ᠰᠠᠶ᠋ᠢᠬᠠᠨ ᠵᠠᠯᠠᠭᠤ ᠡᠬᠡᠨᠡᠷ ᠲᠡᠢ ᠬᠥᠭᠰᠢᠨ ᠡᠷ᠎ᠡ – ᠯ· ᠯᠣᠪᠰᠠᠩᠳᠣᠷᠵᠢ Сайхан залуу эхнэртэй хөгшин эр – Л· Лувсандорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠶ᠋ᠢᠬᠠᠨ ᠵᠠᠯᠠᠭᠤ ᠡᠬᠡᠨᠡᠷ ᠲᠡᠢ ᠬᠥᠭᠰᠢᠨ ᠡᠷ᠎ᠡ – ᠯ· ᠯᠣᠪᠰᠠᠩᠳᠣᠷᠵᠢ Сайхан залуу эхнэртэй хөгшин эр – Л· Лувсандорж

ᠰᠠᠶ᠋ᠢᠬᠠᠨ ᠵᠠᠯᠠᠭᠤ ᠡᠬᠡᠨᠡᠷ ᠲᠡᠢ ᠬᠥᠭᠰᠢᠨ ᠡᠷ᠎ᠡ – ᠯ· ᠯᠣᠪᠰᠠᠩᠳᠣᠷᠵᠢ Сайхан залуу эхнэртэй хөгшин эр – Л· Лувсандорж

ᠠᠩᠭᠢᠯᠠᠯ:ᠬᠣᠱᠣᠩ ᠱᠣᠭ
2023-12-05

330

ᠰᠠᠶ᠋ᠢᠬᠠᠨ ᠵᠠᠯᠠᠭᠤ ᠡᠬᠡᠨᠡᠷ ᠲᠡᠢ ᠬᠥᠭᠰᠢᠨ ᠡᠷ᠎ᠡ


                                  ᠯ᠂ ᠯᠤᠪᠰᠠᠩᠳᠣᠷᠵᠢ      
                                          ( ᠬᠣᠱᠣᠩ ᠲᠤᠤᠯᠢ) 

 — ᠡᠵᠡᠭᠦᠢ ᠬᠡᠭᠡᠷ᠎ᠡ ᠴᠢᠯᠠᠭᠤᠨ ᠴᠠᠢᠵᠠ ᠪᠠᠷᠢᠴᠢᠬᠠᠭᠠᠳ 
 ᠡᠨᠡ ᠮᠠᠭᠤ《 ᠱᠤᠯᠤᠮ》 ᠢ᠋ ᠬᠣᠷᠢᠳᠠᠭ ᠶᠤᠮ ᠪᠢᠯᠡ ᠤᠤ? 
 ᠪᠠᠯ ᠳ᠋ᠤ᠌ ᠰᠢᠪᠠᠭᠰᠠᠨ ᠢᠯᠠᠭ᠎ᠠ ᠰᠢᠭ᠋ ᠮᠠᠭᠤ ᠰᠠᠢᠨ ᠪᠠᠨᠳᠢ ᠨᠠᠷ 
 ᠪᠡᠯᠪᠡᠷ ᠠᠬ᠎ᠠ ᠶ᠋ᠢ ᠴᠢᠨᠢ ᠠᠮᠠᠷ ᠰᠠᠭᠤᠯᠭᠠᠬᠤ ᠪᠢᠰᠢ᠃  

 — ᠢᠲᠡᠭᠡᠯ ᠡᠴᠡ ᠥᠭᠡᠷ᠎ᠡ ᠶᠠᠮᠠᠷ ᠴᠤ᠌ ᠪᠥᠬᠡ ᠴᠠᠢᠵᠠ  
 ᠡᠨᠡ ᠬᠣᠷᠸ᠎ᠠ ᠳ᠋ᠤ᠌ ᠪᠠᠢᠬᠤ ᠦᠭᠡᠢ ᠭᠡᠯᠴᠡᠬᠦ ᠶᠦᠮ᠂ ᠪᠠᠯᠪᠠᠷ ᠭᠤᠸᠠᠢ  
 ᠨᠠᠷᠠ ᠰᠠᠯᠬᠢ ᠶᠠᠳᠠᠵᠤ ᠡᠬᠡᠨᠡᠷ ᠲᠡᠭᠡᠨ ᠦᠵᠡᠭᠦᠯᠵᠦ 
 ᠨᠠᠢᠳᠠᠵᠤ ᠢᠲᠡᠭᠡᠵᠦ ᠰᠠᠭᠤᠪᠠᠯ ᠶᠠᠭᠠᠬᠢᠭᠰᠠᠨ ᠶᠤᠮ ᠪᠣᠢ?  

 — ᠰᠠᠯᠬᠢ ᠯᠠ ᠠᠪᠤᠪᠠᠯ ᠰᠤᠭᠤ ᠰᠢᠭ᠋ ᠬᠤᠯᠵᠢᠴᠢᠬᠠᠬᠤ ᠭᠡᠳ  
 ᠰᠠᠨᠳᠤᠷᠭᠠᠬᠤ ᠶᠤᠮ ᠳᠠ᠂ ᠪᠠᠯᠪᠠᠷ ᠠᠬ᠎ᠠ ᠶ᠋ᠢ ᠴᠢᠨᠢ  
 ᠭᠠᠩ ᠲᠣᠣᠷ ᠢ᠋ᠶ᠋ᠠᠷ ᠪᠥᠬᠡ ᠱᠣᠳᠠᠭ ᠬᠢᠯᠭᠡᠭᠡᠳ  
 ᠭᠠᠭᠴᠠ ᠲᠦᠯᠬᠢᠭᠦᠷ ᠲᠡᠢ ᠴᠣᠣᠵᠢ ᠵᠡᠭᠦᠪᠡᠯ ᠮᠥᠨ ᠳᠣᠬᠢ ᠠ᠋?  

 — ᠬᠠᠢᠷ᠎ᠠ ᠠ᠋ᠴᠠ ᠥᠭᠡᠷ᠎ᠡ ᠶᠠᠮᠠᠷ ᠴᠤ᠌ ᠪᠥᠬᠡ ᠴᠣᠣᠵᠢ 
 ᠬᠠᠮᠤᠭ ᠪᠦᠰᠡᠭᠦᠢᠴᠦᠦᠯ ᠳ᠋ᠦ᠍ ᠲᠡᠰᠳᠡᠭ ᠦᠭᠡᠢ ᠭᠡᠯᠴᠡᠬᠦ ᠶᠦᠮ᠃ 
 ᠬᠠᠷᠠᠳᠠᠵᠤ ᠰᠠᠭᠤᠬᠤ ᠪᠠᠷ ᠬᠠᠢᠷᠠᠯᠠᠵᠤ ᠰᠠᠭᠤᠪᠠᠯ  
 ᠬᠠᠯᠠ ᠪᠠᠯ ᠦᠭᠡᠢ ᠵᠢᠷᠭᠠᠯ ᠪᠢᠰᠢ ᠤᠤ? ᠪᠠᠯᠪᠠᠷ ᠭᠤᠸᠠᠢ! 

 — ᠬᠠᠷᠢᠨ ᠲᠡᠭᠡ ᠲᠡᠭᠡ᠂ ᠡᠬᠢᠯᠡᠭᠡᠳ ᠵᠢᠭᠠᠬᠠᠨ ᠲᠣᠩᠭᠣᠴᠢᠵᠤ᠂  
 ᠬᠠᠯᠠᠭᠤᠨ ᠴᠠᠢ ᠲᠠᠢ ᠰᠢᠨᠠᠭ᠎ᠠ ᠪᠠᠨ ᠲᠣᠯᠣᠭᠠᠢ ᠳ᠋ᠤ᠌ ᠴᠢᠨᠢ ᠤᠭᠯᠠᠬᠤ ᠰᠢᠬᠠᠨ᠎ᠠ 
 ᠬᠥᠭᠡᠷᠦᠬᠦᠢ ᠮᠢᠨᠢ ᠵᠣᠪᠠᠵᠤ ᠶᠠᠪᠤᠭ᠎ᠠ ᠠᠮᠢᠲᠠᠨ ᠭᠡᠵᠦ ᠪᠠᠰᠠ ᠦᠷᠦ ᠡᠪᠡᠳᠦᠭᠡᠳ  
 ᠬᠥᠯ ᠢ᠋ ᠴᠢᠨᠢ ᠬᠤᠴᠢᠵᠤ ᠱᠥᠯᠥ ᠬᠢᠵᠦ ᠥᠭᠭᠦᠨ᠎ᠡ᠃ 

 — ᠰᠠᠢᠬᠠᠨ ᠵᠠᠯᠠᠭᠤ ᠡᠬᠡᠨᠡᠷ ᠶᠠᠭᠠᠬᠢᠬᠤ ᠪᠢᠯᠡ᠂ ᠬᠠᠷᠠᠮᠰᠠᠮᠠᠷ᠁ 
 — ᠰᠠᠢᠬᠠᠨ ᠵᠠᠯᠠᠭᠤ ᠡᠬᠡᠨᠡᠷ ᠮᠠᠯᠯᠠᠬᠤ ᠭᠡᠵᠦ ᠵᠣᠪᠠᠭᠰᠠᠨ ᠠ᠋ᠴᠠ  
 ᠰᠠᠢᠨ ᠱᠠᠬᠠᠢ ᠨᠢᠭᠡ ᠲᠠᠢ ᠪᠠᠢ᠂ ᠨᠤᠲᠤᠭ ᠤ᠋ᠨ ᠠᠬ᠎ᠠ ᠠ᠋᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄  ᠳᠠᠪᠰᠢᠯᠲᠦ
    ᠬᠢᠨᠠᠭ᠍ᠴᠢ :   ᠲᠤᠭ᠍ᠴᠢ ᠰᠠᠷᠠᠨ᠎ᠠ

             2023᠂ 11᠂ 27    ᠤ ᠡᠳᠦᠷ