ᠵᠢᠮᠢᠰ ᠨᠡᠷᠡᠯᠡᠵᠦ ᠰᠤᠷᠬᠤ-ᠵᠢᠪ ᠵᠢᠪ ᠬᠡᠦᠬᠡᠳ ᠦᠨ ᠨᠡᠪᠲᠡᠷᠡᠭᠦᠯᠭᠡЖимс нэрлэж сурах-Жив Жив хүүхдийн нэвтрүүлэг ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠮᠢᠰ ᠨᠡᠷᠡᠯᠡᠵᠦ ᠰᠤᠷᠬᠤ-ᠵᠢᠪ ᠵᠢᠪ ᠬᠡᠦᠬᠡᠳ ᠦᠨ ᠨᠡᠪᠲᠡᠷᠡᠭᠦᠯᠭᠡЖимс нэрлэж сурах-Жив Жив хүүхдийн нэвтрүүлэг

ᠵᠢᠮᠢᠰ ᠨᠡᠷᠡᠯᠡᠵᠦ ᠰᠤᠷᠬᠤ-ᠵᠢᠪ ᠵᠢᠪ ᠬᠡᠦᠬᠡᠳ ᠦᠨ ᠨᠡᠪᠲᠡᠷᠡᠭᠦᠯᠭᠡЖимс нэрлэж сурах-Жив Жив хүүхдийн нэвтрүүлэг

ᠵᠢᠮᠢᠰ ᠨᠠᠷᠠᠯᠠᠵᠤ ᠰᠤᠷᠬᠤ

ᠵᠢᠪ ᠵᠢᠪ ᠬᠡᠦᠬᠡᠳ ᠦᠨ ᠨᠡᠪᠲᠡᠷᠡᠭᠦᠯᠭᠡ 
–ᠪᠦ᠊ ᠁ ᠊ᠪ᠂ ᠦ᠂ ᠪᠢ ᠵᠢᠢ ᠵᠢᠢ ᠡᠴᠡ ᠲᠦᠷᠦᠭᠦᠯᠡᠭᠡᠳ ᠢᠷᠡᠴᠢᠬᠡᠯ᠎ᠡ᠃ ᠰᠠᠢᠨ ᠤᠤ? ᠨᠠᠢᠵᠠ ᠨᠤᠭᠤᠳ ᠠ᠋᠂     
–ᠵᠣ ᠵᠣ ᠬᠦᠯᠢᠶᠡᠭᠡᠷᠡᠢ!  ᠵᠣ ᠵᠣ                                                                    
–ᠪᠢ ᠲᠦᠷᠦᠭᠦᠯᠡᠵᠦ ᠢᠷᠡᠭᠰᠡᠨ ᠵᠢᠢ ᠵᠢᠢ᠂ ᠬᠡ ᠬᠡ                                                     
–ᠵᠣ ᠵᠣ ᠴᠢ ᠶᠠᠮᠠᠷ ᠬᠤᠷᠳᠤᠨ ᠨᠢᠰᠳᠡᠭ ᠶᠦ᠍ᠮ ᠪᠣᠢ!                                                         
–ᠬᠥ ᠬᠥ᠂ ᠪᠢ ᠨᠠᠢᠵᠠ ᠨᠤᠭᠤᠳ ᠤᠷᠤᠭᠤ ᠪᠠᠨ ᠶᠠᠭᠠᠷᠠᠭᠠᠳ ᠬᠠᠮᠤᠭ ᠤ᠋ᠨ ᠬᠤᠷᠳᠤᠨ ᠢ᠋ᠶ᠋ᠠᠷ ᠢ᠋ᠶ᠋ᠠᠨ ᠨᠢᠰᠦᠭᠡᠳ ᠬᠥᠷᠥᠭᠡᠳ ᠢᠷᠡᠭᠰᠡᠨ ᠶᠦ᠍ᠮ ᠠ᠋!                                                                            
–ᠬᠢ ᠬᠢ᠂ ᠪᠢ ᠴᠦ᠍ ᠪᠠᠰᠠ ᠬᠥᠭᠡᠷᠦᠬᠦᠨ ᠨᠠᠢᠵᠠ ᠨᠤᠭᠤᠳ ᠲᠠ ᠨᠠᠷ ᠲᠠᠢ ᠪᠠᠨ ᠠᠭᠤᠯᠵᠠᠬᠤ ᠭᠡᠳ ᠶᠠᠭᠠᠷᠠᠨ ᠶᠠᠭᠠᠷᠠᠭ᠍ᠰᠠᠭᠠᠷ ᠢᠷᠡᠯ᠎ᠡ᠃                                                                           
–ᠵᠢᠢ ᠵᠢᠢ ᠵᠤᠨ ᠤ᠋ ᠠᠮᠠᠷᠠᠯᠲᠠ ᠦᠨᠡᠬᠡᠷ ᠬᠥᠭᠵᠢᠯᠲᠡᠢ ᠭᠣᠶᠣ ᠪᠠᠢᠭ᠍ᠰᠠᠨ ᠲᠡᠢᠮᠦ ᠠ᠋!                         
 –ᠲᠡᠢᠮᠦ ᠠ᠋᠂ ᠬᠥᠱ᠌ᠢ!  ᠵᠣ ᠵᠣ ᠢᠩᠭᠢᠬᠦ ᠳ᠋ᠦ᠍ ᠨᠠᠢᠵᠠ ᠨᠤᠭᠤᠳ ᠮᠠᠨᠢ ᠵᠤᠨ ᠤ᠋ ᠠᠮᠠᠷᠠᠯᠲᠠ ᠪᠠᠷ ᠢ᠋ᠶ᠋ᠠᠨ ᠶᠠᠭᠤ ᠬᠢᠵᠦ ᠰᠤᠷᠤᠭ᠍ᠰᠠᠨ ᠪᠣᠯ ᠠ᠋?                                                                              
–ᠮᠢᠨᠦ ᠲᠠᠨᠢᠳᠠᠭ ᠨᠢᠭᠡ ᠨᠠᠢᠵᠠ ᠮᠠᠨᠢ ᠳᠡᠭᠦᠦ ᠪᠡᠨ ᠠᠰᠠᠷᠠᠵᠤ ᠠᠪᠤ ᠡᠵᠢ ᠳ᠋ᠦ᠍ ᠪᠡᠨ ᠲᠤᠰᠠᠯᠠᠳᠠᠭ ᠪᠠᠢᠭ᠍ᠰᠠᠨ ᠭᠡᠰᠡᠨ᠃ 
–ᠬᠢ ᠬᠢ ᠂ ᠬᠥᠭᠡᠷᠦᠬᠦᠢ ᠶᠦ᠍ᠮ ᠠ᠋!                                                             
–ᠥᠭᠡᠷ᠎ᠡ ᠨᠢᠭᠡ ᠨᠠᠢᠵᠠ ᠮᠠᠨᠢ ᠨᠣᠮ ᠤᠩᠰᠢᠵᠤ ᠰᠤᠷᠤᠭ᠍ᠰᠠᠨ᠃                                                     
–ᠬᠥᠥᠭ᠂ ᠮᠤᠨᠳᠠᠭ ᠪᠠᠢᠨ᠎ᠠ ᠰᠢᠦ!                                                                      
–ᠦᠨᠡᠬᠡᠷ ᠲᠡᠢᠮᠦ᠃ ᠪᠠᠰᠠ ᠨᠢᠭᠡ ᠨᠠᠢᠵᠠ ᠮᠠᠨᠢ ᠳᠤᠭᠤᠢ ᠣᠨᠣᠵᠤ ᠰᠤᠷᠤᠭ᠍ᠰᠠᠨ ᠭᠡᠰᠡᠨ ᠰᠢᠦ!                                 
–ᠬᠢ ᠬᠢ᠂ ᠰᠢᠨ᠎ᠡ ᠵᠦᠢᠯᠡᠰ ᠰᠤᠷᠴᠤ ᠮᠡᠳᠡᠭᠰᠡᠨ ᠬᠥᠭᠡᠷᠦᠬᠦᠨ ᠨᠠᠢᠵᠠ ᠨᠤᠭᠤᠳ ᠲᠤ᠌ ᠪᠠᠨ ᠪᠠᠶᠠᠷ ᠬᠦᠷᠭᠡᠶ᠎ᠡ!                   
–ᠵᠢᠢ ᠵᠢᠢ ᠡᠩᠬᠡᠵᠢᠨ ᠭᠡᠳᠡᠭ ᠪᠢᠴᠢᠬᠠᠨ ᠨᠠᠢᠵᠠ ᠮᠠᠨᠢ ᠡᠭᠡᠴᠢ ᠲᠡᠢ ᠪᠡᠨ᠂ᠨᠠᠢᠵᠠ ᠲᠠᠢ ᠪᠠᠨ ᠬᠠᠮᠲᠤ ᠳ᠋ᠤ᠌ ᠪᠠᠨ ᠵᠢᠮᠢᠰ ᠲᠡᠭᠦᠵᠦ ᠰᠤᠷᠤᠭ᠍ᠰᠠᠨ ᠭᠡᠰᠡᠨ᠃                                                                                 
–ᠬᠥᠥᠭ᠂ ᠪᠢ ᠵᠢᠮᠢᠰ ᠲᠦ ᠳᠤᠷᠠᠲᠠᠢ᠃ ᠡᠩᠬᠡᠵᠢᠨ ᠶᠠᠮᠠᠷ ᠵᠢᠮᠢᠰ ᠲᠡᠭᠦᠭᠰᠡᠨ ᠶᠦ᠍ᠮ ᠪᠣᠯ ᠠ᠋?                           
–ᠪᠦᠭᠦᠳᠡᠭᠡᠷ ᠢ᠋ᠶ᠋ᠡᠨ ᠡᠩᠬᠡᠵᠢᠨ ᠲᠡᠢ ᠲᠠᠨᠢᠯᠴᠠᠶ᠎ᠠ ! ᠪᠠᠰᠠ ᠵᠢᠮᠢᠰ ᠶᠠᠭᠠᠬᠢᠵᠤ ᠲᠡᠭᠦᠳᠡᠭ ᠢ᠋ ᠨᠢ ᠰᠣᠷᠣᠯᠴᠠᠶ᠎ᠠ !        
–ᠵᠠ ᠲᠡᠭᠡᠶ᠎ᠡ!                                                                                                      
–ᠵᠢᠢ ᠵᠢᠢ᠂ ᠮᠢᠨᠦ ᠪᠢᠴᠢᠬᠠᠨ ᠨᠠᠢᠵᠠ ᠡᠩᠬᠡᠵᠢᠨ ᠢ᠋ ᠬᠠᠷᠠ ᠳᠠ᠃                                                          
–ᠡᠩᠬᠡᠵᠢᠨ ᠶᠣᠰᠣᠲᠠᠢ ᠡᠭᠳᠡᠭᠦᠦ ᠲᠠᠢ ᠶᠤᠮ ᠠ᠋᠂ ᠲᠡᠷᠡ ᠴᠡᠴᠡᠭ ᠦ᠋ᠨ ᠳᠤᠮᠳᠠ ᠶᠠᠭᠤ ᠬᠢᠭᠡᠳ ᠪᠠᠢᠨ᠎ᠠ ?          
–ᠡᠩᠬᠡᠵᠢᠨ ᠥᠩᠭᠡ ᠥᠩᠭᠡ ᠶ᠋ᠢᠨ ᠴᠡᠴᠡᠭ ᠦ᠋ᠨ ᠳᠤᠮᠳᠠ ᠲᠣᠭ᠍ᠯᠠᠬᠤ ᠳᠤᠷᠠᠲᠠᠢ᠃ ᠬᠥᠭᠡᠷᠦᠬᠦᠨ ᠪᠠᠢᠭ᠎ᠠ  ᠪᠢᠵᠡ! 
–ᠬᠢ ᠬᠢ᠁ ᠥ᠂ ᠡᠨᠡ ᠬᠣᠶᠠᠷ ᠬᠡᠦᠬᠡᠳ ᠴᠢᠨᠢ ᠬᠡᠨ ᠪᠢᠯᠡ?                                                       
–ᠡᠩᠬᠡᠵᠢᠨ ᠦ᠌ ᠦᠶᠡᠯᠢ ᠡᠭᠡᠴᠢ ᠠᠷᠢᠭᠤᠨᠨᠠᠨᠳᠢᠨ ᠳᠡᠭᠦᠦ ᠠᠨᠠᠷ ᠲᠠᠢ ᠪᠠᠨ ᠬᠠᠮᠲᠤ ᠡᠩᠬᠡᠵᠢᠨ ᠤᠷᠤᠭᠤ ᠢᠷᠡᠵᠦ ᠪᠠᠢᠭ᠎ᠠ ᠨᠢ ᠡᠨᠡ᠃                                                                                                  
–ᠠ! ᠲᠡᠢᠮᠦ ᠤᠤ?  ᠵᠣ ᠵᠣ᠂ ᠲᠡᠭᠡᠭᠡᠳ ᠵᠢᠮᠢᠰ ᠦᠳ ᠨᠢ ᠬᠠᠮᠢᠭ᠎ᠠ ᠪᠠᠢᠭ᠎ᠠ ᠶᠤᠮ ᠪᠣᠢ?                                                                                             
–ᠪᠢ ᠰᠠᠢᠨ ᠮᠡᠳᠡᠬᠦ ᠦᠭᠡᠢ ᠪᠠᠢᠨ᠎ᠠ᠃ ᠬᠥᠥᠭ!ᠬᠠᠷᠠ ᠳᠠ᠂ ᠵᠢᠮᠢᠰ!  ᠨᠠᠢᠵᠠ ᠨᠤᠭᠤᠳ ᠠ᠋! ᠡᠩᠬᠡᠵᠢᠨ᠂ ᠠᠷᠢᠭᠤᠨᠨᠠᠨᠳᠢᠨ᠂ ᠠᠨᠠᠷ ᠨᠠᠷ ᠵᠢᠮᠢᠰ ᠶᠠᠭᠠᠬᠢᠵᠤ ᠢᠳᠡᠬᠦ ᠪᠣᠯ ᠠ᠋? ᠬᠠᠷᠠᠵᠠᠭᠠᠶ᠎ᠠ !                                                    
–ᠶᠠᠮᠠᠷ ᠢᠩᠲᠤᠤᠷ ᠰᠢᠭ᠋ ᠪᠣᠢ?                                                                                               
–ᠢᠳᠡᠬᠦ ᠪᠣᠯᠣᠭ᠎ᠠ ᠦᠭᠡᠢ ᠰᠢᠦ!                                                                    
–ᠵᠠ᠂ ᠵᠢᠮᠢᠰ ᠶᠠᠭᠠᠬᠢᠴᠢᠬᠠᠵᠠᠢ? ᠵᠢᠮᠢᠰ᠁                                                                                    
ᠠ᠋ ᠬᠡᠩ –
ᠠ ᠸᠠ –
ᠨᠠ ᠨᠠ ᠨᠠ᠁ ᠳᠠ ᠳᠠ ᠳᠠ᠁
ᠥ᠂  ᠪᠣ ᠪᠣ ᠂ᠪᠠ᠂ ᠭᠠᠷᠤᠭᠠᠳ᠁
–ᠶᠠᠮᠠᠷ ᠶᠡᠬᠡ ᠬᠦᠴᠢ ᠲᠠᠢ ᠶᠤᠮ ᠪᠣᠢ!
ᠬᠡ ᠬᠡ᠁ 
–ᠠᠨᠠᠷ ᠵᠢᠮᠢᠰ ᠢᠳᠡᠵᠦ ᠪᠣᠯᠬᠤ ᠦᠭᠡᠢ ᠰᠢᠦ᠂ ᠵᠠ ᠤᠤ
–ᠡᠨᠡ ᠪᠠᠢᠨ᠎ᠠ  ᠰᠢᠲᠠ᠃ 
–ᠡᠨᠡ ᠪᠠᠢᠨ᠎ᠠ᠂ ᠡᠩᠬᠡᠵᠢᠨ ᠨᠠᠭᠠᠰᠢ ᠪᠠᠨ ᠲᠡᠭᠦ᠂ ᠨᠠᠭᠠᠰᠢ ᠪᠠᠨ ᠲᠡᠭᠦᠭᠡᠷᠡᠢ!
–ᠬᠣᠶᠠᠭᠤᠯᠠ ᠪᠠᠨ ᠤᠷᠤᠯᠳᠤᠶ᠎ᠠ!                                                                               
–ᠡᠢᠮᠦ᠂ ᠡᠢᠮᠦ ᠤᠯᠠᠭᠠᠨ ᠲᠣᠮᠣ ᠶ᠋ᠢ ᠨᠢ ᠠᠪᠤᠭᠠᠷᠠᠢ! 
ᠠ!                                                                                                          
–ᠡᠩᠬᠡᠵᠢᠨ ᠠ᠋᠂ ᠨᠠᠭᠠᠰᠢ ᠪᠠᠨ!  
–ᠵᠠ! 
–ᠡᠩᠬᠡᠵᠢᠨ᠂ ᠬᠣᠶᠠᠭᠤᠯᠠ ᠪᠠᠨ ᠬᠣᠶᠠᠭᠤᠯᠠ ᠪᠠᠨ ᠲᠠᠢᠰᠢ ᠪᠠᠨ ᠶᠠᠪᠤᠵᠤ ᠴᠢᠴᠠᠷᠭᠠᠨ᠎ᠠ ᠲᠡᠭᠦᠶ᠎ᠡ᠃                                             
–ᠵᠠ!                                                                                                           
–ᠡᠩᠬᠡᠵᠢᠨ ᠶᠡᠬᠡ ᠬᠤᠷᠳᠤᠨ ᠭᠦᠶᠦᠬᠦ ᠶᠦ᠍ᠮ ᠠ᠋! ᠬᠢ ᠬᠢ|
–ᠥ
–ᠬᠠ ᠬᠠ᠁ ᠭᠠᠵᠠᠷ ᠤᠨᠠᠴᠢᠬᠠᠯ᠎ᠠ ᠃
–ᠡᠩᠬᠡᠵᠢᠨ ᠳᠡᠭᠦᠦ ᠪᠣᠯᠭᠣᠮᠵᠢᠲᠠᠢ ᠪᠠᠢᠭᠠᠷᠠᠢ!                                                                     
–ᠵᠠ!                                                                                                   
–ᠨᠠᠢᠵᠠ ᠨᠤᠭᠤᠳ ᠠ᠋᠂ ᠨᠠᠢ᠁ ᠠᠮᠲᠠ ᠦᠭᠡᠢ᠃ ᠠᠪᠬᠤ ᠦᠭᠡᠢ!
–ᠢᠳᠡᠬᠦ ᠦᠭᠡᠢ ᠪᠣᠯ ᠰᠠᠪᠠᠨ ᠳ᠋ᠤ᠌ ᠪᠠᠨ ᠬᠢᠭᠡᠷᠡᠢ!
–ᠬᠠᠷᠠ ᠳᠠ᠂ ᠵᠢᠢ ᠵᠢᠢ ᠲᠡᠷᠡ ᠶᠠᠮᠠᠷ ᠵᠢᠮᠢᠰ ᠪᠣᠢ?
–ᠬᠥᠥᠭ᠂ ᠴᠢᠴᠠᠷᠭᠠᠨ᠎ᠠ ᠪᠠᠢᠨ᠎ᠠ ᠰᠢᠦ ᠳᠡ!
–ᠬᠣᠶᠠᠷ ᠨᠠᠢᠵᠠ ᠮᠠᠨᠢ ᠴᠢᠴᠠᠷᠭᠠᠨ᠎ᠠ ᠲᠡᠭᠦᠬᠦ ᠭᠡᠵᠦ ᠪᠠᠢᠨ᠎ᠠ᠃
–ᠴᠢᠴᠠᠷᠭᠠᠨ᠎ᠠ ᠶ᠋ᠢᠨ ᠮᠣᠳᠣ ᠶᠡᠬᠡ ᠥᠷᠭᠡᠰᠦ ᠲᠡᠢ ᠪᠣᠯᠬᠣᠷ ᠨᠠᠢᠵᠠ ᠨᠤᠭᠤᠳ ᠠ᠋᠂ ᠪᠣᠯᠭᠣᠮᠵᠢᠲᠠᠢ ᠲᠡᠭᠦᠭᠡᠷᠡᠢ!
