ᠬᠠᠨ ᠮᠤᠨᠢ ᠶ᠋ᠢᠨ ᠣᠷᠣᠢХан мунийн орой ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠢ ᠶ᠋ᠢᠨ ᠣᠷᠣᠢХан мунийн орой

ᠬᠠᠨ ᠮᠤᠨᠢ ᠶ᠋ᠢᠨ ᠣᠷᠣᠢХан мунийн орой

2023-12-08

673

ᠬᠠᠨ ᠮᠤᠨᠢ ᠶ᠋ᠢᠨ ᠣᠷᠣᠢ

ᠬᠠᠨ ᠮᠤᠨᠢ ᠶ᠋ᠢᠨ ᠣᠷᠣᠢ ᠳ᠋ᠤ᠌ 
ᠨᠠᠷᠠᠨ ᠤ ᠭᠡᠷᠡᠯ ᠲᠤᠩᠭᠠᠯᠠᠭ 
ᠬᠠᠩᠭᠠᠢ ᠶᠡᠬᠡ ᠳᠤᠭᠠᠩ ᠳ᠋ᠤ᠌ 
ᠵᠤᠯᠠᠨ ᠤ ᠭᠡᠷᠡᠯ ᠲᠤᠩᠭᠠᠯᠠᠭ᠃ 

ᠮᠠᠨ ᠤ ᠯᠠᠮᠠ ᠶ᠋ᠢᠨ ᠱᠠᠪᠢ ᠨᠢ 
ᠨᠠ᠍ᠢᠮᠠᠨ ᠨᠠᠰᠤ ᠬᠦᠷᠦᠭᠡᠳᠦᠢ 
ᠨᠠᠷᠢᠨ ᠦᠰᠦᠭ ᠢ᠋ ᠰᠢᠯᠭᠠᠮᠠᠨ  
ᠨᠣᠮᠴᠢᠨ ᠭᠡᠭᠴᠢ ᠴᠣᠯᠠ ᠲᠠᠢ᠃ 

ᠬᠤᠯᠠᠨ ᠰ᠍ᠢᠬᠡᠴᠢ ᠶ᠋ᠢᠨ ᠤᠨᠠᠭ᠎ᠠ ᠨᠢ 
ᠳᠥᠷᠪᠡᠨ ᠲᠤᠭᠤᠷᠠᠢ ᠨᠢ ᠠᠠᠠᠰ᠍ᠢᠭᠠᠳ᠋ᠣᠢ 
ᠭᠤᠷᠪᠠᠨ ᠭᠣᠪᠢ ᠶ᠋ᠢ ᠳᠣᠭᠣᠯᠤᠮᠠᠨ 
ᠬᠤᠷᠳᠤᠨ ᠭᠡᠭᠴᠢ ᠴᠣᠯᠠ ᠲᠠᠢ᠃ 

ᠬᠤᠨ ᠰᠢᠪᠠᠭᠤᠨ ᠤ᠋ ᠳᠡᠭᠳᠡᠭᠡᠬᠡᠢ ᠨᠢ 
ᠵᠢᠭᠦᠷ ᠰᠣᠳᠣ ᠨᠢ ᠭᠦᠢᠴᠡᠭᠡᠳᠦᠢ 
ᠭᠠᠳᠠᠭᠠᠳᠤ ᠳᠠᠯᠠᠢ ᠶ᠋ᠢ ᠳᠤᠭᠤᠯᠤᠮᠠᠨ 
ᠵᠢᠭᠦᠷᠲᠡᠨ ᠭᠡᠭᠴᠢ ᠴᠣᠯᠠ ᠲᠠᠢ᠃ 

ᠮᠠᠨ ᠤ᠋ ᠨᠣᠶᠠᠨ ᠤ᠋ ᠠᠭᠡ ᠨᠢ
ᠠᠷᠪᠠᠨ ᠨᠠᠢ᠍ᠮᠠ ᠬᠦᠷᠦᠭᠡᠳᠦᠢ
ᠠᠯᠲᠠᠨ ᠲᠠᠮᠠᠭ᠎ᠠ ᠪᠠᠨ ᠬᠠᠮᠢᠶᠠᠷᠤᠮᠠᠨ
ᠨᠣᠶᠠᠨ ᠭᠡᠭᠴᠢ ᠴᠣᠯᠠ ᠲᠠᠢ

ᠬᠥᠨᠳᠡᠢ ᠶ᠋ᠢᠨ ᠴᠢᠨᠢ ᠴᠡᠴᠡᠭ ᠨᠢ
ᠬᠥᠬᠡᠷᠡᠵᠦ ᠬᠠᠷᠠᠭᠳᠠᠨ᠎ᠠ
ᠬᠥᠭᠡᠷᠦᠬᠦᠢ ᠪᠤᠭᠤᠷᠤᠯ ᠡᠵᠢ ᠮᠢᠨᠢ
ᠬᠦᠢᠲᠡᠨ ᠦ᠌ ᠡᠳᠦᠷ ᠰᠠᠨᠠᠭᠳᠠᠨ᠎ᠠ

ᠬᠠᠩᠭᠠᠢ ᠶ᠋ᠢᠨ ᠴᠢᠨᠢ ᠴᠡᠴᠡᠭ ᠨᠢ
ᠬᠠᠯᠢᠭᠤᠷᠠᠵᠤ ᠬᠠᠷᠠᠭᠳᠠᠨ᠎ᠠ
ᠬᠠᠢᠷᠠᠲᠠᠢ ᠪᠤᠭᠤᠷᠤᠯ ᠠᠪᠤ ᠮᠢᠨᠢ
ᠬᠠᠪᠤᠷ ᠤ᠋ᠨ ᠡᠳᠦᠷ ᠰᠠᠨᠠᠭᠳᠠᠨ᠎ᠠ

ᠬᠥᠨᠳᠡᠢ ᠳᠤᠮᠳᠠ ᠪᠠᠨ ᠬᠠᠷᠪᠤᠭᠰᠠᠨ
ᠰᠤᠮᠤ ᠶᠤᠭᠠᠨ ᠠᠪᠤᠭᠠᠳᠤᠢ
ᠬᠥᠭᠡᠷᠦᠬᠦᠢ ᠪᠤᠭᠤᠷᠤᠯ ᠠᠪᠤ ᠶ᠋ᠢᠨ ᠢ᠋ᠶ᠋ᠡᠨ
ᠠᠴᠢ ᠲᠤᠰᠠ ᠶ᠋ᠢ ᠬᠠᠷᠢᠭᠤᠯᠠᠭᠠᠳᠤᠢ

ᠬᠠᠩᠭᠠᠢ ᠳᠤᠮᠳᠠ ᠪᠠᠨ ᠬᠠᠷᠪᠤᠭᠰᠠᠨ
ᠰᠤᠮᠤ ᠶᠤᠭᠠᠨ ᠠᠪᠤᠭᠠᠳᠤᠢ
ᠬᠠᠢᠷᠠᠲᠠᠢ ᠪᠤᠭᠤᠷᠤᠯ ᠡᠵᠢ ᠶ᠋ᠢᠨ ᠢ᠋ᠶ᠋ᠡᠨ
ᠠᠴᠢ ᠲᠤᠰᠠ ᠶ᠋ᠢ ᠬᠠᠷᠢᠭᠤᠯᠠᠭᠠᠳᠤᠢ

ᠮᠢᠰᠢᠯᠵᠡᠯ ᠦ᠋ᠨ ᠥᠨᠳᠥᠷ ᠰᠢᠯᠢ ᠳ᠋ᠦ᠍
ᠮᠥᠨᠳᠥᠷ ᠬᠤᠷ᠎ᠠ ᠨᠠᠮᠢᠷᠠᠨ᠎ᠠ
ᠮᠥᠨ ᠪᠢᠰᠢ ᠬᠣᠶᠠᠷ ᠢ᠋
ᠰᠢᠯᠭᠠᠰ ᠭᠡᠵᠦ ᠮᠡᠳᠡᠨ᠎ᠡ ᠳᠠ