ ᠦᠶ᠎ᠡ ᠳ᠋ᠦ᠍ ᠶᠠᠪᠤᠭᠰᠠᠭᠠᠷ ᠪᠠᠢᠭᠠᠳ ᠴᠡᠪᠡᠷᠯᠡᠭᠴᠢ ᠬᠦᠷᠴᠢᠭᠡᠭᠰᠡᠨ ᠪᠠᠢᠨ᠎ᠠ᠃《 ᠮᠠᠨ ᠤ᠋ ᠡᠨᠡ ᠴᠡᠪᠡᠷᠯᠡᠭᠴᠢ ᠠᠪᠠᠭᠠᠢ ᠭᠡᠵᠦ ᠮᠥᠨ ᠨᠢᠭᠡ ᠵᠠᠪᠠᠭᠠᠷᠠᠭᠤᠯᠵᠤ ᠭᠦᠢᠴᠡᠬᠦ ᠶᠣᠮ ᠡ 》 ᠭᠡᠰᠡᠨ ᠢ᠋ᠶ᠋ᠡᠨ 《 ᠡᠨᠡ ᠣᠯᠠᠨ ᠥᠷᠥᠭᠡ ᠲᠠᠰᠤᠯᠭ᠎ᠠ ᠶ᠋ᠢ ᠴᠤ᠌ ᠠᠷᠭ᠎ᠠ ᠦᠭᠡᠢ᠂ ᠬᠦᠴᠦᠨ ᠨᠢ ᠬᠦᠷᠳᠡᠭ ᠦᠭᠡᠢ ᠪᠠᠢᠭ᠎ᠠ ᠳᠠ》 ᠭᠡᠳ ᠢᠨᠢᠶᠡᠨ᠎ᠡ᠃ ᠮᠠᠷᠭᠠᠰᠢ ᠨᠢ ᠪᠠᠰᠠ ᠯᠠ ᠳᠡᠭᠡᠷ᠎ᠡ ᠡᠴᠡ ᠨᠢ ᠠᠪᠤᠭᠠᠳ ᠳᠣᠣᠷ᠎ᠠ ᠨᠢ ᠬᠦᠷᠲᠡᠯ᠎ᠡ ᠶᠠᠷᠢᠭᠠᠳ ᠶᠠᠷᠢᠭᠠᠳ ᠴᠤ᠌ ᠭᠡᠵᠦ ᠮᠠᠭᠤᠯᠠᠭᠠᠳ ᠮᠠᠭᠤᠯᠠᠭᠰᠠᠨ ᠢ᠋ᠶ᠋ᠠᠨ ᠪᠦᠷᠬᠦᠭᠳᠡᠭᠦᠯᠦᠭᠡᠳ ᠢᠨᠢᠶᠡᠨ᠎ᠡ᠃
ᠭᠢᠯᠮᠠᠭᠠᠨ ᠤ᠋ ᠳᠣᠯᠣᠭ᠎ᠠ ᠬᠣᠨᠣᠭ ᠤ᠋ᠨ ᠰᠠᠢᠬᠠᠨ ᠢᠨᠢᠶᠡᠳᠦ ᠨᠢ ᠨᠢᠭᠲᠠᠯᠠᠨ ᠠᠷᠢᠬᠢ ᠶᠡᠬᠡ ᠤᠤᠭᠤᠳᠠᠭ᠂ ᠠᠵᠢᠯ ᠠ᠋ᠴᠠ ᠬᠣᠵᠢᠮᠳᠠᠳᠠᠭ᠂ ᠲᠠᠯ᠎ᠠ ᠲᠣᠬᠣᠢ ᠲᠠᠲᠠᠳᠠᠭ᠂ ᠴᠠᠯᠢᠩ ᠰᠠᠭᠠᠲᠠᠭᠤᠯᠤᠭᠰᠠᠨ ᠪᠦᠬᠦ ᠯᠡ ᠮᠠᠭᠤ ᠮᠠᠭᠤᠬᠠᠢ ᠶ᠋ᠢ ᠨᠢ ᠢᠯᠡᠴᠢᠯᠡᠵᠦ ᠬᠥᠮᠦᠰ ᠲᠦ ᠵᠠᠷᠯᠠᠴᠢᠬᠠᠭᠰᠠᠨ ᠪᠠᠢᠨ᠎ᠠ᠃ ᠲᠡᠭᠡᠭᠰᠡᠨ ᠮᠥᠷᠲᠡᠭᠡᠨ ᠬᠡᠯᠡᠳᠡᠭ ᠶᠠᠷᠢᠳᠠᠭ ᠬᠤᠷᠠᠯ ᠵᠥᠪᠯᠡᠯᠭᠡᠨ ᠪᠣᠯᠬᠣᠷ ᠯᠠ ᠤᠰᠤ ᠪᠠᠯᠭᠤᠴᠢᠬᠠᠭᠰᠠᠨ ᠶᠤᠮ ᠰᠢᠭ᠋ ᠲᠠᠭ ᠰᠠᠭᠤᠨ᠎ᠠ᠃ ᠡᠢᠮᠦ ᠨᠢᠭᠡ ᠰᠠᠢᠬᠠᠨ ᠢᠨᠢᠶᠡᠳᠡᠭ ᠬᠥᠮᠦᠨ ᠪᠠᠢᠳᠠᠭ ᠶᠤᠮ᠂ ᠥᠭᠡᠷ᠎ᠡ ᠶ᠋ᠢ? ᠪᠣᠯᠤᠨ᠎ᠠ ᠪᠣᠯᠤᠨ᠎ᠠ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 12᠂ 5 ᠤ᠋ ᠡᠳᠦᠷ