–ᠡᠩᠬᠡᠵᠢᠨ ᠨᠠᠭᠠᠰᠢ ᠪᠠᠨ! ᠡᠩᠬᠡᠵᠢᠨ ᠠ᠋᠂ ᠨᠠᠭᠠᠰᠢ ᠪᠠᠨ!
–ᠭᠤᠷᠪᠠᠭᠤᠯᠠ ᠪᠠᠨ ᠵᠢᠮᠢᠰ ᠢ᠋ᠶ᠋ᠡᠨ ᠢᠳᠡᠶ᠎ᠡ᠃                                                                            
–ᠵᠠ!
–ᠠᠨᠠᠷ ᠠ᠋᠂ ᠨᠠᠭᠠᠰᠢ ᠪᠠᠨ ᠡᠨᠳᠡ ᠰᠠᠭᠤ!
–ᠡᠨᠳᠡ ᠰᠠᠭᠤ!
–ᠨᠠᠢᠵᠠ ᠨᠤᠭᠤᠳ ᠠ᠋᠂ ᠳᠠᠷᠠᠭ᠎ᠠ ᠶ᠋ᠢᠨ ᠤᠳᠠᠭ᠎ᠠ ᠵᠢᠮᠢᠰ ᠲᠡᠭᠦᠬᠦ ᠳ᠋ᠦ᠍ ᠪᠡᠨ ᠨᠠᠪᠴᠢ ᠲᠠᠢ ᠨᠢ ᠲᠡᠭᠦᠵᠦ ᠣᠭᠲᠣ ᠪᠣᠯᠬᠤ ᠦᠭᠡᠢ ᠰᠢᠦ ᠵᠠ ᠤᠤ᠃ ᠶᠠᠭᠠᠬᠢᠭᠠᠳ ᠭᠡᠪᠡᠯ ᠳᠠᠷᠠᠭ᠎ᠠ ᠵᠢᠯ ᠠᠬᠢᠭᠠᠳ ᠵᠢᠮᠢᠰ ᠤᠷᠭᠤᠬᠤ ᠦᠭᠡᠢ ᠪᠣᠯᠴᠢᠬᠠᠳᠠᠭ ᠶᠤᠮ᠃
–ᠡᠩ 
– ᠵᠢᠮᠢᠰ ᠲᠡᠭᠦᠬᠦ ᠭᠣᠶᠣ ᠪᠠᠢᠭ᠍ᠰᠠᠨ ᠤᠤ? ᠡᠩ
–ᠡᠨᠳᠡ ᠮᠠᠭᠤ ᠵᠢᠮᠢᠰ ᠢ᠋ᠶ᠋ᠡᠨ ᠬᠠᠶᠠᠵᠤ ᠪᠣᠯᠬᠤ ᠦᠭᠡᠢ ᠰᠢᠦ ᠵᠠ ᠤᠤ᠃
–ᠭᠣᠶᠣ ᠶᠤᠮ ᠠ᠋᠂ ᠪᠢ ᠭᠤᠷᠪᠠᠨ ᠨᠠᠢᠵᠠ ᠵᠢᠨ ᠢ᠋ᠶ᠋ᠡᠨ ᠲᠡᠭᠦᠭᠰᠡᠨ ᠵᠢᠮᠢᠰ ᠡᠴᠡ ᠢᠳᠡᠮᠡᠷ ᠪᠠᠢᠨ᠎ᠠ᠃ ᠡᠩ ᠡᠩ ᠠ᠋– ᠪᠠᠢᠨ᠎ᠠ  ᠃  ᠡᠩ ᠡᠩ ᠠ᠋–
–ᠡᠩᠬᠡᠵᠢᠨ᠂ ᠠᠷᠢᠭᠤᠨ᠂ ᠠᠨᠠᠷ ᠠ᠋ ᠲᠠ ᠭᠤᠷᠪᠠ ᠵᠢᠮᠢᠰ ᠲᠡᠭᠦᠵᠦ ᠴᠢᠳᠠᠯ᠎ᠠ᠃ ᠪᠠᠶᠠᠷ ᠬᠦᠷᠭᠡᠶ᠎ᠡ! ᠮᠤᠨᠳᠠᠭ ᠰᠢᠦ! 
–ᠵᠢᠢ ᠵᠢᠢ ᠬᠣᠶᠠᠭᠤᠯᠠ ᠪᠠᠨ ᠡᠩᠬᠡᠵᠢᠨ ᠳᠠᠷᠠᠭ᠎ᠠ ᠵᠢᠮᠢᠰ ᠲᠡᠭᠦᠬᠦ ᠳ᠋ᠦ᠍ ᠨᠢ ᠣᠴᠢᠵᠤ ᠲᠤᠰᠠᠯᠠᠨ᠎ᠠ ᠰᠢᠦ!
–ᠲᠡᠭᠡᠶ᠎ᠡ!
–ᠬᠥᠥᠭ! ᠡᠨᠡ ᠶᠠᠭᠤ ᠪᠣᠢ? ᠡᠨᠡ ᠪᠠᠰᠠ ᠶᠠᠭᠤ ᠪᠣᠢ? ᠶᠠᠭᠠᠬᠢᠭᠠᠳ ᠮᠢᠨᠦ ᠲᠣᠯᠣᠭᠠᠢ ᠳᠡᠭᠡᠷ᠎ᠡ ᠤᠨᠠᠭᠠᠳ ᠪᠠᠢᠨ᠎ᠠ? 
–ᠬᠢ ᠬᠢ ᠬᠢ ᠁ ᠵᠢᠮᠢᠰ ᠯᠡ ᠪᠠᠢᠨ᠎ᠠ ᠰᠢᠦ ᠳᠡ᠃
–ᠡᠨᠡ ᠵᠢᠮᠢᠰ ᠬᠠᠮᠢᠭ᠎ᠠ ᠠ᠋ᠴᠠ ᠤᠨᠠᠴᠢᠬᠠᠪᠠ? 
–ᠮᠣᠳᠣᠨ ᠳᠡᠭᠡᠷ᠎ᠡ ᠡᠴᠡ ᠤᠨᠠᠴᠢᠬᠠᠯ᠎ᠠ᠃ 
–ᠬᠡᠨ ᠴᠦ᠍ ᠲᠡᠭᠦᠭᠡ ᠦᠭᠡᠢ ᠪᠠᠢᠭᠠᠳ ᠶᠠᠭᠠᠬᠢᠭᠠᠳ ᠮᠣᠳᠣᠨ ᠠ᠋ᠴᠠ ᠤᠨᠠᠵᠤ ᠪᠠᠢᠭ᠎ᠠ ᠶᠤᠮ ᠪᠣᠯ?
–ᠨᠠᠮᠤᠷ ᠤ᠋ᠨ ᠤᠯᠠᠷᠢᠯ ᠳ᠋ᠤ᠌ ᠪᠣᠯᠪᠠᠰᠤᠷᠠᠵᠤ ᠭᠦᠢᠴᠡᠭᠰᠡᠨ ᠵᠢᠮᠢᠰ ᠤᠨᠠᠳᠠᠭ ᠭᠡᠰᠡᠨ᠃
–ᠬᠡᠦᠬᠡᠳ ᠲᠡᠭᠡᠪᠡᠯ ᠢᠳᠡᠳᠡᠭ ᠬᠡᠷᠡᠭ ᠠ᠋!
–ᠶᠠᠮᠠᠷ ᠭᠣᠶᠣ ᠪᠣᠢ! 
–ᠳᠠᠬᠢᠭᠠᠳ ᠵᠢᠮᠢᠰ ᠮᠢᠨᠦ ᠳᠡᠭᠡᠷ᠎ᠡ ᠡᠴᠡ ᠵᠥᠩᠳᠡᠭᠡᠨ ᠶᠡᠬᠡ ᠤᠨᠠᠭᠠᠰᠠᠢ! 
–ᠬᠢ ᠬᠢ ᠁  ᠵᠣ ᠵᠣ ᠮᠢᠨᠢ ᠳᠡ! ᠳᠦᠷᠰᠦ ᠦᠭᠡᠢ ᠭᠡᠳᠡᠭ ᠨᠢ᠁ 
–ᠴᠢ ᠶᠠᠮᠠᠷ ᠵᠢᠮᠢᠰ ᠭᠡᠳᠡᠭ ᠢ᠋ ᠨᠢ ᠮᠡᠳᠡᠵᠦ ᠪᠠᠢᠭ᠎ᠠ ᠶᠤᠮ ᠤᠤ?  
–ᠮᠡᠳᠡᠬᠦ ᠦᠭᠡᠢ ᠵᠢᠮᠢᠰ ᠯᠡ ᠪᠣᠯ ᠵᠢᠮᠢᠰ᠂ ᠪᠦᠭᠦᠳᠡ ᠯᠡ ᠠᠳᠠᠯᠢᠬᠠᠨ᠃ 
–ᠦᠭᠡᠢ ᠳᠡ᠂ ᠵᠢᠮᠢᠰ ᠪᠦᠬᠦᠨ ᠥᠪᠡᠷᠮᠢᠴᠡ ᠠᠮᠲᠠ᠂ ᠦᠨᠦᠷ᠂ ᠥᠩᠭᠡ ᠲᠡᠢ ᠪᠠᠢᠳᠠᠭ ᠪᠠᠢᠬᠤ ᠦᠭᠡᠢ ᠦᠦ!
–ᠲᠡᠭᠡᠭᠡᠳ ᠡᠨᠡ ᠶᠠᠮᠠᠷ ᠵᠢᠮᠢᠰ ᠪᠣᠢ?
–ᠰᠠᠢᠨ ᠬᠠᠷᠠᠶ᠎ᠠ᠂ ᠤᠯᠠᠭᠠᠨ ᠥᠩᠭᠡ ᠲᠡᠢ ᠪᠥᠭᠡᠷᠡᠩᠬᠡᠢᠳᠡᠭᠦᠦ ᠰᠢᠭᠦᠰᠦᠯᠢᠭ ᠪᠠᠢᠭ᠎ᠠ ᠶ᠋ᠢ ᠨᠢ ᠬᠠᠷᠠᠪᠠᠯ ᠡᠨᠡ ᠤᠯᠠᠯᠵᠢᠭᠠᠨ᠎ᠠ ᠭᠡᠳᠡᠭ ᠵᠢᠮᠢᠰ ᠪᠣᠯᠤᠯᠲᠠᠢ᠃   
–ᠥ᠂ ᠲᠡᠢᠮᠦ ᠭᠡᠵᠢ ᠦᠦ? ᠵᠢᠢ ᠵᠢᠢ  
–ᠲᠡᠭᠡᠪᠡᠯ ᠡᠨᠡ ᠶᠠᠮᠠᠷ ᠵᠢᠮᠢᠰ ᠶᠦ᠍ᠮ ᠪᠣᠯ? ᠪᠢ ᠤᠭ ᠨᠢ ᠳᠤᠷᠠᠲᠠᠢ ᠯᠠ ᠳᠠ! ᠭᠡᠬᠦ ᠳ᠋ᠦ᠍ ᠪᠡᠨ ᠨᠡᠷ᠎ᠡ ᠶ᠋ᠢ ᠨᠢ ᠬᠡᠯᠡᠵᠦ ᠮᠡᠳᠡᠳᠡᠭ ᠦᠭᠡᠢ᠃ 
–ᠬᠢ ᠬᠢ᠁ ᠬᠡᠦᠬᠡᠳ ᠪᠦᠬᠦᠨ ᠦ᠌ ᠢᠳᠡᠬᠦ ᠳᠤᠷᠠᠲᠠᠢ ᠭᠦᠵᠡᠯᠵᠡᠭᠡᠨ᠎ᠡ ᠵᠢᠮᠢᠰ ᠪᠠᠢᠨ᠎ᠠ ᠰᠢᠦ ᠳᠠ! 
–ᠨᠡᠭᠡᠷᠡᠨ ᠲᠡᠢᠮᠦ ᠭᠦᠵᠡᠯᠵᠡᠭᠡᠨ᠎ᠡ᠃ 
–ᠬᠠᠷᠢᠨ ᠡᠨᠡ ᠶᠠᠮᠠᠷ ᠵᠢᠮᠢᠰ ᠶᠦ᠍ᠮ ᠪᠣᠯ? 
–ᠡᠩ 
– ᠵᠠ ᠪᠠᠢᠵᠠ᠂ ᠬᠠᠷ᠎ᠠ ᠥᠩᠭᠡ ᠲᠡᠢ ᠡᠨᠡ ᠭᠣᠶᠣ ᠵᠢᠮᠢᠰ ᠴᠢᠨᠢ ᠠ᠂ ᠮᠣᠢᠯ ᠪᠠᠢᠨ᠎ᠠ᠃ 
–ᠮᠣᠢᠯ ᠭᠡᠨ᠎ᠡ?  
–ᠲᠡᠢᠮᠦ ᠠ᠋᠂ ᠮᠣᠢᠯ᠃ 
 –ᠵᠠ ᠲᠡᠭᠡᠪᠡᠯ᠂ ᠴᠢ ᠯᠠᠪ ᠡᠨᠡ ᠵᠢᠮᠢᠰ ᠦ᠋ᠨ ᠨᠡᠷ᠎ᠡ ᠶ᠋ᠢ ᠮᠡᠳᠡᠬᠦ ᠦᠭᠡᠢ ᠪᠠᠢᠬ᠎ᠠ᠃ 
–ᠬᠢ ᠬᠢ᠁ ᠮᠡᠳᠡᠨ᠎ᠡ᠂ ᠬᠠᠮᠤᠭ ᠤ᠋ᠨ ᠰᠠᠢᠨ ᠮᠡᠳᠡᠳᠡᠭ ᠵᠢᠮᠢᠰ ᠮᠢᠨᠢ ᠠᠬᠤ ᠦᠭᠡᠢ ᠦᠦ! ᠡᠨᠡ ᠪᠣᠯ ᠦᠬᠡᠷ ᠦ᠋ᠨ ᠨᠢᠳᠦ ᠭᠡᠳᠡᠭ ᠵᠢᠮᠢᠰ ᠪᠠᠢᠨ᠎ᠠ᠃ 
–ᠶᠠᠮᠠᠷ ᠰᠣᠨᠢᠨ ᠨᠡᠷ᠎ᠡ ᠲᠡᠢ ᠵᠢᠮᠢᠰ  ᠪᠣᠢ?ᠬᠥ ᠬᠥ
–ᠴᠢ ᠶᠠᠭᠠᠬᠢᠵᠤ ᠮᠡᠳᠡᠵᠦ ᠪᠠᠢᠭ᠎ᠠ ᠶᠤᠮ ᠪᠣᠢ? 
–ᠦᠬᠡᠷ ᠦ᠋ᠨ ᠨᠢᠳᠦ ᠭᠡᠳᠡᠭ ᠡᠨᠡ ᠵᠢᠮᠢᠰ ᠬᠠᠷ᠎ᠠ  ᠬᠦᠷᠡᠩ ᠥᠩᠭᠡ ᠲᠡᠢ ᠰᠢᠭᠦᠰᠦᠯᠢᠭ᠂ ᠰᠢᠬᠢᠷᠯᠢᠭ᠂ ᠰᠣᠳᠣᠨ ᠰᠠᠢᠬᠠᠨ ᠦᠨᠦᠷ ᠲᠡᠢ ᠠᠮᠲᠠᠯᠢᠭ ᠰᠠᠢᠬᠠᠨ ᠪᠣᠯᠬᠣᠷ ᠪᠢ ᠰᠠᠢᠨ ᠮᠡᠳᠡᠵᠦ ᠪᠠᠢᠭ᠎ᠠ ᠶᠤᠮ᠃ 
–ᠵᠢᠢ ᠵᠢᠢ᠂ ᠪᠠᠶᠠᠷᠯᠠᠯ᠎ᠠ! ᠪᠢ ᠶᠡᠬᠡ ᠣᠯᠠᠨ ᠲᠥᠷᠥᠯ ᠦ᠋ᠨ ᠵᠢᠮᠢᠰ ᠨᠡᠷᠡᠯᠡᠵᠦ ᠰᠤᠷᠤᠯ᠎ᠠ᠃ 
–ᠠ᠋ ᠬᠡᠩ 
– ᠬᠢ ᠬᠢ᠁ ᠨᠠᠢᠵᠠ ᠨᠤᠭᠤᠳ ᠠ᠋᠂ ᠬᠠᠮᠲᠤ ᠳ᠋ᠤ᠌ ᠪᠠᠨ ᠵᠢᠮᠢᠰ ᠦ᠋ᠳ ᠢ᠋ᠶ᠋ᠡᠨ ᠡᠬᠢᠨ ᠡᠴᠡ ᠨᠢ ᠨᠡᠷᠡᠯᠡᠵᠡᠭᠡᠶ᠎ᠡ!
–ᠲᠡᠭᠡᠶ᠎ᠡ᠂ ᠲᠡᠭᠡᠶ᠎ᠡ᠃ ᠪᠢ ᠨᠡᠷᠡᠯᠡᠨ᠎ᠡ ᠰᠢᠦ! ᠤᠯᠠᠯᠵᠢᠭᠠᠨ᠎ᠠ᠂ ᠭᠦᠵᠡᠯᠵᠡᠭᠡᠨ᠎ᠡ᠂ ᠮᠣᠢᠯ ᠡᠨᠡ ᠨᠢ ᠶᠠᠮᠠᠷ ᠵᠢᠮᠢᠰ ᠪᠢᠯᠡ ᠳᠠ? ᠣ᠂ ᠲᠡᠢᠮᠦ!ᠦᠬᠡᠷ ᠦ᠋ᠨ ᠨᠢᠳᠦ  
–ᠬᠥᠥᠭ᠂ ᠵᠣ᠌ ᠵᠣ᠌ ᠮᠠᠰᠢ ᠰᠠᠢᠨ ᠪᠠᠢᠨ᠎ᠠ᠃ ᠴᠢ ᠢᠩᠭᠢᠭᠡᠳ ᠳᠥᠷᠪᠡᠨ ᠲᠥᠷᠥᠯ ᠦ᠋ᠨ ᠵᠢᠮᠢᠰ ᠮᠡᠳᠡᠳᠡᠭ ᠪᠣᠯᠤᠯ᠎ᠠ ᠰᠢᠦ ᠲᠠ!
–ᠡᠩᠬᠡᠵᠢᠨ ᠦ᠌ ᠲᠡᠭᠦᠭᠰᠡᠨ ᠦᠷᠢᠯ᠂ ᠴᠢᠴᠠᠷᠭᠠᠨ᠎ᠠ ᠵᠢᠮᠢᠰ ᠲᠡᠢ ᠨᠡᠢᠯᠡᠭᠡᠳ ᠵᠢᠷᠭᠤᠭᠠᠨ ᠲᠥᠷᠥᠯ ᠦ᠋ᠨ ᠵᠢᠮᠢᠰ ᠮᠡᠳᠡᠵᠦ ᠠᠪᠤᠯ᠎ᠠ᠃
–ᠥ ᠲᠡᠢᠮᠦ᠂ ᠬᠠᠷᠢᠨ ᠣᠳᠣ ᠬᠣᠶᠠᠭᠤᠯᠠ ᠪᠠᠨ ᠵᠢᠮᠢᠰ ᠦ᠋ᠳ ᠢ᠋ᠶ᠋ᠡᠨ ᠰᠠᠭᠰᠤᠨ ᠳ᠋ᠤ᠌ ᠬᠢᠶ᠎ᠡ᠃ᠵᠣ ᠵᠣ ᠮᠣᠢᠯ ᠵᠢᠮᠢᠰ ᠢ᠋ᠶ᠋ᠡᠨ ᠰᠠᠭᠰᠤᠨ ᠳ᠋ᠤ᠌ ᠬᠢᠭᠡᠷᠡᠢ! 
–ᠲᠡᠭᠡᠶ᠎ᠡ᠂ ᠮᠣᠢᠯ ᠡᠨᠳᠡ ᠪᠠᠢᠨ᠎ᠠ᠃ 
–ᠬᠠᠷᠢᠨ ᠣᠳᠣ ᠭᠦᠵᠡᠯᠵᠡᠭᠡᠨ᠎ᠡ ᠶ᠋ᠢ ᠵᠢᠭ᠎ᠠ᠂
–ᠭᠦᠵᠡᠯᠵᠡᠭᠡᠨ᠎ᠡ ᠡᠨᠳᠡ ᠪᠠᠢᠨ᠎ᠠ᠃
–ᠦᠬᠡᠷ ᠦ᠋ᠨ ᠨᠢᠳᠦ ᠵᠢᠮᠢᠰ ᠢ᠋ ᠰᠠᠭ᠍ᠰᠤᠨ ᠳ᠋ᠤ᠌ ᠬᠢᠭᠡᠷᠡᠢ! 
