ᠵᠠᠶᠠᠭᠠᠨ ᠤ ᠬᠢ ᠪᠢᠰᠢ ᠵᠠᠪᠰᠠᠷ ᠦ᠋ᠨ ᠬᠢ – ᠳ ᠂ ᠨᠠᠸᠠᠩᠰᠥ᠋ᠷᠦᠩ ( ᠴᠤᠪᠤᠷᠠᠯ ᠥᠭᠦᠯᠡᠯᠭᠡ) Заяаных биш завсрынх – Д ᠂ Наваансүрэн ( Цуврал өгүүллэг)
ᠵᠠᠶᠠᠭᠠᠨ ᠤ ᠬᠢ ᠪᠢᠰᠢ ᠵᠠᠪᠰᠠᠷ ᠦ᠋ᠨ ᠬᠢ
ᠳ ᠂ ᠨᠠᠸᠠᠩᠰᠥ᠋ᠷᠦᠩ
( ᠴᠤᠪᠤᠷᠠᠯ ᠥᠭᠦᠯᠡᠯᠭᠡ)
ᠵᠠᠶᠠᠭᠠᠨ ᠤ᠋ ᠪᠢᠰᠢ ᠵᠠᠪᠰᠠᠷ ᠠ᠋ᠴᠠ᠂ ᠳᠡᠭᠡᠷ᠎ᠡ ᠡᠴᠡ ᠪᠢᠰᠢ ᠳᠡᠷᠭᠡᠳᠡ ᠡᠴᠡ ᠥᠨᠳᠡᠢᠭᠡᠳ ᠢᠷᠡᠳᠡᠭ ᠨᠢᠭᠡᠨ ᠣᠷᠣᠨ ᠲᠣᠭ᠎ᠠ ᠶ᠋ᠢ ᠡᠷᠬᠢᠮ ᠤᠩᠰᠢᠭᠴᠢ ᠲᠠ ᠮᠡᠳᠡᠬᠦ ᠤᠤ?
ᠠᠭᠤᠷ ᠤ᠋ᠨ ᠵᠤᠤᠬ᠎ᠠ ᠲᠠᠢ ᠭᠠᠵᠠᠷ ᠤ᠋ᠨ ᠤᠯᠠᠷᠢᠯ ᠳ᠋ᠤ᠌ ᠠᠵᠢᠯᠯᠠᠭᠤᠯᠳᠠᠭ ᠣᠷᠣᠨ ᠲᠣᠭ᠎ᠠ ᠯᠠ ᠪᠢᠵᠡ᠂ ᠶᠡᠷᠦ ᠨᠢ ᠤᠯᠠᠷᠢᠯ ᠢ᠋ᠶ᠋ᠠᠷ ᠲᠦᠷ ᠵᠠᠭᠤᠷ᠎ᠠ ᠠᠵᠢᠯᠴᠢᠨ ᠠᠵᠢᠯᠯᠠᠭᠤᠯᠳᠠᠭ ᠣᠷᠣᠨ ᠲᠣᠭ᠎ᠠ ᠲᠠᠢ ᠠᠯᠪᠠᠨ ᠭᠠᠵᠠᠷ ᠪᠢᠰᠢᠭᠦᠢ ᠪᠣᠢ ᠭᠡᠬᠦ ᠭᠡᠵᠦ ᠪᠠᠢᠨ᠎ᠠ ᠤᠤ?
ᠠᠯᠪᠠᠨ ᠶᠣᠰᠣ ᠪᠠᠷ ᠠᠵᠢᠯ ᠢ᠋ ᠨᠢ ᠬᠠᠷᠢᠭᠤᠴᠠᠭᠤᠯᠵᠤ ᠥᠭᠭᠦᠭᠰᠡᠨ ᠲᠡᠢᠮᠦ ᠣᠷᠣᠨ ᠲᠣᠭ᠎ᠠ ᠪᠢᠰᠢ ᠠ᠋᠂ ᠲᠡᠭᠡᠪᠡᠯ ᠣᠯᠠᠨ ᠨᠡᠢᠲᠡ ᠶ᠋ᠢᠨ ᠬᠥᠳᠡᠯᠭᠡᠭᠡᠨ ᠢ᠋ᠶ᠋ᠡᠷ ᠪᠣᠢ ᠪᠣᠯᠤᠭᠰᠠᠨ ᠰᠠᠢᠨ ᠳᠤᠷ᠎ᠠ ᠶ᠋ᠢᠨ ᠣᠷᠣᠨ ᠲᠣᠭ᠎ᠠ ᠪᠠᠢᠵᠤ ᠯᠠ ᠳᠠ᠂ ᠵᠢᠱ᠌ᠢᠶᠡᠯᠡᠪᠡᠯ᠄
ᠲᠡᠷᠡ ᠴᠤ᠌ ᠪᠠᠰᠠ ᠪᠢᠰᠢ᠂ ᠲᠡᠭᠦᠨ ᠡᠴᠡ ᠱᠠᠯ ᠥᠭᠡᠷ᠎ᠡ ᠁ ᠥᠪᠡᠷ ᠦ᠋ᠨ ᠁ ?
ᠶᠠᠮᠠᠷ? ᠶᠠᠮᠠᠷ ᠴᠤ᠌ ᠭᠡᠬᠦ ᠶᠦᠮ ᠪᠣᠢ ᠳᠠ᠂ ᠣᠷᠣᠨ ᠲᠣᠭ᠎ᠠ ᠴᠤ᠌ ᠪᠠᠰᠠ ᠪᠢᠰᠢ ᠶᠦᠮ ᠠ᠋᠂ ᠬᠠᠷᠢᠨ ᠣᠷᠣᠨ ᠲᠣᠭ᠎ᠠ ᠲᠠᠢ ᠶᠤᠮ ᠰᠢᠭ᠋ ᠭᠠᠷᠤᠭᠠᠳ ᠢᠷᠡᠳᠡᠭ ᠶᠦᠮ᠂ ᠲᠡᠢᠮᠦ ᠠᠯᠪᠠᠨ ᠭᠠᠵᠠᠷ ᠲᠤ ᠪᠣᠯ ᠲᠡᠨᠳᠡ ᠨᠢ᠂ ᠡᠢᠮᠦ ᠠᠯᠪᠠᠨ ᠭᠠᠵᠠᠷ ᠲᠤ ᠪᠣᠯ ᠡᠨᠳᠡ ᠨᠢ ᠪᠠᠢᠨ᠎ᠠ ᠭᠡᠵᠦ ᠴᠣᠬᠣᠨ ᠵᠢᠭᠠᠬᠤ ᠦᠨᠡᠬᠡᠷ ᠬᠡᠴᠡᠭᠦᠦ ᠭᠡᠬᠦ ᠳ᠋ᠡᠭᠡᠨ ᠵᠠᠢ ᠦᠭᠡᠢ ᠨᠢᠭᠲᠠ᠂ ᠵᠠᠪᠰᠠᠷ ᠦᠭᠡᠢ ᠪᠠᠲᠤ᠂ ᠴᠡᠩᠭᠡᠭ ᠠᠭᠠᠷ ᠦᠯᠢᠶᠡᠵᠦ᠂ ᠭᠡᠷᠡᠯᠲᠦ ᠨᠠᠷᠠ ᠰᠠᠴᠤᠷᠠᠭᠰᠠᠨ ᠲᠡᠢᠮᠦ ᠭᠠᠵᠠᠷ ᠲᠤ ᠪᠠᠢᠳᠠᠭ ᠦᠭᠡᠢ ᠶᠦᠮ᠃ ᠲᠡᠢᠮᠦ ᠦᠭᠡᠢ ᠭᠠᠵᠠᠷ ᠲᠤ ᠪᠣᠯ ᠪᠣᠷᠣᠭᠠᠨ ᠤ᠋ ᠳᠠᠷᠠᠭᠠᠬᠢ ᠮᠥᠭᠥ ᠰᠢᠭ ᠡᠯᠪᠡᠭ ᠪᠠᠢᠬᠤ ᠪᠠᠨ ᠪᠠᠰᠠ ᠪᠣᠯᠢᠭᠰᠠᠨ ᠴᠤ᠌ ᠦᠶ᠎ᠡ ᠦᠨᠳᠦᠰᠦ ᠨᠢ ᠲᠠᠰᠤᠷᠠᠬᠤ ᠦᠭᠡᠢ ᠥᠩᠭᠡ ᠶ᠋ᠢᠨ ᠴᠡᠴᠡᠭ ᠳᠤᠮᠳᠠ ᠡᠷᠪᠡᠬᠡᠢ ᠪᠠᠢᠬᠤ ᠭᠠᠭᠴᠠ ᠨᠢᠭᠡ ᠰᠢᠷᠠᠯᠵᠢ ᠰᠢᠭ᠋ ᠲᠡᠮᠡᠭᠡᠨ ᠡᠴᠡ ᠲᠡᠮᠳᠡᠭ ᠦᠭᠡᠢ ᠰᠦᠷᠪᠥᠢᠵᠦ ᠪᠠᠢᠳᠠᠭ ᠶᠤᠮ᠃ ᠶᠡᠷᠦᠩᠬᠡᠢ ᠰᠢᠨᠵᠢ ᠲᠡᠮᠳᠡᠭ ᠤᠤ᠂ ᠪᠣᠢ ᠪᠣᠢ᠃ ᠮᠡᠷᠭᠡᠵᠢᠯ ᠦ᠋ᠨ ᠬᠤᠪᠢ ᠳ᠋ᠤ᠌ ᠶᠠᠮᠠᠷ ᠴᠤ᠌ ᠮᠡᠷᠭᠡᠵᠢᠯ ᠦ᠋ᠨ ᠬᠢ ᠪᠠᠢᠵᠤ ᠪᠣᠯᠤᠨ᠎ᠠ᠃ ᠠᠯᠪᠠᠨ ᠭᠠᠵᠠᠷ ᠤ᠋ᠨ ᠳᠤᠮᠳᠠ ᠬᠢᠷᠢ ᠶ᠋ᠢᠨ ᠲᠤᠰᠢᠶᠠᠯᠲᠠᠨ ᠤ᠋ ᠬᠦᠷᠢᠶᠡᠨ ᠳ᠋ᠦ᠍ ᠵᠣᠩᠬᠢᠯᠠᠵᠤ ᠪᠠᠢᠨ᠎ᠠ᠃ ᠨᠠᠰᠤ ᠬᠦᠢᠰᠦ ᠪᠡᠷ ᠢᠯᠭᠠᠬᠤ ᠪᠠᠰᠠ ᠠᠮᠠᠷ ᠦᠭᠡᠢ᠂ ᠭᠡᠬᠦ ᠳ᠋ᠡᠭᠡᠨ ᠡᠷᠡᠭᠲᠠᠢᠴᠤᠳ ᠭᠣᠣᠯᠳᠠᠭᠤ ᠪᠠᠢᠳᠠᠭ᠃ ᠵᠠᠩ ᠠᠭᠠᠰᠢ ᠠᠷᠭ᠎ᠠ ᠪᠠᠷᠢᠯ ᠨᠢ ᠥᠭᠡᠷ᠎ᠡ ᠥᠭᠡᠷ᠎ᠡ ᠪᠣᠯᠪᠠᠴᠤ ᠠᠯᠤᠰ ᠤ᠋ᠨ ᠵᠣᠷᠢᠯᠲᠠ ᠨᠢ ᠣᠢᠷ᠎ᠠ ᠳᠥᠰᠲᠠᠢ ᠪᠠᠢᠨ᠎ᠠ᠃ ᠠᠵᠢᠯ ᠬᠡᠷᠡᠭ ᠲᠤᠰᠠᠲᠠᠢ ᠤᠤ᠂ ᠲᠤᠰᠠ ᠦᠭᠡᠢ ᠤᠤ ᠭᠡᠵᠢ ᠤᠤ? ᠠᠵᠢᠯ ᠳ᠋ᠤ᠌ ᠬᠡᠷᠡᠭ ᠶᠠᠮᠠᠷ ᠰᠢᠦ ᠪᠠᠢᠳᠠᠭ ᠨᠢ ᠴᠥᠮ ᠢ᠋ᠶ᠋ᠡᠷ ᠢ᠋ᠶ᠋ᠡᠨ ᠯᠡ ᠰᠢᠭᠦᠵᠦ ᠦᠵᠡᠶ᠎ᠡ ᠯᠡ ᠳᠡ᠃ ᠣᠯᠭᠣᠬᠤ ᠦᠭᠡᠢ ᠪᠠᠢᠨ᠎ᠠ ᠳᠠ? ᠲᠠᠨ ᠤ᠋ ᠳᠣᠯᠣᠭᠠᠨ ᠵᠥᠪ᠃ ᠬᠡᠨ ᠦ᠌ ᠢᠨᠠᠭᠠ ᠦᠭᠡᠢ ᠲᠡᠢᠮᠦ ᠯᠡ ᠪᠠᠢᠭ᠎ᠠ ᠶᠤᠮ᠃ ᠲᠣᠳᠣᠷᠭᠤᠯᠤᠨ ᠶᠠᠷᠢᠵᠤ ᠪᠣᠯᠬᠤ ᠦᠭᠡᠢ ᠶᠠᠭᠠᠬᠢᠬᠤᠪ᠃ ᠪᠦᠭᠦᠳᠡ ᠶ᠋ᠢ ᠲᠣᠭᠠᠴᠢᠬᠤ ᠳ᠋ᠤ᠌ ᠴᠠᠭ ᠶᠡᠬᠡ ᠣᠷᠣᠬᠤ ᠤᠴᠢᠷ ᠵᠠᠷᠢᠮ ᠨᠢᠭᠡ ᠡᠴᠡ ᠨᠢ ᠶᠠᠷᠢᠵᠤ ᠥᠭᠭᠦᠶ᠎ᠡ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 12᠂ 1 ᠤ᠋ ᠡᠳᠦᠷ
