ᠴᠢᠭᠢᠷᠰᠦᠨ ᠮᠠᠯᠠᠭᠠᠢ – ᠴ ᠂ ᠮᠥᠩᠬᠡ Чигэрсэн малгай – Ч ᠂ Мөнх
ᠴᠢᠭᠢᠷᠰᠦᠨ ᠮᠠᠯᠠᠭᠠᠢ
ᠴ᠂ ᠮᠥᠩᠬᠡ
( ᠬᠣᠱᠣᠩ ᠥᠭᠦᠯᠡᠯᠭᠡ)
ᠮᠤᠭᠤᠨᠤᠨ᠂ ᠪᠠᠷᠢᠭᠠᠳᠠ ᠶ᠋ᠢᠨ ᠳᠠᠷᠤᠭ᠎ᠠ ᠠ᠋ᠴᠠ ᠡᠭᠦᠷᠭᠡ ᠠᠪᠤᠮᠠᠭᠴᠠ ᠤᠬᠤᠨ᠎ᠠ ᠶ᠋ᠢᠨ ᠤᠷᠤᠭᠤ ᠶᠠᠭᠠᠷᠠᠪᠴᠢᠯᠠᠨ ᠮᠣᠷᠳᠠᠪᠠ᠃ ᠵᠠᠮ ᠳ᠋ᠠᠭᠠᠨ ᠨᠢᠭᠡᠨ ᠠᠢᠯ ᠢ᠋ᠶ᠋ᠠᠷ ᠪᠠᠭᠤᠵᠤ ᠤᠬᠤᠨ᠎ᠠ ᠶ᠋ᠢ ᠬᠠᠯᠵᠠᠨ ᠤ᠋ ᠬᠣᠲᠠ ᠳ᠋ᠤ᠌ ᠪᠠᠢᠭᠰᠠᠨ ᠰᠤᠷᠠᠭ ᠭᠠᠷᠤᠭᠠᠳ ᠲᠡᠷᠡ ᠵᠦᠭ ᠴᠢᠭᠯᠡᠪᠡ᠃ ᠮᠣᠭᠤᠨᠤᠨ ᠣᠷᠣᠢ ᠪᠣᠯᠵᠤ ᠪᠠᠢᠬᠤ ᠳ᠋ᠤ᠌ ᠬᠠᠯᠵᠠᠨ ᠤ᠋ ᠬᠣᠲᠠ ᠳ᠋ᠤ᠌ ᠣᠴᠢᠵᠤ ᠤᠬᠤᠨ᠎ᠠ ᠭᠤᠸᠠᠢ ᠶ᠋ᠢᠨ ᠰᠠᠭᠠᠷᠠᠯ ᠮᠣᠷᠢ ᠤᠶᠠᠭᠠᠨ ᠳᠡᠭᠡᠷ᠎ᠡ ᠪᠠᠢᠭ᠎ᠠ ᠶ᠋ᠢ ᠬᠠᠷᠠᠭᠠᠳ ᠨᠢᠭᠡᠨᠲᠡᠭᠡᠭᠦᠷ ᠡᠷᠢᠯ ᠪᠦᠲᠦᠮᠵᠢ ᠲᠡᠢ ᠳ᠋ᠦ᠍ ᠪᠠᠶᠠᠷᠯᠠᠭᠰᠠᠨ ᠠᠪᠠᠴᠤ ᠨᠥᠭᠦᠭᠡᠲᠡᠭᠦᠷ ᠲᠡᠭᠦᠨ ᠲᠡᠢ ᠠᠭᠤᠯᠵᠠᠬᠤ ᠠ᠋ᠴᠠ ᠪᠠᠭ᠎ᠠ ᠵᠡᠷᠭᠡ ᠵᠢᠷᠦᠬᠡᠰᠢᠶᠡᠨ ᠣᠷᠣᠵᠠᠢ᠃ ᠮᠣᠭᠤᠨᠤᠨ ᠣᠷᠣᠬᠤ ᠳ᠋ᠤ᠌ ᠤᠬᠤᠨ᠎ᠠ ᠭᠤᠸᠠᠢ ᠰᠢᠨᠡᠬᠡᠨ ᠴᠢᠭᠢᠷᠰᠦᠨ ᠮᠠᠯᠠᠭᠠᠢ ᠪᠠᠨ ᠰᠠᠭᠠᠯᠳᠤᠷᠭᠠᠯᠠᠨ ᠠᠷᠤ ᠨᠢᠷᠤᠭᠤᠨ ᠳᠡᠭᠡᠷ᠎ᠡ ᠪᠡᠨ ᠬᠠᠶᠠᠴᠢᠬᠠᠭᠰᠠᠨ ᠬᠡᠳᠦᠨ ᠠᠶᠠᠭ᠎ᠠ ᠲᠠᠭᠱᠠ ᠶᠠᠭᠤᠮ᠎ᠠ ᠣᠯᠵᠤ ᠪᠠᠯᠭᠤᠭᠰᠠᠨ ᠪᠣᠯᠤᠯᠲᠠᠢ ᠤᠯᠠᠭᠠᠨ ᠵᠡᠭᠡᠷᠳᠡ ᠪᠣᠯᠴᠢᠬᠠᠭᠠᠳ ᠨᠢᠭᠤᠷ ᠨᠢ ᠤᠯᠠᠢᠵᠤ ᠦᠭᠡ ᠨᠢ ᠣᠯᠠᠰᠢᠷᠠᠭᠠᠳ ᠬᠠᠩᠬᠠᠯᠵᠠᠨ ᠰᠠᠭᠤᠭᠰᠠᠨ ᠢ᠋ᠶ᠋ᠠᠨ ᠮᠣᠭᠣᠨᠣᠨ ᠢ᠋ ᠬᠠᠷᠠᠵᠤ᠄
— ᠳᠡᠭᠦᠦ ᠬᠦᠦ ᠬᠠᠮᠢᠭ᠎ᠠ ᠵᠣᠷᠢᠵᠤ ᠶᠠᠪᠤᠨ᠎ᠠ ᠭᠡᠵᠦ ᠠᠰᠠᠭᠤᠪᠠ᠃ ᠮᠣᠭᠤᠨᠤᠨ᠄
— ᠪᠢ ᠲᠠᠨ ᠲᠠᠢ ᠯᠠ ᠠᠭᠤᠯᠵᠠᠬᠤ ᠭᠡᠵᠦ ᠶᠠᠪᠤᠨ᠎ᠠ᠂ ᠲᠠ ᠪᠢᠳᠡ ᠬᠣᠶᠠᠷ ᠢ᠋ ᠨᠥᠭᠥᠭᠡᠳᠦᠷ ᠦ᠋ᠨ ᠳᠣᠲᠣᠷ᠎ᠠ ᠬᠠᠩᠭᠠᠢ ᠤᠷᠤᠭᠤ ᠰᠦᠷᠡᠯ ᠳ᠋ᠦ᠍ ᠶᠠᠪᠤ ᠭᠡᠵᠦ ᠪᠠᠷᠢᠭᠠᠳᠠ ᠶ᠋ᠢᠨ ᠳᠠᠷᠤᠭ᠎ᠠ ᠬᠡᠯᠡᠵᠦ ᠪᠠᠢᠨ᠎ᠠ ᠭᠡᠪᠡᠯ ᠤᠬᠤᠨ᠎ᠠ ᠭᠤᠸᠠᠢ ᠶ᠋ᠢᠨ ᠠᠭᠤᠷ ᠨᠢ ᠲᠡᠷᠡ ᠳᠠᠷᠤᠢ ᠳᠦᠷᠡᠯᠵᠡᠨ᠄
— ᠳᠤᠷ᠎ᠠ ᠦᠭᠡᠢ ᠪᠠᠨᠳᠢ ᠳ᠋ᠤ᠌ ᠳᠠᠷᠤᠵᠤ ᠰᠠᠬᠢᠯ ᠬᠦᠷᠲᠡᠭᠡᠬᠦ ᠭᠡᠭᠴᠢ ᠨᠢ ᠪᠣᠯᠬᠤ ᠨᠢ ᠰᠢᠪ ᠳᠡ᠃ ᠬᠡᠨ ᠭᠤᠸᠠᠢ ᠨᠢ ᠴᠦ᠍ ᠲᠤᠰᠢᠶᠠᠭᠰᠠᠨ᠂ ᠪᠢ ᠬᠠᠩᠭᠠᠢ ᠶ᠋ᠢᠨ ᠬᠠᠶᠠᠭᠳᠠᠯ ᠢ᠋ ᠬᠠᠷ᠎ᠠ ᠬᠥᠯᠥᠰᠥ ᠪᠡᠨ ᠠᠰᠬᠠᠷᠠᠭᠤᠯᠤᠨ ᠪᠠᠢᠵᠤ ᠠᠪᠴᠢᠷᠠᠬᠤ ᠦᠭᠡᠢ᠃ ᠲᠡᠭᠦᠨ ᠢ᠋ ᠴᠢᠨᠢ ᠶᠠᠮᠠᠷ ᠮᠠᠯ ᠢᠳᠡᠬᠦ ᠪᠣᠢ? ᠮᠠᠨ ᠤ᠋ ᠲᠠᠯ᠎ᠠ ᠭᠠᠵᠠᠷ ᠤ᠋ᠨ ᠮᠠᠯ ᠮᠣᠳᠣ ᠢᠳᠡᠵᠦ ᠪᠣᠢᠵᠢᠳᠠᠭ ᠦᠭᠡᠢ᠂ ᠳᠠᠭᠠᠨ᠎ᠠ ᠢᠳᠡᠵᠦ ᠥᠰᠦᠭᠰᠡᠨ ᠶᠦᠮ ᠴᠢᠨᠢ᠃ ᠰᠦᠷᠡᠯ ᠭᠡᠳᠡᠭ ᠴᠢᠨᠢ ᠮᠣᠳᠣ ᠰᠢᠦ ᠳᠡ᠂ ᠶᠠᠭᠤᠮ᠎ᠠ ᠮᠡᠳᠡᠬᠦ ᠦᠭᠡᠢ ᠵᠣᠯᠳᠣᠷᠣᠢ ① ᠬᠡᠦᠬᠡᠳ ᠦ᠋ᠳ ᠲᠡᠢᠮᠦ ᠶᠠᠭᠤᠮ᠎ᠠ ᠶᠠᠷᠢᠵᠤ ᠲᠦᠪᠡᠭ ᠤᠳᠠᠬᠤ ᠶᠤᠮ᠃ ᠴᠢ ᠴᠢᠨᠢ ᠲᠦᠷᠦᠭᠦᠴᠢ ᠶ᠋ᠢᠨ ᠬᠤᠷᠠᠯ ᠳᠡᠭᠡᠷ᠎ᠡ ᠰᠦᠷᠡᠯ ᠠᠪᠴᠢᠷᠠᠶ᠎ᠠ ᠭᠡᠵᠦ ᠳᠥᠪᠴᠢᠬᠡᠨᠡᠭᠡᠳ ᠪᠠᠢᠭᠰᠠᠨ ᠪᠠᠢᠬ᠎ᠠ ᠠ᠋᠂ ᠳᠤᠷ᠎ᠠ ᠲᠠᠢ ᠪᠠᠷ ᠳᠡᠭᠦᠦ ᠮᠢᠨᠢ ᠶᠠᠪᠤ ᠳᠠ᠂ ᠠᠬ᠎ᠠ ᠨᠢ ᠳᠥᠴᠢ ᠬᠦᠷᠲᠡᠯ᠎ᠡ ᠮᠠᠯ ᠮᠠᠯᠯᠠᠭᠠᠳ ᠰᠦᠷᠡᠯ ᠦᠭᠡᠢ ᠪᠣᠯᠤᠭᠠᠳ ᠯᠠ ᠪᠠᠢᠭ᠎ᠠ ᠶᠤᠮ ᠭᠡᠵᠦ ᠠᠭᠰᠤᠷᠴᠤ ᠡᠬᠢᠯᠡᠪᠡ᠃
ᠬᠡᠳᠦᠬᠡᠨ ᠬᠣᠨᠣᠭ ᠤ᠋ᠨ ᠡᠮᠦᠨ᠎ᠡ《 ᠲᠠᠯ᠎ᠠ ᠶ᠋ᠢᠨ ᠲᠤᠶᠠᠭ᠎ᠠ》 ᠨᠢᠭᠡᠳᠦᠯ ᠦ᠋ᠨ ᠡᠪᠦᠯ ᠦ᠋ᠨ ᠪᠡᠯᠡᠳᠬᠡᠯ ᠲᠡᠵᠢᠭᠡᠯ ᠦ᠋ᠨ ᠪᠠᠭᠠᠵᠠ( ᠰᠠᠭᠤᠷᠢᠨ ᠭᠠᠵᠠᠷ) ᠪᠠᠢᠭᠤᠯᠬᠤ ᠲᠤᠬᠠᠢ ᠬᠤᠷᠠᠯᠳᠤᠵᠤ ᠬᠠᠩᠭᠠᠢ ᠠ᠋ᠴᠠ ᠰᠦᠷᠡᠯ ᠲᠠᠲᠠᠬᠤ ᠲᠠᠯ᠎ᠠ ᠪᠠᠷ ᠶᠠᠷᠢᠯᠴᠠᠵᠠᠢ᠃ ᠡᠨᠡ ᠰᠠᠨᠠᠯ ᠢ᠋ ᠶᠡᠬᠡᠩᠬᠢ ᠨᠢ ᠳᠡᠮᠵᠢᠭᠰᠡᠨ ᠪᠣᠯᠪᠠᠴᠤ ᠵᠠᠷᠢᠮ ᠲᠤᠬᠠᠢᠯᠠᠪᠠᠯ ᠤᠬᠤᠨ᠎ᠠ ᠨᠠᠷ ᠤ᠋ᠨ ᠬᠡᠳᠦᠨ ᠬᠥᠮᠦᠰ ᠠᠢᠬᠤᠪᠲᠤᠷ ᠲᠠᠲᠠᠭᠠᠯᠵᠠᠭᠰᠠᠨ ᠪᠠᠢᠵᠠᠢ᠃ ᠤᠬᠤᠨ᠎ᠠ ᠭᠤᠸᠠᠢ ᠲᠡᠷᠡ ᠬᠤᠷᠠᠯ ᠳᠡᠭᠡᠷ᠎ᠡ ᠴᠤ᠌ ᠡᠨᠡ ᠦᠭᠡ ᠪᠡᠨ ᠬᠡᠯᠡᠵᠦ ᠪᠠᠢᠵᠠᠢ᠃ ᠲᠡᠢᠮᠦ ᠴᠦ᠍ ᠤᠴᠢᠷ ᠠ᠋ᠴᠠ ᠮᠣᠭᠤᠨᠤᠨ ᠤᠬᠤᠨ᠎ᠠ ᠭᠤᠸᠠᠢ ᠲᠠᠢ ᠠᠭᠤᠯᠵᠠᠬᠤ ᠠ᠋ᠴᠠ ᠪᠠᠨ ᠲᠦᠪᠡᠭᠰᠢᠶᠡᠵᠦ ᠶᠠᠪᠤᠭᠰᠠᠨ ᠬᠡᠷᠡᠭ ᠪᠢᠯᠡ᠃ ᠤᠬᠤᠨ᠎ᠠ ᠭᠤᠸᠠᠢ ᠡᠨᠡ ᠠᠵᠢᠯ ᠢ᠋ ᠳᠡᠮᠵᠢᠬᠦ ᠦᠭᠡᠢ᠂ ᠲᠡᠭᠡᠭᠡᠳ ᠴᠦ᠍ ᠣᠳᠣ ᠰᠣᠭᠲᠣᠭᠤ ᠪᠠᠢᠭ᠎ᠠ ᠤᠴᠢᠷ ᠪᠦᠷ ᠴᠦ᠍ ᠶᠠᠷᠢᠶ᠎ᠠ ᠲᠣᠬᠢᠷᠠᠬᠤ ᠦᠭᠡᠢ ᠨᠢ ᠭᠡᠳᠡᠭ ᠢ᠋ ᠮᠣᠭᠤᠨᠤᠨ ᠮᠡᠳᠡᠵᠦ ᠡᠷᠡᠭᠦᠯ ᠪᠣᠯᠤᠭᠰᠠᠨ ᠬᠣᠢᠨ᠎ᠠ ᠨᠢ ᠶᠠᠷᠢᠯᠴᠠᠶ᠎ᠠ ᠭᠡᠳ ᠰᠢᠢᠳᠦᠭᠡᠳ᠄
— ᠪᠢ ᠮᠠᠷᠭᠠᠰᠢ ᠲᠠᠨ ᠤ᠋ ᠬᠢ ᠪᠡᠷ ᠣᠴᠢᠶ᠎ᠠ ᠳᠠ ᠭᠡᠳ ᠪᠤᠴᠠᠯ᠎ᠠ᠃ ᠮᠣᠭᠤᠨᠤᠨ ᠤ᠋ ᠶᠠᠪᠤᠭᠰᠠᠨ ᠤ᠋ ᠳᠠᠷᠠᠭ᠎ᠠ ᠤᠬᠤᠨ᠎ᠠ ᠲᠡᠷᠡ ᠣᠷᠣᠢᠵᠢᠨ ᠢ᠋ᠶ᠋ᠠᠨ ᠠᠷᠢᠬᠢᠳᠠᠵᠤ ᠰᠦᠷᠡᠯ ᠭᠡᠳᠡᠭ ᠴᠢᠨᠢ ᠬᠠᠩᠭᠠᠢ ᠶ᠋ᠢᠨ ᠬᠠᠠᠶᠠᠭᠳᠠᠯ᠂ ᠳᠠᠭᠠᠨ᠎ᠠ ᠭᠡᠳᠡᠭ ᠴᠢᠨᠢ ᠲᠠᠯ᠎ᠠ ᠶ᠋ᠢᠨ ᠰᠢᠷ᠎ᠠ ᠲᠣᠰᠣ᠂ ᠬᠠᠷᠢᠨ ᠬᠠᠩᠭᠠᠢ ᠶ᠋ᠢᠨ ᠬᠢᠨ ᠮᠠᠨ ᠤ᠋ ᠳᠠᠭᠠᠨ᠎ᠠ ᠶ᠋ᠢ ᠠᠴᠢᠵᠤ ᠠᠪᠠᠴᠢᠪᠠᠯ ᠲᠠᠭᠠᠷᠠᠨ᠎ᠠ ᠭᠡᠵᠦ ᠬᠡᠨ ᠲᠠᠭᠠᠷᠠᠯᠳᠤᠭᠰᠠᠨ ᠪᠦᠬᠦᠨ ᠳ᠋ᠦ᠍ ᠠᠭᠰᠤᠮ ᠲᠠᠯᠪᠢᠭᠰᠠᠭᠠᠷ ᠶᠠᠪᠤᠵᠠᠢ᠃ ᠰᠣᠭᠲᠣᠭᠤ ᠤᠬᠤᠨ᠎ᠠ ᠲᠠᠢ ᠬᠡᠨ ᠴᠦ᠍ ᠮᠠᠷᠭᠤᠯᠳᠤᠬᠤ ᠶ᠋ᠢ ᠬᠦᠰᠡᠭᠰᠡᠨ ᠦᠭᠡᠢ᠃ ᠤᠬᠤᠨ᠎ᠠ ᠴᠤ᠌ ᠠᠷᠢᠬᠢᠨ ᠤ᠋ ᠬᠠᠯᠠᠭᠠᠳ ᠠ᠋ᠴᠠ ᠪᠣᠯᠤᠭᠠᠳ ᠳᠠᠭᠠᠨ᠎ᠠ ᠬᠠᠳᠤᠭᠠᠳ ᠬᠤᠷᠢᠶᠠᠬᠤ᠂ ᠬᠠᠩᠭᠠᠢ ᠤᠷᠤᠭᠤ ᠵᠥᠭᠡᠭᠡᠬᠦ ᠪᠣᠯᠤᠮᠵᠢ ᠦᠭᠡᠢ ᠭᠡᠳᠡᠭ ᠢ᠋ ᠴᠦ᠍ ᠮᠠᠷᠲᠠᠵᠠᠢ᠃
ᠮᠠᠷᠭᠠᠰᠢ ᠨᠢ ᠮᠣᠭᠤᠨᠤᠨ ᠦᠦᠷ ᠴᠦᠣᠷ ᠢ᠋ᠶ᠋ᠠᠷ ᠮᠣᠷᠳᠠᠵᠤ ᠤᠬᠤᠨ᠎ᠠ ᠶ᠋ᠢᠨ ᠳ᠋ᠦ᠍ ᠣᠴᠢᠪᠠᠯ ᠲᠡᠷᠡ ᠭᠡᠷ ᠲᠡᠭᠡᠨ ᠢᠷᠡᠭᠰᠡᠨ ᠦᠭᠡᠢ᠃ ᠪᠣᠳᠣᠪᠠᠯ ᠬᠠᠯᠵᠠᠨ ᠤ᠋ ᠬᠢᠨ ᠦ᠌ ᠨᠠᠭᠠᠳᠤ ᠬᠣᠲᠠ ᠳ᠋ᠤ᠌ ᠤᠨᠠᠭᠰᠠᠨ ᠪᠢᠵᠡ ᠭᠡᠳ ᠣᠴᠢᠪᠠᠯ ᠦᠨᠡᠬᠡᠷ ᠴᠦ᠍ ᠰᠠᠭᠠᠷᠠᠯ ᠮᠣᠷᠢ ᠨᠢ ᠬᠠᠷᠠᠭᠳᠠᠪᠠ᠃ ᠮᠣᠭᠤᠨᠤᠨ ᠲᠡᠭᠦᠨ ᠦ᠌ ᠪᠠᠢᠭ᠎ᠠ ᠠᠢᠯ ᠳ᠋ᠤ᠌ ᠣᠷᠣᠪᠠᠯ ᠤᠬᠤᠨ᠎ᠠ ᠳᠥᠩᠭᠡᠵᠦ ᠰᠠᠶᠢ ᠪᠣᠰᠤᠭᠰᠠᠨ ᠪᠣᠯᠤᠯᠲᠠᠢ ᠴᠠᠢ ᠣᠭᠣᠴᠢᠵᠤ ᠰᠠᠭᠤᠨ᠎ᠠ᠃ ᠲᠡᠷᠡ ᠪᠡᠷ ᠥᠩᠭᠡᠷᠡᠭᠴᠢ ᠣᠷᠣᠢ ᠬᠡᠲᠦᠷᠡᠭᠦᠯᠦᠨ ᠠᠷᠢᠬᠢᠳᠠᠭᠰᠠᠨ ᠨᠢ ᠢᠯᠡᠳᠲᠡ᠂ ᠨᠢᠭᠤᠷ ᠨᠢ ᠬᠥᠭᠡᠭᠡᠵᠦ᠂ ᠨᠢᠳᠦ ᠨᠢ ᠪᠦᠯᠴᠡᠢᠵᠡᠢ᠃ ᠮᠤᠭᠤᠨᠤᠨ ᠢ᠋ ᠬᠠᠷᠠᠮᠠᠭᠴᠠ ᠪᠠᠨ ᠳᠤᠷ᠎ᠠ ᠦᠭᠡᠢ ᠨᠢ ᠬᠦᠷᠦᠭᠰᠡᠨ ᠪᠣᠯᠤᠯᠲᠠᠢ ᠬᠠᠷᠠᠭ᠎ᠠ ᠪᠠᠨ ᠪᠤᠷᠤᠭᠤᠯᠠᠨ ᠢᠷᠪᠠᠢᠨᠠ᠃
ᠮᠣᠭᠤᠨᠤᠨ ᠤᠬᠤᠨ᠎ᠠ ᠶ᠋ᠢ ᠴᠡᠢᠯᠡᠵᠦ ᠳᠠᠭᠤᠰᠤᠮᠠᠭᠴᠠ᠄
— ᠵᠠ ᠣᠳᠣ ᠲᠠᠨ ᠤ᠋ ᠬᠢ ᠤᠷᠤᠭᠤ ᠣᠴᠢᠬᠤ ᠤᠤ ᠭᠡᠵᠦ ᠠᠰᠠᠭᠤᠪᠠ᠃
— ᠦᠭᠡᠢ ᠪᠢ ᠠᠢᠯ ᠢ᠋ᠶ᠋ᠠᠷ ᠪᠠᠭᠤᠨ᠎ᠠ ᠭᠡᠵᠦ ᠤᠬᠤᠨ᠎ᠠ ᠵᠥᠷᠢᠪᠡ᠃ ᠲᠡᠷᠡ ᠪᠡᠷ ᠮᠠᠯᠠᠭᠠᠢ ᠪᠠᠨ ᠡᠮᠦᠰᠬᠦ ᠭᠡᠰᠡᠨ ᠮᠠᠯᠠᠭᠠᠢ ᠨᠢ ᠪᠠᠢᠭᠰᠠᠨ ᠦᠭᠡᠢ ᠬᠡᠰᠡᠭ ᠪᠣᠳᠤᠯᠬᠢᠯᠡᠰᠭᠢᠬᠰᠠᠨ ᠢ᠋ᠶ᠋ᠠᠨ᠄
— ᠪᠢ ᠥᠴᠥᠭᠡᠳᠦᠷ ᠣᠷᠣᠢ ᠮᠠᠯᠠᠭᠠᠢ ᠲᠡᠢ ᠢᠷᠡᠭᠰᠡᠨ ᠤᠤ? ᠭᠡᠵᠦ ᠠᠢᠯ ᠤ᠋ᠨ ᠠᠪᠠᠭᠠᠢ ᠠ᠋ᠴᠠ ᠠᠰᠠᠭᠤᠪᠠ᠃ ᠠᠪᠠᠭᠠᠢ᠄