–ᠦᠬᠡᠷ ᠦ᠋ᠨ ᠨᠢᠳᠦ᠂ ᠦᠬᠡᠷ ᠦ᠋ᠨ ᠨᠢᠳᠦ᠂ ᠠ᠂ ᠡᠨᠳᠡ ᠪᠠᠢᠨ᠎ᠠ᠂ ᠰᠠᠭ᠍ᠰᠤᠨ ᠳ᠋ᠤ᠌ ᠬᠢᠴᠢᠬᠡᠯ᠎ᠡ᠃ ᠣᠳᠣ ᠤᠯᠠᠯᠵᠢᠭᠠᠨ᠎ᠠ ᠵᠢᠮᠢᠰ ᠢ᠋ᠶ᠋ᠡᠨ ᠰᠠᠭ᠍ᠰᠤᠨ ᠳ᠋ᠤ᠌ ᠬᠢᠯ᠎ᠡ ᠰᠢᠦ! 
–ᠭᠣᠶᠣ ᠳᠠ᠂ ᠭᠣᠶᠣ ᠳᠠ! ᠵᠥᠩᠳᠡᠭᠡᠨ ᠣᠯᠠᠨ ᠵᠢᠮᠢᠰ ᠲᠡᠢ ᠪᠣᠯᠴᠢᠬᠠᠯ᠎ᠠ᠃ ᠨᠠᠢᠵᠠ ᠨᠤᠭᠤᠳ ᠠ᠋᠂ ᠠᠮᠢᠨ ᠳᠠᠮ ᠢ᠋ᠶ᠋ᠠᠷ ᠪᠠᠶᠠᠯᠢᠭ ᠠᠮᠲᠠᠯᠢᠭ ᠰᠠᠢᠬᠠᠨ ᠵᠢᠮᠢᠰ ᠢ᠋ ᠲᠠᠩᠳᠠ ᠢᠳᠡᠵᠦ ᠪᠠᠢᠭᠠᠷᠠᠢ! ᠲᠡᠭᠡᠪᠡᠯ ᠥᠨᠳᠥᠷ᠂ ᠡᠷᠡᠭᠦᠯ ᠴᠢᠭᠢᠷᠠᠭ ᠮᠤᠨᠳᠠᠭ ᠬᠥᠮᠥᠨ ᠪᠣᠯᠣᠨ᠎ᠠ ᠰᠢᠦ! 
–ᠥᠨᠥᠳᠥᠷ ᠮᠠᠨ ᠤ᠋ ᠨᠡᠪᠲᠡᠷᠡᠭᠦᠯᠭᠡ ᠳ᠋ᠦ᠍ ᠶᠠᠮᠠᠷ ᠠᠪᠢᠶᠠᠰ ᠲᠠᠢ ᠬᠡᠦᠬᠡᠳ ᠦᠳ ᠣᠷᠣᠯᠴᠠᠵᠤ ᠪᠠᠢᠭ᠎ᠠ ᠪᠢᠯᠡ?
–ᠡᠩ᠂ ᠳᠠᠭᠤᠤ ᠳᠠᠭᠤᠯᠠᠬᠤ ᠠᠪᠢᠶᠠᠰ ᠲᠠᠢ ᠮᠤᠨᠳᠠᠭ ᠨᠠᠢᠵᠠ ᠨᠤᠭᠤᠳ ᠮᠠᠨᠢ ᠣᠷᠣᠯᠴᠠᠵᠤ ᠪᠠᠢᠭ᠎ᠠ᠃ ᠲᠡᠳᠡ ᠴᠠᠰᠤᠨ ᠳᠣᠣᠷ᠎ᠠ  ᠵᠢᠮᠢᠰ ᠭᠡᠳᠡᠭ ᠳᠠᠭᠤᠤ ᠶ᠋ᠢ ᠳᠠᠭᠤᠯᠠᠨ᠎ᠠ  ᠃  
ᠴᠠᠰᠤᠨ ᠳᠣᠣᠷ᠎ᠠ ᠴᠠᠰᠤᠨ ᠳᠣᠣᠷ᠎ᠠ ᠡᠪᠡᠰᠦ ᠪᠠᠢᠨ᠎ᠠ  
ᠡᠪᠡᠰᠦᠨ ᠳᠣᠣᠷ᠎ᠠ ᠡᠪᠡᠰᠦᠨ ᠳᠣᠣᠷ᠎ᠠ ᠵᠢᠮᠢᠰ ᠪᠠᠢᠨ᠎ᠠ  
ᠴᠠᠭᠠᠬᠠᠨ ᠴᠠᠰᠤᠨ ᠳᠣᠣᠷ᠎ᠠ ᠵᠢᠮᠢᠰ ᠪᠠᠢᠨ᠎ᠠ
ᠤᠯᠠᠭᠠᠨ ᠥᠩᠭᠡ ᠲᠡᠢ ᠵᠢᠮᠢᠰ ᠪᠠᠢᠨ᠎ᠠ
ᠴᠢ ᠤᠯᠠᠭᠠᠨ ᠥᠩᠭᠡ ᠲᠡᠢ ᠠᠷᠪᠢᠨ ᠵᠢᠮᠢᠰ ᠲᠡᠭᠦᠬᠦ ᠪᠡᠷ ᠢᠷᠡᠭᠰᠡᠨ ᠪᠠᠢᠨ᠎ᠠ᠃
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ  

ᠴᠠᠰᠤᠨ ᠳᠣᠣᠷ᠎ᠠ ᠴᠠᠰᠤᠨ ᠳᠣᠣᠷ᠎ᠠ ᠨᠠᠪᠴᠢ ᠪᠠᠢᠨ᠎ᠠ  
ᠨᠠᠪᠴᠢᠨ ᠳᠣᠣᠷ᠎ᠠ ᠨᠠᠪᠴᠢᠨ ᠳᠣᠣᠷ᠎ᠠ ᠵᠢᠮᠢᠰ ᠪᠠᠢᠨ᠎ᠠ  
ᠰᠢᠷᠭᠠᠯᠬᠠᠨ ᠨᠠᠪᠴᠢᠨ ᠳᠣᠣᠷ᠎ᠠ ᠵᠢᠮᠢᠰ ᠪᠠᠢᠨ᠎ᠠ  
ᠤᠯᠠᠭᠠᠨ ᠥᠩᠭᠡ ᠲᠡᠢ ᠵᠢᠮᠢᠰ ᠪᠠᠢᠨ᠎ᠠ
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ 
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ  

ᠡᠪᠡᠰᠦᠨ ᠳᠣᠣᠷ᠎ᠠ ᠴᠠᠰᠤᠨ ᠳᠣᠣᠷ᠎ᠠ ᠡᠪᠡᠰᠦ ᠪᠠᠢᠨ᠎ᠠ  
ᠡᠪᠡᠰᠦᠨ ᠳᠣᠣᠷ᠎ᠠ ᠡᠪᠡᠰᠦᠨ ᠳᠣᠣᠷ᠎ᠠ ᠵᠢᠮᠢᠰ ᠪᠠᠢᠨ᠎ᠠ  
ᠴᠠᠭᠠᠬᠠᠨ ᠴᠠᠰᠤᠨ ᠳᠣᠣᠷ᠎ᠠ ᠵᠢᠮᠢᠰ ᠪᠠᠢᠨ᠎ᠠ  
ᠤᠯᠠᠭᠠᠨ ᠥᠩᠭᠡ ᠲᠡᠢ ᠵᠢᠮᠢᠰ ᠪᠠᠢᠨ᠎ᠠ
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ 
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ᠃                                                                                                                                        
ᠪᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ 
ᠴᠢ ᠥᠷᠯᠥᠭᠡ ᠡᠷᠲᠡ ᠭᠠᠷᠤᠭᠠᠳ ᠵᠢᠮᠢᠰ ᠲᠡᠭᠦᠬᠦ ᠪᠡᠷ ᠢᠷᠡᠭᠰᠡᠨ ᠪᠠᠢᠨ᠎ᠠ᠃                                                                                                                     
–ᠮᠠᠰᠢ ᠭᠣᠶᠣ ᠳᠠᠭᠤᠤ ᠳᠠᠭᠤᠯᠠᠵᠤ ᠥᠭ᠌ᠭᠦᠭ᠌ᠰᠡᠨ ᠨᠠᠢᠵᠠ ᠨᠤᠭᠤᠳ ᠲᠦ᠍ ᠪᠡᠨ ᠵᠣᠷᠢᠭᠤᠯᠤᠭᠠᠳ ᠵᠢᠢ ᠵᠢᠢ ᠦᠯᠢᠭᠡᠷ ᠶᠠᠷᠢᠭᠠᠳ ᠥᠭ᠌ᠭᠦᠭᠡᠴᠢ!
–ᠵᠠ ᠲᠡᠭᠡᠶ᠎ᠡ! ᠵᠢᠢ ᠵᠢᠢ ᠶ᠋ᠢᠨ ᠦᠯᠢᠭᠡᠷ ᠦ᠋ᠨ ᠴᠠᠭ ᠡᠬᠢᠯᠡᠯ᠎ᠡ ᠰᠢᠦ᠃      
ᠡᠷᠲᠡ ᠤᠷᠢᠳᠤ ᠶ᠋ᠢᠨ ᠴᠠᠭ ᠲᠤ᠌ ᠪᠣᠨᠳᠤᠭᠤᠨᠠᠭᠤᠷ ᠪᠦᠨᠳᠦᠭᠡᠨᠡᠭᠦᠷ ᠭᠡᠳᠡᠭ ᠨᠡᠷ᠎ᠡ ᠲᠡᠢ ᠪᠢᠴᠢᠬᠠᠨ ᠬᠣᠶᠠᠷ ᠬᠤᠯᠤᠭᠠᠨ᠎ᠠ ᠡᠷ᠎ᠡ ᠬᠣᠩᠭᠣᠷ ᠳᠠᠭᠤ ᠲᠠᠢ ᠡᠷᠡᠮᠡᠭ ᠲᠠᠬᠢᠶ᠎ᠠ ᠭᠤᠷᠪᠠ ᠡᠪᠯᠡᠨ ᠠᠮᠢᠳᠤᠷᠠᠳᠠᠭ ᠪᠠᠢᠵᠠᠢ ᠭᠡᠨ᠎ᠡ᠃ ᠡᠷᠬᠡ ᠵᠢᠭᠠᠬᠠᠨ ᠬᠤᠯᠤᠭᠠᠨ᠎ᠠ ᠨᠤᠭᠤᠳ ᠨᠢ ᠪᠣᠨᠳᠤᠭᠤᠨᠠᠵᠤ ᠪᠦᠨᠳᠦᠭᠡᠨᠡᠵᠦ ᠭᠦᠶᠦᠯᠳᠦᠭᠡᠳ ᠯᠡ ᠡᠯᠳᠡᠪ ᠢ᠋ᠶ᠋ᠡᠷ ᠳᠠᠭᠤᠯᠠᠵᠤ ᠪᠥᠵᠢᠭᠯᠡᠬᠦ ᠡᠴᠡ ᠥᠭᠡᠷ᠎ᠡ ᠶ᠋ᠢ ᠶᠡᠷᠦ ᠡᠴᠡ ᠪᠡᠨ ᠮᠡᠳᠡᠳᠡᠭ ᠦᠭᠡᠢ ᠭᠡᠨ᠎ᠡ᠃ ᠬᠠᠷᠢᠨ ᠲᠠᠬᠢᠶ᠎ᠠ ᠡᠷᠲᠡᠬᠡᠨ ᠦᠷ ᠴᠠᠢᠩᠭᠤᠲᠠ ᠯᠠ ᠥᠭᠦᠯᠡᠵᠦ ᠴᠢᠩᠭ᠎ᠠ ᠪᠠᠷ ᠬᠠᠰᠬᠢᠷᠴᠤ ᠬᠣᠲᠠᠯᠠ ᠣᠯᠠᠨ ᠢ᠋ ᠰᠡᠷᠡᠭᠡᠭᠡᠳ ᠬᠥᠯ ᠪᠣᠯᠣᠨ ᠠᠵᠢᠯ ᠳ᠋ᠤ᠌ ᠪᠠᠨ ᠣᠷᠣᠳᠠᠭ ᠪᠠᠢᠯ᠎ᠠ᠃             
ᠲᠡᠭᠡᠲᠡᠯ᠎ᠡ ᠨᠢᠭᠡ ᠡᠳᠦᠷ ᠲᠠᠬᠢᠶ᠎ᠠ ᠬᠠᠰᠢᠶ᠎ᠠ ᠪᠠᠨ ᠴᠡᠪᠡᠷᠯᠡᠭᠡᠳ ᠶᠠᠪᠤᠵᠤ ᠪᠠᠢᠭ᠍ᠰᠠᠨ ᠴᠢᠨᠢ ᠤᠯᠠᠭᠠᠨ ᠪᠤᠭᠤᠳᠠᠢ ᠶ᠋ᠢᠨ ᠲᠦᠷᠦᠭᠦᠦ ᠨᠢ ᠭᠠᠵᠠᠷ ᠬᠡᠪᠲᠡᠵᠦ ᠪᠠᠢᠬᠤ ᠶ᠋ᠢ ᠬᠠᠷᠠᠵᠠᠢ ᠭᠡᠨ᠎ᠡ ᠰᠢᠦ! ᠬᠤᠯᠤᠭᠠᠨ᠎ᠠ ᠨᠤᠭᠤᠳ ᠭᠦᠶᠦᠯᠳᠦᠭᠡᠳ ᠬᠥᠷᠥᠭᠡᠳ ᠢᠷᠡᠵᠡᠢ ᠭᠡᠨ᠎ᠡ᠃《 ᠣᠯᠵᠠᠨ ᠤ᠋ ᠡᠨᠡ ᠲᠦᠷᠦᠭᠦᠦ ᠶ᠋ᠢ ᠴᠠᠢᠷᠠᠭᠤᠯᠵᠤ ᠠᠪᠴᠢᠬᠠᠭᠠᠳ ᠬᠠᠶᠠᠶ᠎ᠠ ᠯᠠ ᠳᠠ ᠭᠡᠵᠡᠭᠡᠵᠡᠢ》 ᠭᠡᠨ᠎ᠡ ᠰᠢᠦ᠃《 ᠦᠭᠡᠢ ᠲᠡᠭᠡᠭᠡᠳ ᠬᠡᠨ ᠮᠠᠨᠢ ᠴᠠᠢᠷᠠᠭᠤᠯᠬᠤ ᠶᠤᠮ ᠪᠣᠢ?》 ᠭᠡᠳ ᠲᠠᠬᠢᠶ᠎ᠠ ᠠᠰᠠᠭᠤᠭ᠍ᠰᠠᠨ ᠴᠢᠨᠢ《 ᠪᠢ ᠯᠡ ᠦᠭᠡᠢ ᠰᠢᠦ!》 ᠭᠡᠵᠦ ᠨᠢᠭᠡ ᠨᠢ ᠬᠠᠰᠬᠢᠷᠴᠠᠢ ᠭᠡᠨ᠎ᠡ᠃《 ᠪᠢ ᠯᠠᠪ ᠦᠭᠡᠢ》 ᠭᠡᠵᠦ ᠨᠥᠭᠥᠭᠡᠬᠢ ᠨᠢ ᠪᠠᠰᠠ ᠬᠠᠰᠬᠢᠷᠴᠠᠢ ᠭᠡᠨ᠎ᠡ᠃《 ᠵᠠ ᠶᠠᠭᠠᠬᠢᠬᠤᠪ᠂ ᠪᠢ ᠴᠠᠢᠷᠠᠭᠤᠯᠤᠶ᠎ᠠ》 ᠭᠡᠵᠦ ᠲᠠᠬᠢᠶ᠎ᠠ ᠬᠡᠯᠡᠭᠡᠳ ᠨᠦᠳᠦᠵᠦ ᠭᠠᠷᠴᠠᠢ᠃ ᠬᠤᠯᠤᠭᠠᠨ᠎ᠠ ᠨᠤᠭᠤᠳ ᠡᠨᠡ ᠬᠣᠭᠣᠷᠣᠨᠳᠤ ᠪᠥᠮᠪᠥᠭᠡ ᠲᠣᠭ᠍ᠯᠠᠭ᠍ᠰᠠᠭᠠᠷ ᠪᠠᠢᠭᠠᠳ ᠥᠩᠭᠡᠷᠡᠵᠡᠢ ᠭᠡᠨ᠎ᠡ᠃ ᠲᠠᠬᠢᠶ᠎ᠠ ᠲᠦᠷᠦᠭᠦᠦ ᠪᠡᠨ ᠴᠠᠢᠷᠠᠭᠤᠯᠵᠤ ᠳᠠᠭᠤᠰᠤᠭᠠᠳ《 ᠬᠥᠶᠢ᠁ ᠶᠧ ᠂ ᠬᠥᠶᠢ – ᠪᠣᠨᠳᠤᠭᠤᠨᠠᠭᠤᠷ ᠪᠦᠨᠳᠦᠭᠡᠨᠡᠭᠦᠷ ᠬᠣᠶᠠᠷ ᠠ᠋! ᠬᠡᠴᠢᠨᠡᠭᠡᠨ ᠶᠡᠬᠡ ᠲᠠᠷᠢᠶ᠎ᠠ ᠭᠠᠷᠤᠭ᠍ᠰᠠᠨ ᠢ᠋ ᠬᠠᠷᠠᠭᠠᠴᠢ!》 ᠭᠡᠵᠦ ᠬᠠᠰᠭᠢᠷᠤᠯ᠎ᠠ ᠭᠡᠨ᠎ᠡ ᠰᠢᠦ᠃ ᠬᠤᠯᠤᠭᠠᠨ᠎ᠠ ᠨᠤᠭᠤᠳ ᠴᠤ᠌ ᠭᠦᠶᠦᠯᠳᠦᠭᠡᠳ ᠢᠷᠡᠵᠡᠢ ᠭᠡᠨ᠎ᠡ᠃《 ᠣᠳᠣ ᠲᠠᠷᠢᠶ᠎ᠠ ᠪᠠᠨ ᠲᠡᠭᠡᠷᠮ᠎ᠡ ᠤᠷᠤᠭᠤ ᠠᠪᠠᠴᠢᠵᠤ ᠭᠤᠯᠢᠷ ᠪᠣᠯᠭᠠᠬᠤ ᠬᠡᠷᠡᠭᠲᠡᠢ ᠶᠦ᠍ᠮ》 ᠭᠡᠵᠦ ᠨᠢᠭᠡᠨ ᠳᠠᠭᠤ ᠪᠠᠷ ᠱᠤᠯᠤᠭᠠᠨᠠᠯᠳᠤᠵᠠᠢ ᠭᠡᠨ᠎ᠡ᠃《 ᠲᠡᠭᠡᠶ᠎ᠡ᠂ ᠲᠡᠭᠡᠶ᠎ᠡ᠃ ᠬᠡᠨ ᠮᠠᠨᠢ ᠲᠡᠭᠡᠭᠡᠳ ᠠᠪᠠᠴᠢᠵᠤ ᠥᠭᠬᠦ ᠶᠦ᠍ᠮ ᠪᠣᠢ?》 