— ᠣᠷᠣᠢ ᠮᠠᠨ ᠤ᠋ ᠬᠣᠲᠠᠨ ᠳ᠋ᠤ᠌ ᠢᠷᠡᠬᠦ ᠳ᠋ᠦ᠍ ᠮᠠᠯᠠᠭᠠᠢ ᠲᠠᠢ ᠬᠠᠷᠠᠭᠳᠠᠭᠰᠠᠨ ᠶᠤᠮᠰᠠᠨ᠂ ᠳᠣᠷᠵᠢ ᠶ᠋ᠢᠨ ᠳ᠋ᠦ᠍ ᠣᠷᠬᠢᠭᠰᠠᠨ ᠶᠤᠮ ᠪᠣᠯᠪᠠ ᠤᠤ ᠳᠠ ᠭᠡᠪᠡ᠃ ᠤᠬᠤᠨ᠎ᠠ ᠵᠤᠤᠬᠠᠨ ᠤ᠋ ᠪᠠᠷᠠᠭᠤᠨᠲᠠᠢ ᠰᠠᠭᠤᠵᠤ ᠪᠠᠢᠭᠰᠠᠨ ᠵᠢᠭᠠᠯ ᠬᠦᠦ ᠳ᠋ᠦ᠍ ᠬᠠᠨᠳᠤᠨ᠄
— ᠠᠯᠢᠪ ᠮᠢᠨᠦ ᠳᠡᠭᠦᠦ ᠭᠦᠶᠦᠭᠡᠳ ᠢᠷ᠎ᠡ᠂ ᠳᠣᠷᠵᠢ ᠶ᠋ᠢᠨ ᠡᠴᠡ ᠠᠬ᠎ᠠ ᠶ᠋ᠢᠨ ᠢ᠋ᠶ᠋ᠡᠨ ᠮᠠᠯᠠᠭᠠᠢ ᠶ᠋ᠢ ᠠᠪᠤᠭᠠᠳ ᠢᠷ᠎ᠡ ᠭᠡᠪᠡ᠃ ᠬᠦᠦ ᠴᠦ᠍ ᠳᠤᠭᠤᠯᠭᠠᠪᠤᠷᠢᠲᠠᠢ ② ᠭᠣᠳ ᠬᠢᠨ ᠭᠠᠷᠤᠯ᠎ᠠ᠃
— ᠤᠬᠤᠨ᠎ᠠ ᠭᠤᠸᠠᠢ ᠲᠠᠨ ᠤ᠋ ᠮᠠᠯᠠᠭᠠᠢ ᠡᠨᠡ ᠮᠥᠨ ᠪᠠᠢᠬ᠎ᠠ ᠭᠡᠳ ᠲᠠᠯ᠎ᠠ ᠶ᠋ᠢ ᠨᠢ ᠦᠬᠡᠷ ᠢᠳᠡᠴᠢᠬᠡᠭᠰᠡᠨ ᠮᠠᠯ ᠤ᠋ᠨ ᠪᠠᠭᠠᠰᠤ ᠪᠣᠯᠤᠭᠰᠠᠨ ᠰᠢᠨᠡᠬᠡᠨ ᠴᠢᠭᠢᠷᠰᠦᠨ ᠮᠠᠯᠠᠭᠠᠢ ᠶ᠋ᠢᠨ ᠲᠠᠮᠲᠤᠭ ᠠᠪᠴᠢᠷᠠᠪᠠ᠃ ᠥᠪᠡᠷ ᠦ᠋ᠨ ᠬᠢᠨᠢ ᠮᠠᠯᠠᠭᠠᠢ ᠭᠠᠷᠴᠠᠭ᠎ᠠ ᠦᠭᠡᠢ ᠮᠥᠨ ᠪᠣᠯᠬᠤ ᠶ᠋ᠢ ᠤᠬᠤᠨ᠎ᠠ ᠲᠠᠨᠢᠮᠠᠭᠴᠠ ᠨᠢᠳᠦ ᠨᠢ ᠲᠣᠮᠣ ᠪᠣᠯᠵᠤ᠄
— ᠢᠳᠡᠮᠡᠬᠡᠢ ᠵᠣᠯᠢᠭ ᠤ᠋ᠳ᠂ ᠲᠤᠷᠠᠵᠤ ᠦᠬᠦᠮᠡᠷ ᠦ᠋ᠳ ᠭᠡᠵᠦ ᠬᠠᠷᠢᠶᠠᠯ ᠲᠠᠯᠪᠢᠵᠤ ᠡᠬᠢᠯᠡᠪᠡ᠃ ᠡᠭᠦᠨ ᠢ᠋ ᠬᠠᠷᠠᠭᠠᠳ ᠮᠣᠭᠤᠨᠤᠨ ᠤ᠋ ᠭᠡᠵᠢᠭᠡ ᠬᠦᠷᠬᠦ ᠰᠢᠭ ᠪᠣᠯᠵᠤ᠄