ᠭᠡᠵᠦ ᠲᠠᠬᠢᠶ᠎ᠠ ᠠᠰᠠᠭᠤᠭ᠍ᠰᠠᠨ ᠳ᠋ᠤ᠌《 ᠪᠢ ᠯᠡ ᠦᠭᠡᠢ》 ᠭᠡᠵᠦ ᠪᠣᠨᠳᠤᠭᠤᠨᠠᠭᠤᠷ ᠬᠡᠯᠡᠵᠡᠢ ᠭᠡᠨ᠎ᠡ᠃《 ᠪᠢ ᠯᠡ ᠦᠭᠡᠢ ᠰᠢᠦ》 ᠭᠡᠵᠦ ᠪᠦᠨᠳᠦᠭᠡᠨᠡᠭᠦᠷ ᠬᠠᠰᠬᠢᠷᠴᠠᠢ ᠭᠡᠨ᠎ᠡ᠃《 ᠵᠠ ᠶᠠᠭᠠᠬᠢᠬᠤᠪ ᠪᠢ ᠲᠠᠷᠢᠶ᠎ᠠ ᠪᠠᠨ ᠲᠡᠭᠡᠷᠮ᠎ᠡ ᠤᠷᠤᠭᠤ ᠠᠪᠤᠭᠠᠳ ᠯᠠ ᠶᠠᠪᠤᠬᠤ ᠠ᠋ᠴᠠ》 ᠭᠡᠵᠦ ᠲᠠᠬᠢᠶ᠎ᠠ  ᠬᠡᠯᠡᠭᠡᠳ ᠰᠢᠭᠤᠳᠠᠢ ᠲᠠᠢ ᠲᠠᠷᠢᠶ᠎ᠠ ᠪᠠᠨ ᠡᠭᠦᠷᠦᠭᠡᠳ ᠶᠠᠪᠤᠵᠠᠢ ᠭᠡᠨ᠎ᠡ᠃ ᠬᠤᠯᠤᠭᠠᠨ᠎ᠠ ᠨᠤᠭᠤᠳ ᠡᠨᠡ ᠬᠣᠭᠣᠷᠣᠨᠳᠤ ᠳᠡᠭᠡᠷ᠎ᠡ ᠳᠡᠭᠡᠷ᠎ᠡ ᠡᠴᠡ ᠪᠡᠨ ᠬᠠᠷᠠᠢᠯᠳᠤᠨ ᠥᠩᠬᠥᠷᠢᠵᠦ ᠳᠡᠭᠳᠡᠵᠦ ᠲᠣᠭ᠍ᠯᠠᠨ ᠥᠩᠭᠡᠷᠡᠵᠡᠭᠡᠵᠡᠢ ᠭᠡᠨ᠎ᠡ᠃ ᠲᠠᠬᠢᠶ᠎ᠠ ᠲᠡᠭᠡᠷᠮ᠎ᠡ ᠳᠡᠭᠡᠷ᠎ᠡ ᠡᠴᠡ ᠡᠷᠭᠢᠵᠦ ᠢᠷᠡᠭᠡᠳ ᠬᠤᠯᠤᠭᠠᠨ᠎ᠠ ᠨᠤᠭᠤᠳ ᠢ᠋ ᠳᠠᠭᠤᠳᠠᠵᠤ《 ᠬᠥᠶᠢ ᠶᠧ᠂ ᠪᠣᠨᠳᠤᠭᠤᠨᠠᠭᠤᠷ ᠪᠦᠨᠳᠦᠭᠡᠨᠡᠭᠦᠷ ᠬᠣᠶᠠᠷ ᠠ᠋! ᠨᠠᠭᠠᠰᠢ ᠪᠠᠨ ᠬᠥᠷᠥᠭᠡᠳ ᠢᠷ᠎ᠡ᠂ ᠪᠢ ᠭᠤᠯᠢᠷ ᠠᠪᠴᠢᠷᠠᠯ᠎ᠠ》 ᠭᠡᠵᠦ ᠭᠡᠨ᠎ᠡ ᠰᠢᠦ᠃ ᠬᠣᠶᠠᠷ ᠬᠤᠯᠤᠭᠠᠨ᠎ᠠ ᠴᠤ᠌ ᠭᠦᠶᠦᠯᠳᠦᠭᠡᠳ ᠢᠷᠡᠵᠡᠢ ᠭᠡᠨ᠎ᠡ᠃ ᠳᠤᠷ᠎ᠠ ᠦᠭᠡᠢᠬᠡᠨ ᠬᠠᠷᠠᠵᠤ ᠬᠠᠷᠠᠵᠤ ᠪᠠᠢᠭ᠍ᠰᠠᠨ ᠢ᠋ᠶ᠋ᠠᠨ《 ᠣᠳᠣ ᠭᠤᠯᠢᠷ ᠢ᠋ᠶ᠋ᠠᠨ ᠵᠢᠭᠤᠷᠠᠵᠤ ᠪᠢᠯᠠᠤ ᠵᠢᠩᠨᠡᠬᠦ ᠬᠡᠷᠡᠭᠲᠡᠢ ᠶᠦ᠍ᠮ ᠪᠠᠢᠨ᠎ᠠ ᠰᠢᠳᠡ》 ᠭᠡᠵᠡᠭᠡᠵᠡᠢ ᠭᠡᠨ᠎ᠡ᠃《 ᠦᠭᠡᠢ ᠲᠡᠭᠡᠶ᠎ᠡ ᠯᠡ ᠳᠡ᠂ ᠲᠡᠭᠡᠭᠡᠳ ᠬᠡᠨ ᠮᠠᠨᠢ ᠭᠤᠯᠢᠷ ᠢ᠋ᠶ᠋ᠠᠨ ᠵᠢᠭᠤᠷᠠᠬᠤ ᠶᠤᠮ ᠪᠣᠢ? 》 ᠭᠡᠵᠦ ᠲᠠᠬᠢᠶ᠎ᠠ ᠠᠰᠠᠭᠤᠬᠤ ᠳ᠋ᠤ᠌ ᠬᠤᠯᠤᠭᠠᠨ᠎ᠠ ᠨᠤᠭᠤᠳ ᠨᠥᠭᠥᠭᠡ ᠯᠡ ᠬᠡᠯᠡᠳᠡᠭ ᠢ᠋ᠶ᠋ᠡᠨ ᠬᠡᠯᠡᠵᠡᠢ ᠭᠡᠨ᠎ᠡ᠃ ᠲᠠᠬᠢᠶ᠎ᠠ ᠭᠤᠯᠢᠷ ᠢ᠋ᠶ᠋ᠠᠨ ᠵᠢᠭᠤᠷᠠᠵᠤ᠂ ᠮᠣᠳᠣ ᠣᠷᠣᠭᠤᠯᠵᠤ᠂ ᠫᠢᠰᠢᠩ ᠢ᠋ᠶ᠋ᠡᠨ ᠭᠠᠯᠯᠠᠯ᠎ᠠ᠃ ᠲᠡᠭᠡᠭᠡᠳ ᠫᠢᠰᠢᠩ ᠢ᠋ᠶ᠋ᠡᠨ ᠬᠠᠯᠠᠮᠠᠭ᠍ᠴᠠ ᠯᠠ ᠪᠢᠯᠠᠤ ᠪᠠᠨ ᠲᠠᠯᠪᠢᠯ᠎ᠠ᠃ ᠲᠦᠳᠡᠯ ᠦᠭᠡᠢ ᠲᠡᠳᠡ ᠨᠠᠷ  ᠰᠢᠷᠡᠭᠡᠨ ᠳᠡᠭᠡᠷ᠎ᠡ ᠴᠦ᠍ ᠰᠠᠭᠤᠵᠠᠭᠠᠯ᠎ᠠ᠃ ᠬᠠᠷᠢᠨ ᠲᠠᠬᠢᠶ᠎ᠠ ᠲᠡᠳᠡᠨ ᠳ᠋ᠦ᠍ ᠬᠠᠨᠳᠤᠵᠤ《 ᠬᠦᠯᠢᠶᠡᠵᠦ ᠪᠠᠢ! ᠬᠦᠯᠢᠶᠡᠵᠦ ᠪᠠᠢ ᠠ᠋! ᠲᠠ ᠬᠣᠶᠠᠷ ᠡᠬᠢᠯᠡᠭᠡᠳ ᠲᠠᠷᠢᠶᠠᠨ ᠲᠦᠷᠦᠭᠦᠦ ᠬᠡᠨ ᠣᠯᠤᠭ᠍ᠰᠠᠨ ᠢ᠋ ᠬᠡᠯᠡ》 ᠭᠡᠵᠡᠢ᠃《 ᠴᠢ ᠣᠯᠤᠭ᠍ᠰᠠᠨ》 ᠭᠡᠵᠦ ᠬᠤᠯᠤᠭᠠᠨ᠎ᠠ ᠨᠤᠭᠤᠳ ᠴᠢᠩᠭ᠎ᠠ ᠭᠡᠭᠴᠢ ᠨᠢ ᠬᠠᠰᠭᠢᠷᠤᠯ᠎ᠠ᠃《 ᠵᠠ ᠲᠡᠭᠡᠪᠡᠯ ᠲᠦᠷᠦᠭᠦᠦ ᠶ᠋ᠢ ᠬᠡᠨ ᠴᠠᠢᠷᠠᠭᠤᠯᠤᠭ᠍ᠰᠠᠨ》 ᠭᠡᠵᠦ ᠲᠠᠬᠢᠶ᠎ᠠ ᠪᠠᠰᠠ ᠯᠠ ᠠᠰᠠᠭᠤᠵᠠᠢ ᠭᠡᠨ᠎ᠡ᠃《 ᠴᠢ ᠴᠠᠢᠷᠠᠭᠤᠯᠤᠭ᠍ᠰᠠᠨ》 ᠭᠡᠵᠦ ᠬᠣᠶᠠᠭᠤᠯᠠ ᠪᠠᠨ ᠠᠶᠠᠷᠬᠠᠨ ᠭᠡᠭᠴᠢ ᠨᠢ ᠬᠡᠯᠡᠯ᠎ᠡ᠃《 ᠵᠠ ᠲᠡᠭᠡᠪᠡᠯ ᠲᠠᠷᠢᠶ᠎ᠠ ᠪᠠᠨ ᠲᠡᠭᠡᠷᠮ᠎ᠡ ᠤᠷᠤᠭᠤ ᠬᠡᠨ ᠵᠥᠭᠡᠭᠡᠵᠦ ᠠᠪᠠᠴᠢᠭ᠍ᠰᠠᠨ ᠪᠢᠯᠡ? 》《 ᠪᠠᠰᠠ ᠯᠠ ᠴᠢ》 ᠭᠡᠳ ᠪᠣᠨᠳᠤᠭᠤᠨᠠᠭᠤᠷ ᠪᠦᠨᠳᠦᠭᠡᠨᠡᠭᠦᠷ ᠬᠣᠶᠠᠷ ᠨᠠᠮᠤᠭᠤᠬᠠᠨ ᠳᠠᠭᠤ ᠪᠠᠷ ᠬᠠᠷᠢᠭᠤᠯᠤᠯ᠎ᠠ᠃《 ᠲᠡᠭᠡᠪᠡᠯ ᠭᠤᠯᠢᠷ ᠬᠡᠨ ᠵᠢᠭᠤᠷᠠᠭ᠍ᠰᠠᠨ᠂ ᠬᠡᠨ ᠮᠣᠳᠣ ᠣᠷᠣᠭᠤᠯᠵᠤ᠂ ᠬᠡᠨ ᠫᠢᠰᠢᠩ ᠭᠠᠯᠯᠠᠵᠤ᠂ ᠬᠡᠨ ᠪᠢᠯᠠᠤ ᠵᠢᠩᠨᠡᠭᠰᠡᠨ ᠪᠢᠯᠡ? 