— ᠤᠬᠤᠨ᠎ᠠ ᠭᠤᠸᠠᠢ ᠲᠠᠨ ᠤ᠋ ᠰᠦᠷᠡᠯ ᠦ᠋ᠨ ᠮᠠᠯᠠᠭᠠᠢ ᠶ᠋ᠢ ᠬᠥᠬᠡ ᠨᠣᠭᠣᠭ᠎ᠠ ᠪᠠᠷ ᠢᠳᠡᠭᠰᠡᠨ ᠦᠬᠡᠷ ᠴᠢᠨᠢ ᠬᠠᠪᠤᠷ ᠤ᠋ᠨ ᠬᠠᠬᠢᠷ ᠴᠠᠭ ᠲᠤ ᠵᠠᠪᠠᠯ ᠳᠠᠭᠠᠨ᠎ᠠ ᠭᠡᠯᠭᠦᠢ ᠪᠦᠷ ᠴᠤ᠌ ᠳᠤᠷᠠᠲᠠᠢ ᠢᠳᠡᠬᠦ ᠪᠢᠰᠢ ᠤᠤ ᠭᠡᠵᠦ ᠶᠥᠭᠡᠬᠦ᠂ ᠤᠴᠢᠷᠯᠠᠬᠤ ᠬᠣᠣᠰᠯᠠᠭᠤᠯᠤᠭᠰᠠᠨ ᠠᠶᠠᠯᠭᠤ ᠪᠠᠷ ᠬᠡᠯᠡᠪᠡ᠃ ᠤᠬᠤᠨ᠎ᠠ ᠭᠤᠸᠠᠢ ᠶᠠᠭᠤ ᠴᠤ᠌ ᠬᠡᠯᠡᠭᠰᠡᠨ ᠦᠭᠡᠢ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ᠄
— ᠵᠠ ᠳᠡᠭᠦᠦ ᠬᠦᠦ ᠮᠠᠷᠭᠠᠰᠢ ᠠ᠋ᠴᠠ ᠲᠡᠷᠡ ᠬᠠᠩᠭᠠᠢ ᠤᠷᠤᠭᠤ ᠴᠢᠨᠢ ᠶᠠᠪᠤᠬᠤ ᠠᠶ᠎ᠠ ᠵᠠᠩ ᠪᠣᠳᠣᠶ᠎ᠠ ᠳᠠ᠂ ᠬᠠᠢᠷᠠᠨ ᠴᠤ᠌ ᠮᠠᠯᠠᠭᠠᠢ ᠮᠢᠨᠢ ᠭᠡᠳ ᠪᠠᠭ᠎ᠠ ᠵᠡᠷᠭᠡ ᠢᠴᠢᠩᠭᠦᠢᠷᠡᠭᠰᠡᠨ ᠲᠥᠯᠥᠪᠲᠡᠢ ᠰᠤᠯᠠᠪᠲᠤᠷ ᠢᠨᠢᠶᠡᠮᠰᠦᠭᠯᠡᠪᠡ᠃
– – – –
① ᠰᠠᠯᠢᠶᠠ ᠨᠢ ᠠᠷᠢᠯᠤᠭ᠎ᠠ ᠦᠭᠡᠢ
② ᠦᠭᠡ ᠰᠤᠷᠭᠠᠯ ᠠᠪᠤᠮᠠᠲᠠᠭᠠᠢ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠠᠭᠠᠲᠤᠷ
ᠬᠢᠨᠠᠭ᠍ᠴᠢ : ᠲᠤᠭ᠍ᠴᠢ ᠰᠠᠷᠠᠨ᠎ᠠ
2023᠂ 11᠂ 29 ᠤ᠋ ᠡᠳᠦᠷ