》《 ᠴᠥᠮ ᠢ᠋ ᠨᠢ ᠴᠢ᠂ ᠴᠥᠮ ᠢ᠋ ᠨᠢ ᠴᠢ》 ᠭᠡᠵᠦ ᠬᠤᠯᠤᠭᠠᠨ᠎ᠠ ᠨᠤᠭᠤᠳ ᠳᠤᠭᠤᠯᠳᠠᠬᠤ ᠲᠡᠳᠦᠢ ᠳᠤᠤᠭᠠᠷᠤᠯ᠎ᠠ᠃《 ᠲᠡᠭᠡᠭᠡᠳ ᠲᠠ ᠨᠠᠷ ᠶᠠᠭᠤ ᠬᠢᠭᠰᠡᠨ ᠶᠦ᠍ᠮ ᠪᠣᠢ? 》 ᠶᠠᠭᠤ ᠭᠡᠵᠦ ᠬᠠᠷᠢᠭᠤᠯᠬᠤᠪ ᠳᠠ᠂ ᠶᠠᠮᠠᠷ ᠴᠤ᠌ ᠬᠡᠯᠡᠬᠦ ᠦᠭᠡ ᠪᠠᠢᠭ᠍ᠰᠠᠨ ᠦᠭᠡᠢ᠃ ᠪᠣᠨᠳᠤᠭᠤᠨᠠᠭᠤᠷ ᠪᠦᠨᠳᠦᠭᠡᠨᠡᠭᠦᠷ ᠬᠣᠶᠠᠷ ᠠᠷᠭ᠎ᠠ ᠪᠤᠶᠤ ᠰᠢᠷᠡᠭᠡᠨ ᠡᠴᠡ ᠪᠠᠭᠤᠬᠤ ᠳ᠋ᠤ᠌ ᠲᠠᠬᠢᠶ᠎ᠠ ᠴᠤ᠌ ᠲᠡᠳᠡᠨ ᠢ᠋ ᠰᠠᠭᠤ ᠰᠠᠭᠤ ᠭᠡᠰᠡᠨ ᠦᠭᠡᠢ ᠡᠢᠮᠦ ᠵᠠᠯᠬᠠᠭᠤ ᠬᠣᠢᠷᠭᠣ ᠠᠮᠢᠲᠠᠳ ᠢ᠋ ᠪᠢᠯᠠᠤ ᠪᠠᠷ ᠳᠠᠢᠯᠠᠨ᠎ᠠ ᠭᠡᠳᠡᠭ ᠴᠢᠨᠢ ᠶᠠᠭᠤ ᠭᠡᠰᠡᠨ ᠦᠭᠡ ᠪᠣᠢ ᠳᠠ? ᠲᠡᠢᠮᠦ ᠠ᠋᠂ ᠲᠠ ᠮᠢᠨᠢ ᠠ᠋!
–ᠪᠢ ᠵᠢᠢ ᠵᠢᠢ ᠶ᠋ᠢᠨ ᠶᠠᠷᠢᠵᠤ ᠥᠭᠳᠡᠭ ᠪᠦᠬᠦ ᠦᠯᠢᠭᠡᠷ ᠲᠦ ᠳᠤᠷᠠᠲᠠᠢ᠃                                                 
–ᠬᠡ ᠬᠡ– ᠨᠠᠢᠵᠠ ᠨᠤᠭᠤᠳ ᠠ᠋᠂ ᠲᠠ ᠨᠠᠷ ᠴᠤ᠌ ᠪᠠᠰᠠ ᠦᠯᠢᠭᠡᠷ ᠢ᠋ᠶ᠋ᠡᠨ ᠠᠩᠬᠠᠷᠤᠯᠲᠠᠢ ᠰᠣᠨᠤᠰᠤᠭ᠍ᠰᠠᠨ ᠪᠢᠵᠡ ᠳᠡ!
–ᠵᠢᠢ ᠵᠢᠢ᠂ ᠬᠣᠶᠠᠭᠤᠯᠠ ᠪᠠᠨ ᠥᠨᠥᠳᠥᠷ ᠶᠡᠬᠡ ᠣᠯᠠᠨ ᠵᠦᠢᠯ ᠮᠡᠳᠡᠵᠦ ᠠᠪᠤᠯ᠎ᠠ᠂ ᠲᠡᠢᠮᠦ ᠠ᠋?
–ᠲᠡᠢᠮᠦ ᠠ᠋᠂ ᠵᠤᠨ ᠤ᠋ ᠠᠮᠠᠷᠠᠯᠲᠠ ᠪᠠᠷ ᠰᠤᠷᠤᠭ᠍ᠰᠠᠨ ᠵᠦᠢᠯᠡᠰ ᠦ᠋ᠨ ᠢ᠋ᠶ᠋ᠡᠨ ᠲᠤᠬᠠᠢ ᠶᠠᠷᠢᠯᠴᠠᠯ᠎ᠠ᠃                          
–ᠡᠩᠬᠡᠵᠢᠨ ᠭᠡᠳᠡᠭ ᠪᠢᠴᠢᠬᠠᠨ ᠨᠠᠢᠵᠠ ᠠ᠋ᠴᠠ ᠪᠠᠨ ᠵᠢᠮᠢᠰ ᠲᠡᠭᠦᠬᠦ ᠶ᠋ᠢ ᠰᠣᠷᠣᠯ᠎ᠠ᠃
– ᠵᠣ ᠵᠣ᠂ ᠮᠠᠨᠢ ᠲᠥᠷᠥᠯ ᠪᠦᠷᠢ ᠶ᠋ᠢᠨ ᠵᠢᠮᠢᠰ ᠦ᠋ᠨ ᠨᠡᠷ᠎ᠡ ᠮᠡᠳᠡᠵᠦ ᠠᠪᠤᠭᠰᠠᠨ ᠳᠠ᠃
–ᠬᠥ᠂ ᠲᠡᠢᠮᠦ ᠠ᠋᠂ ᠪᠠᠰᠠ ᠴᠠᠰᠤᠨ ᠳᠣᠣᠷ᠎ᠠ ᠵᠢᠮᠢᠰ ᠭᠡᠳᠡᠭ ᠭᠣᠶᠣ ᠳᠠᠭᠤᠤ ᠰᠤᠷᠤᠭ᠍ᠰᠠᠨ᠃
–ᠬᠢ ᠬᠢ᠁  ᠬᠥᠭᠡᠷᠦᠬᠦᠨ ᠨᠠᠢᠵᠠ ᠨᠤᠭᠤᠳ ᠠ᠋᠂ ᠵᠢᠢ ᠵᠢᠢ᠂  ᠵᠣ ᠵᠣ ᠬᠣᠶᠠᠷ ᠲᠠᠢ ᠪᠠᠨ ᠬᠠᠮᠲᠤ ᠪᠠᠢᠵᠤ᠂ ᠰᠢᠨ᠎ᠡ ᠶ᠋ᠢ ᠰᠤᠷᠤᠯᠴᠠᠵᠤ ᠪᠠᠢᠭᠠᠷᠠᠢ!
–ᠨᠠᠢᠵᠠ ᠨᠤᠭᠤᠳ ᠠ᠋᠂ ᠳᠠᠷᠠᠭ᠎ᠠ ᠳᠠᠬᠢᠨ ᠠᠭᠤᠯᠵᠠᠲᠠᠯ᠎ᠠ ᠪᠠᠨ ᠲᠦᠷ ᠪᠠᠶᠠᠷᠲᠠᠢ!
–ᠪᠠᠶᠠᠷᠲᠠᠢ! 


ᠪᠢᠴᠢᠬᠠᠨ ᠪᠣᠯᠵᠣᠮᠣᠷ ᠵᠢᠪ ᠵᠢᠪ ᠵᠢᠪ 
ᠵᠢᠷᠭᠢᠵᠦ ᠨᠢᠰᠦᠭᠡᠳ ᠳ᠋ᠢᠪ ᠳ᠋ᠢᠪ ᠳ᠋ᠢᠪ
ᠠᠮᠠ ᠪᠠᠨ ᠠᠩᠭᠠᠢᠭᠠᠳ ᠵᠢᠪ ᠵᠢᠪ ᠵᠢᠪ 
ᠠᠩᠭᠠᠢᠨ ᠳᠡᠭᠳᠡᠭᠡᠳ ᠳ᠋ᠢᠪ ᠳ᠋ᠢᠪ ᠳ᠋ᠢᠪ 
ᠲᠣᠭ᠍ᠯᠠᠶ᠎ᠠ ᠲᠣᠭ᠍ᠯᠠᠶ᠎ᠠ ᠵᠢᠪ ᠵᠢᠪ ᠵᠢᠪ 
ᠪᠥᠵᠢᠭᠯᠡᠶ᠎ᠡ ᠪᠥᠵᠢᠭᠯᠡᠶ᠎ᠡ ᠳ᠋ᠢᠪ ᠳ᠋ᠢᠪ ᠳ᠋ᠢᠪ 
ᠲᠣᠭ᠍ᠯᠠᠶ᠎ᠠ ᠲᠣᠭ᠍ᠯᠠᠶ᠎ᠠ ᠵᠢᠪ ᠵᠢᠪ ᠵᠢᠪ 
ᠪᠥᠵᠢᠭᠯᠡᠶ᠎ᠡ ᠪᠥᠵᠢᠭᠯᠡᠶ᠎ᠡ ᠳ᠋ᠢᠪ ᠳ᠋ᠢᠪ ᠳ᠋ᠢᠪ


ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ 
ᠦᠰᠦᠭ ᠬᠠᠲᠠᠭᠰᠠᠨ ᠨᠢ᠄ ᠮᠥᠩᠭᠦᠨᠴᠡᠴᠡᠭ
ᠬᠢᠨᠠᠭᠴᠢ ᠪᠠᠭ᠍ᠰᠢ ᠨᠢ᠄ ᠮᠥᠴᠢᠷ᠂ ᠱᠤᠳᠤᠷᠭᠤ